  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1792066
   1251

ᠣᠷᠭᠢᠯᠤᠭᠰᠠᠨ ᠰᠡᠳᠭᠢᠯ ᠦᠨ ᠤᠲᠠᠰᠤ ᠶᠢ ᠷᠣᠺ ᠢᠶᠡᠷ ᠬᠥᠨᠳᠡᠨ ᠵᠤᠭᠠᠴᠠᠭᠴᠢ

ᠪ ᠊ ᠣᠶᠢ᠍ᠳᠤᠪ : ︽ᠬᠤᠷᠳᠤ》 ᠬᠠᠮᠲᠤᠯᠢᠭ ᠤᠨ 25 ᠵᠢᠯ ᠦᠨ ᠣᠢ ᠡᠨᠡ ᠵᠢᠯ ᠲᠣᠬᠢᠶᠠᠵᠤ ᠪᠠᠶᠢᠨ᠎ᠠ᠃ ᠲᠡᠶᠢᠮᠦ ᠡᠴᠡ ᠮᠣᠩᠭᠣᠯ ᠤᠨ ᠷᠣᠺ ᠫᠣᠫ ᠤᠷᠠᠯᠢᠭ ᠠᠴᠠ ᠲᠥᠷᠦᠵᠥ ᠭᠠᠷᠤᠭᠰᠠᠨ 《ᠬᠤᠷᠳᠤ》 ᠶᠢᠨ ᠣᠳᠬᠣᠨᠪᠠᠶᠠᠷ ᠤᠨ ᠬᠥᠷᠥᠭ ᠢ ᠲᠣᠯᠢᠯᠠᠭᠤᠯᠤᠶ᠎ᠠ᠃ ᠣᠷᠭᠢᠯᠤᠭᠰᠠᠨ ᠰᠡᠳᠭᠢᠯ ᠦᠨ ᠤᠲᠠᠰᠤ ᠶᠢ ᠷᠣᠺ ᠢᠶᠡᠷ ᠬᠥᠨᠳᠡᠨ ᠵᠤᠭᠠᠴᠠᠭᠴᠢ
        5848     
2018-11-28 16:37    
发表于:内蒙古
ᠪ ᠊ ᠣᠶᠢ᠍ᠳᠤᠪ : ︽ᠬᠤᠷᠳᠤ》 ᠬᠠᠮᠲᠤᠯᠢᠭ ᠤᠨ 25 ᠵᠢᠯ ᠦᠨ ᠣᠢ ᠡᠨᠡ ᠵᠢᠯ ᠲᠣᠬᠢᠶᠠᠵᠤ ᠪᠠᠶᠢᠨ᠎ᠠ᠃ ᠲᠡᠶᠢᠮᠦ ᠡᠴᠡ ᠮᠣᠩᠭᠣᠯ ᠤᠨ ᠷᠣᠺ ᠫᠣᠫ ᠤᠷᠠᠯᠢᠭ ᠠᠴᠠ ᠲᠥᠷᠦᠵᠥ ᠭᠠᠷᠤᠭᠰᠠᠨ 《ᠬᠤᠷᠳᠤ》 ᠶᠢᠨ ᠣᠳᠬᠣᠨᠪᠠᠶᠠᠷ ᠤᠨ ᠬᠥᠷᠥᠭ ᠢ ᠲᠣᠯᠢᠯᠠᠭᠤᠯᠤᠶ᠎ᠠ᠃ ᠣᠷᠭᠢᠯᠤᠭᠰᠠᠨ ᠰᠡᠳᠭᠢᠯ ᠦᠨ ᠤᠲᠠᠰᠤ ᠶᠢ ᠷᠣᠺ ᠢᠶᠡᠷ ᠬᠥᠨᠳᠡᠨ ᠵᠤᠭᠠᠴᠠᠭᠴᠢ ᠮᠣᠩᠭᠣᠯ ᠤᠯᠤᠰ ᠤᠨ ᠭᠠᠪᠢᠶᠠᠳᠤ ᠵᠦᠵᠦᠭᠡᠴᠢᠨ ᠳᠠᠮᠪᠠ ᠶᠢᠨ ᠣᠳᠬᠣᠨᠪᠠᠶᠠᠷ 《ᠬᠤᠷᠳᠤ》 ᠬᠠᠮᠲᠤᠯᠢᠭ ᠤᠨ 《ᠡᠬᠡ ᠣᠷᠣᠨ》᠂ 《ᠴᠢ ᠮᠢᠨᠢ ᠪᠠᠶᠢᠭ᠎ᠠ ᠪᠣᠯᠬᠣᠷ》᠂ 《ᠴᠢᠮᠡᠭᠡ ᠦᠭᠡᠢ ᠢᠷᠡᠬᠦ ᠳᠤᠷᠠᠯᠠᠯ》᠂ 《ᠨᠢᠯᠪᠤᠰᠤ ᠪᠠᠨ ᠲᠡᠪᠴᠢᠶ᠎ᠡ》᠂ 《ᠬᠠᠨᠢ ᠳ᠋ᠠᠭᠠᠨ》᠂ 《ᠴᠣᠭᠯᠢᠭ ᠣᠶᠤᠲᠠᠨ》 ᠵᠡᠷᠭᠡ ᠬᠢᠲ ᠪᠣᠯᠤᠭᠰᠠᠨ ᠬᠠᠮᠤᠭ ᠯᠠ ᠰᠠᠶᠢᠬᠠᠨ ᠳᠠᠭᠤᠤ ᠨᠤᠭᠤᠳ ᠢ ᠵᠣᠬᠢᠶᠠᠭᠰᠠᠨ᠃ ᠡᠭᠦᠪᠡᠷ ᠵᠣᠭᠰᠣᠬᠤ ᠦᠭᠡᠢ ᠠᠰᠬᠠᠷᠠᠭᠰᠠᠨ ᠶᠡᠬᠡ ᠠᠪᠢᠶᠠᠰ ᠢᠶᠠᠨ ᠪᠤᠰᠤᠳ ᠲᠤ ᠪᠠᠨ ᠲᠦᠭᠡᠭᠡᠬᠦ ᠮᠠᠶ᠋ᠢᠭ ᠢᠶᠠᠷ ᠳᠠᠭᠤᠴᠢᠨ ᠠᠷᠢᠭᠤᠨ᠎ᠠ᠂ ᠰᠠᠷᠠᠨᠲᠤᠶᠠᠭ᠎ᠠ᠂ ᠰᠡᠷᠴᠢᠮ᠎ᠠ᠂ 《ᠨᠣᠮᠢᠨ ᠲᠠᠯᠠᠰᠲᠤ》᠂ 《ᠴᠢᠨᠣ᠎ᠠ》 ᠵᠡᠷᠭᠡ ᠬᠠᠮᠲᠤᠯᠢᠭ᠂ ᠳᠠᠭᠤᠴᠢᠳ ᠲᠤ ᠣᠯᠠᠨ ᠰᠠᠶᠢᠬᠠᠨ ᠳᠠᠭᠤᠤ ᠪᠡᠯᠡᠭᠯᠡᠵᠦ᠂ ᠲᠡᠳᠡᠭᠡᠷ ᠨᠢ ᠳᠠᠩᠳᠠ ᠬᠢᠲ ᠪᠣᠯᠵᠤ ᠢᠷᠡᠭᠰᠡᠨ᠃ ᠠᠯᠢᠪᠠ ᠨᠢᠭᠡ ᠬᠠᠮᠲᠤᠯᠢᠭ ᠤᠨ ᠠᠶ᠎ᠠ ᠵᠣᠬᠢᠶᠠᠭᠴᠢ ᠪᠣᠯ ᠵᠥᠪᠬᠡᠨ ᠥᠪᠡᠷ ᠦᠨ ᠢᠶᠡᠨ ᠬᠠᠮᠲᠤᠯᠶᠭ ᠢ ᠳᠠᠭᠤᠤ ᠬᠤᠭᠤᠷ ᠢᠶᠠᠷ ᠭᠠᠴᠠᠭᠳᠠᠭᠤᠯᠴᠢᠬᠠᠬᠤ ᠦᠭᠡᠢ ᠶᠢᠨ ᠲᠤᠯᠠᠳᠠ ᠯᠠ ᠴᠢᠳᠠᠨ ᠶᠠᠳᠠᠨ ᠵᠢᠳᠬᠦᠵᠦ ᠪᠠᠶᠢᠭ᠎ᠠ ᠬᠠᠷᠠᠭᠳᠠᠳᠠᠭ᠃ ᠬᠠᠷᠢᠨ ᠣᠳᠬᠣᠨᠪᠠᠶᠠᠷ ᠪᠣᠯ ᠲᠡᠶᠢᠮᠦ ᠪᠢᠰᠢ᠃ ᠬᠥᠨᠳᠡᠯᠡᠨ ᠡᠴᠡ ᠠᠵᠢᠭᠰᠠᠨ ᠬᠥᠮᠦᠨ ᠳ᠋ᠤ ᠪᠣᠯ ᠵᠦᠭᠡᠷ ᠯᠠ ᠬᠠᠯᠠᠭᠠᠰᠤᠨ ᠠᠴᠠ ᠪᠠᠨ ᠰᠠᠶᠢᠬᠠᠨ ᠰᠠᠶᠢᠬᠠᠨ ᠳᠠᠭᠤᠤ ᠭᠠᠷᠭᠠᠵᠤ ᠰᠢᠳᠡᠯᠡᠭᠡᠳ᠂ ᠪᠢᠯᠬᠠᠵᠤ ᠠᠰᠬᠠᠭᠰᠠᠨ ᠵᠠᠷᠢᠮ ᠢ ᠪᠠᠨ ᠪᠤᠰᠤᠳ ᠬᠠᠮᠲᠤᠯᠢᠭ᠂ ᠳᠠᠭᠤᠴᠢᠳ ᠤᠷᠤᠭᠤ 《ᠴᠢᠯᠠᠭᠤᠳᠠᠭᠠᠳ》 ᠪᠠᠶᠢᠬᠤ ᠰᠢᠭ ᠰᠠᠨᠠᠭᠳᠠᠳᠠᠭ᠃ ᠡᠭᠦᠨ ᠢ 《ᠠᠰᠬᠠᠷᠠᠭᠰᠠᠨ ᠶᠡᠬᠡ ᠠᠪᠢᠶᠠᠰ》 ᠭᠡᠵᠦ ᠬᠡᠯᠡᠨ᠎ᠡ᠃ ᠰᠠᠶᠢᠬᠠᠨ ᠳᠠᠭᠤᠤ ᠪᠦᠲᠦᠭᠡᠨ᠎ᠡ ᠭᠡᠳᠡᠭ ᠨᠢ ᠳᠠᠩ ᠭᠠᠭᠴᠠ ᠬᠥᠭᠵᠢᠮ ᠦᠨ ᠠᠶᠠᠯᠭᠤᠨ ᠠᠴᠠ ᠭᠠᠳᠠᠨ᠎ᠠ ᠬᠥᠳᠡᠯᠮᠦᠷᠢ᠂ ᠡᠷᠢᠯᠬᠢᠯᠡᠯ᠂ ᠰᠤᠳᠤᠯᠭ᠎ᠠ᠂ ᠮᠡᠳᠡᠷᠡᠮᠵᠢ᠂ ᠬᠥᠭᠵᠢᠮ ᠦᠨ ᠨᠠᠶᠢᠷᠠᠭᠤᠯᠭ᠎ᠠ᠂ ᠳᠠᠭᠤᠨ ᠤ ᠦᠭᠡ ᠰᠣᠩᠭᠣᠯᠲᠠ ᠭᠡᠳ ᠣᠯᠠᠨ ᠵᠦᠢᠯ ᠢ ᠬᠠᠮᠤᠷᠳᠠᠭ ᠪᠥᠭᠡᠳ ᠠᠶᠠᠯᠭᠤ ᠵᠣᠬᠢᠶᠠᠬᠤ ᠠᠪᠢᠶᠠᠰ ᠲᠠᠢ ᠬᠢᠷᠢᠨ᠎ᠡ ᠵᠠᠯᠬᠠᠭᠤ ᠬᠣᠶᠢᠷᠭᠣ ᠬᠦᠮᠦᠨ ᠪᠣᠯ ᠡᠳ᠋ᠡ ᠪᠦᠭᠦᠳᠡ ᠶᠢ ᠬᠡᠵᠢᠶ᠎ᠡ ᠴᠤ ᠨᠢᠭᠡᠨ ᠴᠣᠭᠴᠠ ᠪᠣᠯᠭᠠᠵᠤ ᠴᠢᠳᠠᠬᠤ ᠦᠭᠡᠢ᠂ ᠵᠦᠭᠡᠷ ᠯᠠ ᠠᠮᠠᠨ ᠳᠤ ᠪᠠᠨ ᠨᠢᠭᠡ ᠰᠠᠶᠢᠬᠠᠨ ᠠᠶ᠎ᠠ ᠭᠢᠩᠭᠢᠨᠡᠭᠡᠳ ᠶᠠᠪᠤᠬᠤ ᠪᠢᠵᠡ᠃ 《ᠶᠡᠬᠡ ᠠᠪᠢᠶᠠᠰ ᠶᠡᠬᠡ ᠬᠥᠳᠡᠯᠮᠦᠷᠢᠴᠢ ᠪᠠᠶᠢᠬᠤ ᠶᠢ ᠱᠠᠭᠠᠷᠳᠠᠳᠠᠭ》 ᠭᠡᠵᠦ ᠰᠤᠤᠲᠤ ᠬᠥᠭᠵᠢᠮ ᠦᠨ ᠵᠣᠬᠢᠶᠠᠯᠴᠢ ᠴᠸᠺᠣᠪᠰᠺᠢ ᠬᠡᠯᠡᠭᠰᠡᠨ ᠪᠠᠶᠢᠳᠠᠭ᠃ ᠡᠨᠡ ᠦᠭᠡ 《ᠬᠤᠷᠳᠤ》 ᠍ ᠤᠨ ᠣᠳᠬᠣᠨᠪᠠᠶᠠᠷ ᠲᠤ ᠶᠠᠭ ᠲᠣᠬᠢᠷᠠᠭᠠᠳ ᠪᠠᠶᠢᠳᠠᠭ ᠶᠤᠮ᠃ ‍‍‍ ᠤᠶᠠᠩᠭ᠎ᠠ ᠶᠢᠨ ᠳᠠᠭᠤᠤ᠂ ᠢᠯᠠᠩᠭᠤᠶ᠎ᠠ ᠠᠮᠠᠷᠠᠭ ᠬᠠᠶᠢᠷ᠎ᠠ᠂ ᠠᠷᠢᠭᠤᠨ ᠳᠤᠷᠠᠯᠠᠯ ᠤᠨ ᠲᠤᠬᠠᠢ ᠳᠠᠭᠤᠨ ᠤ ᠠᠶᠠᠯᠭᠤ ᠵᠣᠬᠢᠶᠠᠬᠤ ᠳᠤ ᠲᠤᠬᠠᠢ ᠶᠢᠨ ᠵᠣᠬᠢᠶᠠᠭᠴᠢ ᠠᠴᠠ ᠭᠣᠸ᠎ᠠ ᠰᠠᠶᠢᠬᠠᠨ ᠤ ᠥᠨᠳᠥᠷ ᠮᠡᠳᠡᠷᠡᠮᠵᠢ ᠱᠠᠭᠠᠷᠳᠠᠨ᠎ᠠ᠃ ᠣᠳᠬᠣᠨᠪᠠᠶᠠᠷ ᠪᠣᠯ ᠭᠣᠸ᠎ᠠ ᠰᠠᠶᠢᠬᠠᠨ ᠤ ᠥᠨᠳᠥᠷ ᠮᠡᠳᠡᠷᠡᠮᠵᠢ ᠲᠡᠢ ᠨᠢᠭᠡᠨ ᠪᠥᠭᠡᠳ ᠡᠨᠡ ᠲᠤᠬᠠᠢ ᠥᠪᠡᠷ ᠢᠶᠡᠨ ᠬᠦᠦᠷᠨᠢᠬᠦ ᠳᠦ ᠪᠡᠨ 《ᠪᠢ ᠲᠡᠭᠦᠰ ᠭᠣᠸ᠎ᠠ ᠰᠠᠶᠢᠬᠠᠨ ᠤ ᠶᠢᠷᠲᠢᠨᠴᠦ ᠶᠢ ᠳᠣᠲᠣᠷ᠎ᠠ ᠪᠠᠨ ᠲᠥᠰᠦᠭᠡᠯᠡᠵᠦ ᠪᠣᠳᠣᠳᠠᠭ᠃ ᠤᠬᠠᠭᠠᠨ ᠳᠤ ᠪᠠᠨ ᠠᠷᠢᠭᠤᠨ᠎ᠠ ᠶᠢᠨ ︿ᠳᠤᠷᠠᠯᠠᠯ ᠮᠢᠨᠢ ᠵᠢᠷᠭᠠᠵᠤ ᠦᠵᠡᠭᠡ ᠦᠭᠡᠢ ᠵᠤᠯᠠ﹀ ᠳᠠᠭᠤᠤ ᠶᠢ ᠪᠦᠲᠦᠭᠡᠭᠰᠡᠨ ᠢᠶᠡᠷ ᠲᠡᠶᠢᠮᠦ ᠨᠢᠭᠡ ᠭᠣᠶᠣ ᠬᠠᠶᠢᠷ᠎ᠠ ᠶᠢᠨ ᠶᠢᠷᠲᠢᠨᠴᠦ ᠶᠢ ᠪᠤᠰᠤᠳ ᠲᠤ ᠨᠡᠭᠡᠭᠡᠵᠦ ᠥᠭᠴᠦ ᠴᠢᠳᠠᠭᠰᠠᠨ᠃ ︿ᠴᠢᠮᠡᠭᠡ ᠦᠭᠡᠢ ᠢᠷᠡᠬᠦ ᠳᠤᠷᠠᠯᠠᠯ﹀᠂ ︿ᠬᠠᠨᠢ ᠳ᠋ᠠᠭᠠᠨ﹀᠂ ︿ᠬᠠᠶᠢᠷ᠎ᠠ ᠶᠢᠨ ᠰᠠᠷᠨᠠᠢ﹀ ᠵᠡᠷᠭᠡ ᠳᠠᠭᠤᠨ ᠤ ᠬᠢ ᠪᠠᠨ ᠬᠥᠭᠵᠢᠮ ᠢ ᠪᠢ ᠡᠵᠡᠨ ᠪᠡᠶ᠎ᠡ ᠦᠭᠡᠢ ᠰᠠᠶᠢᠬᠠᠨ ᠪᠦᠰᠡᠭᠦᠢ ᠶᠢ ᠮᠥᠷᠥᠭᠡᠳᠴᠦ ᠪᠦᠲᠦᠭᠡᠭᠰᠡᠨ᠃ ᠬᠠᠷᠢᠨ ︿ᠴᠢ ᠮᠢᠨᠢ ᠪᠠᠶᠢᠭ᠎ᠠ ᠪᠣᠯᠬᠣᠷ﹀ ᠳᠠᠭᠤᠣ ᠪᠠᠨ ᠡᠬᠡᠨᠡᠷ ᠲᠦ ᠪᠡᠨ ᠵᠣᠷᠢᠭᠤᠯᠵᠤ ᠪᠢᠴᠢᠭᠰᠡᠨ︾ ᠭᠡᠵᠦ ᠦᠭᠦᠯᠡᠭᠰᠡᠨ ᠶᠤᠮ᠃ ᠮᠡᠳᠡᠭᠡᠵᠢ ᠭᠣᠸ᠎ᠠ ᠰᠠᠶᠢᠬᠠᠨ ᠤ ᠥᠨᠳᠥᠷ ᠮᠡᠳᠡᠷᠡᠮᠵᠢ ᠲᠡᠢ ᠪᠠᠶᠢᠵᠤ ᠯᠠ ᠠᠮᠠᠷᠠᠭ ᠬᠠᠶᠢᠷ᠎ᠠ ᠶᠢᠨ ᠲᠡᠷᠡ ᠣᠯᠠᠨ ᠰᠠᠶᠢᠬᠠᠨ ᠳᠠᠭᠤᠤ ᠶᠢ ᠠᠮᠢᠯᠠᠭᠤᠯᠤᠭᠰᠠᠨ ᠪᠠᠶᠢᠵᠤ ᠲᠠᠭᠠᠷᠠᠨ᠎ᠠ᠃ ᠢᠷᠠᠭᠤ ᠨᠠᠶᠢᠷᠠᠭᠴᠢ ᠼ ∙ ᠬᠤᠯᠠᠨ ᠴᠤᠬᠤᠮ ᠯᠠ ᠬᠠᠶᠢᠷ᠎ᠠ ᠳᠤᠷᠠᠯᠠᠯ ᠳᠤ ᠪᠠᠨ ᠢᠳᠡ ᠰᠢᠲᠠᠵᠤ ᠶᠠᠪᠤᠬᠤ ᠦᠶ᠎ᠡ ᠳ᠋ᠡᠭᠡᠨ《ᠳᠤᠷᠠᠯᠠᠯ ᠮᠢᠨᠢ ᠵᠢᠷᠭᠠᠵᠤ ᠦᠵᠡᠭᠡ ᠦᠭᠡᠢ ᠵᠤᠯᠠ》 ᠰᠢᠯᠦᠭ ᠢᠶᠡᠨ ᠪᠢᠴᠢᠭᠰᠡᠨ ᠭᠡᠬᠦ ᠪᠥᠭᠡᠳ ᠨᠠᠶᠢᠷᠠᠭᠴᠢ ᠶᠢᠨ ᠲᠡᠷᠡ ᠬᠦ ᠬᠠᠶᠢᠷ᠎ᠠ ᠶᠢᠨ ᠲᠣᠷᠭᠠᠨ ᠮᠡᠳᠡᠷᠡᠮᠵᠢ᠂ ᠣᠳᠬᠣᠨᠪᠠᠶᠠᠷ ᠤᠨ ᠠᠶᠠᠯᠭᠤ ᠵᠣᠬᠢᠶᠠᠬᠤ ᠭᠣᠸ᠎ᠠ ᠰᠠᠶᠢᠬᠠᠨ ᠤ ᠥᠨᠳᠥᠷ ᠮᠡᠳᠡᠷᠡᠮᠵᠢ ᠲᠡᠢ ᠰᠦᠯᠡᠯᠳᠦᠭᠰᠡᠨ ᠢᠶᠡᠷ ᠳᠤᠷᠠᠯᠠᠯ ᠤᠨ ᠲᠤᠬᠠᠢ ᠨᠢᠭᠡᠨ ᠰᠠᠶᠢᠬᠠᠨ ᠳᠠᠭᠤᠤ ᠪᠦᠲᠦᠵᠦ᠂ ᠤᠯᠠᠮ ᠢᠶᠠᠷ ᠲ ∙ ᠠᠷᠢᠭᠤᠨ᠎ᠠ ᠤᠶᠠᠩᠭᠠᠯᠠᠭᠤᠯᠤᠭᠰᠠᠨ ᠢᠶᠠᠷ ᠳᠤᠷᠠᠯᠠᠯ ᠬᠠᠶᠢᠷ᠎ᠠ ᠶᠢᠨ ᠶᠢᠷᠲᠢᠨᠴᠦ ᠶᠢ ᠪᠤᠰᠤᠳ ᠲᠤ ᠬᠠᠷᠠᠮ ᠦᠭᠡᠢ ᠨᠡᠭᠡᠭᠡᠵᠦ ᠥᠭᠴᠦ ᠴᠢᠳᠠᠭᠰᠠᠨ ᠪᠠᠶᠢᠵᠤ ᠲᠠᠭᠠᠷᠬᠤ ᠨᠢ᠃ ‍‍‍ ᠣᠳᠬᠣᠨᠪᠠᠶᠠᠷ ᠤᠷᠠᠯᠢᠭ ᠲᠤ ᠠᠩᠬ᠎ᠠ ᠬᠡᠷᠬᠢᠨ ᠬᠥᠯ ᠲᠠᠯᠪᠢᠭᠰᠠᠨ ᠲᠤᠬᠠᠢ ᠪᠠᠨ ᠳᠤᠷᠠᠰᠬᠤ ᠳᠤ ᠪᠠᠨ᠄ ᠁ ᠬᠠᠷ᠎ᠠ ᠪᠠᠭ᠎ᠠ ᠠᠴᠠ ᠪᠠᠨ ᠯᠠ 《ᠷᠣᠤᠯᠢᠩ ᠢ ᠰᠲ᠋ᠦ᠋ᠦᠨᠰ》 《ᠪᠢᠲ᠋ᠯᠵᠠ》᠂ 《ᠰᠮᠠᠦᠺᠢ》 ᠰᠢᠭ ᠪᠣᠯᠤᠨ᠎ᠠ ᠭᠡᠵᠦ ᠮᠥᠷᠦᠭᠡᠳᠳᠡᠭ ᠪᠠᠶᠢᠯ᠎ᠠ᠃ ᠮᠢᠨᠦ ᠬᠢᠴᠢᠶᠡᠯ ᠦᠨ ᠰᠢᠷᠡᠭᠡ ᠲᠡᠷᠡ ᠴᠢᠭ ᠢᠶᠡᠷ ᠢᠶᠡᠨ ᠭᠢᠲ᠋ᠠᠷ᠂ ᠪᠥᠮᠪᠥᠷ ᠵᠢᠷᠤᠴᠢᠬᠠᠭᠰᠠᠨ᠂ ᠲᠡᠷᠡ ᠨᠢ ᠶᠡᠷᠦ ᠡᠴᠡ ᠪᠡᠨ ᠠᠷᠢᠯᠳᠠᠭ ᠦᠭᠡᠢ ᠪᠠᠶᠢᠭᠰᠠᠨ᠃ ᠮᠠᠨ ᠤ ᠠᠩᠬᠢ ᠶᠢᠨ ᠠᠷᠪᠠᠨ ᠵᠢᠯ ᠦᠨ ᠮᠣᠨᠲ᠋ᠠᠵᠢᠨ ᠤ ᠵᠢᠷᠤᠭ ᠪᠣᠯᠤᠨ ᠳᠤᠷᠠᠰᠤᠮᠵᠢ ᠶᠢᠨ ᠳᠡᠪᠲᠡᠷ ᠳᠡᠭᠡᠷ᠎ᠡ ᠠᠩᠬᠢ ᠶᠢᠨ ᠮᠠᠨᠢ ᠬᠡᠦᠬᠡᠳ ᠦᠳ ᠨᠠᠮ᠎ᠠ ᠶᠢ《ᠢᠷᠡᠭᠡᠳᠦᠢ ᠳᠦ ᠬᠠᠮᠤᠭ ᠤᠨ ᠲᠣᠮᠣ ᠭᠢᠲ᠋ᠠᠷᠴᠢᠨ ᠪᠣᠯᠤᠨ᠎ᠠ᠃ ᠢᠷᠡᠭᠡᠳᠦᠢ ᠶᠢᠨ ᠤᠷᠠᠯᠢᠭ ᠤᠨ ᠬᠠᠮᠤᠭ ᠤᠨ ᠲᠣᠮᠣ ᠲᠥᠯᠥᠭᠡᠯᠡᠯ ᠪᠣᠯᠤᠨ᠎ᠠ᠃ ᠣᠳᠣ ᠪᠣᠯᠤᠭᠰᠠᠨ ᠬᠣᠶᠢᠨ᠎ᠠ ᠪᠠᠨ ᠪᠢᠳᠡᠨ ᠢ ᠪᠡᠨ ᠪᠢᠲᠡᠭᠡᠢ ᠮᠠᠷᠲᠠᠴᠢᠬᠠᠭᠠᠷᠠᠢ》 ᠭᠡᠵᠦ ᠵᠥᠩᠨᠡᠨ ᠪᠢᠴᠢᠭᠰᠡᠨ ᠪᠠᠶᠢᠳᠠᠭ ᠶᠤᠮ᠃ ᠪᠢ ᠴᠤ ᠥᠪᠡᠷ ᠢ ᠪᠡᠨ ᠶᠡᠷᠦ ᠨᠢ ᠮᠡᠳᠡᠷᠡᠴᠢᠬᠡᠭᠰᠡᠨ ᠪᠠᠶᠢᠭᠰᠠᠨ᠃ ᠲᠡᠷᠡ ᠦᠶ᠎ᠡ ᠳᠦ 《ᠬᠤᠷᠳᠤ》 ᠍ ᠶᠢᠨ ᠠᠩᠬᠠᠨ ᠤ ᠪᠦᠷᠢᠯᠳᠦᠬᠦᠨ 《ᠬᠠᠷᠠᠩᠭ᠎ᠠ》 ᠬᠠᠮᠲᠤᠯᠢᠭ ᠲᠠᠢ ᠨᠡᠶᠢᠯᠡᠭᠡᠳ 《ᠬᠠᠷᠠᠩᠭ᠎ᠠ》 ᠷᠣᠺ ᠲᠥᠪ ᠭᠡᠵᠦ ᠪᠠᠶᠢᠭᠤᠯᠴᠢᠬᠠᠭᠰᠠᠨ ᠪᠠᠶᠢᠯ᠎ᠠ᠃ ᠡᠳᠡ ᠨᠠᠷ ᠮᠣᠰᠺᠸᠠ ᠶᠠᠪᠤᠵᠤ ᠴᠠᠬᠢᠯᠭᠠᠨ ᠬᠥᠭᠵᠢᠮ ᠣᠷᠣᠭᠤᠯᠵᠤ ᠢᠷᠡᠳᠡᠭ ᠪᠠᠶᠢᠭᠰᠠᠨ᠃ 《ᠬᠤᠷᠳᠤ》 ᠍ ᠶᠢᠨ ᠠᠩᠬᠠᠨ ᠤ ᠭᠡᠰᠢᠭᠦᠳ ᠦᠨ ᠨᠢᠭᠡ ᠪᠠᠲᠤᠵᠢᠷᠭᠠᠯ ᠠᠬ᠎ᠠ ᠲᠤᠬᠠᠢ ᠶᠢᠨ ᠦᠶ᠎ᠡ ᠳᠦ ᠮᠥᠩᠭᠥ ᠲᠡᠢ᠂ ᠲᠡᠭᠦᠪᠡᠷ ᠢᠶᠡᠨ ᠬᠣᠶᠢᠨ᠎ᠠ ᠠᠴᠠ ᠬᠥᠭᠵᠢᠮ ᠣᠷᠣᠭᠤᠯᠵᠤ ᠢᠷᠡᠨ᠎ᠡ᠃ ᠲᠡᠭᠡᠬᠦ ᠳᠦ ᠶᠠᠭᠠᠬᠢᠯᠲᠠ ᠴᠤ ᠦᠭᠡᠢ ᠮᠢᠨᠦ ᠰᠢᠲᠦᠭᠡᠨ ᠡᠩᠬᠡᠮᠠᠩᠯᠠᠢ ᠠᠬ᠎ᠠ ᠮᠠᠨᠢ 《ᠬᠠᠷᠠᠩᠭ᠎ᠠ》 ᠷᠣᠺ ᠲᠥᠪ ᠳᠡᠭᠡᠷ᠎ᠡ ᠭᠢᠲ᠋ᠠᠷ ᠲᠣᠭᠯᠠᠨ᠎ᠠ᠃ ᠪᠢ ᠶᠠᠭᠠᠬᠢᠵᠤ ᠲᠣᠭᠯᠠᠬᠤ ᠶᠢ ᠨᠢ ᠬᠠᠷᠠᠭᠠᠳ ᠯᠠ ᠰᠠᠭᠤᠳᠠᠭ ᠪᠠᠶᠢᠭᠰᠠᠨ᠃ ᠬᠡᠷᠬᠢᠨ ᠲᠣᠭᠯᠠᠵᠤ ᠪᠤᠢ ᠲᠧᠭᠨᠢᠭ ᠦᠳ ᠢ ᠨᠢ ᠶᠡᠬᠡ ᠠᠵᠢᠭᠯᠠᠨ᠎ᠠ᠃ ᠬᠥᠮᠦᠨ ᠦᠭᠡᠢ ᠪᠠᠶᠢᠬᠤ ᠦᠶ᠎ᠡ ᠳᠦ ᠮᠠᠩᠯᠠᠢ ᠠᠬ᠎ᠠ ᠶᠢᠨ ᠭᠢᠲ᠋ᠠᠷ ᠢ ᠪᠠᠷᠢᠭᠠᠳ ᠨᠢᠭᠡ ᠲᠣᠭᠯᠠᠴᠢᠬᠠᠨ᠎ᠠ᠂ ᠪᠠᠲᠤᠵᠢᠷᠭᠠᠯ ᠠᠬ᠎ᠠ ᠶᠢᠨ ᠭᠢᠲ᠋ᠠᠷ ᠢ ᠨᠢᠭᠡ ᠰᠢᠭᠦᠷᠴᠥ ᠠᠪᠤᠭᠠᠳ ᠲᠣᠭᠯᠠᠴᠢᠬᠠᠨ᠎ᠠ᠃ ᠲᠡᠭᠡᠵᠦ ᠪᠠᠶᠢᠲᠠᠯ᠎ᠠ 1992 ᠣᠨ ᠳᠤ ᠭᠠᠯᠰᠠᠩᠪᠠᠲᠣ ᠠᠬ᠎ᠠ ᠶᠢᠨ ᠨᠡᠷᠡᠮᠵᠢᠲᠦ 《ᠭᠢᠲ᠋ᠠᠷ ᠤᠨ ᠴᠤᠤᠷᠢᠶ᠎ᠠ》 ᠬᠡᠮᠡᠬᠦ ᠤᠷᠤᠯᠳᠤᠭᠠᠨ ᠮᠣᠩᠭᠣᠯ ᠳᠤ ᠵᠣᠬᠢᠶᠠᠨ ᠪᠠᠶᠢᠭᠤᠯᠤᠭᠳᠠᠭᠰᠠᠨ᠃ ᠡᠨᠡ ᠤᠷᠤᠯᠳᠤᠭᠠᠨ ᠭᠤᠷᠪᠠᠨ ᠤᠳᠠᠭ᠎ᠠ ᠵᠣᠬᠢᠶᠠᠭᠳᠠᠵᠤ ᠲᠤᠬᠠᠢ ᠶᠢᠨ ᠦᠶ᠎ᠡ ᠶᠢᠨ ᠪᠦᠬᠦ ᠭᠢᠲ᠋ᠠᠷᠴᠢᠳ ᠣᠷᠣᠯᠴᠠᠭᠰᠠᠨ᠃ ᠪᠢ ᠣᠷᠣᠰ ᠤᠨ ᠠᠯᠳᠠᠷᠲᠤ ᠵᠣᠬᠢᠶᠠᠯ 《ᠬᠡᠳᠡᠭᠡᠨ ᠦ ᠶᠠᠪᠤᠳᠠᠯ》 ᠍ ᠢ ᠭᠢᠲ᠋ᠠᠷᠳᠠᠵᠤ ᠲᠣᠭᠯᠠᠭᠠᠳ ᠨᠢᠭᠡᠳᠦᠭᠡᠷ ᠪᠠᠶᠢᠷᠢ ᠡᠵᠡᠯᠡᠵᠦ ᠪᠠᠶᠢᠭᠰᠠᠨ ᠶᠤᠮ᠃ ᠲᠡᠷᠡ ᠴᠠᠭ ᠠᠴᠠ ᠬᠣᠶᠢᠰᠢ ᠮᠢᠨᠦ ᠤᠷ᠎ᠠ ᠴᠢᠳᠠᠪᠤᠷᠢ ᠳᠡᠭᠡᠭᠰᠢᠯᠡᠵᠦ᠂ ᠬᠥᠭᠵᠢᠮ ᠲᠡᠢ ᠬᠠᠷᠢᠴᠠᠬᠤ ᠨᠢᠳᠦ ᠨᠡᠭᠡᠭᠡᠭᠳᠡᠭᠰᠡᠨ᠃ ᠡᠭᠦᠪᠡᠷ ᠵᠣᠭᠰᠣᠬᠤ ᠦᠭᠡᠢ 《ᠬᠤᠷᠳᠤ》 ᠬᠠᠮᠲᠤᠯᠢᠭ ᠲᠤ ᠭᠢᠲ᠋ᠠᠷᠴᠢᠨ ᠪᠣᠯᠬᠤ ᠡᠭᠦᠳᠡ ᠬᠠᠭᠠᠯᠭ᠎ᠠ ᠨᠡᠭᠡᠭᠡᠭᠳᠡᠭᠰᠡᠨ᠃ ᠥᠪᠡᠷ ᠦᠨ ᠢᠶᠡᠨ ᠴᠢᠳᠠᠯ ᠢᠶᠠᠷ ᠣᠷᠣᠭᠰᠠᠨ᠃ ᠲᠡᠷᠡᠨ ᠡᠴᠡ ᠪᠢᠰᠢ ᠭᠠᠩᠪᠠᠶᠠᠷ ᠤᠨ ᠳᠡᠭᠦᠦ ᠭᠡᠳᠡᠭ ᠢᠶᠡᠷ ᠣᠷᠣᠭ᠎ᠠ ᠦᠭᠡᠢ᠃ ᠪᠢ ᠳᠤᠮᠳᠠᠳ᠋ᠤ ᠰᠤᠷᠭᠠᠭᠤᠯᠢ ᠳᠤ ᠪᠠᠶᠢᠬᠤ ᠳᠤ ᠪᠠᠨ ᠭᠢᠲ᠋ᠠᠷ ᠤᠨ ᠬᠡᠳᠦ ᠬᠡᠳᠦᠨ ᠰᠣᠯᠢ ᠲᠣᠭᠯᠠᠭᠠᠳ ᠮᠠᠩᠨᠣᠲ᠋ᠣᠹᠣᠨ ᠳᠤ ᠬᠤᠷᠢᠶᠠᠴᠢᠬᠠᠭᠰᠠᠨ ᠪᠠᠶᠢᠯ᠎ᠠ᠃ ᠡᠭᠦᠨ ᠢ ᠭᠠᠩᠪᠠᠶᠠᠷ ᠠᠬ᠎ᠠ ᠰᠣᠨᠣᠰᠤᠭᠠᠳ ᠪᠠᠰᠠ ᠨᠢᠭᠡ ᠶᠢ ᠪᠣᠳᠣᠭᠰᠠᠨ ᠪᠠᠶᠢᠬᠤ᠃ ᠨᠢᠭᠡ ᠤᠳᠠᠭ᠎ᠠ 《ᠬᠠᠷᠠᠩᠭ᠎ᠠ》 ᠷᠣᠺ ᠲᠥᠪ ᠳᠡᠭᠡᠷ᠎ᠡ ᠣᠴᠢᠭᠠᠳ ᠭᠢᠲ᠋ᠠᠷ ᠲᠣᠭᠯᠠᠵᠤ ᠰᠠᠭᠤᠭᠰᠠᠨ ᠴᠢᠨᠢ ᠡᠩᠬᠡᠮᠠᠩᠯᠠᠢ ᠠᠬ᠎ᠠ ᠨᠠᠮ᠎ᠠ ᠶᠢ 《ᠣᠲᠣ ᠡᠴᠡ ᠮᠢᠨᠦ ᠳᠡᠭᠦᠦ ᠪᠥᠮᠪᠥᠷ ᠪᠢᠲᠡᠭᠡᠢ ᠲᠣᠭᠯᠠ᠃ ᠶᠠᠭᠤᠮ᠎ᠠ ᠶᠠᠭᠤᠮ᠎ᠠ ᠤᠷᠤᠭᠤ ᠦᠰᠦᠴᠢᠭᠡᠳ ᠬᠡᠷᠡᠭ ᠦᠭᠡᠢ᠃ ᠠᠩᠬᠠᠨ ᠱᠠᠲᠤᠨ ᠤ ᠶᠡᠷᠦᠩᠬᠡᠢ ᠶᠠᠭᠤᠮ᠎ᠠ ᠪᠠᠨ ᠯᠠ ᠰᠤᠷᠴᠢᠬ᠎ᠠ᠃ ᠲᠡᠭᠡᠭᠡᠳ ᠭᠢᠲ᠋ᠠᠷ ᠢᠶᠠᠷ ᠢᠶᠠᠨ ᠳᠠᠩᠨᠠ》 ᠭᠡᠵᠦ ᠬᠡᠯᠡᠵᠦ ᠪᠠᠶᠢᠭᠰᠠᠨ᠃ ᠬᠡᠳᠦᠢ ᠪᠡᠷ ᠮᠠᠩᠯᠠᠢ ᠠᠬ᠎ᠠ ᠨᠠᠳᠠ ᠳᠤ ᠨᠢᠭᠤᠷ ᠲᠤᠯᠵᠤ᠂ ᠰᠠᠪᠬ᠎ᠠ ᠪᠠᠷ ᠴᠣᠬᠢᠵᠤ ᠬᠥᠭᠵᠢᠮ ᠰᠤᠷᠭᠠᠭ᠎ᠠ ᠦᠭᠡᠢ ᠴᠤ ᠪᠢ ᠮᠠᠩᠯᠠᠢ ᠠᠬ᠎ᠠ ᠶᠢ ᠬᠦᠨᠳᠦᠯᠡᠵᠦ᠂ ᠰᠢᠲᠦᠵᠦ ᠪᠠᠭᠰᠢ ᠪᠠᠨ ᠭᠡᠵᠦ ᠪᠣᠳᠣᠳᠠᠭ᠃ ᠲᠡᠷᠡ ᠬᠦᠮᠦᠨ ᠦ ᠲᠤᠭᠤᠯᠤᠭᠰᠠᠨ ᠠᠮᠢᠳᠤᠷᠠᠯ᠂ ᠬᠢᠭᠰᠡᠨ ᠤᠷᠠᠨ ᠪᠦᠲᠦᠭᠡᠯ᠂ ᠰᠡᠳᠬᠢᠯ ᠵᠢᠷᠦᠬᠡᠨ ᠡᠴᠡ ᠪᠡᠨ ᠲᠣᠭᠯᠠᠭᠰᠠᠨ ᠬᠥᠭ ᠠᠶᠠᠯᠭᠤ ᠨᠠᠳᠠ ᠳᠤ ᠮᠠᠰᠢ ᠲᠣᠮᠣ ᠦᠯᠢᠭᠡᠷ ᠳᠠᠭᠤᠷᠢᠶᠠᠯ ᠪᠣᠯᠵᠤ ᠶᠠᠪᠤᠳᠠᠭ᠃ ᠪᠢ ᠭᠢᠲ᠋ᠠᠷ ᠤᠨ ᠥᠩᠭᠡ ᠠᠶᠠᠯᠭᠤ ᠶᠢ ᠶᠡᠬᠡ ᠡᠷᠬᠢᠮᠯᠡᠳᠡᠭ᠃ ᠶᠠᠭᠠᠬᠢᠭᠠᠳ ᠭᠡᠬᠦ ᠪᠡᠷ ᠮᠠᠩᠯᠠᠢ ᠠᠬ᠎ᠠ ᠴᠡᠪᠡᠷ ᠥᠩᠭᠡᠯᠢᠭ᠂ ᠠᠶᠠᠯᠭᠤᠯᠠᠭ ᠲᠣᠭᠯᠠᠳᠠᠭ ᠭᠢᠲ᠋ᠠᠷᠴᠢᠨ᠃ ᠲᠡᠶᠢᠮᠦ ᠴᠤ ᠤᠴᠢᠷ ᠠᠴᠠ ᠪᠤᠰᠤᠳ ᠠᠴᠠ ᠪᠠᠨ ᠲᠠᠰᠤᠷᠠᠭᠰᠠᠨ ᠭᠡᠵᠦ ᠪᠢ ᠪᠣᠳᠣᠳᠠᠭ᠃ ᠲᠡᠭᠡᠬᠦ ᠪᠡᠷ ᠪᠢ ᠶᠠᠭ ᠡᠨᠡ ᠬᠦᠮᠦᠨ ᠦ ᠵᠠᠮᠨᠠᠯ ᠢᠶᠠᠷ ᠯᠠ ᠶᠠᠪᠤᠬᠤ ᠶᠣᠰᠣᠲᠠᠢ ᠭᠡᠵᠦ ᠬᠢᠴᠢᠶᠡᠭᠰᠡᠨ᠃ ᠬᠦᠮᠦᠨ ᠦ ᠵᠢᠷᠦᠬᠡ ᠰᠡᠳᠬᠢᠯ ᠳᠦ ᠬᠦᠷᠦᠭᠰᠡᠨ᠂ ᠳᠠᠭᠤᠤ ᠲᠠᠢ ᠪᠠᠨ ᠠᠪᠴᠠᠯᠳᠤᠭᠰᠠᠨ ᠮᠠᠰᠢ ᠭᠣᠶᠣ ᠠᠶᠠᠯᠭᠤ ᠵᠣᠬᠢᠶᠠᠬᠤ ᠶᠣᠰᠣᠲᠠᠢ ᠶᠤᠮ ᠪᠠᠶᠢᠨ᠎ᠠ ᠭᠡᠵᠦ ᠪᠣᠳᠣᠭᠰᠠᠨ ᠤ ᠦᠨᠳᠦᠰᠦᠨ ᠳᠡᠭᠡᠷ᠎ᠡ ᠭᠢᠲ᠋ᠠᠷ ᠬᠥᠭᠵᠢᠮ ᠢ ᠪᠢ ᠨᠠᠰᠤ ᠪᠠᠷ ᠢᠶᠠᠨ ᠰᠣᠩᠭᠣᠵᠤ᠂ ᠲᠣᠭᠯᠠᠵᠤ ᠶᠠᠪᠤᠨ᠎ᠠ᠃ ᠮᠠᠨ ᠤ ᠨᠠᠶᠠ ᠨᠠᠳᠠ ᠲᠠᠢ ᠬᠠᠮᠲᠤ ᠬᠠᠷ᠎ᠠ ᠪᠠᠭ᠎ᠠ ᠠᠴᠠ ᠪᠠᠨ 《ᠭᠠᠩ ᠵᠠᠮ》 ᠴᠢᠭᠤᠯᠭ᠎ᠠ ᠳᠤ ᠲᠣᠭᠯᠠᠵᠤ ᠪᠠᠶᠢᠭᠰᠠᠨ᠃ ᠡᠨᠡ ᠤᠳᠬ᠎ᠠ ᠪᠠᠷ ᠢᠶᠠᠨ ᠪᠢ ᠨᠠᠶᠠ ᠶᠢ 《ᠬᠠᠷᠠᠩᠭ᠎ᠠ》 ᠷᠣᠺ ᠲᠥᠪ ᠳᠡᠭᠡᠷ᠎ᠡ ᠳᠠᠭᠠᠭᠤᠯᠵᠤ ᠢᠷᠡᠭᠰᠡᠨ᠃ ᠡᠬᠢᠨ ᠳᠦ ᠪᠡᠨ ᠨᠠᠶᠠ ᠬᠦᠮᠦᠰ ᠦᠨ ᠭᠢᠲ᠋ᠠᠷ ᠢ ᠵᠥᠭᠡᠭᠡᠵᠦ ᠭᠦᠶᠦᠭᠡᠳ ᠯᠠ ᠶᠠᠪᠤᠳᠠᠭ ᠪᠠᠶᠢᠯ᠎ᠠ᠃ ᠪᠢ ᠴᠤ ᠭᠡᠰᠡᠨ 《ᠬᠠᠷᠠᠩᠭ᠎ᠠ》᠂ 《ᠬᠤᠷᠳᠤ》 ᠶᠢᠨ ᠬᠥᠭᠵᠢᠮ ᠢ ᠵᠥᠭᠡᠭᠡᠭᠡᠳ ᠯᠠ ᠭᠦᠶᠦᠵᠦ ᠶᠠᠪᠤᠳᠠᠭ ᠪᠠᠶᠢᠭᠰᠠᠨ᠃ ᠲᠡᠭᠡᠵᠦ ᠪᠠᠶᠢᠭᠠᠳ ᠯᠠ ᠨᠠᠶ᠎ᠠ ᠪᠠᠨ ᠠᠪᠤᠭᠠᠳ 《ᠬᠤᠷᠳᠤ》 ᠍ ᠳᠦ ᠲᠣᠭᠯᠠᠬᠤ ᠪᠣᠯᠤᠭᠰᠠᠨ᠃ ᠮᠠᠨ ᠤ ᠨᠠᠶᠠ ᠶᠡᠬᠡ ᠴᠡᠮᠴᠡᠭᠡᠷ᠂ ᠥᠩᠭᠡᠯᠢᠭ᠂ ᠠᠶᠠᠯᠭᠤᠯᠠᠭ ᠲᠣᠭᠯᠠᠳᠠᠭ᠃ ᠡᠨᠡ ᠨᠢ ᠭᠠᠩᠪᠠᠶᠠᠷ ᠠᠬ᠎ᠠ ᠳᠤ ᠲᠠᠭᠠᠯᠠᠭᠳᠠᠭᠰᠠᠨ᠃ ᠲᠡᠭᠡᠭᠡᠳ ᠯᠠ ᠪᠢᠳᠡ ᠭᠤᠷᠪᠠ ᠪᠡᠯᠡᠳᠬᠡᠯ ᠬᠢᠵᠦ ᠡᠬᠢᠯᠡᠵᠦ ᠪᠠᠶᠢᠭ᠎ᠠ ᠶᠤᠮ᠃ ᠳᠠᠷᠠᠭ᠎ᠠ ᠨᠢ ᠴᠣᠭ ᠥᠪᠡᠷ ᠦᠨ ᠬᠢ ᠪᠡᠨ ᠴᠢᠳᠠᠯ᠂ ᠬᠦᠴᠦᠨ ᠴᠢᠷᠮᠠᠶᠢᠯᠲᠠ ᠪᠠᠷ 《 ᠴᠢᠮ᠎ᠠ ᠶᠢ ᠵᠣᠷᠢᠨ᠎ᠠ》᠂ 《ᠴᠢᠨᠣ᠎ᠠ》 ᠬᠣᠶᠠᠷ ᠢ ᠳᠠᠭᠤᠯᠠᠭᠠᠳ ᠢᠷᠡᠬᠦ ᠳᠦ ᠭᠠᠩᠪᠠᠶᠠᠷ ᠠᠬ᠎ᠠ ᠲᠡᠭᠦᠨ ᠢ ᠬᠠᠮᠲᠤᠯᠢᠭ ᠲᠤ ᠪᠠᠨ ᠠᠪᠤᠭᠰᠠᠨ᠃ ᠴᠣᠭ ᠤᠨ ᠬᠣᠭᠣᠯᠠᠢ ᠴᠠᠭᠠᠨ᠎ᠠ ᠪᠠᠨ ᠯᠠ ᠨᠢᠭᠡ ᠭᠣᠶᠣ᠂ ᠳᠤᠯᠠᠭᠠᠬᠠᠨ ᠪᠥᠭᠡᠳ ᠲᠣᠰᠣᠯᠢᠭ ᠥᠩᠭᠡ ᠲᠡᠢ᠃ ᠠᠩᠬᠠᠨ ᠳᠤ ᠪᠠᠨ ᠪᠢ ᠴᠣᠭ ᠢ ᠬᠠᠮᠲᠤᠯᠢᠭ ᠲᠤ ᠪᠠᠨ ᠠᠪᠬᠤ ᠳᠤᠷ᠎ᠠ ᠦᠭᠡᠢ ᠪᠠᠶᠢᠭᠰᠠᠨ᠃ ᠨᠢᠭᠡ ᠭᠡᠷ ᠪᠦᠯᠢ ᠡᠴᠡ ᠠᠷᠠᠢ ᠯᠠ ᠣᠯᠠᠨ ᠬᠦᠮᠦᠨ ᠰᠢᠷᠭᠤᠬᠤ ᠭᠡᠳ ᠪᠠᠶᠢᠨ᠎ᠠ ᠳ᠋ᠠ ᠭᠡᠬᠦ ᠪᠣᠳᠣᠯ ᠨᠠᠳᠠ ᠳᠤ ᠲᠥᠷᠦᠵᠥ ᠪᠠᠶᠢᠯ᠎ᠠ᠃ ᠭᠡᠰᠡᠨ ᠴᠤ ᠴᠣᠭ ᠢ ᠬᠠᠮᠲᠤᠯᠢᠭ ᠲᠤ ᠪᠠᠨ ᠠᠪᠤᠭᠠᠳ 《ᠴᠡᠷᠢᠭ ᠦᠨ ᠪᠣᠳᠣᠯ》 ᠍ ᠢ ᠳᠠᠭᠤᠯᠠᠭᠤᠯᠲᠠᠯ᠎ᠠ ᠦᠨᠡᠬᠡᠷ ᠬᠢᠲ ᠪᠣᠯᠤᠭᠰᠠᠨ᠃ 《ᠬᠤᠷᠳᠤ》 ᠴᠤ ᠠᠷᠠᠳ ᠲᠦᠮᠡᠨ ᠦ ᠰᠤᠨᠤᠰᠬᠤ ᠳᠤᠷᠠᠲᠠᠢ ᠬᠠᠮᠲᠤᠯᠢᠭ ᠪᠣᠯᠤᠭᠠᠳ ᠢᠷᠡᠭᠰᠡᠨ᠃ ᠮᠠᠨ ᠤ ᠣᠳᠬᠣᠨᠪᠠᠭᠠᠲᠤᠷ ᠲᠡᠷᠡ ᠦᠶ᠎ᠡ ᠳᠦ ᠷᠠᠰᠢᠶᠠᠨᠳᠤ ᠥᠷᠲᠡᠭᠡᠨ ᠡᠴᠡ ᠰᠥ᠋ ᠵᠥᠭᠡᠭᠡᠳ ᠡᠵᠢ ᠠᠪᠤ ᠳᠤ ᠪᠠᠨ ᠲᠤᠰᠠᠯᠠᠭᠠᠳ ᠯᠠ ᠭᠦᠶᠦᠵᠦ ᠶᠠᠪᠤᠳᠠᠭ ᠪᠠᠶᠢᠯ᠎ᠠ᠃ ᠡᠨᠡ ᠬᠣᠭᠣᠷᠣᠨᠳᠣ ᠣᠳᠬᠣᠨᠪᠠᠭᠠᠲᠤᠷ ᠥᠪᠡᠷᠲᠡᠭᠡᠨ ᠵᠣᠷᠢᠭᠤᠯᠵᠤ ᠪᠥᠮᠪᠥᠷ ᠬᠢᠭᠡᠳ᠂ ᠦᠬᠡᠷ ᠦᠨ ᠬᠥᠯᠳᠡᠭᠦᠦ ᠮᠢᠬ᠎ᠠ ᠨᠦᠳᠦᠭᠡᠳ ᠮᠠᠰᠢ ᠶᠡᠬᠡ ᠬᠢᠴᠢᠶᠡᠯ ᠵᠢᠳᠬᠦᠯ ᠭᠠᠷᠭᠠᠭᠰᠠᠨ᠃ ᠲᠡᠭᠡᠭᠡᠳ ᠵᠢᠳᠬᠦᠭᠰᠡᠭᠡᠷ ᠪᠠᠶᠢᠭᠠᠳ ᠯᠠ ᠥᠪᠡᠷ ᠦᠨ ᠳᠤᠷᠠᠲᠠᠢ ᠶᠠᠭᠤᠮᠠᠨ ᠳᠤ ᠪᠠᠨ ᠬᠦᠷᠴᠦ᠂ ᠦᠶ᠎ᠡ ᠶᠢᠨ ᠬᠢᠨ ᠡᠴᠡ ᠪᠡᠨ ᠪᠥᠮᠪᠥᠷ ᠢᠶᠡᠷ ᠪᠣᠯ ᠲᠠᠰᠤᠷᠠᠭᠰᠠᠨ᠃ ᠲᠡᠶᠢᠮᠦ ᠴᠤ ᠤᠴᠢᠷ ᠠᠴᠠ 《ᠬᠤᠷᠳᠤ》 ᠬᠠᠮᠲᠤᠯᠢᠭ ᠲᠤ ᠣᠷᠣᠬᠤ ᠠᠴᠠ ᠪᠠᠨ ᠡᠮᠦᠨ᠎ᠡ 《ᠨᠢᠰᠸᠠᠨᠨᠢᠰ》 ᠬᠠᠮᠲᠤᠯᠢᠭ ᠲᠤ ᠪᠥᠮᠪᠦᠷᠴᠢᠨ ᠬᠢᠵᠦ ᠪᠠᠶᠢᠯ᠎ᠠ᠃ ᠦᠨᠡᠬᠡᠷ ᠤᠷ᠎ᠠ ᠴᠢᠳᠠᠪᠤᠷᠢ ᠰᠠᠶᠢᠲᠠᠢ᠂ ᠭᠣᠶᠣ ᠲᠣᠭᠯᠠᠭᠠᠳ ᠢᠷᠡᠬᠦ ᠪᠡᠷ ᠴᠢᠨᠢ ᠳᠡᠭᠦᠦ ᠪᠡᠨ ᠬᠠᠮᠲᠤᠯᠢᠭ ᠲᠤ ᠪᠠᠨ ᠠᠪᠬᠤ ᠦᠭᠡᠢ ᠭᠡᠳ ᠶᠠᠭᠠᠬᠢᠬᠤ ᠪᠢᠯᠡ᠃ ᠮᠠᠭᠠᠳ ᠦᠭᠡᠢ ᠪᠢᠳᠡ ᠲᠡᠭᠦᠨ ᠢ ᠥᠭᠡᠷ᠎ᠡ ᠬᠠᠮᠲᠤᠯᠢᠭ ᠲᠤ ᠠᠯᠳᠠᠴᠢᠬᠠᠭᠰᠠᠨ ᠪᠣᠯ ᠴᠢᠨᠠᠭᠰᠢᠳᠠ ᠬᠥᠭᠵᠢᠵᠦ ᠳᠡᠪᠵᠢᠬᠦ ᠦᠭᠡᠢ ᠪᠠᠶᠢᠭᠰᠠᠨ ᠴᠤ ᠪᠠᠶᠢᠵᠤ ᠮᠡᠳᠡᠨ᠎ᠡ᠃ ᠲᠡᠷᠡᠨ ᠡᠴᠡ ᠪᠢᠰᠢ ᠮᠠᠨ ᠤ ᠳᠡᠭᠦᠦ ᠯᠠ 《ᠬᠤᠷᠳᠤ》 ᠬᠠᠮᠲᠤᠯᠢᠭ ᠲᠤ ᠪᠥᠮᠪᠥᠷ ᠲᠣᠭᠯᠠᠬᠤ ᠶᠣᠰᠣᠲᠠᠢ᠂ ᠮᠠᠨ ᠤ ᠳᠡᠭᠦᠦ ᠯᠠ ᠳᠠᠭᠤᠯᠠᠬᠤ ᠶᠣᠰᠣᠲᠠᠢ ᠭᠡᠰᠡᠨ ᠢᠪᠴᠤᠤ ᠠᠷᠭ᠎ᠠ ᠪᠠᠷ ᠲᠡᠮᠡᠴᠡᠵᠦ ᠪᠠᠶᠢᠭᠰᠠᠨ ᠦᠭᠡᠢ᠃ ᠡᠳᠡ ᠨᠠᠷ ᠪᠣᠯ ᠥᠪᠡᠷ ᠦᠨ ᠢᠶᠡᠨ ᠬᠦᠴᠦ ᠲᠡᠩᠬᠡᠭᠡ᠂ ᠬᠢᠴᠢᠶᠡᠯ ᠵᠢᠳᠬᠦᠯ᠂ ᠠᠪᠢᠶᠠᠰ ᠴᠢᠳᠠᠯ ᠢᠶᠠᠷ ᠢᠶᠠᠨ 《ᠬᠤᠷᠳᠤ》 ᠬᠠᠮᠲᠤᠯᠢᠭ ᠲᠤ ᠣᠷᠣᠭᠰᠠᠨ᠃ ᠪᠢ ᠴᠤ ᠪᠠᠰᠠ ᠲᠡᠶᠢᠮᠦ ᠯᠠ ᠵᠠᠮ ᠲᠤᠭᠤᠯᠤᠭᠰᠠᠨ᠃ ᠬᠦᠮᠦᠨ ᠪᠣᠯ ᠪᠠᠶᠠᠷᠯᠠᠵᠤ᠂ ᠳᠣᠭᠳᠣᠯᠵᠤ᠂ ᠪᠠᠰᠠ ᠭᠤᠲᠤᠷᠠᠵᠤ᠂ ᠰᠢᠨᠠᠯᠵᠤ ᠠᠮᠢᠳᠤᠷᠠᠬᠤ ᠶᠣᠰᠣᠲᠠᠢ ᠠᠮᠢᠲᠠᠨ᠃ ᠳᠠᠩᠳᠠ ᠵᠢᠷᠭᠠᠵᠤ ᠪᠣᠯᠬᠤ ᠦᠭᠡᠢ᠃ ᠤᠴᠢᠷ ᠨᠢ ᠪᠠᠶᠢᠩᠭᠤ ᠶᠢᠨ ᠵᠢᠷᠭᠠᠯ ᠬᠥᠮᠦᠨ ᠳ᠋ᠤ ᠰᠦᠢᠷᠡᠯ ᠠᠪᠴᠢᠷᠠᠳᠠᠭ᠃ ᠶᠠᠮᠠᠷ ᠨᠢᠭᠡᠨ ᠵᠦᠢᠯ ᠢᠶᠡᠷ ᠳᠤᠲᠠᠮᠠᠭ ᠪᠠᠶᠢᠬᠤ ᠲᠤᠰᠤᠮ ᠬᠦᠮᠦᠨ ᠦ ᠲᠥᠷᠥᠯᠬᠢ ᠶᠢᠨ ᠡᠷᠴᠢ ᠬᠦᠴᠦ᠂ ᠠᠪᠢᠶᠠᠰ ᠴᠢᠳᠠᠪᠤᠷᠢ ᠢᠯᠡᠷᠡᠨ ᠭᠠᠷᠴᠤ ᠢᠷᠡᠳᠡᠭ᠃ ᠲᠡᠶᠢᠮᠦ ᠳᠦ ᠪᠡᠨ ᠴᠤ ᠠᠯᠢᠪᠠ ᠬᠠᠮᠲᠤᠯᠢᠭ ᠨᠢᠭᠡᠨ ᠴᠠᠭ ᠦᠶ᠎ᠡ ᠶᠢ ᠵᠣᠯᠢᠶᠠᠰᠤᠯᠠᠵᠤ ᠪᠠᠶᠢᠵᠤ ᠠᠮᠵᠢᠯᠲᠠᠨ ᠳᠤ ᠬᠦᠷᠳᠡᠭ᠃ ᠮᠠᠨ ᠤ ᠬᠠᠮᠲᠤᠯᠢᠭ ᠴᠤ ᠭᠡᠰᠡᠨ ᠲᠡᠭᠡᠵᠦ ᠯᠠ ᠪᠠᠶᠢᠭᠰᠠᠨ᠃ ᠪᠢ ᠥᠪᠡᠷ ᠢ ᠪᠡᠨ ᠷᠣᠺ ᠫᠣᠫ ᠤᠷᠠᠯᠢᠭ ᠲᠤ ᠵᠣᠬᠢᠬᠤ ᠬᠡᠮᠵᠢᠶ᠎ᠡ ᠪᠡᠷ ᠵᠣᠯᠢᠵᠤ ᠴᠢᠳᠠᠭᠰᠠᠨ ᠭᠡᠵᠦ ᠪᠣᠳᠣᠳᠠᠭ᠃ ᠵᠦᠭᠡᠷ ᠨᠢᠭᠡ ᠪᠠᠴᠠᠭᠠᠨ ᠭᠦᠶᠦᠵᠦ ᠢᠷᠡᠭᠡᠳ 《ᠬᠤᠷᠳᠤ》 ᠍ ᠤᠨ ᠭᠢᠲ᠋ᠠᠷᠴᠢᠨ ᠪᠣᠯᠴᠢᠬᠠᠭ᠎ᠠ ᠦᠭᠡᠢ᠃ ᠷᠣᠺ ᠫᠣᠫ ᠤᠨ ᠲᠡᠦᠬᠡ ᠶᠢ ᠰᠡᠬᠦᠭᠡᠳ ᠬᠠᠷᠠᠬᠤ ᠳᠤ ᠲᠡᠷᠲᠡᠭᠡ ᠵᠢᠷᠠᠭᠠᠳ ᠣᠨ ᠠᠴᠠ ᠡᠬᠢ ᠲᠡᠢ ᠡᠨᠡ ᠤᠷᠠᠯᠢᠭ ᠲᠤ ᠠᠮᠢ ᠨᠠᠰᠤ᠂ ᠵᠢᠷᠦᠬᠡ ᠰᠡᠳᠬᠢᠯ ᠢᠶᠡᠨ ᠵᠣᠷᠢᠭᠤᠯᠤᠭᠰᠠᠨ ᠣᠯᠠᠨ ᠬᠥᠭᠵᠢᠮ ᠦᠨ ᠵᠣᠬᠢᠶᠠᠯᠴᠢ᠂ ᠬᠥᠭᠵᠢᠮᠴᠢᠳ᠂ ᠳᠠᠭᠤᠴᠢᠳ ᠤᠨ ᠬᠦᠴᠦ ᠴᠢᠳᠠᠯ ᠰᠢᠩᠭᠡᠭᠰᠡᠨ ᠪᠠᠶᠢᠳᠠᠭ ᠪᠣᠯᠬᠣᠷ ᠪᠢ ᠳᠣᠲᠣᠷ᠎ᠠ ᠪᠠᠨ ᠵᠠᠯᠪᠠᠷᠢᠵᠤ ᠶᠠᠪᠤᠳᠠᠭ ᠶᠤᠮ᠃ ᠲᠡᠳᠡ ᠪᠠᠶᠢᠭᠰᠠᠨ ᠪᠣᠯᠬᠣᠷ ᠪᠢᠳᠡ ᠣᠳᠣ ᠪᠠᠶᠢᠭ᠎ᠠ᠂ ᠪᠢᠳᠡ ᠪᠠᠶᠢᠭ᠎ᠠ ᠪᠣᠯᠬᠣᠷ ᠪᠢᠳᠡᠨ ᠦ ᠬᠣᠶᠢᠴᠢ ᠦᠶ᠎ᠡ ᠪᠠᠶᠢᠬᠤ ᠪᠣᠯᠤᠨ᠎ᠠ᠃ 1992 ᠣᠨ ᠳᠤ ᠮᠠᠩᠯᠠᠢ ᠠᠬ᠎ᠠ ᠨᠠᠳᠠ ᠳᠤ ᠬᠠᠨᠳᠤᠵᠤ 《ᠴᠢ ᠲᠡᠷᠡ ᠲᠣᠮᠣ ᠮᠣᠳᠣᠨ ᠤ ᠣᠷᠣᠢ ᠳᠤ ᠪᠠᠶᠢᠭ᠎ᠠ ᠮᠥᠴᠢᠷ ᠢ ᠬᠠᠷᠠᠵᠤ ᠪᠠᠶᠢᠨ᠎ᠠ ᠤᠤ᠃ ᠭᠢᠲ᠋ᠠᠷ ᠢ ᠨᠢᠭᠡᠨᠲᠡ ᠯᠠ ᠡᠬᠢᠯᠡᠬᠦ ᠶᠤᠮ ᠪᠣᠯ ᠴᠢ ᠣᠷᠣᠢ ᠳᠤ ᠨᠢ ᠬᠦᠷᠲᠡᠯ᠎ᠡ ᠲᠣᠭᠯᠠᠨ᠎ᠠ ᠰᠢᠦ》 ᠭᠡᠵᠦ ᠬᠡᠯᠡᠵᠦ ᠪᠠᠶᠢᠭᠰᠠᠨ᠃ ᠡᠨᠡ ᠦᠭᠡ ᠮᠢᠨᠦ ᠰᠡᠳᠬᠢᠯ ᠡᠴᠡ ᠭᠠᠷᠳᠠᠭ ᠦᠭᠡᠢ ᠶᠤᠮ᠃ ᠮᠠᠩᠯᠠᠢ ᠠᠬ᠎ᠠ ᠲᠠᠢ ᠪᠠᠭᠰᠢ᠂ ᠱᠠᠪᠢ ᠶᠢᠨ ᠪᠠᠷᠢᠯᠳᠤᠯᠭ᠎ᠠ ᠭᠡᠳ ᠰᠦᠢᠳ ᠪᠣᠯᠤᠭ᠎ᠠ ᠦᠭᠡᠢ ᠴᠤ ᠭᠡᠯ᠎ᠡ ᠶᠠᠭᠠᠬᠢᠯᠲᠠ ᠴᠤ ᠦᠭᠡᠢ ᠭᠢᠲ᠋ᠠᠷ ᠤᠨ ᠨᠠᠷᠢᠨ ᠮᠡᠳᠡᠷᠡᠮᠵᠢ᠂ ᠲᠧᠭᠨᠢᠭ ᠢ ᠮᠠᠩᠯᠠᠢ ᠠᠬ᠎ᠠ ᠠᠴᠠ ᠰᠤᠷᠣᠭᠰᠠᠨ ᠪᠣᠯᠪᠠ ᠤᠤ᠃ 《ᠬᠤᠷᠳᠤ》 ᠬᠠᠮᠲᠤᠯᠢᠭ ᠲᠤ ᠣᠷᠣᠭᠰᠠᠨ ᠡᠬᠢᠨ ᠦ ᠦᠶ᠎ᠡ ᠡᠴᠡ ᠪᠠᠨ ᠡᠬᠢᠯᠡᠭᠡᠳ ᠯᠠ ᠪᠢ ᠮᠠᠰᠢ ᠰᠠᠶᠢᠨ ᠲᠣᠭᠯᠠᠬᠤ ᠦᠭᠡᠢ ᠪᠣᠯ ᠶᠠᠪᠤᠭᠠᠨ ᠳᠠᠭᠠᠨ 《ᠬᠤᠷᠳᠤ》 ᠍ ᠠᠴᠠ ᠵᠢᠭᠢᠭᠳᠡᠵᠦ ᠮᠠᠭᠠᠳ ᠦᠭᠡᠢ ᠶᠤᠮ ᠪᠠᠶᠢᠨ᠎ᠠ ᠭᠡᠵᠦ ᠪᠣᠳᠣᠭᠠᠳ ᠡᠳᠦᠷᠵᠢᠨ ᠰᠥᠨᠢᠵᠢᠨ ᠪᠡᠯᠡᠳᠬᠡᠯ ᠬᠢᠳᠡᠭ ᠪᠠᠶᠢᠯ᠎ᠠ》 ᠭᠡᠵᠦ ᠦᠭᠦᠯᠡᠭᠰᠡᠨ ᠶᠤᠮ᠃ ‍‍‍ᠭᠢᠲ᠋ᠠᠷ ᠪᠣᠯ ᠭᠠᠶᠢᠬᠠᠮᠰᠢᠭᠲᠠᠢ ᠬᠥᠭᠵᠢᠮ ᠦᠨ ᠵᠢᠮᠰᠡᠭ᠃ ᠬᠦᠮᠦᠨ ᠲᠥᠷᠥᠯᠬᠢᠲᠡᠨ 20 ᠳ᠋ᠤᠭᠠᠷ ᠵᠠᠭᠤᠨ ᠳᠤ ᠴᠠᠬᠢᠯᠭᠠᠨ ᠭᠢᠲ᠋ᠠᠷ ᠪᠦᠲᠦᠭᠡᠭᠰᠡᠨ ᠢᠶᠡᠷ ᠬᠥᠭᠵᠢᠮ ᠦᠨ ᠤᠷᠠᠯᠢᠭ ᠤᠨ ᠲᠡᠦᠬᠡᠨ ᠳᠦ ᠠᠰᠤᠷᠤ ᠲᠣᠮᠣ ᠬᠤᠪᠢᠰᠤᠯ᠂ ᠰᠢᠨᠡᠴᠢᠯᠡᠯ ᠠᠪᠴᠢᠷᠠᠭᠰᠠᠨ ᠪᠥᠭᠡᠳ ᠡᠨᠡ ᠴᠤ ᠤᠳᠬ᠎ᠠ ᠪᠠᠷ ᠢᠶᠠᠨ ᠭᠢᠲ᠋ᠠᠷ ᠬᠥᠭᠵᠢᠮ ᠨᠢ 20 ᠳ᠋ᠤᠭᠠᠷ ᠵᠠᠭᠤᠨ ᠤ ᠰᠢᠯᠢᠳᠡᠭ ᠬᠥᠭᠵᠢᠮ ᠦᠨ ᠵᠢᠮᠰᠡᠭ ᠪᠣᠯᠵᠤ ᠴᠢᠳᠠᠭᠰᠠᠨ᠃ ᠭᠢᠲ᠋ᠠᠷ ᠬᠥᠭᠵᠢᠮ ᠡᠴᠡ ᠪᠡᠯ ᠳᠽ᠂ ᠺᠠᠤᠨᠲᠷᠢ᠂ ᠹᠯᠮᠡᠩᠺᠣ᠂ ᠷᠣᠺ᠂ ᠫᠣᠫ ᠭᠡᠬᠦ ᠮᠡᠲᠦ ᠣᠯᠠᠨ ᠠᠷᠪᠠᠨ ᠤᠷᠤᠰᠬᠠᠯ ᠤᠨ ᠠᠶᠠᠯᠭᠤ ᠶᠢ ᠰᠣᠨᠣᠰᠴᠤ ᠪᠣᠯᠤᠨ᠎ᠠ᠃ ᠣᠳᠬᠣᠨᠪᠠᠶᠠᠷ ᠤᠨ ᠠᠩᠬᠠᠨ ᠤ ᠦᠨ᠎ᠡ ᠲᠡᠢ᠂ ᠲᠣᠮᠣ ᠭᠢᠲ᠋ᠠᠷ ᠭᠡᠪᠡᠯ 《ᠹᠣᠺᠰ》 ᠦᠢᠯᠡᠳᠪᠦᠷᠢ ᠶᠢᠨ 《ᠪᠷᠣᠳᠪᠠᠢ》 ᠨᠡᠷᠡᠲᠡᠢ ᠤᠯᠠᠭᠠᠨ ᠭᠢᠲ᠋ᠠᠷ᠃ ᠡᠨᠡ ᠤᠯᠠᠭᠠᠨ ᠭᠢᠲ᠋ᠠᠷ ᠢᠶᠠᠷ ᠣᠳᠬᠣᠨᠪᠠᠶᠠᠷ ᠣᠯᠠᠨ ᠰᠠᠶᠢᠬᠠᠨ ᠳᠠᠭᠤᠤ ᠬᠢᠭᠰᠡᠨ᠃ ᠦᠨᠡᠨ ᠳᠦ ᠪᠡᠨ ᠰᠠᠶᠢᠨ ᠬᠥᠭᠵᠢᠮ ᠦᠨ ᠵᠢᠮᠰᠡᠭ ᠲᠡᠢ ᠪᠠᠶᠢᠵᠤ ᠯᠠ ᠰᠠᠶᠢᠨ ᠪᠦᠲᠦᠭᠡᠯ ᠲᠥᠷᠥᠨ᠎ᠡ ᠭᠡᠳᠡᠭ ᠨᠢ ᠤᠷᠠᠯᠢᠭ ᠤᠨ ᠬᠢᠨ ᠤ ᠬᠤᠪᠢ ᠳᠤ ᠪᠢᠴᠢᠭᠳᠡᠭᠡ ᠦᠭᠡᠢ ᠬᠠᠤᠯᠢ᠃ ᠪᠢᠴᠢᠭᠳᠡᠭᠡ ᠦᠭᠡᠢ ᠵᠠᠷᠢᠮ ᠬᠠᠤᠯᠢ ᠪᠢᠴᠢᠭᠳᠡᠭᠰᠡᠨ ᠪᠦᠬᠦ ᠬᠠᠤᠯᠢ ᠠᠴᠠ ᠴᠤ ᠬᠦᠴᠦᠲᠡᠢ ᠪᠠᠶᠢᠬᠤ ᠲᠣᠬᠢᠶᠠᠯᠳᠤᠯ ᠪᠠᠰᠠ ᠪᠤᠢ᠃ ᠲᠡᠶᠢᠮᠦ ᠴᠤ ᠤᠴᠢᠷ ᠠᠴᠠ ᠶᠡᠷᠡᠭᠡᠳ ᠣᠨ ᠤ ᠶᠠᠳᠠᠭᠤ ᠲᠠᠷᠴᠢᠭ ᠲᠡᠷᠡᠬᠡᠨ ᠦᠶ᠎ᠡ ᠳᠦ 《ᠬᠤᠷᠳᠤ》 ᠶᠢᠨ ᠬᠢᠨ ᠠᠯᠢ ᠪᠣᠯᠬᠤ ᠰᠠᠶᠢᠨ ᠬᠥᠭᠵᠢᠮ ᠦᠨ ᠵᠢᠮᠰᠡᠭ ᠪᠠᠷᠢᠬᠤ ᠭᠡᠵᠦ ᠲᠡᠮᠡᠦᠯᠵᠦ ᠪᠠᠶᠢᠯ᠎ᠠ᠃ ᠵᠢᠱᠢᠶ᠎ᠡ ᠨᠢ ᠣᠳᠬᠣᠨᠪᠠᠶᠠᠷ ᠠᠩᠬᠠᠨ ᠤ ᠲᠣᠮᠣ ᠮᠡᠷᠭᠡᠵᠢᠯ ᠦᠨ ᠭᠢᠲ᠋ᠠᠷ ᠢᠶᠠᠨ 1998 ᠣᠨ ᠳᠤ ᠠᠪᠤᠭᠰᠠᠨ ᠶᠤᠮ᠃ ᠲᠡᠷᠡ ᠨᠢ ᠠᠯᠳᠠᠷᠲᠤ 《ᠮᠧᠲ᠋ᠠᠯᠢᠺᠠ》 ᠬᠠᠮᠲᠤᠯᠢᠭ ᠤᠨ ᠪᠠᠷᠢᠳᠠᠭ 《ESP》 ᠬᠡᠮᠡᠬᠦ ᠭᠢᠲ᠋ᠠᠷ᠃ ᠦᠨ᠎ᠡ ᠨᠢ 3200 ᠳ᠋ᠣᠯᠯᠠᠷ᠃ ᠳᠤᠤᠭᠠᠷᠤᠯᠲᠠ ᠨᠢ ᠬᠡᠪᠢ ᠮᠧᠲ᠋ᠠᠯ ᠰᠲ᠋ᠢᠯᠢ ᠳᠦ ᠶᠡᠬᠡ ᠲᠣᠬᠢᠷᠠᠳᠠᠭ᠃ ᠳᠠᠯᠠ᠂ ᠨᠠᠶᠠᠭᠠᠳ ᠣᠨ ᠤ ᠦᠶ᠎ᠡ ᠳᠦ ᠳᠡᠯᠡᠬᠡᠢ ᠳ᠋ᠠᠬᠢᠨ ᠳᠤ 《Fender》᠂ 《Gibson》᠂ 《Ibanez》᠂ 《Jackson》᠂ 《Yamaha》᠂ 《Paul Reed Smith》᠂ 《ESP》᠂ 《Taylor》᠂ 《Takamine》 ᠭᠡᠳ ᠮᠠᠰᠢ ᠣᠯᠠᠨ ᠠᠯᠳᠠᠷᠲᠠᠢ ᠹᠧᠷᠮ ᠦᠨ ᠭᠢᠲ᠋ᠠᠷ ᠤᠳ ᠪᠤᠢ ᠪᠣᠯᠤᠭᠰᠠᠨ ᠪᠥᠭᠡᠳ ᠡᠳᠡ ᠪᠦᠭᠦᠳᠡ ᠥᠪᠡᠷ ᠥᠪᠡᠷᠰᠡᠳ ᠦᠨ ᠬᠡᠪ ᠮᠠᠶ᠋ᠢᠭ᠂ ᠵᠠᠭᠪᠤᠷ ᠬᠢᠴᠡ ᠲᠡᠢ᠂ ᠣᠨᠴᠠᠯᠢᠭ ᠳᠤᠤᠭᠠᠷᠤᠯᠲᠠ ᠲᠠᠢ᠃ ᠲᠡᠶᠢᠮᠦ ᠡᠴᠡ ᠠᠮᠢᠳᠤ ᠬᠥᠭᠵᠢᠮ ᠦᠨ ᠬᠠᠮᠲᠤᠯᠢᠭ ᠤᠳ ᠶᠠᠮᠠᠷ ᠲᠥᠷᠥᠯ ᠵᠠᠨᠷ ᠢᠶᠡᠷ ᠲᠣᠭᠯᠠᠳᠠᠭ ᠠᠴᠠ ᠪᠠᠨ ᠰᠢᠯᠲᠠᠭᠠᠯᠠᠭᠠᠳ ᠭᠢᠲ᠋ᠠᠷ ᠢᠶᠠᠨ ᠰᠣᠩᠭᠣᠳᠠᠭ᠃ ᠬᠡᠪᠢ ᠮᠧᠲ᠋ᠠᠯ ᠤᠷᠤᠰᠬᠠᠯ ᠤᠨ ᠬᠢᠨ ᠶᠡᠬᠡᠪᠴᠢᠯᠡᠨ 《Fender》᠂ 《Gibson》᠂ 《ESP》 ᠬᠡᠷᠡᠭᠯᠡᠬᠦ ᠵᠢᠱᠢᠶ᠎ᠡ ᠲᠡᠢ᠃ ᠣᠳᠬᠣᠨᠪᠠᠶᠠᠷ 1998 ᠣᠨ ᠳᠤ 《ESP》 ᠭᠢᠲ᠋ᠠᠷ ᠠᠪᠤᠭᠠᠳ ᠰᠡᠳᠬᠢᠯ ᠨᠢ ᠪᠠᠰᠠ ᠬᠠᠨᠤᠭᠰᠠᠨ ᠦᠭᠡᠢ᠃ ᠠᠮᠧᠷᠢᠺᠠ ᠶᠢᠨ 《Bon Joyi》 ᠬᠠᠮᠲᠤᠯᠢᠭ ᠤᠨ ᠪᠠᠷᠢᠳᠠᠭ 《Fender》 ᠭᠢᠲ᠋ᠠᠷ ᠢ 2500 ᠳ᠋ᠣᠯᠯᠠᠷ ᠢᠶᠠᠷ᠂ 《Steve Moorse》 ᠍ ᠦᠨ ᠪᠠᠷᠢᠳᠠᠭ 《Music man》 ᠭᠢᠲ᠋ᠠᠷ ᠢ 2700 ᠳ᠋ᠣᠯᠯᠠᠷ ᠢᠶᠠᠷ ᠬᠤᠳᠠᠯᠳᠤᠵᠤ ᠠᠪᠤᠭᠰᠠᠨ᠃ ᠡᠳᠦᠭᠡ ᠲᠡᠷᠡ ᠳᠣᠮᠣᠭᠲᠤ 《Guns N Roses》 ᠬᠠᠮᠲᠤᠯᠢᠭ ᠤᠨ ᠬᠢᠨ ᠤ ᠪᠠᠷᠢᠳᠠᠭ 6000 ᠳ᠋ᠣᠯᠯᠠᠷ ᠤᠨ ᠦᠨᠡᠲᠡᠢ᠂ ᠳᠡᠭᠡᠳᠦ ᠲᠠᠯ᠎ᠠ ᠳᠤ ᠪᠠᠨ 12 ᠤᠲᠠᠰᠤ ᠲᠠᠢ᠂ ᠳᠣᠣᠷᠠᠳᠤ ᠲᠠᠯ᠎ᠠ ᠳᠤ ᠪᠠᠨ ᠵᠢᠷᠭᠤᠭᠠᠨ ᠤᠲᠠᠰᠤ ᠲᠠᠢ 《Gibson》 ᠬᠡᠮᠡᠬᠦ ᠬᠣᠶᠠᠷ ᠭᠠᠷ ᠲᠠᠢ ᠭᠢᠲ᠋ᠠᠷ ᠢ ᠦᠶ᠎ᠡ ᠦᠶ᠎ᠡ ᠪᠠᠷᠢᠳᠠᠭ᠃ ᠳᠠᠰᠢᠷᠠᠮ ᠳᠤ ᠬᠡᠯᠡᠬᠦ ᠳᠦ 《Fender》᠂ 《Gibson》 ᠭᠢᠲ᠋ᠠᠷ ᠤᠳ ᠡᠳᠦᠭᠡ ᠦᠢᠯᠡᠳᠪᠦᠷᠢᠯᠡᠭᠳᠡᠬᠦ ᠪᠡᠨ ᠪᠣᠯᠢᠭᠰᠠᠨ ᠲᠤᠯᠠ ᠤᠯᠠᠮ ᠦᠨ᠎ᠡ ᠳᠦ ᠣᠷᠣᠵᠤ ᠪᠠᠶᠢᠭ᠎ᠠ ᠪᠥᠭᠡᠳ ᠢᠨᠲ᠋ᠧᠷᠨᠡᠲ ᠢᠶᠡᠷ ᠵᠠᠷᠤᠬᠤ ᠳᠤ ᠳᠣᠣᠷ᠎ᠠ ᠬᠠᠶᠠᠵᠤ 10 ᠮᠢᠩᠭᠠᠨ ᠳ᠋ᠣᠯᠯᠠᠷ ᠲᠤ ᠬᠦᠷᠥᠨ᠎ᠡ ᠭᠡᠵᠦ ᠪᠠᠶᠢᠨ᠎ᠠ ᠰᠢᠦ᠃ ‍‍‍ 《ᠬᠠᠮᠤᠭ ᠤᠨ ᠭᠣᠣᠯ ᠨᠢ ᠡᠨᠡ ᠰᠠᠶᠢᠬᠠᠨ ᠬᠥᠭᠵᠢᠮ ᠦᠨ ᠵᠢᠮᠰᠡᠭ ᠦᠳ ᠢᠶᠡᠨ ᠠᠰᠢᠭᠯᠠᠵᠤ᠂ ᠪᠦᠲᠦᠭᠡᠯ ᠬᠢᠬᠦ ᠨᠢ ᠴᠢᠬᠤᠯᠠ᠃ ᠦᠨᠡᠲᠡᠢ ᠮᠠᠰᠢᠨ᠂ ᠦᠨᠡᠲᠡᠢ ᠭᠢᠲ᠋ᠠᠷ ᠬᠣᠶᠠᠷ ᠤᠨ ᠠᠯᠢ ᠨᠢᠭᠡ ᠶᠢ ᠰᠣᠩᠭᠣ ᠭᠡᠪᠡᠯ ᠪᠢ ᠬᠠᠮᠤᠭ ᠤᠨ ᠦᠨᠡᠲᠡᠢ ᠭᠢᠲ᠋ᠠᠷ ᠢ ᠯᠠ ᠰᠣᠩᠭᠣᠨ᠎ᠠ᠃ ᠮᠠᠰᠢᠨ ᠪᠣᠯ ᠬᠡᠷᠡᠭᠯᠡᠭᠡ᠃ ᠭᠢᠲ᠋ᠠᠷ ᠪᠣᠯ ᠮᠢᠨᠦ ᠬᠣᠶᠠᠷ ᠳᠠᠬᠢ ᠡᠬᠡᠨᠡᠷ》 ᠭᠡᠵᠦ ᠣᠳᠬᠣᠨᠪᠠᠶᠠᠷ ᠬᠡᠯᠡᠵᠦ ᠪᠠᠶᠢᠨ᠎ᠠ᠃ ᠲᠡᠷᠡᠪᠡᠷ 《Fender》 ᠭᠢᠲ᠋ᠠᠷ ᠢᠶᠠᠷ ᠢᠶᠠᠨ 《ᠬᠤᠷᠳᠤ》 ᠬᠠᠮᠲᠤᠯᠢᠭ ᠤᠨ ᠣᠯᠠᠨ ᠠᠷᠪᠠᠨ ᠬᠢᠲ ᠳᠠᠭᠤᠤ ᠶᠢ ᠵᠣᠬᠢᠶᠠᠵᠤ ᠲᠣᠭᠯᠠᠬᠤ ᠶᠢᠨ ᠰᠠᠴᠠᠭᠤ 《ᠨᠣᠮᠢᠨ ᠲᠠᠯᠠᠰᠲᠤ》 ᠬᠠᠮᠲᠤᠯᠢᠭ ᠤᠨ 《ᠵᠡᠭᠦᠳᠦᠨ ᠳᠦ ᠢᠷᠡᠬᠦ ᠵᠢᠷᠭᠠᠯ》᠂ ᠳᠠᠭᠤᠴᠢᠨ ᠰᠡᠷᠴᠢᠮ᠎ᠠ ᠶᠢᠨ 《ᠬᠠᠮᠢᠭ᠎ᠠ ᠴᠤ ᠴᠤᠭ》 ᠭᠡᠬᠦ ᠮᠡᠲᠦ ᠬᠢᠲ ᠪᠣᠯᠤᠭᠰᠠᠨ ᠳᠠᠭᠤᠤ ᠨᠤᠭᠤᠳ ᠢ ᠵᠣᠬᠢᠶᠠᠬᠤ ᠳᠤ ᠪᠠᠨ ᠡᠨᠡ ᠯᠠ ᠭᠢᠲ᠋ᠠᠷ ᠢᠶᠠᠨ ᠤᠶᠠᠩᠭᠠᠯᠠᠭᠤᠯᠵᠤ᠂ ᠲᠤᠬᠠᠢ ᠶᠢᠨ ᠳᠠᠭᠤᠨ ᠨᠤᠭᠤᠳ ᠲᠤ 《Fender》 ᠭᠢᠲ᠋ᠠᠷ ᠤᠨ ᠳᠠᠬᠢᠨ ᠳᠠᠪᠲᠠᠭᠳᠠᠰᠢ ᠦᠭᠡᠢ ᠥᠩᠭᠡ ᠶᠢ ᠮᠥᠩᠬᠡᠯᠡᠨ ᠦᠯᠡᠳᠡᠭᠡᠵᠡᠢ᠃ ᠭᠡᠪᠡᠴᠦ ᠣᠳᠬᠣᠨᠪᠠᠶᠠᠷ 2011 ᠣᠨ ᠳᠤ ᠬᠣᠶᠠᠷ ᠳᠠᠬᠢ ᠡᠬᠡᠨᠡᠷ ᠪᠣᠯᠤᠭᠰᠠᠨ 《Fender》 ᠲᠡᠷᠢᠭᠦᠲᠡᠢ ᠵᠢᠷᠭᠤᠭᠠᠨ ᠭᠢᠲ᠋ᠠᠷ ᠢᠶᠠᠨ ᠮᠠᠰᠢᠨ ᠠᠴᠠ ᠪᠠᠨ ᠬᠤᠯᠠᠭᠠᠢ ᠳᠤ ᠠᠯᠳᠠᠵᠤ ᠨᠢᠭᠡ ᠬᠡᠰᠡᠭ ᠲᠦ ᠪᠡᠨ ᠯᠠ ᠪᠤᠬᠢᠨᠢᠳᠤᠨ ᠰᠢᠨᠠᠯᠵᠤ ᠪᠠᠶᠢᠭᠰᠠᠨ ᠶᠤᠮ᠃ ᠶᠠᠮᠠᠷ ᠰᠠᠶᠢᠨ ᠳᠤ ᠪᠠᠨ ᠯᠠ ᠲᠡᠷᠡᠪᠡᠷ 《ᠪᠢ ᠲᠠᠨᠢᠳᠠᠭ ᠮᠡᠳᠡᠳᠡᠭ ᠣᠯᠠᠨ ᠬᠥᠮᠦᠨ ᠢᠶᠡᠨ ᠠᠯᠳᠠᠵᠤ ᠪᠠᠶᠢᠭᠰᠠᠨ᠃ ᠭᠡᠲᠡᠯ᠎ᠡ ᠭᠢᠲ᠋ᠠᠷ ᠢᠶᠠᠨ ᠠᠯᠳᠠᠬᠤ ᠨᠢ ᠳᠣᠲᠣᠨᠤ ᠬᠦᠮᠦᠰ ᠡᠴᠡ ᠪᠡᠨ ᠬᠠᠭᠠᠴᠠᠬᠤ ᠠᠴᠠ ᠴᠤ ᠬᠡᠴᠡᠭᠦᠦ ᠶᠤᠮ》 ᠭᠡᠵᠦ ᠬᠡᠯᠡᠵᠦ ᠪᠠᠶᠢᠭᠰᠠᠨ ᠤᠳᠠᠭ᠎ᠠ ᠲᠠᠢ᠃ ᠬᠠᠷᠢᠨ ᠤᠷᠠᠯᠢᠭ ᠤᠨ ᠲᠩᠷᠢ ᠢᠪᠡᠭᠡᠭᠰᠡᠨ ᠴᠤ ᠶᠤᠮ ᠦᠦ᠂ ᠠᠵᠠ ᠭᠡᠭᠴᠢ ᠨᠢ ᠱᠣᠪᠣᠶᠢᠭᠰᠠᠨ ᠴᠤ ᠶᠤᠮ ᠦᠦ᠂ ᠲᠡᠭᠦᠨ ᠦ ᠠᠯᠳᠠᠭᠳᠠᠭᠰᠠᠨ ᠭᠢᠲ᠋ᠠᠷ ᠤᠳ ᠪᠤᠷᠬᠠᠨ ᠤ ᠠᠪᠤᠷᠠᠯ ᠢᠶᠠᠷ ᠬᠣᠵᠢᠮ ᠡᠷᠭᠢᠭᠡᠳ ᠣᠯᠳᠠᠭᠰᠠᠨ ᠪᠢᠯᠡ᠃ ‍‍‍ 《ᠠᠷᠪᠠᠨ ᠬᠤᠷᠤᠭᠤ ᠮᠢᠨᠢ ᠮᠣᠶᠢᠨᠣᠭ ᠴᠤ ᠭᠡᠰᠡᠨ ᠠᠮᠢᠳᠤᠷᠠᠯ ᠨᠠᠮ᠎ᠠ ᠶᠢ ᠭᠢᠲ᠋ᠠᠷᠴᠢᠨ ᠪᠣᠯᠭᠠᠭᠰᠠᠨ ᠳᠠᠭᠤᠯᠬᠤ ᠬᠣᠭᠣᠯᠠᠢ ᠮᠢᠨᠢ ᠰᠥᠭᠡᠩᠭᠢ ᠴᠤ ᠭᠡᠰᠡᠨ ᠳᠤᠷᠠᠯᠠᠯ ᠨᠠᠮ᠎ᠠ ᠶᠢ ᠳᠠᠭᠤᠴᠢᠨ ᠪᠣᠯᠭᠠᠭᠰᠠᠨ》 ᠭᠡᠬᠦ ᠦᠭᠡ ᠲᠡᠢ ᠳᠠᠯᠠᠭᠠᠳ ᠣᠨ ᠤ ᠨᠢᠭᠡᠨ ᠵᠣᠬᠢᠶᠠᠮᠠᠯ ᠳᠠᠭᠤᠤ᠂ ᠬᠠᠭᠤᠴᠢᠨ ᠭᠢᠲ᠋ᠠᠷ ᠤᠨ ᠨᠠᠮᠤᠭᠤᠬᠠᠨ ᠠᠶᠠᠰ ᠪᠠᠶᠢᠳᠠᠭ᠃ ᠡᠨᠡ ᠳᠠᠭᠤᠤ ᠶᠢ ᠣᠳᠬᠣᠨᠪᠠᠶᠠᠷ ᠶᠡᠬᠡ ᠲᠠᠭᠠᠰᠢᠶᠠᠳᠠᠭ ᠶᠤᠮ᠃ ᠲᠡᠭᠦᠨ ᠦ ᠴᠤᠭᠯᠠᠭᠤᠯᠭᠠᠨ ᠳᠤ ᠨᠡᠯᠢᠶᠡᠳ ᠬᠡᠳᠦᠨ ᠭᠢᠲ᠋ᠠᠷ ᠪᠤᠢ᠃ 2010 ᠣᠨ ᠳᠤ ᠨᠠᠮ᠎ᠠ ᠶᠢ ᠭᠡᠷ ᠲᠦ ᠨᠢ ᠣᠴᠢᠬᠤ ᠳᠤ ᠣᠳᠬᠣᠨᠪᠠᠶᠠᠷ ᠬᠠᠨᠠᠨ ᠳᠤ ᠪᠠᠨ ᠡᠯᠭᠦᠭᠰᠡᠨ 《Asashoryu》 ᠬᠡᠮᠡᠬᠦ ᠳᠥᠷᠪᠡᠨ ᠤᠲᠠᠰᠤ ᠲᠠᠢ ᠠᠷᠭ᠎ᠠ ᠦᠭᠡᠢ ᠯᠠ ᠨᠠᠨᠳᠢᠨ᠂ ᠴᠠᠮᠢᠩ ᠭᠢᠲ᠋ᠠᠷ ᠦᠵᠡᠭᠦᠯᠦᠭᠡᠳ 《ᠡᠭᠦᠨ ᠢ ᠨᠠᠳᠠ ᠳᠤ ᠳ᠋ᠠᠭᠪᠠ ᠠᠪᠤᠷᠭᠤ ᠪᠡᠯᠡᠭᠯᠡᠭᠰᠡᠨ ᠶᠤᠮ᠃ ᠡᠨᠡ ᠪᠣᠯ ᠶᠠᠫᠣᠨ ᠤ ᠬᠠᠮᠤᠭ ᠤᠨ ᠰᠠᠶᠢᠨ ᠭᠢᠲ᠋ᠠᠷ ᠦᠢᠯᠡᠳᠪᠦᠷᠢᠯᠡᠭᠴᠢ ᠺᠣᠮᠫᠠᠨᠢ ᠶᠢᠨ ᠭᠠᠭᠴᠠᠬᠠᠨ ᠰᠢᠷᠬᠡᠭ ᠦᠢᠯᠡᠳᠪᠦᠷᠢᠯᠡᠵᠦ ᠭᠠᠷᠭᠠᠭᠰᠠᠨ ᠭᠢᠲ᠋ᠠᠷ᠃ ᠶᠠᠫᠣᠨ ᠤ ᠨᠢᠭᠡ ᠠᠯᠳᠠᠷᠲᠠᠢ ᠬᠠᠮᠲᠤᠯᠢᠭ ᠶᠡᠬᠡ ᠠᠪᠤᠷᠭᠤ ᠳᠤ ᠪᠡᠯᠡᠭᠯᠡᠭᠰᠡᠨ ᠶᠤᠮ ᠪᠢᠯᠡ᠃ ᠲᠡᠷᠡ ᠨᠢ ᠵᠥᠪᠬᠡᠨ ᠥᠪᠡᠷ ᠲᠦ ᠨᠢ ᠵᠣᠷᠢᠭᠤᠯᠤᠭᠳᠠᠭᠰᠠᠨ 《Asashoryu》 ᠨᠡᠷ᠎ᠡ ᠲᠡᠢ᠃ ᠳᠡᠯᠡᠬᠡᠢ ᠳᠦ ᠭᠠᠭᠴᠠᠬᠠᠨ ᠰᠢᠷᠬᠡᠭ ᠪᠠᠶᠢᠭ᠎ᠠ ᠡᠨᠡ ᠭᠢᠲ᠋ᠠᠷ ᠢ ᠠᠪᠤᠷᠭᠤ ᠮᠠᠨᠢ ᠨᠠᠳᠠ ᠳᠤ ᠪᠡᠯᠡᠭᠯᠡᠭᠰᠡᠨ ᠶᠤᠮ》 ᠭᠡᠵᠦ ᠶᠡᠬᠡ ᠯᠠ ᠪᠠᠬᠠᠳᠤᠯ ᠲᠠᠢ ᠪᠠᠷ ᠦᠭᠦᠯᠡᠵᠦ ᠪᠠᠶᠢᠭᠰᠠᠨ ᠶᠤᠮ᠃ ‍ ᠬᠣᠶᠠᠷ ᠳᠠᠬᠢ ᠡᠬᠡᠨᠡᠷ ᠪᠣᠯᠤᠭᠰᠠᠨ ᠭᠢᠲ᠋ᠠᠷ ᠤᠳ ᠤᠨ ᠢᠶᠠᠨ ᠲᠤᠬᠠᠢ ᠣᠳᠬᠣᠨᠪᠠᠶᠠᠷ ᠥᠭᠦᠯᠡᠬᠦ ᠳᠦ ᠪᠡᠨ 《ᠪᠢ ᠭᠢᠲ᠋ᠠᠷ ᠲᠤ ᠮᠥᠩᠭᠥ ᠬᠠᠶᠢᠷᠠᠯᠠᠳᠠᠭ ᠦᠭᠡᠢ᠃ ᠠᠷᠠᠳ ᠲᠦᠮᠡᠨ ᠳᠦ ᠪᠡᠨ ᠰᠠᠶᠢᠨ ᠭᠢᠲ᠋ᠠᠷ ᠤᠨ ᠰᠠᠶᠢᠬᠠᠨ ᠠᠶᠠᠯᠭᠤ ᠰᠣᠨᠣᠰᠬᠠᠬᠤ ᠶᠢᠨ ᠲᠤᠯᠠᠳᠠ ᠲᠣᠭᠯᠠᠯᠲᠠ ᠶᠢᠨ ᠢᠶᠠᠨ ᠬᠠᠮᠤᠭ ᠯᠠ ᠮᠥᠩᠭᠥ ᠶᠢ ᠭᠢᠲ᠋ᠠᠷ ᠲᠤ ᠥᠭᠴᠦ ᠪᠠᠶᠢᠯ᠎ᠠ᠃ ᠰᠠᠶᠢᠨ ᠵᠢᠮᠰᠡᠭ᠂ ᠠᠪᠢᠶᠠᠰ ᠴᠢᠳᠠᠪᠤᠷᠢ ᠲᠠᠢ ᠪᠠᠶᠢᠵᠤ ᠯᠠ ᠪᠤᠰᠤᠳ ᠠᠴᠠ ᠢᠯᠡᠭᠦᠦ ᠭᠠᠷᠤᠨ᠎ᠠ᠃ ᠨᠠᠳᠠ ᠳᠤ ᠮᠠᠰᠢᠨ ᠤ ᠦᠨ᠎ᠡ ᠲᠡᠢ ᠭᠢᠲ᠋ᠠᠷ ᠴᠤ ᠪᠤᠢ᠃ ᠲᠡᠭᠡᠬᠦ ᠳᠦ ᠪᠡᠨ ᠦᠨ᠎ᠡ ᠮᠥᠩᠭᠥᠨ ᠳᠦ ᠪᠡᠨ ᠪᠢᠰᠢ᠃ ᠬᠠᠮᠤᠭ ᠤᠨ ᠭᠣᠣᠯ ᠨᠢ ᠳᠤᠤᠭᠠᠷᠤᠯᠲᠠ᠂ ᠬᠢᠴᠡ᠂ ᠬᠡᠪ ᠮᠠᠶ᠋ᠢᠭ ᠨᠢ ᠴᠢᠬᠤᠯᠠ᠃ ᠪᠢᠳᠡ ᠤᠷᠠᠯᠢᠭ ᠤᠨ ᠲᠥᠯᠥᠭᠡ᠂ ᠬᠥᠭᠵᠢᠮ ᠦᠨ ᠲᠥᠯᠥᠭᠡ ᠵᠢᠳᠬᠦᠵᠦ᠂ ᠹᠸᠨ ᠨᠦᠭᠦᠳ ᠲᠡᠢ ᠪᠡᠨ ᠬᠠᠮᠲᠤ ᠳᠠᠭᠤᠯᠠᠨ ᠣᠮᠣᠭᠰᠢᠵᠤ᠂ ᠲᠡᠳᠡᠨ ᠡᠴᠡ ᠡᠷᠴᠢ ᠬᠦᠴᠦ ᠠᠪᠴᠤ ᠣᠨ ᠵᠢᠯ ᠦᠳ ᠢ ᠡᠯᠡᠭᠡᠵᠦ ᠶᠠᠪᠤᠭ᠎ᠠ ᠬᠦᠮᠦᠰ᠃ ᠲᠡᠶᠢᠮᠦ ᠪᠣᠯᠬᠣᠷ ᠪᠢᠳᠡ ᠣᠯᠤᠭᠰᠠᠨ ᠮᠥᠩᠭᠥ ᠪᠡᠨ ᠪᠤᠴᠠᠭᠠᠭᠠᠳ ᠤᠷᠠᠨ ᠪᠦᠲᠦᠭᠡᠯ ᠳᠦ ᠪᠡᠨ ᠵᠠᠷᠤᠴᠠᠭᠤᠯᠳᠠᠭ᠃ ᠪᠢᠳᠡᠨ ᠳᠦ ᠲᠤᠰᠠᠯᠠᠵᠤ ᠳᠡᠮᠵᠢᠳᠡᠭ ᠬᠦᠮᠦᠨ ᠴᠤ ᠣᠯᠠᠨ ᠪᠠᠶᠢᠳᠠᠭ᠃ ᠲᠡᠶᠢᠮᠦ ᠡᠴᠡ ᠠᠶᠠᠨᠳᠠᠭᠠᠨ ᠤᠷᠮ᠎ᠠ ᠵᠣᠷᠢᠭ ᠪᠤᠴᠠᠯᠤᠭᠠᠳ ᠢᠷᠡᠳᠡᠭ ᠶᠤᠮ᠃ ᠳᠡᠯᠡᠬᠡᠢ ᠳᠦ ᠶᠠᠮᠠᠷ ᠳᠠᠭᠤᠤ ᠨᠣᠶᠠᠯᠠᠵᠤ ᠪᠠᠶᠢᠨ᠎ᠠ᠂ ᠳᠡᠯᠡᠬᠡᠢ ᠶᠢᠨ ᠤᠷᠠᠯᠢᠭ ᠤᠨ ᠪᠠᠶᠢᠳᠠᠯ ᠶᠠᠮᠠᠷ ᠪᠠᠶᠢᠨ᠎ᠠ ᠪᠤᠢ ᠭᠡᠳᠡᠭ ᠢ ᠪᠠᠶᠢᠩᠭᠤ ᠰᠤᠳᠤᠯᠳᠠᠭ᠃ ᠨᠢᠭᠡ ᠶᠠᠩᠵᠤ ᠶᠢᠨ ᠤᠷᠠᠨ ᠪᠦᠲᠦᠭᠡᠯ ᠬᠢᠭᠡᠳ ᠪᠠᠶᠢᠪᠠᠯ ᠦᠵᠡᠭᠴᠢ᠂ ᠰᠣᠨᠣᠰᠤᠭᠴᠢᠳ ᠮᠠᠨᠢ ᠬᠥᠭᠵᠢᠬᠦ ᠦᠭᠡᠢ ᠰᠢᠦ ᠳ᠋ᠡ᠃ ᠪᠤᠰᠤᠳ ᠤᠨ ᠰᠡᠳᠬᠢᠯ ᠦᠨ ᠢᠯᠡᠷᠬᠡᠶᠢᠯᠡᠯ ᠢ ᠲᠣᠭᠯᠠᠵᠤ ᠪᠠᠶᠢᠭ᠎ᠠ ᠴᠤ ᠥᠪᠡᠷ ᠦᠨ ᠥᠩᠭᠡ ᠠᠶᠠᠰ ᠢ ᠭᠠᠷᠭᠠᠵᠤ ᠴᠢᠳᠠᠳᠠᠭ ᠬᠦᠮᠦᠨ ᠪᠣᠯ ᠭᠢᠲ᠋ᠠᠷᠴᠢᠨ᠃ ᠭᠡᠬᠦ ᠳᠦ ᠪᠡᠨ ᠠᠯᠢᠪᠠ ᠰᠢᠨ᠎ᠡ ᠭᠢᠲ᠋ᠠᠷ ᠠᠴᠠ ᠣᠳᠬᠣᠨᠪᠠᠶᠠᠷ ᠭᠡᠳᠡᠭ ᠥᠩᠭᠡ ᠶᠠᠭᠠᠬᠢᠭᠠᠳ ᠴᠤ ᠶᠤᠮ ᠪᠤᠢ ᠢᠯᠭᠠᠷᠴᠣ ᠳᠤᠤᠭᠠᠷᠳᠠᠭ ᠦᠭᠡᠢ ᠶᠤᠮ᠃ ᠬᠠᠷᠢᠨ ᠲᠡᠷᠡ ᠥᠩᠭᠡ ᠶᠢ ᠭᠠᠷᠭᠠᠬᠤ ᠶᠢᠨ ᠲᠤᠯᠠᠳᠠ ᠪᠢ ᠭᠢᠲ᠋ᠠᠷ ᠲᠠᠢ ᠪᠠᠨ ᠳᠣᠣᠷ᠎ᠠ ᠬᠠᠶᠠᠵᠤ 10 ᠵᠢᠯ ᠨᠥᠬᠥᠷᠯᠡᠬᠦ ᠶᠣᠰᠣᠲᠠᠢ᠃ ᠡᠳᠦᠷ ᠪᠦᠷᠢ ᠲᠣᠭᠯᠠᠵᠤ᠂ ᠲᠡᠷᠡ ᠭᠢᠲ᠋ᠠᠷ ᠤᠨ ᠮᠣᠳᠣᠨ ᠳᠤ᠂ ᠤᠲᠠᠰᠤᠨ ᠳᠤ ᠮᠢᠨᠦ ᠵᠢᠷᠦᠬᠡ ᠰᠡᠳᠬᠢᠯ᠂ ᠰᠦᠨᠡᠰᠦ ᠰᠦᠯᠳᠡ ᠰᠢᠩᠭᠡᠭᠰᠡᠨ ᠪᠠᠶᠢᠬᠤ ᠤᠴᠢᠷᠲᠠᠢ᠃ ᠭᠢᠲ᠋ᠠᠷ ᠤᠳ ᠮᠠᠨᠢ ᠨᠠᠳᠠ ᠲᠠᠢ ᠣᠯᠠᠨ ᠵᠢᠯ ᠬᠠᠮᠲᠤ ᠪᠠᠶᠢᠵᠤ᠂ ᠨᠠᠮ᠎ᠠ ᠶᠢ ᠪᠠᠶᠢᠬᠤ ᠦᠭᠡᠢ ᠪᠣᠯᠤᠭᠰᠠᠨ ᠴᠤ ᠪᠠᠶᠢᠵᠤ ᠯᠠ ᠪᠠᠶᠢᠬᠤ ᠲᠡᠶᠢᠮᠦ ᠯᠠ ᠨᠠᠨᠳᠢᠨ ᠡᠳ᠋ ᠵᠦᠢᠯᠡᠰ ᠶᠤᠮ᠃ ᠭᠢᠲ᠋ᠠᠷ ᠪᠣᠯ ᠮᠢᠨᠦ ᠠᠮᠢᠨ ᠵᠢᠷᠦᠬᠡ︾ ᠭᠡᠵᠦ ᠬᠡᠯᠡᠭᠰᠡᠨ ᠶᠤᠮ᠃ ᠡᠨᠡ ᠰᠠᠶᠢᠬᠠᠨ ᠦᠭᠡᠨ ᠳᠦ ᠵᠣᠷᠢᠭᠤᠯᠵᠤ᠂ ᠪᠠᠰᠠ ᠣᠳᠬᠣᠨᠪᠠᠶᠠᠷ ᠲᠤ ᠵᠣᠷᠢᠭᠤᠯᠵᠤ ᠪᠢ ᠪᠡᠷ᠎《ᠤᠶᠠᠩᠭᠠᠯᠠᠨ ᠳᠠᠭᠤᠯᠠᠭᠴᠢ ᠭᠢᠲ᠋ᠠᠷ ᠮᠢᠨᠢ》 ᠭᠡᠳᠡᠭ ᠰᠢᠯᠦᠭ ᠲᠡᠷᠯᠡᠭᠰᠡᠨ ᠶᠤᠮ᠃ ᠡᠭᠦᠨ ᠢ ᠪᠡᠨ ᠣᠳᠬᠣᠨᠪᠠᠶᠠᠷ ᠤᠨ ᠭᠠᠪᠢᠶᠠᠲᠤ ᠶᠢᠨ ᠨᠠᠶᠢᠷ ᠳᠡᠭᠡᠷ᠎ᠡ ᠤᠩᠰᠢᠵᠤ᠂ ᠨᠢᠵᠢᠭᠢᠨᠡᠭᠰᠡᠨ ᠠᠯᠠᠭ᠎ᠠ ᠲᠠᠰᠢᠯᠲᠠ ᠪᠠᠷ ᠱᠠᠩᠨᠠᠭᠤᠯᠵᠤ ᠶᠠᠪᠤᠯ᠎ᠠ᠃ 《ᠠᠶ᠎ᠠ᠂ ᠮᠢᠨᠦ ᠤᠶᠠᠩᠭᠠᠯᠠᠨ ᠳᠠᠭᠤᠯᠠᠭᠴᠢ ᠭᠢᠲ᠋ᠠᠷ ᠮᠢᠨᠢ ᠠᠵᠠ ᠵᠢᠷᠭᠠᠯ᠂ ᠪᠠᠶᠠᠷ ᠪᠠᠶᠠᠰᠤᠯ ᠤᠨ ᠭᠢᠯᠪᠠᠭ᠎ᠠ ᠮᠢᠨᠢ ᠡᠷᠡᠨ ᠦᠶ᠎ᠡ ᠶᠢ ᠡᠵᠡᠩᠨᠡᠭᠰᠡᠨ ᠠᠶᠢᠵᠠᠮᠳᠤ ᠬᠡᠮᠨᠡᠯ ᠮᠢᠨᠢ ᠡᠭᠡᠰᠢᠭ ᠳᠠᠭᠤᠤ ᠬᠠᠶᠢᠷᠠᠯᠠᠭᠰᠠᠨ ᠠᠶᠠᠯᠭᠤᠲᠤ ᠴᠢᠪᠬᠠᠳᠠᠰᠤ ᠮᠢᠨᠢ ᠤᠷᠠᠯᠢᠭ ᠲᠤ ᠠᠩᠬ᠎ᠠ ᠬᠥᠲᠥᠯᠦᠭᠰᠡᠨ ᠤᠶᠠᠩᠭᠠᠯᠠᠨ ᠳᠠᠭᠤᠯᠠᠭᠴᠢ ᠭᠢᠲ᠋ᠠᠷ ᠮᠢᠨᠢ ᠤᠶᠠᠷᠠᠮ᠎ᠠ ᠠᠶᠠᠯᠭᠤ ᠶᠢ ᠤᠷᠠᠯᠠᠵᠤ ᠥᠭᠭᠦᠭᠰᠡᠨ ᠰᠡᠳᠬᠢᠮᠵᠢ ᠮᠢᠨᠢ ᠠᠯᠳᠠᠷᠠᠵᠤ ᠳᠣᠭᠳᠣᠯᠬᠤ ᠰᠡᠳᠬᠢᠯ ᠦᠨ ᠲᠣᠷᠭᠠᠨ ᠮᠡᠳᠡᠷᠡᠮᠵᠢ ᠮᠢᠨᠢ ᠠᠮᠵᠢᠯᠲᠠ ᠪᠦᠲᠦᠭᠡᠯ ᠠᠪᠴᠢᠷᠠᠭᠰᠠᠨ ᠲᠣᠭ᠎ᠠ ᠲᠠᠢ ᠳᠤᠷᠠᠰᠤᠮᠵᠢ ᠮᠢᠨᠢ ᠠᠶ᠎ᠠ᠂ ᠮᠢᠨᠦ ᠭᠢᠲ᠋ᠠᠷ ᠮᠢᠨᠢ᠂ ᠭᠢᠲ᠋ᠠᠷ ᠮᠢᠨᠢ ᠠᠬᠤᠢ ᠰᠠᠨᠠᠭ᠎ᠠ᠂ ᠠᠮᠢᠨ ᠵᠢᠷᠦᠬᠡᠨ ᠦ ᠴᠣᠮᠨᠠᠯ ᠮᠢᠨᠢ ᠶᠢᠷᠲᠢᠨᠴᠦ ᠳ᠋ᠤ ᠣᠷᠣᠰᠢᠨ ᠪᠠᠶᠢᠬᠤ ᠶᠢᠨ ᠤᠳᠬ᠎ᠠ ᠤᠴᠢᠷ ᠮᠢᠨᠢ ᠢᠷᠦᠭᠡᠯ ᠢᠶᠡᠷ ᠤᠴᠠᠷᠠᠭᠰᠠᠨ ᠢᠷᠠᠭᠤ ᠡᠭᠡᠰᠢᠭᠯᠡᠩᠲᠦ ᠠᠯᠳᠠᠷᠠᠢ ᠮᠢᠨᠢ ᠵᠦᠢᠷᠯᠡᠬᠦ ᠶᠢᠨ ᠠᠷᠭ᠎ᠠ ᠦᠭᠡᠢ ᠤᠶᠠᠩᠭᠠᠯᠠᠨ ᠳᠠᠭᠤᠯᠠᠭᠴᠢ ᠭᠢᠲ᠋ᠠᠷ ᠮᠢᠨᠢ ᠵᠥᠪᠬᠡᠨ ᠨᠠᠳᠠ ᠳᠤ ᠵᠠᠶᠠᠭᠠᠭᠰᠠᠨ ᠶᠤᠮ ᠰᠢᠭ ᠲᠠᠪᠢᠯᠠᠩ ᠮᠢᠨᠢ ᠵᠡᠭᠦᠳᠦᠨ ᠦ ᠪᠢᠴᠢᠯᠭᠡ ᠶᠢ ᠵᠦᠭᠯᠡᠭᠦᠯᠵᠦ ᠥᠭᠭᠦᠭᠰᠡᠨ ᠵᠠᠷᠤᠯᠭ᠎ᠠ ᠮᠢᠨᠢ ᠵᠢᠷᠦᠬᠡᠨ ᠦ ᠬᠠᠶᠢᠷ᠎ᠠ ᠲᠠᠢ ᠤᠴᠠᠷᠠᠭᠤᠯᠵᠤ ᠥᠭᠭᠦᠭᠰᠡᠨ ᠵᠠᠷᠤᠳᠠᠰᠤ ᠮᠢᠨᠢ ᠨᠠᠰᠤᠨ ᠲᠤᠷᠰᠢᠳᠠ ᠤᠶᠠᠩᠭᠠᠯᠠᠨ ᠳᠠᠭᠤᠯᠠᠭᠴᠢ ᠭᠢᠲ᠋ᠠᠷ ᠮᠢᠨᠢ ᠨᠠᠮ᠎ᠠ ᠶᠢ ᠴᠢᠮᠡᠳᠡᠭ ᠮᠥᠩᠬᠡ ᠶᠢᠨ ᠴᠣᠭ ᠵᠢᠪᠬᠤᠯᠠᠩ ᠮᠢᠨᠢ ᠨᠠᠵᠢᠳ᠂ ᠴᠡᠩᠭᠡᠯ ᠢ ᠬᠠᠮᠲᠤ ᠳᠤ ᠪᠠᠨ ᠲᠤᠭᠤᠯᠤᠭᠰᠠᠨ ᠢᠲᠡᠭᠡᠯ ᠮᠢᠨᠢ ᠨᠠᠷᠠᠲᠤ ᠠᠴᠠ ᠬᠠᠯᠢᠭᠰᠠᠨ ᠴᠤ ᠡᠷᠭᠢᠨ ᠳᠠᠭᠤᠷᠢᠰᠬᠤ ᠤᠴᠠᠷᠠᠯ ᠮᠢᠨᠢ ᠠᠶ᠎ᠠ᠂ ᠮᠢᠨᠦ ᠭᠢᠲ᠋ᠠᠷ ᠮᠢᠨᠢ᠂ ᠭᠢᠲ᠋ᠠᠷ ᠮᠢᠨᠢ ᠠᠬᠤᠢ ᠰᠠᠨᠠᠭ᠎ᠠ᠂ ᠠᠮᠢᠨ ᠵᠢᠷᠦᠬᠡᠨ ᠦ ᠴᠣᠮᠨᠠᠯ ᠮᠢᠨᠢ ᠶᠢᠷᠲᠢᠨᠴᠦ ᠳ᠋ᠤ ᠣᠷᠣᠰᠢᠨ ᠪᠠᠶᠢᠬᠤ ᠶᠢᠨ ᠤᠳᠬ᠎ᠠ ᠤᠴᠢᠷ ᠮᠢᠨᠢ ᠢᠷᠦᠭᠡᠯ ᠢᠶᠡᠷ ᠤᠴᠠᠷᠠᠭᠰᠠᠨ ᠢᠷᠠᠭᠤ ᠡᠭᠡᠰᠢᠭᠯᠡᠩᠲᠦ ᠠᠯᠳᠠᠷᠠᠢ ᠮᠢᠨᠢ》᠃ ᠳᠠᠰᠢᠷᠠᠮ ᠳᠤ ᠥᠭᠥᠯᠡᠬᠦ ᠳᠦ 《ᠬᠤᠷᠳᠤ》 ᠶᠢᠨ ᠬᠢᠨ ᠳᠠᠭᠤᠨ ᠤ ᠰᠢᠯᠦᠭ ᠲᠦ ᠰᠦᠷᠡᠬᠡᠢ ᠼᠧᠨᠽᠤᠷ ᠲᠠᠯᠪᠢᠳᠠᠭ ᠪᠥᠭᠡᠳ ᠶᠡᠷᠦ ᠨᠢ ᠰᠢᠯᠦᠭ ᠯᠠ ᠭᠣᠯᠣᠨ᠎ᠠ ᠤᠤ ᠭᠡᠬᠦ ᠡᠴᠡ ᠪᠢᠰᠢ ᠵᠣᠬᠢᠶᠠᠭᠰᠠᠨ ᠡᠵᠡᠨ ᠢ ᠨᠢ ᠬᠡᠵᠢᠶ᠎ᠡ ᠴᠤ ᠭᠣᠯᠣᠵᠤ ᠰᠢᠯᠢᠵᠥ ᠪᠠᠶᠢᠭᠰᠠᠨ ᠦᠭᠡᠢ᠃ ᠠᠳᠠᠭ ᠤᠨ ᠮᠠᠭᠤ ᠴᠢᠷᠠᠢ ᠵᠢᠰᠦ ᠮᠠᠭᠤ ᠲᠠᠢ ᠪᠢ ᠭᠡᠬᠦ ᠳᠦ ᠯᠠ 《ᠬᠤᠷᠳᠤ》 ᠍ ᠲᠠᠢ ᠬᠠᠮᠲᠤᠷᠠᠭᠠᠳ ᠬᠣᠷᠢ ᠣᠷᠴᠢᠮ ᠳᠠᠭᠤᠤ ᠬᠢᠴᠢᠬᠡᠭᠰᠡᠨ ᠪᠠᠶᠢᠬᠤ ᠪᠥᠭᠡᠳ ᠮᠢᠨᠦ ᠮᠠᠭᠤ ᠬᠡᠳᠦᠨ ᠰᠢᠯᠦᠭ ᠲᠡᠳᠡᠨ ᠦ ᠠᠶᠢᠬᠤᠪᠲᠤᠷ ᠼᠧᠨᠽᠤᠷ ᠢ ᠳᠠᠪᠠᠵᠤ ᠭᠠᠷᠤᠭᠰᠠᠨ ᠨᠢ ᠪᠠᠰᠠ ᠶᠠᠭᠠᠮᠠᠢ᠃ ‍‍‍《ᠬᠤᠷᠳᠤ》 ᠬᠠᠮᠲᠤᠯᠢᠭ ᠤᠨ ᠠᠬᠠᠯᠠᠭᠴᠢ ᠳ ∙ ᠭᠠᠩᠪᠠᠶᠠᠷ ᠳᠠᠭᠤᠨ ᠤ ᠰᠢᠯᠦᠭ ᠦᠨ ᠲᠤᠬᠠᠢ ᠥᠭᠥᠯᠡᠬᠦ ᠳᠦ ᠪᠡᠨ 《ᠮᠠᠨ ᠤ ᠳᠠᠭᠤᠨ ᠤ ᠦᠭᠡᠨ ᠨᠦᠭᠦᠳ ᠢ ᠶᠡᠷᠦ ᠡᠴᠡ ᠪᠡᠨ ᠡᠩ ᠦᠨ ᠬᠦᠮᠦᠰ ᠯᠠ ᠭᠣᠣᠯᠴᠢᠯᠠᠨ ᠪᠢᠴᠢᠭᠰᠡᠨ ᠪᠠᠶᠢᠳᠠᠭ᠃ ᠲᠥᠷᠥ ᠶᠢᠨ ᠰᠣᠶᠣᠷᠬᠠᠯ ᠲᠠᠢ᠂ ᠨᠡᠷ᠎ᠡ ᠳᠦ ᠭᠠᠷᠤᠭᠰᠠᠨ ᠢᠷᠠᠭᠤ ᠨᠠᠶᠢᠷᠠᠭᠴᠢᠳ ᠤᠨ ᠵᠣᠬᠢᠶᠠᠭᠰᠠᠨ ᠦᠭᠡ ᠮᠠᠨ ᠤ ᠳᠠᠭᠤᠨ ᠨᠤᠭᠤᠳ ᠲᠤ ᠪᠠᠷᠤᠭ ᠦᠭᠡᠢ᠃《ᠵᠢᠷᠤᠭ ᠰᠢᠭ ᠪᠦᠰᠡᠭᠦᠢ》 ᠳᠠᠭᠤᠨ ᠤ ᠰᠢᠯᠦᠭ ᠢ ᠭᠡᠬᠦ ᠳᠦ ᠯᠠ ᠨᠢᠭᠡ ᠵᠠᠯᠠᠭᠤ 1972 ᠣᠨ ᠳᠤ ᠮᠣᠰᠺᠸᠠ ᠳᠤ ᠣᠶᠤᠲᠠᠨ ᠪᠠᠶᠢᠬᠤ ᠳᠤ ᠪᠠᠨ ᠪᠢᠴᠢᠭᠰᠡᠨ ᠪᠠᠶᠢᠬᠤ ᠵᠢᠱᠢᠶ᠎ᠡ ᠲᠡᠢ᠃ ᠡᠭᠦᠨ ᠢ ᠨᠢ ᠪᠢᠳᠡ ᠬᠣᠭ ᠤᠨ ᠰᠠᠪᠠ ᠳ᠋ᠤ ᠪᠠᠶᠢᠭᠰᠠᠨ ᠰᠣᠨᠢᠨ ᠤ ᠲᠠᠰᠤᠷᠬᠠᠢ ᠳᠡᠭᠡᠷ᠎ᠡ ᠡᠴᠡ ᠣᠯᠵᠤ ᠪᠠᠶᠢᠯ᠎ᠠ᠃ 《ᠴᠢᠮᠡᠭᠡ ᠦᠭᠡᠢ ᠢᠷᠡᠬᠦ ᠳᠤᠷᠠᠯᠠᠯ》 ᠳᠠᠭᠤᠨ ᠤ ᠰᠢᠯᠦᠭ ᠢ ᠠᠷᠪᠠᠨ ᠵᠢᠯ ᠦᠨ ᠬᠡᠦᠬᠡᠳ ᠦᠳ ᠦᠨ ᠳᠤᠷᠠᠰᠬᠠᠯ ᠤᠨ ᠳᠡᠪᠲᠡᠷ ᠳᠡᠭᠡᠷ᠎ᠡ ᠡᠴᠡ ᠣᠯᠤᠭᠰᠠᠨ᠃ 《ᠪᠠᠬᠠᠷᠬᠠᠯ》 ᠳᠠᠭᠤᠨ ᠤ ᠰᠢᠯᠦᠭ ᠢ ᠠᠷᠪᠠᠳᠤᠭᠠᠷ ᠠᠩᠬᠢ ᠶᠢᠨ ᠥᠬᠢᠨ ᠪᠢᠴᠢᠭᠰᠡᠨ᠃ ᠮᠥᠨ 《ᠴᠡᠷᠢᠭ ᠦᠨ ᠪᠣᠳᠣᠯ》 ᠳᠠᠭᠤᠨ ᠤ ᠦᠭᠡ᠂ ᠠᠶ᠎ᠠ ᠶᠢ ᠪᠢᠳᠡᠨ ᠦ ᠲᠣᠮᠣ ᠠᠬ᠎ᠠ ᠪᠢᠴᠢᠭᠰᠡᠨ᠃ ᠡᠨᠡ ᠳᠠᠭᠤᠤ ᠪᠦᠷ ᠡᠩ ᠦᠨ᠃ ᠡᠩ ᠦᠨ᠂ ᠡᠩ ᠦᠨ ᠳᠦ ᠪᠡᠨ ᠮᠠᠰᠢ ᠡᠩ ᠦᠨ ᠳᠠᠭᠤᠤ᠃ ᠵᠦᠭᠡᠷ ᠯᠠ ᠨᠢᠭᠡ ᠡᠩ ᠦᠨ ᠴᠡᠷᠢᠭ ᠦᠨ ᠬᠤᠸᠠᠷᠠᠨ ᠳᠤ ᠪᠠᠨᠵᠠᠨ ᠭᠢᠲ᠋ᠠᠷ ᠳᠡᠭᠡᠷ᠎ᠡ ᠵᠣᠬᠢᠶᠠᠭᠳᠠᠭᠰᠠᠨ ᠳᠠᠭᠤᠤ᠃ ᠡᠩ ᠦᠨ ᠬᠦᠮᠦᠰ ᠦᠨ ᠵᠣᠬᠢᠶᠠᠭᠰᠠᠨ ᠡᠩ ᠦᠨ ᠰᠠᠶᠢᠬᠠᠨ ᠰᠢᠯᠦᠭ ᠢᠶᠡᠷ ᠪᠦᠲᠦᠭᠰᠡᠨ ᠳᠠᠭᠤᠤ ᠬᠦᠮᠦᠨ ᠦ ᠵᠢᠷᠦᠬᠡ ᠰᠡᠳᠬᠢᠯ ᠳᠦ ᠬᠦᠷᠬᠦ ᠨᠢ ᠠᠮᠠᠷᠬᠠᠨ ᠪᠠᠶᠢᠳᠠᠭ᠃ ᠲᠡᠶᠢᠮᠦ ᠴᠤ ᠤᠴᠢᠷ ᠠᠴᠠ ︿ᠬᠤᠷᠳᠤ﹀ ᠶᠢᠨ ᠳᠠᠭᠤᠤ ᠨᠤᠭᠤᠳ ᠬᠢᠲ ᠪᠣᠯᠵᠤ ᠡᠳᠦᠢ ᠣᠯᠠᠨ ᠵᠢᠯ ᠣᠷᠣᠰᠢᠨ ᠲᠣᠭᠲᠠᠨᠢᠵᠤ ᠪᠠᠶᠢᠨ᠎ᠠ᠃ ᠵᠠᠷᠢᠮ ᠳᠠᠭᠤᠤ ᠮᠠᠨᠢ ᠬᠠᠭᠤᠴᠢᠷᠠᠬᠤ ᠲᠤᠰᠤᠮ ᠢᠶᠠᠨ ᠳᠣᠮᠣᠭ ᠪᠣᠯᠵᠤ ᠪᠠᠶᠢᠨ᠎ᠠ》 ᠭᠡᠰᠡᠨ ᠶᠤᠮ᠃ ‍‍ ᠦᠨᠡᠬᠡᠷ 《ᠴᠡᠷᠢᠭ ᠦᠨ ᠪᠣᠳᠣᠯ》 ᠳᠠᠭᠤᠤ ᠪᠣᠯ ᠬᠣᠷᠢᠨ ᠵᠢᠯ ᠦᠨ ᠲᠤᠷᠰᠢ ᠳᠣᠮᠣᠭ ᠪᠣᠯᠤᠯ᠎ᠠ ᠰᠢᠦ ᠳ᠋ᠡ᠃ ᠡᠭᠦᠨ ᠦ ᠲᠣᠳᠣ ᠵᠢᠱᠢᠶ᠎ᠡ ᠨᠢ ᠤᠭ ᠳᠠᠭᠤᠤ ᠶᠢ ᠰᠤᠨᠤᠰᠬᠤ ᠭᠡᠰᠡᠨ ᠦᠵᠡᠭᠴᠢ᠂ ᠰᠣᠨᠣᠰᠤᠭᠴᠢᠳ ᠤᠨ ᠬᠦᠰᠡᠯ ᠲᠡᠮᠡᠦᠯᠡᠯ ᠡᠴᠡ ᠰᠢᠭᠤᠳ ᠣᠶᠢᠯᠠᠭᠠᠭᠳᠠᠳᠠᠭ᠃ ᠣᠭᠲᠣ ᠬᠠᠭᠤᠴᠢᠷᠠᠳᠠᠭ ᠦᠭᠡᠢ᠂ ᠬᠥᠮᠥᠨ ᠦ ᠰᠡᠳᠬᠢᠯ ᠳᠦ ᠣᠯᠠᠨ ᠵᠢᠯ ᠤᠶᠠᠩᠭᠠᠯᠠᠵᠤ ᠪᠠᠶᠢᠳᠠᠭ ᠳᠠᠭᠤᠤ ᠭᠡᠵᠦ ᠪᠠᠰᠠ ᠪᠠᠶᠢᠬᠤ ᠶᠤᠮ᠃ ᠡᠨᠡ ᠴᠤ ᠤᠳᠬ᠎ᠠ ᠪᠠᠷ ᠢᠶᠠᠨ 《ᠴᠡᠷᠢᠭ ᠦᠨ ᠪᠣᠳᠣᠯ》 ᠶᠡᠷᠡᠭᠡᠳ ᠣᠨ ᠠᠴᠠ ᠥᠨᠥ ᠶᠢ ᠬᠦᠷᠲᠡᠯ᠎ᠡ ᠮᠠᠰᠢ ᠣᠯᠠᠨ ᠱᠠᠩᠨᠠᠯ ᠠᠪᠤᠭᠰᠠᠨ ᠪᠠᠶᠢᠳᠠᠭ᠃ ᠮᠠᠨ ᠤ ᠬᠠᠮᠲᠤᠯᠢᠭ᠂ ᠳᠠᠭᠤᠴᠢᠳ ᠠᠷᠠᠳᠴᠢᠯᠠᠯ ᠤᠨ ᠬᠣᠷᠢᠨ ᠵᠢᠯ ᠳᠦ ᠶᠠᠮᠠᠷᠪᠠ ᠨᠢᠭᠡᠨ ᠼᠧᠨᠽᠦᠷ ᠦᠭᠡᠢ ᠪᠡᠷ ᠴᠢᠯᠦᠭᠡᠲᠡᠢ ᠰᠡᠳᠬᠢᠵᠦ᠂ ᠣᠯᠠᠨ ᠠᠷᠪᠠᠨ ᠳᠠᠭᠤᠤ ᠤᠷᠠᠯᠠᠨ ᠪᠦᠲᠦᠭᠡᠭᠰᠡᠨ᠃ ᠲᠡᠭᠡᠯ᠎ᠡ ᠴᠤ 《ᠴᠡᠷᠢᠭ ᠦᠨ ᠪᠣᠳᠣᠯ》 ᠍ ᠠᠴᠠ ᠳᠠᠪᠠᠵᠤ ᠭᠠᠷᠤᠭᠰᠠᠨ ᠳᠠᠭᠤᠤ ᠪᠠᠷᠤᠭ ᠦᠭᠡᠢ᠃ ᠦᠨᠡᠨ ᠳᠦ ᠪᠡᠨ ᠲᠡᠳᠡ ᠡᠩ ᠦᠨ ᠡᠴᠡ ᠡᠩ ᠦᠨ 《ᠴᠡᠷᠢᠭ ᠦᠨ ᠪᠣᠳᠣᠯ》 ᠳᠠᠭᠤᠨ ᠳᠤ ᠢᠯᠠᠭᠳᠠᠴᠢᠬᠠᠭᠰᠠᠨ᠃ ᠤᠷᠠᠯᠢᠭ ᠤᠨ ᠲᠤᠬᠠᠢ ᠶᠠᠷᠢᠬᠤ ᠳᠤ 《ᠠᠪᠢᠶᠠᠰ》 ᠭᠡᠳᠡᠭ ᠦᠭᠡ ᠥᠪᠡᠷ ᠦᠨ ᠡᠷᠬᠡ ᠦᠭᠡᠢ ᠠᠮᠠᠨ ᠳᠡᠭᠡᠷ᠎ᠡ ᠭᠠᠷᠤᠭᠠᠳ ᠢᠷᠡᠳᠡᠭ ᠶᠤᠮ᠃ ᠠᠪᠢᠶᠠᠰ ᠭᠡᠳᠡᠭ ᠨᠢ ᠠᠯᠢᠪᠠ ᠦᠢᠯᠡ ᠶᠢ ᠬᠢᠬᠦ ᠭᠠᠷᠮᠠᠭᠠᠢ ᠡᠪ ᠳᠦᠢ ᠪᠥᠭᠡᠳ ᠥᠭᠡᠷ᠎ᠡ ᠪᠤᠰᠤᠳ ᠬᠦᠮᠦᠰ ᠦᠨ ᠪᠣᠳᠣᠵᠤ᠂ ᠰᠡᠳᠬᠢᠵᠦ᠂ ᠭᠦᠢᠴᠡᠳᠭᠡᠵᠦ ᠴᠢᠳᠠᠭ᠎ᠠ ᠦᠭᠡᠢ᠂ ᠴᠤᠬᠤᠮ ᠬᠦ ᠲᠩᠷᠢ ᠡᠴᠡ ᠢᠯᠡᠭᠡᠭᠰᠡᠨ ᠭᠡᠮᠡᠷ ᠲᠡᠶᠢᠮᠦ ᠨᠢᠭᠡᠨ ᠤᠷ᠎ᠠ ᠴᠢᠳᠠᠪᠤᠷᠢ ᠶᠤᠮ᠃ ᠠᠯᠳᠠᠷᠲᠤ 《ᠵᠠᠭᠤᠨ ᠵᠢᠯ ᠦᠨ ᠭᠠᠭᠴᠠᠭᠠᠷᠳᠠᠯ》 ᠷᠣᠮᠠᠨ ᠢᠶᠠᠨ ᠪᠢᠴᠢᠭᠡᠳ ᠨᠣᠪᠧᠯ ᠤᠨ ᠱᠠᠩᠨᠠᠯ ᠬᠦᠷᠲᠡᠭᠰᠡᠨ ᠺᠣᠯᠤᠮᠪᠤ ᠶᠢᠨ ᠶᠡᠬᠡ ᠪᠢᠴᠢᠭ ᠦᠨ ᠬᠦᠮᠦᠨ ᠭᠠᠪᠷᠢᠶᠡᠯ ᠭᠠᠷᠰᠧ ᠮᠠᠷᠺᠧᠰ ᠨᠢᠭᠡᠨᠲᠡ 《ᠡᠨᠡ ᠷᠣᠮᠠᠨ ᠢ ᠪᠢᠴᠢᠬᠦ ᠳᠦ ᠨᠠᠳᠠ ᠳᠤ ᠰᠢᠭᠤᠳ ᠲᠩᠷᠢ ᠡᠴᠡ ᠬᠡᠯᠡᠵᠦ ᠥᠭᠭᠦᠭᠡᠳ ᠪᠠᠶᠢᠬᠤ ᠰᠢᠭ ᠪᠠᠶᠢᠭᠰᠠᠨ》 ᠭᠡᠵᠦ ᠳᠤᠷᠠᠰᠤᠭᠰᠠᠨ ᠪᠠᠶᠢᠳᠠᠭ᠃ ᠡᠭᠦᠨ ᠯᠤᠭᠡ ᠡᠩ ᠦᠨ ᠰᠠᠶᠢᠬᠠᠨ ᠰᠢᠯᠦᠭ ᠪᠢᠴᠢᠭᠰᠡᠨ ᠵᠠᠷᠢᠮ ᠬᠥᠮᠦᠨ ᠳ᠋ᠤ ᠲᠩᠷᠢ ᠲᠤᠰᠠᠯᠠᠳᠠᠭ ᠪᠠᠶᠢᠵᠤ ᠮᠡᠳᠡᠬᠦ ᠶᠠᠭᠤᠮ᠎ᠠ᠃ ‍‍‍ ᠡᠩ ᠦᠨ ᠬᠦᠮᠦᠨ ᠦ ᠵᠣᠬᠢᠶᠠᠭᠰᠠᠨ ᠡᠩ ᠦᠨ ᠰᠢᠯᠦᠭ ᠦᠨ ᠲᠤᠬᠠᠢ 《ᠬᠤᠷᠳᠤ》 ᠶᠢᠨ ᠣᠳᠬᠣᠨᠪᠠᠶᠠᠷ ᠥᠭᠦᠯᠡᠬᠦ ᠳᠦ ᠪᠡᠨ 《ᠪᠢ ᠡᠩ ᠦᠨ ᠬᠦᠮᠦᠰ ᠦᠨ ᠪᠢᠴᠢᠭᠰᠡᠨ ᠡᠩ ᠦᠨ ᠰᠠᠶᠢᠬᠠᠨ ᠰᠢᠯᠦᠭ ᠲᠦ ᠠᠶ᠎ᠠ ᠬᠢᠬᠦ ᠳᠤᠷᠠᠲᠠᠢ᠃ ᠪᠢᠳᠡᠨ ᠦ 《ᠨᠢᠯᠪᠤᠰᠤ ᠪᠠᠨ ᠲᠡᠪᠴᠢᠶ᠎ᠡ》 ᠭᠡᠳᠡᠭ ᠳᠠᠭᠤᠤ ᠪᠠᠶᠢᠳᠠᠭ᠃ ᠡᠨᠡ ᠳᠠᠭᠤᠨ ᠤ ᠦᠭᠡ ᠶᠢ ᠲᠤᠩ ᠰᠣᠨᠢᠷᠬᠠᠯᠲᠠᠢ ᠪᠠᠶᠢᠳᠠᠯ ᠢᠶᠠᠷ ᠣᠯᠵᠤ ᠠᠪᠴᠤ ᠪᠠᠶᠢᠭᠰᠠᠨ ᠶᠤᠮ᠃ ᠶᠠᠭᠠᠬᠢᠭᠠᠳ ᠰᠣᠨᠢᠷᠬᠠᠯᠲᠠᠢ ᠪᠤᠢ ᠭᠡᠬᠦ ᠪᠡᠷ ᠭᠤᠳᠤᠮᠵᠢᠨ ᠤ ᠬᠣᠭ ᠳᠡᠭᠡᠷ᠎ᠡ ᠡᠴᠡ ᠣᠯᠤᠭᠰᠠᠨ᠃ ᠨᠢᠭᠡ ᠴᠠᠭᠠᠰᠤ ᠬᠡᠶᠢᠰᠴᠥ ᠪᠠᠶᠢᠯ᠎ᠠ᠃ ᠲᠡᠷᠡ ᠦᠶ᠎ᠡ ᠳᠦ ᠬᠡᠦᠬᠡᠳ ᠦᠳ ᠪᠡᠶ᠎ᠡ ᠪᠡᠶᠡᠨ ᠦ ᠬᠢ ᠪᠡᠨ ᠡᠪᠦᠷ ᠦᠨ ᠳᠡᠪᠲᠡᠷ ᠳᠡᠭᠡᠷ᠎ᠡ ᠵᠢᠷᠤᠭ ᠵᠢᠷᠤᠵᠤ᠂ ᠰᠢᠯᠦᠭ ᠪᠢᠴᠢᠭᠡᠳ ᠪᠡᠶ᠎ᠡ ᠪᠡᠶ᠎ᠡ ᠪᠠᠨ ᠳᠤᠷᠠᠰᠴᠤ ᠶᠠᠪᠤᠭᠠᠷᠠᠢ ᠭᠡᠵᠦ ᠢᠷᠦᠭᠡᠳᠡᠭ ᠪᠠᠶᠢᠯ᠎ᠠ᠃ ᠢᠩᠭᠢᠵᠦ ᠬᠣᠭ ᠳᠣᠲᠣᠷ᠎ᠠ ᠠᠴᠠ ᠬᠡᠶᠢᠰᠴᠥ ᠶᠠᠪᠤᠭᠰᠠᠨ ᠴᠠᠭᠠᠰᠤᠨ ᠳᠡᠭᠡᠷ᠎ᠡ ᠡᠴᠡ ᠣᠯᠳᠠᠭᠰᠠᠨ ᠰᠢᠯᠦᠭ ᠢᠶᠡᠷ 《ᠨᠢᠯᠪᠤᠰᠤ ᠪᠠᠨ ᠲᠡᠪᠴᠢᠶ᠎ᠡ》 ᠳᠠᠭᠤᠤ ᠮᠠᠨᠢ ᠲᠦᠷᠦᠭᠰᠡᠨ ᠶᠤᠮ᠃ ᠡᠨᠡ ᠳᠠᠭᠤᠨ ᠤ ᠰᠢᠯᠦᠭ ᠢ ᠵᠣᠬᠢᠶᠠᠭᠰᠠᠨ ᠡᠵᠡᠨ ᠨᠢ ᠣᠯᠳᠠᠭ᠎ᠠ ᠦᠭᠡᠢ᠃ ᠶᠡᠷᠦ ᠨᠢ ᠠᠯᠢᠪᠠ ᠨᠢᠭᠡᠨ ᠳᠠᠭᠤᠤ ᠶᠢ ᠪᠦᠲᠦᠭᠡᠬᠦ ᠳᠦ ᠶᠠᠭ ᠯᠠ ᠥᠪᠡᠷᠲᠡᠭᠡᠨ ᠲᠣᠬᠢᠶᠠᠯᠳᠤᠭᠰᠠᠨ ᠶᠤᠮ ᠰᠢᠭ ᠲᠥᠰᠦᠭᠡᠯᠡᠵᠦ᠂ ᠲᠡᠷᠡ ᠳᠦᠷᠢ ᠳᠦ ᠪᠡᠨ ᠬᠤᠪᠢᠷᠠᠵᠤ᠂ ᠶᠠᠭ ᠯᠠ ᠵᠦᠴᠦᠭᠡᠴᠢᠨ ᠬᠦᠮᠦᠨ ᠳᠦᠷᠢ ᠳᠦ ᠪᠡᠨ ᠣᠷᠣᠳᠠᠭ ᠰᠢᠭ ᠵᠣᠬᠢᠶᠠᠪᠠᠯ ᠢᠯᠡᠭᠦᠦ ᠶᠡᠬᠡ ᠮᠡᠳᠡᠷᠡᠮᠵᠢ ᠲᠡᠢ ᠪᠣᠯᠳᠠᠭ᠃ ᠡᠨᠡ ᠪᠣᠯ ᠮᠢᠨᠦ ᠠᠷᠭᠠᠴᠢᠯᠠᠯ》 ᠭᠡᠰᠡᠨ ᠪᠢᠯᠡ᠃ ᠶᠡᠷᠡᠭᠡᠳ ᠣᠨ ᠤ ᠦᠶ᠎ᠡ ᠳᠦ 《ᠬᠤᠷᠳᠤ》 ᠬᠠᠮᠲᠤᠯᠢᠭ ᠤᠨ ᠦᠨᠡᠨ ᠦᠭᠡ ᠲᠡᠢ ᠡᠩ ᠦᠨ ᠰᠠᠶᠢᠬᠠᠨ ᠳᠠᠭᠤᠤ ᠨᠤᠭᠤᠳ ᠤᠨ ᠦᠭᠡ ᠰᠣᠨᠢᠨ᠂ ᠰᠡᠳᠬᠦᠯ ᠳᠡᠭᠡᠷ᠎ᠡ ᠬᠡᠪᠯᠡᠭᠳᠡᠯ᠎ᠡ ᠯᠠ ᠪᠣᠯ ᠲᠤᠬᠠᠢ ᠶᠢᠨ ᠰᠣᠨᠢᠨ᠂ ᠰᠡᠳᠬᠦᠯ ᠳᠡᠭᠡᠷ᠎ᠡ ᠬᠠᠶᠢᠴᠢᠯᠠᠭᠰᠠᠨ ᠳᠥᠷᠪᠡᠯᠵᠢᠨ ᠨᠦᠬᠡ ᠦᠯᠡᠳᠡᠳᠡᠭ ᠪᠠᠶᠢᠯ᠎ᠠ᠃ ᠤᠩᠰᠢᠭᠴᠢᠳ ᠳᠠᠭᠤᠨ ᠤ ᠦᠭᠡ ᠶᠢ ᠲᠤᠰ ᠲᠤ ᠨᠢ ᠠᠪᠴᠤ ᠬᠠᠳᠠᠭᠠᠯᠠᠵᠤ ᠪᠤᠢ ᠨᠢ ᠲᠡᠷᠡ᠃《ᠬᠤᠷᠳᠤ》 ᠶᠢᠨ ᠰᠢᠯᠢᠵᠥ ᠰᠣᠩᠭᠣᠵᠤ ᠳᠠᠭᠤᠤ ᠬᠢᠭᠰᠡᠨ ᠰᠢᠯᠦᠭ ᠨᠦᠭᠦᠳ ᠬᠥᠮᠥᠨ ᠦ ᠰᠡᠳᠬᠢᠯ ᠳᠦ ᠢᠩᠭᠢᠵᠦ ᠯᠠ ᠬᠦᠷᠳᠡᠭ ᠶᠤᠮ ᠳ᠋ᠠ᠃ ‍‍‍ ᠣᠳᠬᠣᠨᠪᠠᠶᠠᠷ ᠤᠨ ᠬᠤᠪᠢ ᠳᠤ ᠭᠡᠪᠡᠯ ᠳᠠᠭᠤᠨ ᠤ ᠰᠢᠯᠦᠭ ᠮᠠᠰᠢ ᠶᠡᠬᠡ ᠭᠣᠯᠣᠵᠤ ᠰᠢᠯᠢᠳᠡᠭ᠃ ᠶᠠᠮᠠᠷ ᠰᠠᠶᠢᠨ ᠳᠤ ᠪᠠᠨ ᠯᠠ ᠲᠡᠭᠦᠨ ᠳᠦ ᠳᠠᠭᠤᠤ ᠪᠣᠯᠵᠤ ᠮᠡᠨᠳᠦᠯᠡᠭᠡ ᠦᠭᠡᠢ ᠱᠤᠤᠳᠠᠢ ᠳᠦᠭᠦᠷᠡᠩ ᠰᠢᠯᠦᠭ ᠪᠤᠢ᠃ ᠡᠨᠡ ᠲᠤᠬᠠᠢ ᠲᠡᠭᠦᠨ ᠡᠴᠡ ᠠᠰᠠᠭᠤᠬᠤ ᠳᠤ 《ᠰᠢᠯᠦᠭ ᠭᠣᠯᠣᠨ᠎ᠠ ᠭᠡᠳᠡᠭ ᠨᠢ ᠮᠢᠨᠦ ᠥᠪᠡᠷ ᠦᠨ ᠮᠡᠳᠡᠷᠡᠮᠵᠢ ᠶᠤᠮ ᠪᠣᠯᠪᠠ ᠤᠤ ᠳ᠋ᠠ᠃ ᠰᠢᠯᠦᠭ ᠪᠣᠯᠭᠠᠨ ᠳᠠᠭᠤᠤ ᠪᠣᠯᠳᠠᠭ ᠦᠭᠡᠢ᠃ ᠲᠡᠶᠢᠮᠦ ᠤᠴᠢᠷ ᠠᠴᠠ ᠪᠢ ᠳᠠᠭᠤᠨ ᠤ ᠰᠢᠯᠦᠭ ᠲᠤ ᠮᠠᠰᠢ ᠥᠨᠳᠥᠷ ᠼᠧᠨᠽᠤᠷ ᠲᠠᠯᠪᠢᠳᠠᠭ᠃ ᠶᠡᠬᠡ ᠰᠣᠨᠢᠨ ᠪᠠᠶᠢᠳᠠᠭ᠃ ᠲᠡᠷᠡ ᠮᠡᠳᠡᠷᠡᠮᠵᠢ ᠶᠢ ᠪᠢ ᠣᠳᠣ ᠬᠡᠯᠡᠵᠦ ᠴᠢᠳᠠᠬᠤ ᠦᠭᠡᠢ ᠪᠠᠶᠢᠨ᠎ᠠ᠃ ᠼᠧᠨᠽᠤᠷᠳᠠᠭᠰᠠᠨ ᠰᠢᠯᠦᠭ ᠮᠠᠨᠢ ᠠᠶ᠎ᠠ ᠲᠠᠢ ᠪᠠᠨ ᠶᠠᠭ ᠯᠠ ᠲᠠᠭᠠᠷᠠᠳᠠᠭ ᠶᠤᠮ᠃ ᠠᠯᠢᠪᠠ ᠶᠠᠭᠤᠮ᠎ᠠ ᠡᠪ ᠲᠤ ᠪᠡᠨ ᠣᠷᠣᠨ᠎ᠠ ᠭᠡᠵᠦ ᠪᠠᠶᠢᠳᠠᠭ ᠳ᠋ᠠ᠃ ᠡᠪ ᠲᠤ ᠪᠡᠨ ᠣᠷᠣᠭ᠎ᠠ ᠦᠭᠡᠢ ᠳᠠᠭᠤᠤ ᠨᠤᠭᠤᠳ ᠮᠣᠩᠭᠣᠯ ᠢᠶᠠᠷ ᠳᠦᠭᠦᠷᠡᠩ ᠪᠠᠶᠢᠨ᠎ᠠ ᠰᠢᠦ ᠳ᠋ᠡ᠃ ᠳᠠᠭᠤᠨ ᠤ ᠡᠬᠢᠯᠡᠯ ᠨᠢ ᠶᠠᠮᠠᠷ ᠪᠠᠶᠢᠬᠤ ᠪᠤᠢ᠂ ᠥᠷᠨᠢᠯ ᠨᠢ ᠶᠠᠮᠠᠷ ᠪᠠᠶᠢᠬᠤ ᠪᠤᠢ᠂ ᠲᠡᠭᠦᠰᠬᠡᠯ ᠨᠢ ᠶᠠᠮᠠᠷ ᠪᠠᠶᠢᠬᠤ ᠪᠤᠢ᠂ ᠳᠠᠬᠢᠯᠲᠠ ᠨᠢ ᠶᠠᠮᠠᠷ ᠪᠠᠶᠢᠬᠤ ᠪᠤᠢ ᠭᠡᠳᠡᠭ ᠢ ᠮᠠᠨ ᠤ ᠵᠠᠷᠢᠮ ᠬᠠᠮᠲᠤᠯᠢᠭ᠂ ᠳᠠᠭᠤᠴᠢᠳ᠂ ᠠᠶ᠎ᠠ ᠵᠣᠬᠢᠶᠠᠭᠴᠢ ᠨᠠᠷ ᠶᠡᠷᠦ ᠡᠴᠡ ᠪᠡᠨ ᠣᠶᠢᠯᠠᠭᠠᠬᠤ ᠦᠭᠡᠢ ᠪᠠᠶᠢᠨ᠎ᠠ᠃ ᠶᠡᠷᠦ ᠨᠢ ᠠᠯᠢᠪᠠ ᠳᠠᠭᠤᠨ ᠤ ᠨᠢᠭᠡ ᠯᠠ ᠮᠥᠷ ᠪᠤᠰᠤᠳ ᠢ ᠪᠠᠨ ᠳᠠᠭᠠᠭᠤᠯᠳᠠᠭ᠃ ᠶᠠᠮᠠᠷ ᠴᠤ ᠳᠠᠭᠤᠤ ᠬᠦᠮᠦᠰ ᠦᠨ ᠲᠥᠪ ᠮᠡᠳᠡᠷᠡᠯ ᠦᠨ ᠰᠢᠰᠲ᠋ᠧᠮ ᠳᠦ ᠬᠦᠷᠴᠦ ᠲᠤᠰᠬᠤ ᠦᠭᠡ᠂ ᠠᠶᠠᠯᠭᠤ ᠲᠠᠢ ᠪᠠᠶᠢᠬᠤ ᠶᠣᠰᠣᠲᠠᠢ᠃ ᠵᠢᠱᠢᠶ᠎ᠡ ᠨᠢ ᠣᠶᠢᠳᠣᠪ ᠠᠬ᠎ᠠ ᠡ᠂ ᠲᠠ ᠪᠢᠳᠡ ᠬᠣᠶᠠᠷ ᠤᠨ ᠬᠢᠭᠰᠡᠨ 《ᠴᠣᠭᠯᠢᠭ ᠣᠶᠤᠲᠠᠨ》 ᠪᠠᠶᠢᠨ᠎ᠠ᠃ ᠣᠶᠤᠲᠠᠨ ᠤ ᠲᠤᠬᠠᠢ ᠣᠯᠠᠨ ᠳᠠᠭᠤᠤ ᠪᠠᠶᠢᠳᠠᠭ᠃ ᠭᠡᠲᠡᠯ᠎ᠡ 《ᠴᠣᠭᠯᠢᠭ ᠣᠶᠤᠲᠠᠨ》 ᠍ ᠢ ᠣᠶᠤᠲᠠᠨ ᠪᠣᠯᠭᠠᠨ ᠳᠠᠭᠤᠯᠠᠵᠤ ᠪᠠᠶᠢᠨ᠎ᠠ ᠰᠢᠦ ᠳ᠋ᠡ᠃ ᠶᠡᠷᠦ ᠨᠢ ᠳᠠᠭᠤᠨ ᠤ ᠰᠢᠯᠦᠭ ᠭᠡᠳᠡᠭ ᠪᠣᠯ ᠥᠪᠡᠷ ᠢᠶᠡᠨ ᠰᠦᠨᠡᠰᠦ ᠲᠡᠢ᠂ ᠥᠪᠡᠷ ᠢᠶᠡᠨ ᠠᠶᠠᠯᠭᠤ ᠲᠠᠢ ᠪᠠᠶᠢᠳᠠᠭ᠃ ᠴᠤᠬᠤᠮ ᠲᠡᠷᠡ ᠰᠦᠨᠡᠰᠦ᠂ ᠲᠡᠷᠡ ᠠᠶᠠᠯᠭᠤ ᠶᠢ ᠨᠢ ᠣᠯᠵᠤ ᠬᠥᠭᠵᠢᠮ᠎ ᠢᠶᠡᠨ ᠵᠣᠬᠢᠶᠠᠵᠤ ᠴᠢᠳᠠᠪᠠᠯ ᠲᠡᠷᠡ ᠳᠠᠭᠤᠤ ᠠᠮᠢᠳᠤᠷᠠᠨ᠎ᠠ᠃ ᠰᠦᠨᠡᠰᠦ ᠶᠢ ᠨᠢ ᠣᠯᠵᠤ ᠴᠢᠳᠠᠭ᠎ᠠ ᠦᠭᠡᠢ ᠳᠠᠭᠤᠤ ᠨᠤᠭᠤᠳ ᠮᠠᠨ ᠤ ᠬᠠᠮᠲᠤᠯᠢᠭ᠂ ᠳᠠᠭᠤᠴᠢᠳ ᠲᠤ ᠮᠠᠰᠢ ᠶᠡᠬᠡ ᠪᠠᠶᠢᠳᠠᠭ᠃ ᠬᠦᠴᠥ ᠪᠡᠷ ᠪᠠᠬᠠᠨ ᠳᠠᠭᠤᠤ ᠵᠣᠬᠢᠶᠠᠳᠠᠭ᠃ ᠭᠠᠭᠴᠠ ᠪᠠᠳᠠᠭ ᠰᠢᠯᠦᠭ ᠪᠢᠴᠢᠴᠢᠬᠡᠭᠡᠳ ᠯᠠ ᠳᠠᠷᠠᠭᠠᠴᠢ ᠶᠢᠨ ᠪᠠᠳᠠᠭ ᠤᠳ ᠢ ᠨᠢ ᠰᠢᠭᠤᠳ ᠬᠦᠴᠦᠩᠳᠡᠭᠡᠳ ᠪᠠᠶᠢᠳᠠᠭ᠃ ᠳᠠᠭᠤᠨ ᠤ ᠰᠢᠯᠦᠭ ᠢ ᠶᠡᠷᠦ ᠡᠴᠡ ᠪᠡᠨ ᠠᠩᠬᠠᠷᠳᠠᠭ ᠦᠭᠡᠢ᠂ ᠣᠶᠢᠰᠢᠶᠠᠳᠠᠭ ᠦᠭᠡᠢ᠃ ᠢᠩᠭᠢᠵᠦ ᠪᠦᠲᠦᠭᠡᠯ ᠬᠢᠵᠦ ᠪᠣᠯᠬᠤ ᠦᠭᠡᠢ᠃ ᠰᠢᠯᠦᠭ ᠭᠡᠳᠡᠭ ᠪᠣᠯ ᠲᠤᠬᠠᠢ ᠶᠢᠨ ᠬᠠᠮᠲᠤᠯᠢᠭ᠂ ᠳᠠᠭᠤᠴᠢᠳ ᠢ ᠠᠪᠴᠤ ᠶᠠᠪᠤᠳᠠᠭ ᠨᠢᠭᠡ ᠲᠦᠯᠬᠢᠭᠦᠷ ᠶᠤᠮ ᠰᠢᠦ ᠳ᠋ᠡ᠃ ᠲᠡᠶᠢᠮᠦ ᠴᠤ ᠤᠴᠢᠷ ᠠᠴᠠ ᠣᠳᠣ ᠪᠢᠳᠡᠨ ᠦ ᠭᠠᠷᠬᠤ ᠭᠡᠵᠦ ᠪᠠᠶᠢᠭ᠎ᠠ ᠠᠯᠢᠪᠦᠮ ᠳᠠᠭᠤᠨ ᠤ ᠰᠢᠯᠦᠭ ᠡᠴᠡ ᠪᠣᠯᠵᠤ ᠮᠠᠰᠢ ᠶᠡᠬᠡ ᠤᠳᠠᠵᠤ ᠪᠠᠶᠢᠨ᠎ᠠ᠃ ᠨᠠᠳᠠ ᠳᠤ ᠳᠠᠭᠤᠤ ᠪᠣᠯᠵᠤ ᠮᠡᠨᠳᠦᠯᠡᠭᠡ ᠦᠭᠡᠢ ᠮᠠᠰᠢ ᠣᠯᠠᠨ ᠰᠢᠯᠦᠭ ᠪᠤᠢ᠃ ᠶᠡᠷᠦ ᠨᠢ ᠰᠢᠭᠤᠳᠠᠢ ᠳᠦᠭᠦᠷᠦᠨ᠎ᠡ ᠰᠢᠦ᠃ ᠪᠢ ᠬᠠᠳᠠᠭᠠᠯᠠᠭᠠᠳ ᠯᠠ ᠪᠠᠶᠢᠳᠠᠭ ᠶᠤᠮ᠃ ᠠᠩᠬ᠎ᠠ ᠵᠣᠬᠢᠶᠠᠭᠳᠠᠵᠤ ᠪᠠᠶᠢᠭᠰᠠᠨ ᠪᠦᠲᠦᠭᠡᠯ ᠦᠳ ᠦᠨ ᠨᠣᠣᠷᠠᠭ ᠤᠳ ᠬᠦᠷᠲᠡᠯ᠎ᠡ ᠪᠤᠢ᠃ ᠮᠠᠭᠠᠳ ᠦᠭᠡᠢ ᠬᠡᠵᠢᠶ᠎ᠡ ᠨᠢᠭᠡᠨ ᠴᠠᠭ ᠲᠤ ᠱᠤᠤᠳᠠᠢ ᠳᠦᠭᠦᠷᠡᠩ ᠰᠢᠯᠦᠭ ᠢᠶᠡᠷ ᠢᠶᠡᠨ ᠮᠦᠽᠧᠢ ᠭᠠᠷᠭᠠᠵᠤ ᠪᠠᠰᠠ ᠪᠣᠯᠤᠨ᠎ᠠ ᠰᠢᠦ ᠳ᠋ᠡ᠃ ᠬᠦᠮᠦᠰ ᠡᠩ ᠦᠨ ᠰᠠᠶᠢᠬᠠᠨ ᠰᠢᠯᠦᠭ ᠲᠡᠢ ᠳᠠᠭᠤᠤ ᠶᠢ ᠰᠣᠨᠣᠰᠤᠭᠠᠳ ᠤᠬᠠᠭᠠᠷᠠᠯ ᠠᠪᠳᠠᠭ᠃ ᠠᠮᠢᠳᠤᠷᠠᠯ ᠤᠷᠤᠭᠤ ᠤᠷᠮ᠎ᠠ ᠵᠣᠷᠢᠭᠲᠠᠢ ᠲᠡᠮᠡᠦᠯᠳᠡᠭ᠃ ᠶᠡᠷᠦ ᠨᠢ ᠰᠡᠭᠦᠯ ᠦᠨ ᠦᠶ᠎ᠡ ᠳᠦ ᠡᠩ ᠦᠨ ᠦᠭᠡ ᠲᠡᠢ ᠰᠠᠶᠢᠬᠠᠨ ᠰᠢᠯᠦᠭ ᠲᠥᠷᠥᠬᠦ ᠦᠭᠡᠢ ᠪᠠᠶᠢᠨ᠎ᠠ᠃ ᠣᠯᠳᠠᠬᠤ ᠦᠭᠡᠢ ᠪᠠᠶᠢᠨ᠎ᠠ᠃ ᠮᠢᠨᠦ ᠬᠤᠪᠢ ᠳᠤ ᠶᠡᠬᠡ ᠵᠣᠪᠠᠵᠤ ᠪᠠᠶᠢᠨ᠎ᠠ》 ᠭᠡᠵᠦ ᠰᠠᠨᠠᠭᠠᠰᠢᠷᠠᠭᠰᠠᠨ ᠶᠤᠮ᠃ ‍‍‍ ᠣᠯᠢᠭᠲᠠᠢ ᠤᠷᠠᠨ ᠪᠦᠲᠦᠭᠡᠯ ᠬᠢᠬᠦ ᠦᠭᠡᠢ᠂ ᠴᠤᠬᠤᠮ ᠯᠠ ᠡᠮᠦᠨᠡᠬᠢ ᠳᠤᠷᠠᠰᠤᠮᠵᠢ ᠪᠠᠷ ᠢᠶᠠᠨ ᠠᠮᠢᠳᠤᠷᠠᠵᠤ ᠪᠠᠶᠢᠭ᠎ᠠ ᠬᠠᠮᠲᠤᠯᠢᠭ᠂ ᠳᠠᠭᠤᠴᠢᠳ ᠣᠯᠠᠨ ᠪᠠᠶᠢᠨ᠎ᠠ᠃ ᠵᠠᠷᠢᠮ ᠨᠢ ᠭᠠᠪᠢᠶᠠᠳᠤ ᠠᠪᠴᠢᠬᠠᠭᠠᠳ ᠲᠡᠭᠦᠨ ᠢ ᠪᠡᠨ ᠡᠴᠦᠰ ᠦᠨ ᠪᠠᠭᠤᠳᠠᠯ ᠭᠡᠵᠦ ᠣᠶᠢᠯᠠᠭᠠᠳᠠᠭ ᠴᠤ ᠶᠤᠮ ᠦᠦ ᠳᠡᠩᠳᠡᠭᠦᠦ ᠰᠠᠶᠢᠬᠠᠨ ᠲᠠᠶᠢᠪᠤᠰᠢᠷᠠᠯ ᠤᠨ ᠵᠠᠮ ᠳᠤ ᠣᠷᠣᠴᠢᠬᠠᠬᠤ ᠶᠤᠮ᠃ ᠡᠨᠡ ᠲᠤᠬᠠᠢ ᠣᠳᠬᠣᠨᠪᠠᠶᠠᠷ ᠠᠴᠠ ᠠᠰᠠᠭᠤᠬᠤ ᠳᠤ 《 ᠶᠠᠭᠤ ᠴᠤ ᠬᠢᠬᠦ ᠦᠭᠡᠢ᠃ ᠲᠡᠭᠡᠭᠡᠳ ᠠᠮᠢᠳᠤ ᠮᠥᠷᠲᠡᠯ᠎ᠡ ᠦᠬᠦᠭᠰᠡᠨ ᠶᠤᠮ ᠰᠢᠭ ᠳᠤᠷᠠᠰᠤᠭᠳᠠᠵᠤ ᠯᠠ ᠠᠮᠢᠳᠤᠷᠠᠮᠠᠷ ᠦᠭᠡᠢ ᠪᠠᠶᠢᠨ᠎ᠠ ᠰᠢᠦ᠃ ᠪᠢ ᠵᠢᠷᠠ᠂ ᠳᠠᠯᠠ ᠬᠦᠷᠦᠭᠰᠡᠨ ᠴᠤ ᠭᠢᠲ᠋ᠠᠷ ᠢᠶᠠᠨ ᠲᠣᠭᠯᠠᠭᠰᠠᠭᠠᠷ ᠯᠠ ᠪᠠᠶᠢᠬᠤ ᠪᠣᠯᠤᠨ᠎ᠠ᠃ ᠠᠮᠢᠳᠤ ᠬᠥᠭᠵᠢᠮ᠎ ᠬᠡᠵᠢᠶ᠎ᠡ ᠴᠤ ᠨᠠᠰᠤ ᠭᠣᠯᠣᠳᠠᠭ ᠦᠭᠡᠢ ᠶᠤᠮ》 ᠭᠡᠵᠦ ᠡᠷᠡᠰᠬᠡᠨ ᠬᠡᠯᠡᠵᠦ ᠪᠠᠶᠢᠨ᠎ᠠ ᠯᠡ᠃ ᠲᠡᠷᠡᠪᠡᠷ ᠭᠠᠩᠪᠠᠶᠠᠷ ᠠᠬ᠎ᠠ ᠰᠢᠭ ᠢᠶᠡᠨ ᠦᠶ᠎ᠡ ᠦᠶ᠎ᠡ ᠦᠨᠳᠦᠰᠦᠨ ᠦ ᠦᠵᠡᠯ ᠴᠤᠬᠤᠯᠵᠠᠭᠤᠯᠵᠤ᠂ ᠬᠠᠶᠠ ᠪᠠᠰᠠ ᠪᠣᠯᠵᠤ ᠪᠥᠲᠥᠬᠦ ᠦᠭᠡᠢ ᠬᠡᠨ ᠨᠢᠭᠡᠨ ᠢ ᠬᠠᠲᠠᠭᠤᠬᠠᠨ ᠰᠢᠭᠦᠮᠵᠢᠯᠡᠭᠡᠳ ᠠᠪᠳᠠᠭ ᠦᠨᠡᠨ ᠦᠭᠡ ᠲᠡᠢ ᠬᠦᠮᠦᠨ᠃ ᠲᠡᠭᠦᠨ ᠢ ᠪᠠᠰᠠ ᠪᠤᠰᠤᠳ ᠠᠴᠠ ᠢᠷᠡᠭᠰᠡᠨ ᠰᠢᠭᠦᠮᠵᠢ ᠬᠤᠷᠴᠠᠯᠠᠳᠠᠭ ᠭᠡᠨ᠎ᠡ᠃ ᠵᠢᠱᠢᠶ᠎ᠡ ᠨᠢ ᠲᠣᠯᠢᠨ ᠤ ᠡᠮᠦᠨ᠎ᠡ ᠵᠣᠭᠰᠣᠭᠠᠳ 《ᠣᠳᠬᠣᠨᠪᠠᠶᠠᠷ ᠡ᠂ ᠨᠠᠶᠢᠵᠠ ᠡ᠂ ᠢᠩᠭᠢᠵᠦ ᠪᠣᠯᠬᠤ ᠦᠭᠡᠢ ᠰᠢᠦ》 ᠭᠡᠵᠦ ᠥᠪᠡᠷ ᠲᠡᠢ ᠪᠡᠨ ᠶᠠᠷᠢᠵᠤ᠂ ᠥᠪᠡᠷᠲᠡᠭᠡᠨ ᠲᠣᠳᠣᠷᠬᠠᠢ ᠡᠭᠦᠷᠭᠡ ᠳᠠᠭᠠᠭᠠᠯᠭᠠᠪᠤᠷᠢ ᠥᠭᠳᠡᠭ ᠭᠡᠵᠦ ᠪᠠᠶᠢᠭ᠎ᠠ ᠶᠤᠮ᠃ ᠡᠨᠡ ᠶᠡᠷᠦ ᠨᠢ ᠥᠪᠡᠷ ᠢ ᠪᠡᠨ ᠬᠦᠮᠦᠵᠢᠭᠦᠯᠬᠦ ᠶᠡᠬᠡ ᠭᠣᠶᠣ ᠠᠷᠭ᠎ᠠ ᠪᠠᠶᠢᠭ᠎ᠠ ᠪᠢᠵᠡ᠃ ᠬᠠᠶᠠ ᠪᠠᠰᠠ ᠲᠣᠯᠢᠨ ᠳᠤ ᠬᠠᠷᠠᠭᠠᠳ ᠥᠪᠡᠷ ᠢ ᠪᠡᠨ ᠵᠠᠩᠨᠠᠴᠢᠬᠠᠵᠤ ᠪᠠᠶᠢᠮᠠᠷ ᠶᠠᠭᠤᠮ᠎ᠠ ᠪᠠᠶᠢᠨ᠎ᠠ ᠰᠢᠦ᠃ ᠬᠠᠷᠢᠨ ᠥᠪᠡᠷ ᠢ ᠪᠡᠨ ᠵᠣᠳᠣᠵᠤ ᠪᠣᠯᠬᠤ ᠦᠭᠡᠢ᠃ ᠲᠡᠭᠡᠪᠡᠯ ᠨᠢᠳᠦ ᠴᠢᠨᠢ ᠬᠠᠪᠤᠳᠤᠨ᠎ᠠ᠃ ᠵᠣᠳᠣᠨ᠎ᠠ ᠭᠡᠰᠡᠨ ᠡᠴᠡ 《ᠬᠤᠷᠳᠤ》 ᠶᠢᠨ ᠵᠠᠯᠠᠭᠤᠰ ᠭᠠᠩᠪᠠᠶᠠᠷ ᠠᠬ᠎ᠠ ᠶᠢᠨ ᠢᠶᠠᠨ ᠦᠭᠡᠨ ᠡᠴᠡ ᠣᠭᠲᠣᠬᠠᠨ ᠴᠤ ᠭᠠᠵᠢᠳᠠᠭ ᠦᠭᠡᠢ᠂ ᠡᠨᠡ ᠬᠢᠷᠢ ᠪᠡᠷ ᠢᠶᠡᠨ ᠪᠤᠷᠤᠭᠤ ᠦᠢᠯᠡᠳᠦᠯ᠂ ᠬᠣᠣᠷᠲᠤ ᠵᠤᠷᠰᠢᠯ ᠠᠴᠠ ᠢᠮᠠᠭᠲᠠ ᠬᠣᠯᠠ ᠶᠠᠪᠤᠳᠠᠭ ᠶᠤᠮ ᠪᠠᠶᠢᠨ᠎ᠠ᠃ ᠶᠡᠷᠦ ᠨᠢ ᠮᠠᠨ ᠤ ᠬᠠᠮᠲᠤᠯᠢᠭ᠂ ᠳᠠᠭᠤᠴᠢᠳ ᠠᠴᠠ ᠬᠠᠮᠤᠭ ᠤᠨ ᠶᠣᠰᠣ ᠵᠦᠢ ᠶᠢᠨ ᠬᠦᠮᠦᠵᠢᠯᠲᠡᠢ᠂ ᠵᠠᠬᠢᠷᠬᠤ᠂ ᠵᠠᠬᠢᠷᠤᠭᠳᠠᠬᠤ ᠶᠣᠰᠣ ᠵᠢᠷᠤᠮ ᠲᠠᠢ ᠬᠠᠮᠲᠤᠯᠢᠭ ᠪᠣᠯ 《ᠬᠤᠷᠳᠤ》 ᠶᠤᠮ ᠪᠠᠶᠢᠨ᠎ᠠ ᠰᠢᠦ᠃ ᠡᠶᠢᠮᠦ ᠰᠠᠶᠢᠬᠠᠨ ᠶᠣᠰᠣ ᠵᠦᠢ ᠶᠢᠨ ᠬᠦᠮᠦᠵᠢᠯᠲᠡᠢ ᠪᠣᠯᠬᠣᠷ 《ᠬᠤᠷᠳᠤ》 ᠶᠢᠨ ᠬᠢᠨ ᠭᠠᠳᠠᠭᠤᠷ ᠳᠣᠲᠣᠭᠤᠷ ᠡᠯᠳᠡᠪ ᠶᠠᠭᠤᠮᠠᠨ ᠳᠤ ᠣᠷᠢᠶᠠᠴᠠᠯᠳᠤᠭᠠᠳ᠂ ᠪᠣᠯᠤᠭᠰᠠᠨ ᠪᠣᠯᠤᠭ᠎ᠠ ᠦᠭᠡᠢ ᠰᠢᠭᠦᠮᠵᠢᠯᠡᠯ ᠳᠦ ᠥᠷᠲᠥᠭᠡᠳ ᠪᠠᠶᠢᠳᠠᠭ ᠦᠭᠡᠢ ᠰᠠᠶᠢᠨ ᠲᠠᠯ᠎ᠠ ᠲᠠᠢ᠃ ‍‍‍ ᠣᠳᠬᠣᠨᠪᠠᠶᠠᠷ ᠲᠤ ᠪᠠᠰᠠ ᠨᠢᠭᠡ ᠭᠣᠴᠣ ᠭᠣᠶᠢᠳᠠ ᠴᠢᠨᠠᠷ ᠪᠤᠢ᠃ ᠲᠡᠷᠡ ᠨᠢ ᠶᠠᠭᠤ ᠭᠡᠪᠡᠯ ᠠᠯᠢᠪᠠ ᠳᠠᠭᠤᠨ ᠳᠤ ᠠᠶᠠᠯᠭᠤ ᠬᠢᠬᠦ ᠳᠦ ᠪᠡᠨ ᠳᠣᠲᠣᠷ᠎ᠠ ᠪᠠᠨ ᠮᠠᠰᠢ ᠶᠡᠬᠡ ᠪᠡᠷ ᠪᠢᠰᠢᠯᠭᠠᠳᠠᠭ ᠲᠤ ᠣᠷᠣᠰᠢᠨ᠎ᠠ᠃《ᠡᠨᠡ ᠳᠠᠭᠤᠤ ᠡᠨᠡ ᠳᠠᠭᠤᠴᠢᠨ ᠳᠤ ᠲᠠᠭᠠᠷᠠᠨ᠎ᠠ᠂ ᠡᠨᠡ ᠳᠠᠭᠤᠨ ᠤ ᠡᠨᠡ ᠬᠡᠰᠡᠭ ᠢ ᠠᠷᠠᠳ ᠲᠦᠮᠡᠨ᠂ ᠵᠠᠯᠠᠭᠤᠴᠤᠳ ᠳᠠᠭᠠᠵᠤ ᠳᠠᠭᠤᠯᠠᠬᠤ ᠪᠠᠶᠢᠬᠤ》 ᠭᠡᠬᠦ ᠮᠡᠲᠦ ᠪᠡᠷ ᠪᠦᠭᠦᠳᠡ ᠶᠢ ᠲᠤᠩᠭᠠᠨ ᠪᠣᠳᠣᠵᠤ ᠪᠠᠶᠢᠵᠤ ᠠᠶᠠᠯᠭᠤ ᠵᠣᠬᠢᠶᠠᠳᠠᠭ ᠪᠥᠭᠡᠳ ᠤᠬᠠᠭᠠᠨ ᠳᠤ ᠪᠠᠨ ᠳᠠᠭᠤᠴᠢᠨ ᠰᠠᠷᠠᠨᠲᠤᠶᠠᠭ᠎ᠠ ᠶᠢᠨ ᠳᠠᠭᠤᠯᠠᠭᠰᠠᠨ 《ᠴᠢ ᠮᠢᠨᠦᠬᠢ》 ᠭᠡᠬᠦ ᠳᠠᠭᠤᠨ ᠤ ᠵᠥᠪᠬᠡᠨ 《ᠴᠢ ᠮᠢᠨᠦᠬᠢ》 ᠭᠡᠬᠦ ᠳᠠᠬᠢᠯᠲᠠ ᠶᠢᠨ ᠬᠡᠰᠡᠭ ᠢ ᠳᠠᠭᠠᠵᠤ ᠳᠠᠭᠤᠯᠠᠬᠤ ᠵᠢᠱᠢᠶ᠎ᠡ ᠲᠡᠢ᠃ ᠡᠨᠡᠬᠦ ᠪᠢᠰᠢᠯᠭᠠᠯ ᠨᠢ ᠶᠠᠭ ᠯᠠ ᠨᠢᠳᠦ ᠪᠡᠨ ᠣᠯᠤᠭᠰᠠᠨ ᠪᠠᠶᠢᠬᠤ ᠪᠥᠭᠡᠳ ᠣᠯᠠᠨ ᠲᠠᠯ᠎ᠠ ᠠᠴᠠ ᠨᠢ ᠪᠢᠰᠢᠯᠭᠠᠵᠤ ᠪᠢᠴᠢᠭᠰᠡᠨ ᠲᠡᠭᠦᠨ ᠦ ᠳᠠᠭᠤᠤ ᠨᠤᠭᠤᠳ ᠬᠢᠲ ᠪᠣᠯᠤᠭᠠᠳ ᠪᠠᠶᠢᠳᠠᠭ ᠤᠨ ᠨᠢᠭᠤᠴᠠ ᠨᠢ ᠡᠨᠡ ᠪᠣᠯᠪᠠ ᠤᠤ᠃ ᠲᠡᠶᠢᠮᠦ ᠳᠦ ᠪᠡᠨ ᠴᠤ 《ᠬᠤᠷᠳᠤ》 ᠬᠠᠮᠲᠤᠯᠢᠭ ᠤᠨ ᠤᠶᠠᠩᠭ᠎ᠠ ᠶᠢᠨ ᠳᠠᠭᠤᠤ ᠨᠤᠭᠤᠳ ᠢ ᠮᠡᠳᠡᠬᠦ ᠦᠭᠡᠢ᠂ ᠰᠣᠨᠣᠰᠤᠭ᠎ᠠ ᠦᠭᠡᠢ᠂ ᠳᠠᠭᠠᠵᠤ ᠠᠶᠠᠯᠠᠳᠠᠭ ᠦᠭᠡᠢ ᠮᠣᠩᠭᠣᠯ ᠬᠦᠮᠦᠨ ᠭᠡᠵᠦ ᠦᠭᠡᠢ᠃《ᠬᠤᠷᠳᠤ》 ᠬᠡᠳᠦᠢ ᠪᠡᠷ ᠷᠣᠺ ᠬᠠᠮᠲᠤᠯᠢᠭ ᠴᠤ ᠭᠡᠯ᠎ᠡ ᠣᠳᠬᠣᠨᠪᠠᠶᠠᠷ ᠤᠨ ᠵᠣᠬᠢᠶᠠᠭᠰᠠᠨ ᠤᠶᠠᠩᠭ᠎ᠠ ᠶᠢᠨ ᠰᠠᠶᠢᠬᠠᠨ ᠳᠠᠭᠤᠤ ᠨᠤᠭᠤᠳ 《ᠬᠤᠷᠳᠤ》 ᠶᠢ ᠍ᠢᠮᠠᠭᠲᠠ ᠴᠢᠮᠡᠵᠦ᠂ ᠢᠯᠡᠭᠦᠦ ᠠᠯᠳᠠᠷᠲᠠᠢ ᠪᠣᠯᠭᠠᠭᠰᠠᠨ ᠪᠢᠯᠡ᠃ ᠤᠷᠠᠯᠢᠭ᠂ ᠲᠡᠷᠡ ᠳᠤᠮᠳᠠ ᠪᠠᠨ ᠳᠠᠭᠤᠨ ᠤ ᠤᠷᠠᠯᠢᠭ ᠪᠣᠯ ᠨᠢᠳᠦᠨ ᠳᠦ ᠦᠯᠦ ᠦᠵᠡᠭᠳᠡᠭᠴᠢ᠂ ᠵᠥᠪᠬᠡᠨ ᠮᠡᠳᠡᠷᠡᠮᠵᠢ᠂ ᠪᠢᠰᠢᠯᠭᠠᠯ ᠵᠡᠷᠭᠡ ᠳᠦ ᠯᠠ ᠪᠠᠷᠢᠭᠳᠠᠬᠤ ᠨᠢᠭᠤᠴᠠᠬᠠᠨ ᠡᠷᠴᠢᠮ ᠬᠦᠴᠦ ᠶᠢ ᠠᠭᠤᠯᠳᠠᠭ ᠲᠤ ᠣᠷᠣᠰᠢᠨ᠎ᠠ᠃ ᠬᠡᠨ ᠪᠦᠬᠦᠨ ᠢ ᠡᠵᠡᠮᠳᠡᠳᠡᠭ ᠲᠡᠷᠡ ᠤᠷᠠᠯᠢᠭ ᠬᠡᠮᠡᠬᠦ ᠵᠢᠷ ᠦᠨ ᠪᠤᠰᠤ ᠦᠵᠡᠭᠳᠡᠯ᠂ ᠥᠪᠡᠷᠮᠢᠴᠡ ᠢᠳᠢ ᠰᠢᠳᠢ ᠶᠢ ᠵᠥᠪᠬᠡᠨ ᠣᠨᠴᠠᠭᠠᠢ ᠴᠢᠳᠠᠪᠤᠷᠢ ᠯᠠ ᠪᠤᠢ ᠪᠣᠯᠭᠠᠵᠤ ᠴᠢᠳᠠᠬᠤ ᠪᠥᠭᠡᠳ ᠬᠠᠷᠠᠮᠰᠠᠯᠲᠠᠢ ᠨᠢ ᠲᠡᠷᠡ ᠣᠨᠴᠠᠭᠠᠢ ᠴᠢᠳᠠᠪᠤᠷᠢ ᠨᠢ ᠴᠥᠭᠡᠬᠡᠨ ᠬᠥᠮᠦᠨ ᠳ᠋ᠤ ᠵᠠᠶᠠᠭᠠᠭᠳᠠᠭᠰᠠᠨ ᠪᠠᠶᠢᠳᠠᠭ᠃ ᠡᠭᠦᠨ ᠢ ᠠᠪᠢᠶᠠᠰ ᠭᠡᠳᠡᠭ ᠶᠤᠮ᠃ ‍‍‍ ᠨᠢᠭᠡᠨ ᠵᠦᠢᠯ ᠢ ᠣᠨᠴᠠᠯᠠᠵᠤ ᠬᠡᠯᠡᠬᠦ ᠳᠦ ᠮᠣᠩᠭᠣᠯ ᠤᠯᠤᠰ ᠲᠤ ᠨᠢᠭᠡᠨ ᠭᠡᠷ ᠪᠦᠯᠢ ᠡᠴᠡ ᠭᠤᠷᠪᠠᠨ ᠭᠠᠪᠢᠶᠠᠳᠤ ᠲᠦᠷᠦᠭᠰᠡᠨ ᠲᠣᠬᠢᠶᠠᠯᠳᠤᠯ ᠪᠠᠷᠤᠭ ᠦᠭᠡᠢ᠃ ᠬᠠᠷᠢᠨ ᠨᠠᠮᠰᠠᠷᠠᠶᠢᠵᠠᠪ ᠠᠭᠰᠠᠨ᠂ ᠴᠣᠭᠵᠢᠯᠮ᠎ᠠ ᠭᠤᠸᠠᠢ᠂ ᠡᠨᠡ ᠬᠣᠶᠠᠷ ᠤᠨ ᠬᠡᠦᠬᠡᠳ ᠵᠦᠴᠦᠭᠡᠴᠢᠨ ᠰᠤᠪᠤᠳ ᠨᠠᠷ ᠭᠤᠷᠪᠠᠭᠤᠯᠠ ᠪᠠᠨ ᠲᠥᠷᠥ ᠶᠢᠨ ᠰᠣᠶᠣᠷᠬᠠᠯ ᠬᠦᠷᠲᠡᠭᠰᠡᠨ ᠶᠠᠪᠤᠳᠠᠯ ᠪᠤᠢ᠃ ᠮᠣᠩᠭᠣᠯ ᠤᠨ ᠲᠡᠮᠦᠷ ᠵᠠᠮ ᠳᠤ ᠨᠠᠰᠤ ᠪᠠᠷ ᠢᠶᠠᠨ ᠠᠵᠢᠯᠯᠠᠭᠰᠠᠨ ᠵᠢᠷ ᠦᠨ ᠨᠢᠭᠡᠨ ᠠᠷᠠᠳ ᠳᠠᠮᠪᠠ ᠭᠡᠳᠡᠭ ᠠᠶᠢᠯ ᠠᠴᠠ ᠭᠠᠩᠪᠠᠶᠠᠷ᠂ ᠣᠳᠬᠣᠨᠪᠠᠶᠠᠷ᠂ ᠲᠡᠮᠦᠷᠰᠦ᠋ᠬᠡ ᠭᠡᠳᠡᠭ ᠭᠤᠷᠪᠠᠨ ᠭᠠᠪᠢᠶᠠᠳᠤ ᠲᠥᠷᠦᠵᠥ ᠭᠠᠷᠤᠭᠰᠠᠨ ᠨᠢ ᠮᠣᠩᠭᠣᠯ ᠳᠤ ᠪᠣᠯ ᠷᠧᠺᠣᠷᠳ᠋ ᠠᠮᠵᠢᠯᠲᠠᠨ ᠳᠤ ᠲᠣᠭᠠᠴᠠᠭᠳᠠᠨ᠎ᠠ᠃《ᠬᠤᠷᠳᠤ》 ᠶᠢᠨ ᠬᠢᠨ ᠳᠤ ᠵᠣᠷᠢᠭᠤᠯᠵᠤ ᠪᠢ ᠡᠶᠢᠮᠦ ᠰᠢᠯᠦᠭ ᠪᠢᠴᠢᠵᠦ ᠪᠠᠶᠢᠯ᠎ᠠ᠃ ᠡᠭᠦᠨ ᠢ ᠪᠡᠨ ᠭᠠᠩᠪᠠᠶᠠᠷ ᠤᠨ ᠭᠠᠪᠢᠶᠠᠲᠤ ᠶᠢᠨ ᠨᠠᠶᠢᠷ ᠳᠡᠭᠡᠷ᠎ᠡ ᠤᠩᠰᠢᠭᠰᠠᠨ᠃ ᠣᠯᠠᠨ ᠬᠦᠮᠦᠨ ᠨᠢᠵᠢᠭᠢᠨᠡᠲᠡᠯ᠎ᠡ ᠠᠯᠠᠭ᠎ᠠ ᠲᠠᠰᠢᠭᠰᠠᠨ᠃ ᠲᠡᠷᠡ ᠪᠣᠯ 《ᠬᠤᠷᠳᠤ》 ᠭᠡᠳᠡᠭ ᠰᠢᠯᠦᠭ᠃ ᠡᠭᠡᠯ ᠦᠭᠡᠢ ᠭᠠᠶᠢᠬᠠᠮᠰᠢᠭ ᠢ ᠪᠦᠲᠦᠭᠡᠬᠦ ᠪᠡᠷ ᠡᠪᠯᠡᠯᠳᠦᠨ ᠨᠢᠭᠡᠳᠦᠭᠰᠡᠨ ᠮᠡᠳᠡᠷᠡᠮᠵᠢ ᠡᠯᠴᠢᠯ ᠦᠭᠡᠢ ᠲᠠᠯ᠎ᠠ ᠶᠢᠨ ᠬᠥᠷᠦᠰᠥᠡ ᠳᠡᠭᠡᠷ᠎ᠡ ᠡᠭᠡᠰᠢᠭ ᠰᠠᠳᠠᠷᠠᠭᠤᠯᠤᠭᠰᠠᠨ ᠶᠢᠷᠲᠢᠨᠴᠦ ᠶᠡᠷᠡᠭᠡᠳ ᠣᠨ ᠤ ᠧᠰᠲᠷᠠᠳ᠋ ᠤᠷᠠᠯᠢᠭ ᠤᠨ ᠶᠡᠬᠡ ᠲᠡᠰᠦᠷᠡᠯᠲᠡ ᠡᠬᠡ ᠣᠷᠣᠨ᠂ ᠠᠪᠤ ᠡᠵᠢ᠂ ᠠᠮᠠᠷᠠᠭ ᠬᠠᠶᠢᠷ᠎ᠠ ᠶᠢᠨ ᠳᠠᠭᠤᠯᠠᠯ ᠴᠢᠯᠡᠭᠡᠳᠡᠭᠦᠦ ᠨᠡᠶᠢᠭᠡᠮ ᠢ ᠴᠣᠴᠢᠷᠠᠭᠠᠭᠰᠠᠨ ᠴᠢᠪᠬᠠᠳᠠᠰᠤᠲᠤ ᠭᠢᠲ᠋ᠠᠷ ᠤᠨ ᠴᠡᠴᠡᠷᠡᠭᠡ ᠴᠢᠩᠬᠦ ᠬᠦᠰᠡᠯ ᠢ ᠪᠠᠳᠠᠷᠠᠭᠠᠭᠰᠠᠨ ᠴᠡᠪᠡᠷ ᠤᠶᠠᠩᠭ᠎ᠠ ᠶᠢᠨ ᠷᠣᠺ ᠰᠡᠴᠡᠨ ᠪᠢᠯᠢᠭᠲᠦ ᠲᠦᠮᠡᠨ ᠦ ᠴᠡᠭᠡᠵᠢᠨ ᠳᠦ ᠡᠭᠡᠰᠢᠭᠯᠡᠭᠰᠡᠨ ᠠᠶᠠᠯᠭᠤ ᠴᠢᠬᠢᠨ ᠦ ᠴᠢᠮᠡᠭ ᠪᠣᠯᠤᠭᠰᠠᠨ ᠵᠢᠩᠬᠢᠨᠢ ᠮᠣᠩᠭᠣᠯ ᠬᠠᠮᠲᠤᠯᠢᠭ ᠠᠶ᠎ᠠ᠂ ᠡᠨᠡ ᠪᠣᠯ 《ᠬᠤᠷᠳᠤ》 ᠠᠬᠠᠨ ᠳᠡᠭᠦᠰ ᠦᠨ ᠠᠰᠬᠠᠷᠠᠭᠰᠠᠨ ᠶᠡᠬᠡ ᠠᠪᠢᠶᠠᠰ ᠮᠥᠩᠬᠡ ᠲᠩᠷᠢ ᠡᠴᠡ ᠪᠢᠳᠡᠨ ᠳᠦ ᠢᠯᠡᠭᠡᠭᠰᠡᠨ ᠤᠳᠬ᠎ᠠ ᠤᠶᠠᠩᠭ᠎ᠠ ᠶᠢᠨ ᠵᠠᠷᠤᠳᠠᠰᠤ ᠮᠥᠩᠬᠡᠳᠡ ᠳᠠᠭᠤᠷᠢᠰᠤᠭᠳᠠᠬᠤ ᠮᠣᠩᠭᠣᠯ ᠲᠦᠮᠡᠨ ᠦ ᠭᠠᠶᠢᠬᠠᠮᠰᠢᠭᠲᠤ 《ᠬᠤᠷᠳᠤ》 ᠬᠡᠷᠡᠭ ᠵᠣᠷᠢᠭ᠂ ᠬᠡᠯᠪᠡᠷᠢ ᠠᠭᠤᠯᠭ᠎ᠠ᠂ ᠬᠡᠮᠨᠡᠯᠳᠦ ᠶᠢᠷᠲᠢᠨᠴᠦ ᠶᠢᠨ ᠵᠣᠬᠢᠴᠠᠯ ᠬᠡᠰᠡᠭ ᠠᠪᠢᠶᠠᠰ ᠢ ᠭᠠᠩᠨᠠᠵᠤ ᠵᠠᠩᠭᠢᠳᠤᠭᠰᠠᠨ ᠭᠠᠩᠪᠠᠶᠠᠷ ᠤᠨ ᠶᠡᠬᠡ ᠲᠡᠮᠡᠦᠯᠡᠯ ᠬᠡᠪᠢ ᠮᠧᠲ᠋ᠠᠯ᠂ ᠺᠯᠠᠰᠰᠢᠺ ᠷᠣᠺ ᠤᠨ ᠴᠣᠭᠴᠠ ᠠᠶᠠᠯᠭᠤᠨ ᠳᠤᠮᠳᠠ ᠠᠴᠠ ᠬᠡᠭᠡᠨᠴᠢᠷᠯᠡᠨ ᠤᠶᠠᠩᠭᠠᠯᠠᠬᠤ ᠴᠣᠭ ᠤᠨ ᠴᠡᠭᠡᠯ ᠬᠣᠭᠣᠯᠠᠢ ᠣᠯᠠᠨ ᠴᠠᠭ ᠲᠠᠰᠤᠷᠠᠯᠲᠠ ᠦᠭᠡᠢ ᠫᠢᠵᠢᠩᠨᠡᠬᠦ ᠠᠮᠢᠳᠤ ᠠᠴᠠ ᠠᠮᠢᠳᠤ ᠲᠣᠭᠯᠠᠯᠲᠠ ᠣᠷᠣᠶᠢᠯᠠᠨ ᠲᠣᠭᠯᠠᠭᠴᠢ ᠨᠠᠶᠠ ᠶᠢᠨ ᠠᠷᠭᠢᠯ ᠭᠢᠲ᠋ᠠᠷ ᠤᠨ ᠲᠥᠪᠡᠷᠭᠡᠨ ᠣᠷᠭᠢᠯᠣᠭᠰᠠᠨ ᠰᠡᠳᠬᠢᠯ ᠦᠨ ᠤᠲᠠᠰᠤ ᠶᠢ ᠷᠣᠺ ᠢᠶᠠᠷ ᠬᠥᠨᠳᠡᠨ ᠵᠤᠭᠠᠴᠠᠭᠴᠢ ᠣᠳᠬᠣᠨᠪᠠᠶᠠᠷ ᠤᠨ ᠰᠦᠨ ᠥᠩᠭᠡ ᠪᠡᠷ ᠰᠣᠯᠣᠩᠭᠠᠷᠠᠬᠤ ᠰᠣᠯᠢ ᠭᠢᠲ᠋ᠠᠷ ᠤᠨ ᠴᠢᠬᠢᠷᠠᠭᠠᠨ ᠣᠮᠣᠭᠰᠢᠯ᠂ ᠡᠷᠡᠮᠰᠢᠯ᠂ ᠲᠠᠴᠢᠭᠢᠨᠠᠭᠰᠠᠨ ᠬᠤᠷᠳᠤ᠂ ᠨᠢᠵᠢᠭᠢᠨᠡᠭᠰᠡᠨ ᠠᠯᠠᠭ᠎ᠠ ᠲᠠᠰᠢᠯᠲᠠ ᠣᠴᠢ ᠮᠡᠲᠦ ᠴᠠᠬᠢᠯᠤᠨ ᠪᠥᠮᠪᠥᠷᠳᠡᠭᠴᠢ ᠣᠳᠬᠣᠨᠪᠠᠭᠠᠲᠤᠷ ᠤᠨ ᠨᠦᠷᠭᠢᠯᠡᠭᠡᠨ ᠣᠷᠢᠯᠠᠭᠠᠨ᠂ ᠴᠢᠷᠠᠯᠠᠭᠠᠨ᠂ ᠢᠰᠬᠡᠷᠦᠭᠡᠨ ᠣᠮᠤᠭᠯᠠᠩ ᠹᠧᠨ ᠨᠦᠭᠦᠳ ᠦᠨ ᠬᠠᠰᠬᠢᠷᠤᠭᠠᠨ ᠠᠶ᠎ᠠ᠂ ᠡᠨᠡ ᠪᠣᠯ 《ᠬᠤᠷᠳᠤ》 ᠠᠬᠠᠨ ᠳᠡᠭᠥᠦᠰ ᠦᠨ ᠠᠭᠠᠭᠢᠯᠠᠭᠰᠠᠨ ᠶᠡᠬᠡ ᠠᠪᠢᠶᠠᠰ᠂ ᠠᠰᠬᠠᠷᠠᠭᠰᠠᠨ ᠶᠡᠬᠡ ᠬᠥᠯᠥᠰᠥ ᠮᠥᠩᠬᠡ ᠲᠩᠷᠢ ᠡᠴᠡ ᠪᠢᠳᠡᠨ ᠳᠦ ᠢᠯᠡᠭᠡᠭᠰᠡᠨ ᠤᠳᠬ᠎ᠠ ᠤᠶᠠᠩᠭ᠎ᠠ ᠶᠢᠨ ᠵᠠᠷᠤᠳᠠᠰᠤ ᠮᠥᠩᠬᠡᠳᠡ ᠳᠠᠭᠤᠷᠢᠰᠤᠭᠳᠠᠬᠤ ᠮᠣᠩᠭᠣᠯ ᠲᠦᠮᠡᠨ ᠦ ᠭᠠᠶᠢᠬᠠᠮᠰᠢᠭᠲᠤ 《ᠬᠤᠷᠳᠤ》 ‍‍‍ ᠳᠠᠰᠢᠷᠠᠮ ᠳᠤ ᠥᠭᠥᠯᠡᠬᠦ ᠳᠦ 2014 ᠣᠨ ᠳᠤ 《ᠬᠤᠷᠳᠤ》 ᠬᠠᠮᠲᠤᠯᠢᠭ 20 ᠵᠢᠯ ᠦᠨ ᠢᠶᠡᠨ ᠣᠢ ᠶᠢ ᠲᠡᠮᠳᠡᠭᠯᠡᠵᠦ᠂ ᠠᠮᠧᠷᠢᠺᠠ ᠳᠤ ᠠᠯᠲᠠᠨ ᠫᠢᠨᠽᠠ ᠬᠢᠯᠭᠡᠭᠰᠡᠨ ᠨᠢ ᠮᠣᠩᠭᠣᠯ ᠳᠤ ᠪᠣᠯ ᠠᠩᠬᠠᠳᠠᠭᠴᠢ ᠨᠢ ᠪᠣᠯᠵᠤ ᠪᠠᠶᠢᠯ᠎ᠠ᠃ ᠮᠥᠨ ᠡᠨᠡ ᠣᠢ ᠶᠢᠨ ᠬᠦᠷᠢᠶᠡᠨ ᠳᠦ 20 ᠵᠢᠯ ᠦᠨ ᠲᠡᠦᠬᠡᠨ ᠨᠣᠮ ᠪᠦᠲᠦᠭᠡᠪᠡ᠃ ᠡᠨᠡ ᠬᠦ ᠨᠣᠮ ᠢ ᠪᠢᠴᠢᠬᠦ ᠶᠢ 《ᠬᠤᠷᠳᠤ》 ᠍ ᠤᠨ ᠬᠢᠨ ᠨᠠᠳᠠ ᠳᠤ ᠳᠠᠭᠠᠭᠠᠯᠭᠠᠭᠰᠠᠨ ᠨᠢ ᠨᠡᠷ᠎ᠡ ᠲᠥᠷᠥ ᠶᠢᠨ ᠬᠡᠷᠡᠭ ᠪᠠᠶᠢᠯ᠎ᠠ᠃ ᠬᠣᠷᠢᠨ ᠵᠢᠯ ᠣᠷᠣᠰᠢᠨ ᠲᠣᠭᠲᠠᠨᠢᠭᠰᠠᠨ ᠠᠯᠳᠠᠷᠲᠠᠢ ᠬᠠᠮᠲᠤᠯᠢᠭ 《ᠬᠤᠷᠳᠤ》 ᠠᠷᠪᠢᠨ ᠶᠡᠬᠡ ᠲᠡᠦᠬᠡ ᠲᠡᠢ᠂ ᠠᠳᠠᠯ ᠶᠠᠪᠤᠳᠠᠯ ᠶᠡᠬᠡ ᠲᠡᠢ᠂ ᠠᠯᠳᠠᠷ ᠤᠨ ᠵᠠᠮ ᠣᠯᠠᠨ ᠲᠠᠢ ᠪᠠᠶᠢᠭᠰᠠᠨ ᠪᠣᠯᠬᠣᠷ ᠪᠢᠴᠢᠬᠦ ᠳᠦ ᠬᠦᠷᠲᠡᠯ᠎ᠡ ᠤᠷᠮ᠎ᠠ ᠲᠠᠢ ᠪᠠᠶᠢᠯ᠎ᠠ᠂ ᠪᠡᠯᠡᠨ ᠵᠡᠯᠡᠨ ᠦᠭᠡ ᠲᠡᠢ ᠪᠠᠶᠢᠯ᠎ᠠ᠂ ᠪᠢᠯᠢᠭ ᠲᠠᠩᠬᠠᠢ ᠣᠩᠭᠣᠳ ᠲᠠᠢ ᠴᠤ ᠪᠠᠶᠢᠯ᠎ᠠ᠃ ᠭᠡᠬᠦ ᠳᠦ ᠪᠡᠨ ᠪᠢ 《ᠬᠤᠷᠳᠤ》 ᠬᠠᠮᠲᠤᠯᠢᠭ ᠤᠨ ᠬᠣᠷᠢᠨ ᠵᠢᠯ ᠦᠨ ᠵᠤᠵᠠᠭᠠᠨ ᠲᠡᠦᠬᠡ ᠶᠢᠨ ᠬᠣᠷᠢᠬᠠᠨ ᠬᠤᠪᠢ ᠪᠤᠶᠤ ᠥᠩᠭᠡᠴᠡᠬᠡᠨ ᠬᠡᠰᠡᠭ ᠢ ᠯᠠ ᠱᠦᠭᠦᠷᠳᠡᠭᠰᠡᠨ᠃ ᠤᠴᠢᠷ ᠨᠢ ᠣᠳᠬᠣᠨᠪᠠᠶᠠᠷ᠄ 《ᠪᠢᠳᠡ ᠶᠠᠮᠠᠷ ᠲᠠᠷᠬᠠᠵᠤ ᠪᠤᠲᠠᠷᠠᠭᠠᠳ᠂ ᠰᠥᠨᠥᠵᠦ ᠮᠥᠬᠦᠴᠢᠬᠡᠭᠰᠡᠨ ᠬᠠᠮᠲᠤᠯᠢᠭ ᠪᠢᠰᠢ᠃ ᠬᠣᠵᠢᠮ ᠪᠠᠰᠠ ᠶᠠᠷᠢᠬᠤ ᠶᠠᠭᠤᠮ᠎ᠠ ᠲᠠᠢ᠂ ᠶᠠᠷᠢᠭᠠᠳ ᠪᠢᠴᠢᠬᠦ ᠶᠠᠭᠤᠮ᠎ᠠ ᠲᠠᠢ᠂ ᠪᠢᠴᠢᠭᠡᠳ ᠳᠤᠷᠠᠰᠬᠤ ᠶᠠᠭᠤᠮ᠎ᠠ ᠲᠠᠢ ᠪᠠᠶᠢᠬᠤ ᠶᠢᠨ ᠲᠤᠯᠠᠳᠠ ᠡᠮᠦᠨᠡᠬᠢ ᠵᠠᠷᠢᠮ ᠲᠡᠦᠬᠡ ᠪᠡᠨ ᠦᠭᠦᠴᠡᠨ ᠳᠦ ᠨᠢ ᠦᠯᠡᠳᠡᠭᠡᠬᠦ ᠨᠢ ᠴᠢᠬᠤᠯᠠ》 ᠭᠡᠵᠦ ᠬᠡᠯᠡᠭᠰᠡᠨ᠃ ᠲᠡᠶᠢᠮᠦ ᠡᠴᠡ ᠪᠢ 《ᠬᠤᠷᠳᠤ》 ᠍  ᠍ ᠶᠢᠨ ᠬᠢᠨ ᠢ ᠨᠢᠭᠡ ᠶᠡᠬᠡ ᠣᠯᠠᠨ ᠬᠣᠨᠣᠭ ᠠᠰᠠᠭᠤᠵᠤ ᠰᠢᠯᠭᠠᠭᠠᠵᠤ ᠵᠣᠪᠠᠭᠠᠭ᠎ᠠ ᠦᠭᠡᠢ᠃《ᠪᠢᠳᠡ ᠮᠣᠩᠭᠣᠯ ᠤᠨ ᠳᠣᠮᠣᠭ ᠪᠣᠯᠤᠭᠰᠠᠨ ᠴᠠᠭ ᠲᠤ ᠪᠠᠨ ᠯᠠ ᠲᠠᠶᠢᠰᠠᠨ ᠠᠴᠠ ᠪᠠᠭᠤᠨ᠎ᠠ᠃ ᠲᠡᠷᠡᠨ ᠡᠴᠡ ᠨᠠᠰᠢ ᠪᠠᠭᠤᠬᠤ ᠦᠭᠡᠢ᠃ ᠵᠠᠭᠤᠨ ᠵᠠᠭᠤᠨ ᠵᠢᠯ ᠳᠠᠭᠤᠷᠢᠰᠤᠭᠳᠠᠬᠤ ᠤᠷᠠᠨ ᠪᠦᠲᠦᠭᠡᠯ ᠢᠶᠡᠨ ᠬᠢᠭᠰᠡᠭᠡᠷ ᠯᠠ ᠪᠠᠶᠢᠬᠤ ᠪᠣᠯᠤᠨ᠎ᠠ》 ᠭᠡᠵᠦ ᠣᠳᠬᠣᠨᠪᠠᠶᠠᠷ ᠪᠠᠰᠠ ᠬᠡᠯᠡᠵᠦ ᠪᠠᠶᠢᠯ᠎ᠠ᠃ ᠮᠢᠨᠦ ᠪᠣᠳᠣᠯ ᠢᠶᠠᠷ 《ᠬᠤᠷᠳᠤ》 ᠬᠠᠮᠲᠤᠯᠢᠭ ᠠᠯᠢ ᠬᠡᠳᠦᠶᠢᠨ ᠮᠣᠩᠭᠣᠯ ᠤᠨ ᠠᠮᠢᠳᠤ ᠳᠣᠮᠣᠭ ᠪᠣᠯᠴᠢᠬᠠᠭᠰᠠᠨ᠃ ᠡᠨᠡᠬᠦ ᠠᠮᠢᠳᠤ ᠳᠣᠮᠣᠭ ᠴᠢᠨᠠᠭᠰᠢᠳᠠ ᠦᠷᠭᠦᠯᠵᠢᠯᠡᠭᠰᠡᠭᠡᠷ ᠬᠣᠷᠢ᠂ ᠭᠤᠴᠢ᠂ ᠮᠠᠭᠠᠳ ᠦᠭᠡᠢ ᠳᠥᠴᠢ᠂ ᠲᠠᠪᠢᠨ ᠵᠢᠯ ᠲᠠᠶᠢᠰᠠᠨ ᠳᠡᠭᠡᠷ᠎ᠡ ᠠᠮᠢᠳᠤ ᠲᠣᠭᠯᠠᠯᠲᠠ ᠬᠢᠭᠰᠡᠭᠡᠷ ᠯᠠ ᠪᠠᠶᠢᠬᠤ ᠪᠤᠢ ᠵᠠ᠃ ᠲᠡᠷᠡ ᠴᠠᠭ ᠲᠤ ᠵᠠᠭᠤᠨ ᠵᠠᠭᠤᠨ ᠵᠢᠯ ᠳᠠᠭᠤᠷᠢᠰᠤᠭᠳᠠᠬᠤ ᠰᠠᠶ᠋ᠢᠬᠠᠨ ᠠᠶᠠᠯᠭᠤ ᠮᠢᠩᠭᠠᠨᠲᠠ ᠤᠷᠤᠰᠬᠤ ᠪᠣᠯᠤᠨ᠎ᠠ᠃ ᠡᠷᠬᠢᠮ ᠬᠥᠮᠥᠨ ᠲᠠ ᠰᠤᠨᠤᠰᠬᠤ ᠯᠠ ᠪᠣᠯᠤᠨ᠎ᠠ᠃ ᠲᠡᠷᠡ ᠲᠡᠨᠳᠡ ᠨᠢᠭᠡᠨ ᠰᠠᠶᠢᠬᠠᠨ ᠳᠠᠭᠤᠤ ᠡᠭᠡᠰᠢᠭᠯᠡᠨ᠎ᠡ᠃ ᠲᠠ ᠰᠣᠨᠣᠰᠤᠭᠠᠷᠠᠢ᠃ ᠲᠡᠷᠡ ᠲᠠᠨ ᠤ ᠳᠤᠷᠠᠲᠠᠢ ᠳᠠᠭᠤᠤ ᠪᠠᠶᠢᠬᠤ ᠪᠣᠯᠤᠨ᠎ᠠ᠃ ᠬᠠᠪᠤᠷ ᠤᠨ ᠦᠳᠡᠰᠢ ᠡᠵᠡᠨ ᠦᠭᠡᠢ ᠴᠡᠴᠡᠷᠯᠢᠭ ᠦᠨ ᠬᠣᠭᠣᠰᠣᠨ ᠰᠠᠨᠳᠠᠯᠢ ᠲᠠᠨ ᠢ ᠬᠦᠯᠢᠶᠡᠵᠦ ᠪᠠᠶᠢᠭ᠎ᠠ᠃ ᠲᠠ ᠲᠡᠨᠳᠡ ᠰᠠᠭᠤᠭᠠᠳ ᠵᠢᠭᠠᠬᠠᠨ ᠴᠤ ᠭᠡᠰᠡᠨ ᠠᠮᠠᠷᠠᠬᠤ ᠶᠢ ᠬᠦᠰᠡᠵᠦ ᠪᠠᠶᠢᠭ᠎ᠠ᠃ 《ᠬᠤᠷᠳᠤ》 ᠍ ᠶᠢᠨ ᠳᠠᠭᠤᠤ ᠶᠢ ᠰᠣᠨᠣᠰᠳᠠᠭ ᠤᠤ︖ ᠭᠡᠵᠦ ᠬᠡᠨ ᠨᠢᠭᠡᠨ ᠲᠠᠨ ᠠᠴᠠ ᠠᠰᠠᠭᠤᠨ᠎ᠠ᠃ ᠶᠠᠭᠤ ᠴᠤ ᠪᠢᠲᠡᠭᠡᠢ ᠬᠠᠷᠢᠭᠤᠯᠤᠭᠠᠷᠠᠢ︕ ᠲᠦᠮᠡᠲᠦ ᠰᠢᠨ᠎ᠡ ᠬᠥᠷᠪᠡᠭᠦᠯᠪᠡ

3        0       

                             13847524386      211429899@qq.com      13847524386   QQ  211429899 蒙ICP备17002503号-1