  ᠪᠣᠷᠵᠢᠭᠢᠨ ᠬᠠᠰᠪᠠᠭᠠᠨ᠎ᠠ       
     
   2023-10-25 16:22
   2023-11-20 18:44
   598
   3

ᠴᠡᠩᠭᠡᠷ ᠠᠢᠯ

ᠰᠤᠯᠠ ᠲᠡᠮᠳᠡᠭᠯᠡᠯ
        224     
2023-11-12 11:21    
发表于:内蒙古
ᠴᠡᠩᠭᠡᠷ ᠠᠢᠯ ᠡᠩᠭᠡᠷ ᠲᠤ ᠪᠠᠨ ᠤᠨᠢᠶᠠᠷ ᠬᠥᠪᠦᠯᠵᠡᠭᠦᠯᠦᠭᠰᠡᠨ ᠡᠷᠳᠡᠨᠢᠲᠦ ᠰᠠᠢᠬᠠᠨ ᠬᠠᠢᠷᠬᠠᠨ ᠮᠢᠨᠢ ᠡᠯᠢᠭᠡᠨ ᠳ᠋ᠤ ᠪᠠᠨ ᠴᠡᠴᠡᠭ ᠮᠢᠷᠠᠯᠵᠠᠭᠤᠯᠤᠭᠰᠠᠨ ᠡᠩ ᠦᠭᠡᠢ ᠨᠣᠭᠤᠭᠠᠨ ᠲᠠᠯ᠎ᠠ ᠮᠢᠨᠢ᠂᠂᠂ ᠰᠡᠣᠬᠡ ᠮᠠᠰᠢᠨ ᠤ ᠳᠡᠯᠭᠡᠴᠡ  ᠳ᠋ᠡᠬᠢ ᠲᠦᠷᠰᠦ ᠰᠢᠩᠭᠡᠭᠡᠯᠲᠡ ᠨᠢ ᠬᠡᠳᠦᠢ ᠢᠷᠠᠭᠤ ᠡᠭᠡᠰᠢᠭᠯᠡᠩ ᠪᠠᠢᠯ᠎ᠠ ᠴᠦ ᠴᠣᠩᠬᠤᠨ ᠭᠠᠳᠠᠨᠠᠬᠢ ᠡᠬᠡ ᠪᠠᠢᠭᠠᠯᠢ ᠢ᠋ᠢᠨ ᠬᠡᠰᠢᠭ ᠰᠣᠶᠤᠷᠬᠠᠯ ᠲᠠᠢ ᠭᠣᠢᠳᠠ ᠦᠵᠡᠮᠵᠢ ᠮᠠᠨᠤᠰ ᠤ᠋ᠨ ᠰᠡᠳᠭᠢᠯ ᠢ᠋ ᠭᠡᠵᠢᠭᠡᠳᠡᠨ ᠬᠠᠷᠠᠭ᠎ᠠ ᠵᠢ ᠪᠤᠯᠢᠶᠠᠨ᠎ᠠ᠃ ᠠᠷᠤ ᠬᠠᠩᠭᠠᠢ ᠶᠢᠨ ᠴᠡᠩᠭᠡᠷ ᠰᠤᠮᠤ ᠶᠢᠨ ᠬᠢᠯᠢ ᠳᠠᠪᠠᠭᠠᠳ ᠨᠡᠯᠢᠶᠡᠳ ᠴᠠᠭ ᠠᠶᠠᠯᠠᠪᠠ᠃ ᠨᠢᠭᠡ ᠮᠡᠳᠡᠬᠦ ᠳ᠋ᠤ ᠨᠠᠷᠠ ᠨᠢᠭᠡᠨᠲᠡ ᠰᠢᠩᠭᠡᠵᠦ ᠡᠭᠦᠯᠡᠨ ᠳᠡᠭᠡᠭᠦᠷ ᠤᠯᠠᠭᠠᠨ ᠲᠤᠶᠠᠭ᠎ᠠ ᠨᠢ ᠬᠣᠴᠤᠷᠴᠤ᠂ ᠵᠤᠭᠠᠴᠠᠭᠰᠠᠳ ᠪᠢᠳᠡᠨ ᠢ ᠬᠠᠮᠢᠭ᠎ᠠ ᠬᠦᠷᠬᠦ ᠬᠥᠮᠦᠰ ᠪᠣᠢ ᠭᠡᠵᠦ ᠭᠠᠢᠬᠠᠰᠢᠷᠠᠵᠤ ᠥᠩᠭᠡᠢᠨ᠎ᠡ᠃ ᠬᠥᠭᠡᠷᠦᠭᠡ ᠶᠡᠬᠡᠳᠡᠢ ᠬᠥᠲᠦᠴᠢ ᠵᠣᠯᠪᠤᠭ᠎ᠠ ᠮᠠᠰᠢᠨ ᠤ ᠲᠠᠭᠣᠣ ᠪᠠᠨ ᠳᠠᠭᠠᠨ ᠭᠢᠩᠰᠢᠨ ᠲᠡᠷᠭᠡ ᠪᠠᠷᠢᠭᠰᠠᠭᠠᠷ ᠶᠠᠳᠠᠷᠠᠭᠰᠠᠨ ᠪᠣᠯᠣᠯᠳᠠᠢ ᠡᠪᠰᠢᠶᠡᠯᠭᠡᠨ ᠡᠬᠢᠯᠡᠵᠦ᠄︽ᠵᠣᠷᠢᠭᠰᠠᠨ ᠭᠠᠵᠠᠷ ᠪᠠᠰᠠ ᠨᠡᠯᠢᠶᠡᠳ ᠬᠣᠯᠠ ᠪᠠᠢᠨ᠎ᠠ ᠳ᠋ᠠ᠂ ᠡᠰᠡᠬᠦᠯ᠎ᠡ ᠪᠢᠳᠡ ᠵᠠᠮ ᠳ᠋ᠤ ᠪᠠᠨ ᠬᠣᠨᠤᠭᠯᠠᠨ᠎ᠠ ᠤᠤ︖︾ᠭᠡᠵᠦ ᠰᠠᠨᠠᠭᠠᠴᠢᠯᠠᠨ᠎ᠠ᠂᠄︽ᠬᠦᠢ᠂ ᠲᠠ ᠴᠢᠨᠢ ᠲᠡᠭᠡᠭᠡᠳ ᠮᠠᠨᠤᠰ ᠢ᠋ ᠬᠡᠭᠡᠷ᠎ᠡ ᠬᠣᠨᠤᠭᠤᠯᠵᠤ ᠬᠡᠳᠡ ᠳᠡᠷᠡᠯᠡᠭᠦᠯᠬᠦ ᠨᠢ ᠤᠤ︾ᠭᠡᠵᠦ ᠬᠠᠵᠠᠭᠤ ᠳ᠋ᠤ ᠰᠠᠭᠤᠭᠰᠠᠨ ᠬᠠᠮᠳᠤ ᠵᠢᠭᠤᠯᠴᠢᠯᠠᠭᠴᠢ ᠪᠠᠳᠣᠪᠡᠬᠢ ᠲᠣᠰᠪᠠᠯ᠂᠄︽ᠬᠥᠬᠡ ᠲᠡᠭᠷᠢ ᠪᠡᠷ ᠬᠥᠨᠵᠢᠯᠡ ᠬᠢᠵᠦ ᠬᠥᠷᠦᠰᠦᠲᠦ ᠭᠠᠵᠠᠷ ᠢ᠋ᠢᠠᠷ ᠲᠡᠪᠢᠰᠬᠡᠷ ᠪᠣᠯᠭᠠᠨ ᠬᠡᠭᠡᠷ᠎ᠡ ᠬᠣᠨᠤᠬᠤ ᠴᠢᠨᠢ ᠪᠠᠰᠠ ᠠᠶᠠᠲᠠᠢ ᠰᠢᠤ︾ᠭᠡᠵᠦ ᠵᠣᠯᠪᠤᠭ᠎ᠠ ᠮᠢᠰᠢᠪᠡᠯᠵᠡᠪᠡ᠂ ᠪᠠᠬᠠᠨ ᠶᠠᠪᠤᠭᠠᠳ ᠲᠡᠷᠡ᠄︽ᠡᠰᠡᠬᠦᠯ᠎ᠡ ᠣᠷᠴᠢᠮ ᠤᠨ ᠠᠢᠯ ᠵᠤᠰᠠᠯᠠᠩ  ᠢ᠋ᠢᠠᠷ ᠣᠷᠤᠬᠤ ᠤᠤ︖︾ᠭᠡᠵᠦ ᠴᠢᠷᠠᠢᠴᠢᠯᠠᠪᠠ᠃ ᠡᠨᠡ ᠬᠥᠮᠦᠨ ᠴᠢᠨᠢ ᠬᠡᠯᠡᠭᠰᠡᠨ ᠳ᠋ᠤ ᠪᠠᠨ ᠬᠦᠷᠬᠦ ᠦᠭᠡᠢ ᠶᠠᠮᠠᠷ ᠬᠥᠮᠦᠨ ᠪᠣᠢ᠂ ᠠᠷᠭᠠᠯᠠᠵᠤ ᠢᠯᠡᠭᠦᠦ ᠮᠥᠩᠭᠦ ᠬᠣᠨᠵᠢᠬᠤ ᠭᠡᠵᠦ ᠪᠠᠢᠨ᠎ᠠ ᠤ᠋ᠤ︖ ᠭᠡᠵᠦ ᠤᠤᠯ ᠤᠨ ᠭᠡᠷᠰᠡᠤ ᠵᠠᠩ  ᠢ᠋ᠢᠠᠷ  ᠢ᠋ᠢᠡᠨ ᠣᠯᠠᠨ ᠵᠦᠢᠯ ᠪᠣᠳᠤᠵᠤ ᠵᠠᠪᠳᠤᠭᠰᠠᠨ ᠪᠢ ᠪᠡᠶ᠎ᠡ ᠪᠠᠨ ᠵᠢᠮᠡᠯᠡᠵᠦ ᠠᠪᠤᠭᠰᠠᠨ ᠢ᠋ᠢᠡᠨ ᠡᠭᠦᠨ ᠢᠶᠡᠨ ᠮᠡᠳᠡᠭᠳᠡᠬᠦ ᠦᠭᠡᠢ ᠵᠢ ᠬᠢᠴᠢᠶᠡᠵᠦ᠂ ᠶᠠᠳᠠᠷᠠᠭᠰᠠᠨ ᠪᠡᠶ᠎ᠡ ᠪᠠᠨ ᠨᠢᠭᠡ ᠰᠢᠯᠭᠡᠭᠡᠵᠦ ᠠᠪᠤᠭᠠᠳ ᠬᠡᠳᠦᠨ ᠡᠳᠦᠷ ᠬᠠᠮᠲᠤ ᠪᠠᠢᠯᠴᠠᠨ ᠲᠠᠨᠢᠯ ᠪᠣᠯᠤᠭᠰᠠᠨ ᠵᠢᠯᠤᠭᠤᠴᠢ ᠪᠠᠨ ᠯᠠᠪᠳᠠᠭᠤᠯᠵᠤ ᠠᠵᠢᠭᠯᠠᠪᠠᠯ᠂ ᠡᠳᠦᠷᠵᠢᠨ ᠲᠡᠷᠭᠡ ᠪᠠᠷᠢᠭᠰᠠᠨ ᠳᠡᠭᠡᠷ᠎ᠡ ᠪᠠᠨ ᠦᠵᠡᠮᠵᠢ ᠪᠣᠯᠭᠠᠨ ᠢ ᠮᠠᠨ  ᠳ᠋ᠤ ᠣᠢᠯᠭᠠᠭᠣᠯᠬᠣ ᠭᠡᠵᠦ ᠴᠢᠷᠮᠠᠢᠳᠠᠭ ᠬᠥᠮᠦᠨ ᠶᠠᠳᠠᠷᠠᠬᠤ ᠨᠢ ᠠᠷᠭ᠎ᠠ ᠦᠭᠡᠢ᠂ ᠲᠠᠬᠢᠪᠠᠯ ᠵᠠᠮ ᠳᠤᠮᠳᠠ ᠪᠢᠳᠡ ᠪᠠᠰᠠ ᠣᠯᠠᠨ ᠤᠳᠠᠭ᠎ᠠ ᠳᠡᠷᠭᠡ ᠵᠣᠭᠰᠤᠭᠠᠨ ᠦᠵᠡᠮᠵᠢ ᠰᠣᠨᠢᠷᠬᠠᠨ ᠲᠠᠮᠠᠬᠢ ᠳ᠋ᠠᠢ ᠰᠣᠯᠢᠯᠴᠠᠨ ᠴᠠᠭ ᠢ ᠠᠷᠪᠢᠨ ᠰᠠᠭᠠᠲᠠᠭᠠᠭᠰᠠᠨ ᠰᠢᠦ ᠳ᠋ᠠ᠂ ᠄︽ᠲᠠᠨᠢᠬᠤ ᠠᠢᠯ ᠪᠠᠢᠪᠠᠯ ᠬᠠᠷᠢᠯᠴᠠᠵᠤ ᠦᠵᠡᠬᠦ  ᠤ᠋ᠤ ᠳ᠋ᠠ︾ ᠭᠡᠵᠦ ᠪᠢ ᠵᠥᠪᠰᠢᠶᠡᠷᠡᠭᠦ ᠡᠰᠡᠬᠦ ᠶᠢᠨ ᠬᠣᠭᠤᠷᠤᠨᠳᠤ ᠦᠭᠡ ᠫᠤᠤᠳᠠᠪᠠ ᠂ ᠲᠡᠭᠡᠬᠦ ᠳ᠋ᠤ᠄︽ᠡᠨᠳᠡ ᠲᠣᠯᠬᠢᠶᠠᠨ ᠪᠠᠢᠬᠤ ᠦᠭᠡᠢ᠂ ᠬᠠᠷᠢᠯᠴᠠᠵᠤ ᠲᠡᠢᠯᠬᠦ ᠦᠭᠡᠢ︾ᠭᠡᠵᠦ ᠵᠣᠯᠪᠤᠭ᠎ᠠ ᠮᠥᠷᠦ ᠪᠠᠨ ᠬᠠᠪᠴᠢᠰᠬᠢᠨ ᠠᠯᠠᠭ᠎ᠠ ᠪᠠᠨ ᠲᠡᠯᠭᠡᠪᠡ᠂  ᠠ ᠭᠡᠵᠦ ᠠᠮᠠ ᠠᠯᠳᠠᠬᠤ ᠡᠴᠡ ᠡᠮᠦᠨ᠎ᠡ ᠮᠠᠨ ᠤ ᠰᠠᠨᠠᠭᠠᠰᠢᠷᠠᠭᠰᠠᠨ ᠢ ᠮᠡᠳᠡᠭᠰᠡᠨ ᠰᠢᠭ᠌᠄︽ᠲᠡᠷᠡ ᠴᠦ ᠭᠠᠢᠭᠤᠢ᠂ ᠮᠠᠨ ᠤ᠋ ᠮᠣᠩᠭᠤᠯᠴᠤᠳ ᠶᠡᠷᠣᠨᠢ ᠵᠣᠴᠢᠨᠰᠠᠭ ᠰᠢᠦ ᠳ᠋ᠠ︾ᠭᠡᠳ ᠢᠨᠢᠶᠡᠪᠡ᠃ ᠪᠢ ᠵᠣᠯᠪᠤᠭ᠎ᠠ ᠶᠢᠨ ᠦᠭᠡᠨ ᠳ᠋ᠤ ᠬᠠᠭᠠᠭᠳᠠᠵᠤ ᠳᠠᠭᠤ ᠦᠭᠡᠢ ᠪᠣᠯᠪᠠ᠃ ᠶᠡᠷᠦᠨᠢ ᠡᠨᠳᠡ ᠴᠢᠨᠢ ᠶᠣᠰᠣᠲᠠᠢ ᠮᠣᠩᠭᠤᠯ ᠨᠤᠲᠤᠭ ᠰᠢᠦ ᠳ᠋ᠠ᠃ ᠦᠵᠡᠳᠡᠯ᠎ᠡ ᠭᠠᠳᠠᠨ᠎ᠠ ᠬᠠᠷᠠᠩᠭᠤᠢᠯᠠᠵᠤ ᠵᠠᠮ ᠤ᠋ᠨ ᠪᠠᠷᠳᠠᠭ᠎ᠠ ᠤᠯᠠᠮ ᠨᠡᠮᠡᠭᠳᠡᠭᠰᠡᠨ ᠲᠤᠯᠠ ᠦᠨᠡᠨᠳᠡᠭᠡᠨ ᠬᠤᠷᠳᠤᠨ ᠨᠢᠭᠡ ᠭᠠᠵᠠᠷ ᠣᠯᠵᠤ ᠬᠥᠯ ᠠᠮᠠᠷᠠᠬᠤ ᠨᠢ ᠲᠡᠭᠡᠳᠦ ᠪᠠᠢᠯ᠎ᠠ᠃ ︽ᠵᠠ᠂ ᠲᠡᠭᠡᠪᠡᠯ ᠲᠠᠨ ᠤ ᠬᠢ ᠪᠡᠷ ᠪᠣᠯᠤᠶ᠎ᠠ︾ᠭᠡᠪᠡᠯ ︽ᠡᠨᠡᠭᠦᠬᠡᠨ ᠪᠠᠰᠠ ᠬᠡᠳᠦᠨ ᠠᠢᠯ ᠪᠠᠢᠳᠠᠭ︾ᠭᠡᠳ ᠵᠢᠯᠤᠭᠤᠴᠢ ᠵᠢᠯᠤᠭᠤ ᠪᠠᠨ ᠡᠪᠳᠡᠢᠬᠡᠨ ᠵᠠᠯᠠᠪᠠᠯ ᠲᠡᠷᠭᠡ ᠨᠢ ᠴᠦ ᠰᠠᠨᠠᠭ᠎ᠠ ᠪᠡᠷ ᠨᠢ ᠪᠣᠯᠵᠤ ᠡᠮᠦᠨᠡᠬᠢ ᠰᠠᠯᠠᠭ᠎ᠠ ᠵᠠᠮ ᠢ ᠰᠢᠯᠤᠭᠤᠬᠠᠨ ᠡᠯᠭᠦᠪᠡ᠃ ᠶᠠᠮᠠᠷ ᠠᠢᠯ ᠲᠠᠭᠠᠷᠠᠵᠤ ᠶᠠᠭᠠᠬᠢᠵᠦ ᠡᠪᠯᠡᠭᠡᠵᠦ ᠬᠣᠨᠤᠳᠠᠭ ᠪᠣᠯ᠂ ᠪᠢᠳᠡ ᠴᠢᠨᠢ ᠣᠷᠤᠢ ᠶᠢᠨ ᠬᠣᠭᠤᠯᠠ ᠴᠦ ᠢᠳᠡᠭᠡᠳᠦᠢ ᠬᠣᠭᠤᠰᠤᠨ ᠤᠯᠤᠰ ᠰᠢᠦ ᠭᠡᠵᠦ ᠭᠡᠳᠡᠰᠦ ᠴᠢᠮᠡᠭᠡ ᠢᠷᠡᠵᠦ ᠪᠠᠢᠪᠠ᠃ ᠲᠡᠭᠡᠳᠡᠯ᠎ᠡ ᠭᠣᠣᠯ ᠨᠢᠭᠡ ᠭᠡᠳᠦᠯᠵᠦ ᠭᠣᠷᠤᠬ᠎ᠠ ᠬᠣᠶᠠᠷ ᠲᠠᠮᠵᠢᠭᠠᠳ ᠨᠢᠭᠡ ᠠᠢᠯ ᠤᠨ ᠵᠠᠬ᠎ᠠ ᠳ᠋ᠤ ᠠᠯᠭᠤᠷᠬᠠᠨ ᠢᠷᠡᠵᠦ ᠵᠣᠭᠰᠤᠪᠠ᠃ ᠵᠠ᠂ ᠬᠦᠷᠦᠭᠰᠡᠨ ᠭᠡᠵᠦ ᠵᠢᠯᠤᠭᠤᠴᠢ ᠰᠠᠨᠠᠭ᠎ᠠ ᠠᠮᠠᠷᠠᠭᠰᠠᠨ ᠪᠣᠯᠵᠤ ᠲᠡᠷᠭᠡᠨ ᠡᠴᠡ ᠪᠠᠨ ᠪᠠᠭᠤᠪᠠ᠂ ᠡᠪᠳᠡᠢ ᠰᠠᠭᠤᠳᠠᠯ ᠢ ᠨᠢ ᠡᠳ᠋ᠯᠡᠵᠦ ᠡᠭᠦᠳᠡᠨ ᠵᠠᠬ᠎ᠠ ᠳ᠋ᠤ ᠰᠠᠭᠤᠭᠰᠠᠨ ᠮᠢᠨᠦ ᠨᠢᠭᠡ ᠤᠷᠰᠢᠭ ᠭᠡᠪᠡᠯ ᠲᠡᠷᠭᠡᠨ ᠳ᠋ᠤ ᠭᠠᠷᠪᠠᠯ ᠰᠡᠭᠦᠯᠡᠷ ᠨᠢ᠂ ᠲᠡᠷᠭᠡᠨ ᠡᠴᠡ ᠪᠠᠭᠤᠪᠠᠯ ᠤᠷᠢᠳᠠᠪᠠᠷ ᠲᠤᠯᠠ ᠰᠤᠷᠤᠭᠰᠠᠨ ᠢᠶᠡᠷ ᠢᠶᠡᠨ ᠰᠢᠭᠤᠳ ᠯᠠ ᠡᠭᠦᠳᠡ ᠨᠡᠭᠡᠭᠡᠨ ᠪᠠᠭᠤᠪᠠ᠃ ᠵᠢᠭᠳᠡᠷᠡᠨ ᠰᠠᠭᠤᠷᠢᠯᠠᠭᠰᠠᠨ ᠭᠤᠷᠪᠠᠨ ᠮᠣᠩᠭᠤᠯ ᠭᠡᠷ ᠬᠣᠭᠤᠷᠤᠨᠳᠤ ᠪᠠᠨ ᠨᠡᠯᠢᠶᠡᠳ ᠵᠠᠢᠳᠠᠢ᠂ ᠮᠠᠨ ᠤ᠋ ᠬᠢᠨ ᠬᠠᠮᠤᠭ ᠵᠡᠭᠦᠨ ᠵᠠᠬ᠎ᠠ ᠶᠢᠨ ᠭᠡᠷ ᠤᠨ ᠬᠠᠵᠠᠭᠤ ᠳ᠋ᠤ ᠵᠣᠭᠰᠤᠵᠤ᠂ ᠵᠣᠯᠪᠤᠭ᠎ᠠ ᠶᠢᠨ ᠡᠮᠦᠨ᠎ᠡ ᠨᠢᠭᠡ ᠬᠠᠯᠳᠠᠷ᠎ ᠨᠣᠬᠠᠢ ᠡᠷᠭᠢᠴᠡᠵᠦ ᠪᠠᠢᠭᠰᠠᠨ ᠢ ᠬᠠᠷᠠᠭᠰᠠᠨ ᠪᠢ ᠥᠭᠡᠷ᠎ᠡ ᠨᠣᠬᠠᠢ ᠪᠠᠢᠭᠰᠠᠨ ᠢ ᠶᠡᠷᠦ ᠰᠠᠨᠠᠭᠠᠨ ᠳ᠋ᠤ ᠣᠷᠤᠭᠰᠠᠨ ᠦᠭᠡᠢ᠂ ᠭᠡᠨᠡᠳᠳᠡ ᠰᠡᠭᠰᠡᠭᠡᠷ ᠲᠣᠮᠤ ᠬᠠᠷ᠎ᠠ ᠨᠣᠬᠠᠢ ᠥᠮᠦᠳᠦ ᠵᠢ ᠱᠦᠷᠭᠦᠭᠡᠨ ᠬᠠᠵᠠᠭᠤ ᠳ᠋ᠤ ᠵᠣᠭᠰᠤᠵᠤ ᠪᠠᠢᠭᠰᠠᠨ ᠳ᠋ᠤ ᠪᠦᠬᠦ ᠪᠡᠶ᠎ᠡ ᠠ᠋ᠴᠠ ᠬᠦᠢᠳᠡᠨ ᠬᠥᠯᠦᠰᠦ ᠴᠢᠭᠢᠭᠯᠡᠨ ᠠᠷᠠᠢ ᠯᠠ ᠬᠠᠷ᠎ᠠ ᠳᠠᠭᠤ ᠭᠠᠷᠤᠨ ᠵᠠᠪᠳᠤᠪᠠ᠃ ᠲᠡᠷᠭᠡᠨ ᠳ᠋ᠤ ᠲᠠᠬᠢᠭᠠᠳ ᠭᠠᠷᠴᠦ ᠴᠦ ᠯᠠᠪ ᠵᠠᠪᠳᠤᠬᠤ ᠦᠭᠡᠢ᠂ ᠬᠠᠭᠠᠯᠭ᠎ᠠ ᠨᠢ ᠣᠩᠭᠤᠢᠯᠲᠠᠲᠠᠢ ᠭᠡᠷ ᠲᠤ ᠣᠷᠤᠭᠠᠳ ᠴᠦ ᠨᠡᠩ ᠪᠣᠯᠬᠤ ᠦᠭᠡᠢ᠂ ᠲᠠᠨᠢᠬᠤ ᠦᠭᠡᠢ ᠬᠥᠮᠦᠨ ᠡᠵᠡᠭᠦᠢ ᠭᠡᠷ ᠥᠭᠡᠳᠡ ᠲᠡᠮᠡᠣᠯᠦᠨ᠎ᠡ ᠭᠡᠳᠡᠭ ᠴᠢᠨᠢ ᠪᠦᠳᠦᠭᠦᠨ ᠬᠠᠷ᠎ᠠ ᠲᠠᠢ ᠲᠠᠢᠨ ᠵᠠᠷᠯᠠᠭᠰᠠᠨ ᠶᠠᠪᠤᠳᠠᠯ ᠭᠡᠵᠦ ᠮᠡᠳᠡ᠃ ᠵᠣᠯ ᠢ᠋ᠢᠠᠷ︽ᠮᠣᠩᠭᠤᠯ ᠨᠣᠬᠠᠢ ᠮᠣᠩᠭᠤᠯ ᠬᠥᠮᠦᠨ ᠳ᠋ᠤ ᠣᠷᠤᠳᠠᠭ ᠦᠭᠡᠢ ᠰᠢᠦ ︾ᠬᠡᠵᠦ ᠵᠣᠯᠪᠤᠭ᠎ᠠ ᠨᠠᠳᠠᠳᠤ ᠰᠣᠨᠤᠰᠭᠠᠭᠰᠠᠨ ᠢᠶᠡᠨ ᠬᠣᠯᠢᠮᠠᠭ ᠬᠡᠯᠡᠳᠡᠨ ᠳ᠋ᠤ ᠪᠣᠯ ᠬᠡᠯᠡᠬᠦ ᠶᠢᠨ ᠠᠷᠭ᠎ᠠ ᠦᠭᠡᠢ ᠬᠡᠵᠦ ᠢᠨᠢᠶᠡᠮᠰᠦᠭᠯᠡᠪᠡ᠃ ᠮᠣᠩᠭᠤᠯ ᠨᠢ ᠴᠦ ᠯᠠᠪ ᠮᠣᠩᠭᠤᠯ᠂ ᠮᠤᠷᠤᠢ ᠬᠠᠵᠠᠭᠠᠢ ᠬᠡᠯᠡᠬᠦ ᠦᠭᠡᠢ ᠪᠣᠯ ᠭᠠᠢᠭᠤᠢ ᠪᠠᠢᠬᠤ ᠭᠡᠵᠦ ᠵᠣᠷᠢᠭᠯᠠᠭᠰᠠᠨ ᠪᠢ᠄︽ᠵᠠ᠂ ᠰᠠᠢᠨ ᠪᠠᠢᠨ᠎ᠠ ᠤ᠋ᠤ︖︾ᠭᠡᠵᠦ ᠬᠥᠮᠦᠨ ᠪᠠᠢᠬᠤ ᠡᠰᠡᠬᠦ ᠵᠢ ᠦᠯᠦ ᠮᠡᠳᠡᠬᠦ ᠭᠡᠷ ᠥᠭᠡᠳᠡ ᠬᠠᠷᠠᠨ ᠮᠡᠨᠳᠦᠴᠢᠯᠡᠭᠰᠡᠨ ᠮᠢᠨᠢ ᠰᠣᠯᠤᠭᠠᠢ ᠬᠣᠭᠤᠯᠠᠢ ᠪᠣᠯᠵᠤ ᠲᠤᠭᠤᠯᠤᠭᠰᠠᠨ ᠴᠦ ᠲᠤᠰᠠ ᠳ᠋ᠤ ᠬᠦᠷᠴᠦ ᠮᠣᠩᠭᠤᠯ ᠬᠡᠰᠡᠨ ᠢ ᠮᠠᠭᠠᠳᠯᠠᠭᠰᠠᠨ ᠪᠣᠯᠤᠯᠲᠠᠢ ᠪᠦᠳᠦᠭᠦᠨ ᠬᠠᠷ᠎ᠠ ᠵᠠᠯᠬᠠᠭᠣᠢᠳᠠᠢᠬᠠᠨ ᠵᠠᠢᠯᠠᠵᠤ ᠬᠡᠷ ᠤᠨ ᠬᠠᠶᠠᠭ᠎ᠠ ᠪᠠᠨ ᠳᠡᠷᠡᠯᠡᠵᠦ ᠬᠡᠪᠳᠡᠪᠡ᠃ ᠬᠡᠳᠦᠭᠦᠯᠡ ᠪᠠᠨ ᠭᠡᠷ ᠲᠤ ᠣᠷᠤᠪᠠᠯ ᠬᠥᠮᠦᠨ ᠤ ᠪᠠᠷ᠎ᠠ ᠠᠯᠠᠭ᠎ᠠ᠂ ᠢᠯᠡᠢ᠂ ᠶᠠᠮᠠᠷ ᠬᠠᠰᠢ ᠪᠠᠨ ᠤᠯᠤᠰ ᠪᠣᠢ᠂ ᠡᠭᠦᠳᠡ ᠪᠠᠨ ᠴᠦ ᠴᠣᠣᠵᠢᠯᠠᠬᠤ ᠦᠭᠡᠢ ᠭᠡᠷ ᠢᠶᠡᠨ ᠣᠷᠬᠢᠭᠠᠳ ᠬᠠᠮᠢᠭ᠎ᠠ ᠶᠠᠪᠤᠳᠠᠭ ᠪᠣᠢ ᠭᠡᠵᠦ ᠪᠢᠳᠡ ᠭᠠᠰᠠᠯᠵᠤ ᠭᠠᠷᠪᠠ᠂ ᠡᠳᠡ ᠣᠨᠢᠰᠤ ᠵᠠᠷᠤᠬᠤ ᠦᠭᠡᠢ ᠯᠠ ᠳ᠋ᠠ ᠭᠡᠵᠦ ᠵᠣᠯᠪᠤᠭ᠎ᠠ ᠮᠠᠨᠤᠰ ᠢ ᠲᠣᠭᠣᠬᠢᠯᠠᠨ᠂ ᠬᠠᠨ᠎ᠠ ᠶᠢᠨ ᠵᠠᠪᠰᠠᠷ ᠡᠴᠡ ᠣᠳᠠᠰᠣ ᠣᠯᠵᠤ ᠲᠠᠳᠠᠪᠠᠯ ᠴᠠᠬᠢᠯᠭᠠᠨ ᠳ᠋ᠧᠩ ᠤ᠋ᠨ ᠭᠡᠷᠡᠯ ᠪᠦᠬᠦ ᠭᠡᠷ ᠢ ᠲᠦᠩᠭᠡᠵᠦ ᠭᠡᠷᠡᠯᠳᠦᠬᠦᠯᠪᠡ᠂ ᠰᠠᠯᠬᠢᠨ ᠴᠠᠬᠢᠯᠭᠠᠨ ᠡᠭᠦᠰᠭᠡᠭᠴᠢ ᠶᠢᠨ ᠴᠠᠬᠢᠯᠭᠠᠨ ᠭᠡᠨ᠎ᠡ᠂ ᠭᠡᠪᠡᠴᠦ ᠭᠠᠷ ᠣᠳᠠᠰᠣ ᠴᠡᠨᠡᠭᠯᠡᠬᠦ ᠭᠠᠵᠠᠷ ᠡᠷᠢᠭᠡᠳ ᠣᠯᠣᠭᠰᠠᠨ ᠦᠭᠡᠢ᠂ ᠡᠳᠦᠷᠵᠢᠨ ᠵᠠᠮ ᠵᠠᠭᠤᠷ᠎ᠠ ᠢ᠋ᠢᠨ ᠦᠵᠡᠮᠵᠢ ᠵᠢ ᠰᠡᠭᠦᠳᠡᠷᠯᠡᠭᠰᠡᠭᠡᠷ ᠪᠠᠢᠭᠠᠳ ᠲᠡᠷᠭᠡᠨ ᠳᠡᠭᠡᠷ᠎ᠡ ᠴᠦ ᠴᠡᠨᠡᠭᠯᠡᠬᠦ ᠪᠠᠨ ᠮᠠᠷᠳᠠᠵᠣ ᠣᠳᠣ ᠪᠣᠯᠬᠤ ᠳ᠋ᠤ ᠴᠠᠬᠢᠯᠭᠠᠨ ᠦᠭᠡᠢ ᠭᠠᠷ ᠣᠳᠠᠰᠣ ᠬᠡᠷᠡᠭ ᠦᠭᠡᠢ ᠶᠠᠭᠤᠮ᠎ᠠ ᠪᠣᠯᠵᠤ ᠬᠣᠴᠤᠷᠪᠠ᠃ ᠤᠳᠠᠯ ᠦᠭᠡᠢ ᠠᠷᠪᠠᠭᠠᠳ ᠨᠠᠰᠤᠨ ᠤ ᠬᠣᠶᠠᠷ ᠬᠦᠦ ᠵᠢᠪᠠᠷ ᠲᠠᠲᠠᠭᠤᠯᠵᠤ ᠣᠷᠤᠵᠤ ᠢᠷᠡᠪᠡ᠂ ᠶᠡᠬᠡ ᠨᠢ ᠬᠦᠳᠡᠷ᠂ ᠠᠷᠪᠠᠨ ᠭᠣᠷᠪᠠᠳᠠᠢ᠂ ᠪᠠᠭ᠎ᠠ ᠨᠢ ᠴᠢᠭᠢᠷᠠᠭ᠂ ᠠᠷᠪᠠᠨ ᠨᠢᠭᠡᠳᠡᠢ᠂ ᠳᠡᠭᠦᠦ ᠨᠢ ᠪᠠᠷᠠᠭᠤᠨ ᠭᠠᠷ ᠢᠶᠡᠨ ᠬᠦᠵᠦᠭᠦᠨ ᠡᠴᠡ ᠪᠠᠨ ᠣᠭᠤᠰᠤᠷᠯᠠᠵᠤ ᠠᠰᠠᠭᠤᠪᠠᠯ ᠮᠣᠷᠢᠨ ᠡᠴᠡ ᠪᠠᠨ ᠣᠢᠴᠢᠵᠦ ᠪᠡᠷᠳᠡᠯ᠎ᠡ ᠭᠡᠵᠦ ᠪᠠᠢᠨ᠎ᠠ᠂ ᠠᠯᠢᠶ᠎ᠠ ᠯᠠ ᠬᠡᠣᠬᠡᠳ ᠪᠠᠢᠵᠤ ᠲᠠᠭᠠᠷᠠᠨ᠎ᠠ ᠭᠡᠵᠦ ᠨᠢᠳᠤ ᠨᠠᠳᠠᠳᠤ ᠬᠡᠯᠡᠪᠡ᠃ ᠠᠪᠤ ᠡᠵᠢ ᠨᠢ ᠬᠣᠶᠠᠷ ᠬᠡᠣᠬᠡᠨ ᠲᠡᠬᠦᠦ ᠵᠢ ᠨᠢ ᠲᠠᠭᠠᠭᠣᠯᠣᠨ ᠠᠮᠢᠳᠤᠷᠠᠯ ᠤᠨ ᠠᠷ ᠰᠠᠷ ᠬᠡᠷᠡᠭᠰᠡᠯ ᠠᠪᠬᠤ ᠪᠡᠷ ᠬᠤᠳᠠ ᠣᠷᠤᠭᠠᠳ ᠬᠣᠶᠠᠷ ᠬᠣᠨᠤᠵᠤ ᠪᠠᠢᠨ᠎ᠠ ᠭᠡᠨ᠎ᠡ᠂ ᠬᠠᠷᠢᠵᠦ ᠢᠷᠡᠳᠡᠯ᠎ᠡ ᠪᠠᠰᠠ ᠬᠡᠳᠦ ᠬᠣᠨᠤᠬᠤ ᠪᠠᠢᠬᠤ ᠬᠡᠵᠦ ᠬᠦᠳᠡᠷ ᠬᠦᠦ ᠠᠵᠢᠭ ᠦᠭᠡᠢ ᠶᠠᠷᠢᠵᠤ ᠭᠠᠷᠤᠨ᠎ᠠ᠃ ᠵᠠ ᠵᠠ᠂ ᠶᠠᠪᠤᠵᠤ ᠶᠠᠪᠤᠵᠤ ᠶᠠᠭ ᠲᠠᠭᠠᠷᠠᠵᠤ ᠡᠳᠡᠨᠣᠰ ᠤᠨ ᠳ᠋ᠤ ᠢᠷᠡᠬᠦ ᠬᠡᠵᠦ ᠡ᠂ ᠦᠭᠡᠢ᠂ ᠡᠢᠮᠦ ᠵᠢᠭᠠᠬᠠᠨ ᠬᠣᠶᠠᠷ ᠬᠦᠦ ᠪᠠᠨ ᠬᠠᠶᠠᠭᠠᠳ ᠬᠡᠳᠦ ᠬᠣᠨᠤᠬᠤ ᠭᠡᠵᠦ ᠦᠨᠡᠬᠡᠷ ᠠᠮᠣᠷᠠᠭᠣᠯᠣᠭᠰᠠᠨ ᠯᠠ ᠤᠯᠤᠰ ᠭᠡᠵᠦ ᠳ᠋ᠠ᠂ ᠪᠢ ᠣᠷᠤ ᠶᠢᠨ ᠥᠨᠴᠦᠭ ᠣᠯᠵᠤ ᠭᠡᠳᠡᠰᠦ ᠪᠠᠨ ᠲᠡᠪᠡᠷᠢᠨ ᠠᠳᠣᠷᠢᠨ ᠰᠠᠭᠤᠬᠤ ᠳ᠋ᠤ ᠣᠷᠢᠳᠠᠪᠡᠷ ᠠᠢᠷᠠᠭ ᠤᠤᠭᠤᠵᠤ ᠶᠠᠳᠠᠷᠠᠭ᠎ᠠ ᠪᠠᠨ ᠲᠠᠢᠯᠵᠤ ᠪᠠᠢᠭᠠᠷᠠᠢ ᠭᠡᠵᠦ ᠬᠦᠳᠡᠷ ᠬᠦᠦ ᠮᠡᠯᠮᠡᠯᠵᠡᠭᠰᠡᠨ ᠠᠶᠠᠭ᠎ᠠ ᠲᠠᠢ ᠠᠢᠷᠠᠭ ᠪᠠᠷᠢᠪᠠ᠃ ᠪᠢᠳᠡ ᠢᠷᠡᠭᠰᠡᠨ ᠰᠠᠨᠠᠭ᠎ᠠ ᠪᠠᠨ ᠴᠣᠬᠣᠢᠯᠭᠠᠪᠠᠯ ᠬᠣᠭᠤᠯᠠ ᠤᠳᠠᠬᠤ ᠦᠭᠡᠢ ᠪᠣᠯᠴᠢᠬᠠᠨ᠎ᠠ᠂ ᠪᠠᠭᠠᠬᠠᠨ ᠬᠦᠯᠢᠭᠡᠯᠵᠡᠭᠡᠷᠡᠢ ᠭᠡᠨ᠎ᠡ᠃ ᠮᠠᠯ ᠬᠣᠨᠢ ᠪᠠᠨ ᠣᠢᠷᠠᠳᠣᠭᠣᠯᠣᠭᠠᠳ ᠣᠷᠤᠢ ᠶᠢᠨ ᠭᠠᠯ ᠪᠠᠭ᠎ᠠ ᠣᠷᠣᠢᠳᠠᠴᠢᠬᠠᠯ᠎ᠠ ᠭᠡᠵᠦ ᠲᠣᠮᠤ ᠬᠥᠮᠦᠨ ᠰᠢᠭ ᠮᠠᠨᠤᠰ ᠲᠠᠢ ᠰᠤᠯᠠ ᠵᠣᠭᠤᠭᠳᠠᠬᠤ ᠶᠢᠨ ᠲᠠᠭᠠᠣ ᠲᠦᠯᠡᠭᠡ ᠲᠦᠯᠡᠰᠢ ᠠᠪᠴᠢᠷᠠᠨ ᠭᠠᠯ ᠨᠣᠴᠤᠭᠠᠨ ᠬᠢᠰᠠ ᠪᠠᠨ ᠮᠠᠰᠢ ᠪᠣᠯᠪᠠᠰᠤᠷᠠᠩᠭᠤᠢ ᠬᠥᠭᠵᠢᠭᠡᠵᠦ ᠲᠠᠯᠪᠢᠪᠠ᠂ ᠬᠥᠮᠦᠨ ᠲᠦᠷᠥᠯᠬᠢᠳᠡᠨ ᠤ ᠬᠦᠭᠵᠢᠯᠳᠡ ᠳ᠋ᠤ ᠭᠠᠯ ᠶᠡᠬᠡ ᠲᠤᠰᠠ ᠪᠣᠯᠤᠯ᠎ᠠ ᠬᠡᠰᠡᠨ ᠰᠢᠭ᠌ ᠬᠥᠭᠵᠢᠭᠰᠡᠨ ᠭᠠᠯ ᠢ ᠦᠵᠡᠭᠰᠡᠨ ᠤ ᠶᠤᠮ ᠤᠤ ᠪᠠᠷᠢᠭᠰᠠᠨ ᠠᠢᠷᠠᠭ ᠢ ᠬᠥᠨᠲᠦᠷᠦᠭᠰᠡᠨ ᠤ ᠶᠤᠮ ᠤ᠋ᠤ ᠪᠦᠦ ᠮᠡᠳᠡ ᠪᠢ ᠵᠣᠷᠢᠭ ᠣᠷᠤᠵᠤ ᠬᠣᠶᠠᠷ ᠬᠡᠣᠬᠡᠳ ᠢ ᠲᠠᠭᠠᠵᠤ ᠤᠰᠤᠨ ᠳ᠋ᠤ ᠶᠠᠪᠤᠪᠠ᠃ ᠡᠭᠦᠳᠡ ᠭᠠᠷᠪᠠᠯ ᠬᠤᠳᠳᠤᠭ ᠪᠠᠢᠨ᠎ᠠ ᠬᠡᠵᠦ ᠪᠣᠳᠤᠭᠰᠠᠨ ᠮᠢᠨᠢ ᠪᠤᠷᠤᠭᠤᠳᠠᠵᠤ ᠠᠰ ᠵᠡᠭᠦᠨᠰᠢ ᠡᠪᠡᠰᠦᠨ ᠲᠣᠮᠳᠠᠭᠣᠷ ᠶᠠᠪᠤᠵᠤ ᠣᠷᠬᠢᠪᠠ᠂ ᠭᠠᠳᠠᠨ᠎ᠠ ᠨᠡᠯᠢᠶᠡᠳ ᠬᠠᠷᠠᠩᠭᠤᠢ ᠴᠦ ᠭᠠᠵᠠᠷ ᠶᠡᠬᠡ ᠲᠡᠭᠰᠢᠬᠡᠨ᠂ ᠠᠷᠤ ᠠ᠋ᠴᠠ ᠨᠢ ᠲᠠᠭᠠᠵᠤ ᠪᠠᠷᠤᠭ ᠲᠠᠪᠢᠭᠠᠳ ᠮᠸᠲ᠋ᠷ ᠶᠠᠪᠤᠪᠠᠯ ᠨᠠᠮᠤᠭᠤᠬᠠᠨ ᠭᠤᠷᠴᠢᠭᠢᠨᠠᠬᠤ ᠨᠢᠭᠡᠨ ᠭᠣᠷᠤᠬ᠎ᠠ ᠲᠠᠭᠠᠷᠠᠯᠳᠤᠪᠠ᠂ ᠵᠢᠵᠢᠭ᠌ ᠡᠷᠭᠢ ᠶᠢᠨ ᠳᠣᠣᠷ᠎ᠠ ᠡᠴᠡ ᠪᠤᠯᠠᠭ ᠣᠷᠭᠢᠯᠤᠨ ᠨᠠᠷᠢᠬᠠᠨ ᠭᠣᠷᠤᠬ᠎ᠠ ᠪᠣᠯᠵᠤ ᠬᠣᠢᠲᠤ ᠵᠦᠭ ᠮᠤᠰᠭᠢᠷᠠᠯᠳᠤᠨ ᠤᠷᠤᠰᠤᠨ᠎ᠠ᠃ ᠭᠡᠷ ᠣᠢᠷᠠᠯᠴᠠᠭ᠎ᠠ ᠪᠤᠯᠠᠭ ᠲᠠᠢ ᠶᠠᠮᠠᠷ ᠰᠠᠢᠬᠠᠨ ᠭᠠᠵᠠᠷ ᠪᠣᠢ ᠬᠡᠵᠦ ᠦᠭᠡ ᠡᠭᠦᠰᠭᠡᠪᠡᠯ︽ ᠪᠤᠯᠠᠭ ᠤᠨ ᠲᠣᠯᠤᠭᠠᠢ ᠳ᠋ᠤ ᠭᠠᠷᠴᠦ ᠪᠣᠯᠬᠤ ᠦᠭᠡᠢ ᠰᠢᠦ︾ ᠬᠡᠵᠦ ᠬᠦᠳᠡᠷ ᠬᠦᠦ ᠨᠠᠳᠠ ᠳ᠋ᠤ ᠰᠠᠨᠠᠭᠤᠯᠪᠠ᠃ ᠪᠢ ᠬᠢᠴᠢᠶᠡᠭᠡᠳ ᠵᠣᠭᠰᠤᠭᠰᠠᠨ ᠣᠷᠤᠨ ᠠ᠋ᠴᠠ ᠪᠠᠨ ᠬᠥᠳᠡᠯᠦᠭᠰᠡᠨ ᠦᠭᠡᠢ᠂ ᠬᠣᠶᠠᠷ ᠬᠦᠦ ᠪᠤᠯᠠᠭ ᠤᠨ ᠵᠠᠬ᠎ᠠ ᠳ᠋ᠤ ᠨᠠᠮᠵᠢᠭᠤᠬᠠᠨ ᠣᠴᠤᠢᠨ ᠰᠠᠭᠤᠭᠰᠠᠨ ᠢ᠋ᠢᠡᠨ ᠬᠦᠳᠡᠷ ᠬᠦᠦ᠄︽ᠮᠠᠨ ᠤ ᠳ᠋ᠤ ᠭᠡᠢᠴᠢᠨ ᠢᠷᠡᠭᠰᠡᠨ ᠡᠴᠡ ᠲᠠᠨ ᠠ᠋ᠴᠠ ᠴᠠᠢ ᠶᠢᠨ ᠤᠰᠤ ᠭᠤᠶᠤᠬᠤ ᠭᠡᠰᠡᠨ ᠶᠤᠮ ᠡ᠂ ᠰᠣᠶᠤᠷᠬᠠᠬᠤ ᠪᠣᠯᠪᠠ ᠤ᠋ᠤ︖︾ ᠬᠡᠵᠦ ᠠᠶᠠᠷᠬᠠᠨ ᠬᠡᠯᠡᠭᠰᠡᠨ ᠢᠶᠡᠨ ᠬᠤᠯᠤ ᠪᠡᠷ ᠤᠰᠤ ᠨᠠᠮᠤᠭᠤᠬᠠᠨ ᠬᠤᠳᠭᠤᠵᠤ ᠰᠠᠭᠤᠯᠠᠭ᠎ᠠ ᠳ᠋ᠤ ᠪᠠᠨ ᠬᠢᠪᠡ᠃ ᠭᠡᠷ ᠲᠤ ᠪᠠᠨ ᠴᠦ ᠤᠰᠤ ᠬᠠᠳᠠᠭᠠᠯᠠᠬᠤ ᠦᠭᠡᠢ ᠬᠡᠰᠡᠨ ᠮᠢᠨᠢ ᠪᠠᠰᠠ ᠪᠤᠷᠤᠭᠤᠳᠠᠵᠤ᠂ ᠰᠠᠢᠬᠠᠨ ᠪᠤᠯᠠᠭ ᠤᠨ ᠰᠢᠨ᠎ᠡ ᠤᠰᠤ ᠪᠡᠷ ᠢᠶᠡᠨ ᠮᠠᠨ ᠢ ᠵᠣᠴᠢᠯᠠᠬᠤ ᠬᠡᠰᠡᠨ ᠠᠵᠢ᠃ ᠪᠤᠴᠠᠬᠤ ᠵᠠᠮ ᠳ᠋ᠤ ᠬᠦᠳᠡᠷ ᠬᠦᠦ᠄︽ ᠪᠤᠯᠠᠭ ᠡᠴᠡ ᠤᠰᠤ ᠠᠪᠤᠪᠠᠯ ᠤᠴᠢᠷ ᠢᠶᠡᠨ ᠬᠡᠯᠡᠵᠦ ᠭᠤᠶᠤᠵᠤ ᠠᠪᠳᠠᠭ ᠰᠢᠦ︾ᠬᠡᠵᠦ ᠮᠢᠨᠦ ᠰᠠᠶᠢᠬᠢ ᠢ᠋ᠢᠨ ᠭᠠᠢᠬᠠᠰᠢᠷᠠᠭᠰᠠᠨ  ᠳ᠋ᠤ ᠲᠠᠢᠯᠪᠦᠷᠢᠯᠠᠵᠣ ᠪᠠᠢᠪᠠ᠂ ︽ᠮᠠᠨ ᠤ᠋ ᠪᠤᠯᠠᠭ ᠬᠠᠲᠠᠭᠤ ᠰᠢᠦ᠂ ᠴᠢᠭᠢᠷᠠᠭ ᠲᠡᠭᠦᠦᠳᠡᠢ ᠪᠤᠯᠠᠭ ᠤᠨ ᠴᠢᠯᠠᠭᠤ ᠵᠢ ᠬᠥᠨᠳᠡᠭᠰᠡᠨ ᠡᠴᠡ ᠪᠤᠯᠠᠭ ᠠᠭᠤᠷᠯᠠᠵᠤ ᠮᠣᠷᠢ ᠵᠢ ᠨᠢ ᠪᠣᠯᠬᠢᠭᠣᠯᠪᠠ ᠰᠢᠦ︾ᠬᠡᠭᠦ ᠳ᠋ᠤ ᠴᠢᠭᠢᠷᠠᠭ ᠬᠦᠦ ᠴᠦ ︽ᠲᠡᠢᠮᠦ︕ ︾ᠬᠡᠵᠦ ᠲᠣᠯᠤᠭᠠᠢ ᠲᠣᠬᠢᠨ ᠪᠠᠢᠯ᠎ᠠ᠃ ᠲᠡᠭᠡᠭᠡᠳ ᠭᠠᠷ ᠴᠢᠨᠢ ᠭᠠᠢᠭᠤᠢ ᠤᠤ ᠬᠡᠭᠦ ᠳ᠋ᠤ︽ᠵᠦᠭᠡᠷ ᠡ᠂ ᠬᠣᠢᠳᠣ ᠠᠢᠯ ᠤᠨ ᠬᠣᠷᠯᠣ ᠠᠪᠤ ᠪᠡᠷ ᠶᠠᠰᠤ ᠪᠠᠷᠢᠭᠤᠯᠤᠭᠠᠳ ᠭᠠᠷᠠᠭ ᠪᠣᠯᠵᠤ ᠪᠠᠢᠨ᠎ᠠ᠂ ᠪᠤᠯᠠᠭ ᠤᠨ ᠰᠠᠬᠢᠭᠤᠰᠤ ᠳ᠋ᠤ ᠪᠠᠨ ᠪᠠᠰᠠ ᠳᠠᠭᠠᠳᠭᠠᠴᠢᠬᠠᠭᠰᠠᠨ ᠶᠤᠮ᠂ ᠣᠳᠣ ᠬᠣᠶᠠᠷ  ᠭᠠᠷᠠᠭ ᠡᠴᠡ ᠬᠣᠭ ᠦᠭᠡᠢ ᠡᠳᠡᠭᠡᠴᠢᠬᠡᠨ᠎ᠡ︾ᠬᠡᠵᠦ ᠠᠵᠢᠭ ᠦᠭᠡᠢ ᠬᠡᠯᠡᠨ᠎ᠡ᠃ ᠡᠬᠡ ᠪᠠᠢᠭᠠᠯᠢ ᠪᠠᠨ ᠢᠩᠬᠢᠳᠡᠯ᠎ᠡ ᠪᠠᠨ ᠰᠢᠳᠦᠨ ᠪᠢᠰᠢᠷᠡᠵᠦ ᠬᠥᠨᠳᠦᠳᠭᠡᠨ ᠶᠠᠪᠤᠳᠠᠭ ᠬᠡᠣᠬᠡᠳ ᠢ᠋ ᠡᠵᠢ ᠠᠪᠤ ᠨᠢ ᠶᠠᠭᠠᠬᠢᠵᠦ ᠰᠤᠷᠭᠠᠭᠰᠠᠨ ᠪᠣᠯ ᠭᠡᠵᠦ ᠪᠢ ᠭᠠᠢᠬᠠᠰᠢᠷᠠᠪᠠ᠃ ᠤᠳᠠᠯ ᠦᠭᠡᠢ ᠬᠦᠳᠡᠷ ᠬᠦᠦ ᠶᠢᠨ ᠴᠠᠢ ᠪᠤᠴᠠᠯᠵᠤ ᠮᠠᠨ ᠳ᠋ᠤ ᠠᠶᠠᠭᠠᠯᠠᠭᠰᠠᠨ ᠢᠶᠡᠨ ᠴᠠᠢ ᠶᠢᠨ ᠲᠠᠪᠢᠰᠢ ᠭᠡᠵᠦ ᠲᠠᠪᠠᠭ ᠳᠦᠭᠦᠷᠡᠩ ᠬᠤᠷᠤᠳ ᠪᠣᠣᠪᠤ ᠢ᠋ᠢᠨ ᠵᠦᠢᠯᠡᠰ ᠣᠢᠷᠠᠳᠣᠭᠣᠯᠪᠠ᠂ ᠬᠠᠨ᠎ᠠ ᠶᠢᠨ ᠡᠯᠭᠦᠭᠡᠰᠦ ᠶᠢᠨ ᠪᠦᠰ ᠣᠭᠤᠳᠠ ᠡᠴᠡ ᠬᠠᠳᠠᠭᠠᠭᠰᠠᠨ ᠪᠣᠷᠴᠠ ᠭᠠᠷᠭᠠᠨ ᠨᠠᠷᠠᠰᠤᠨ ᠮᠣᠳᠤᠨ ᠤ᠋ ᠪᠠᠨ ᠴᠣᠭ ᠲᠤ ᠰᠢᠷᠠᠵᠤ᠂ ᠰᠠᠷᠯᠤᠭ ᠦᠬᠡᠷ ᠤᠨ ᠮᠢᠬ᠎ᠠ ᠰᠢᠦ ᠬᠡᠵᠦ ᠪᠠᠰᠠ ᠨᠢᠭᠡ ᠪᠦᠳᠦᠭᠦᠨ ᠲᠠᠪᠠᠭ ᠲᠦᠭᠦᠷᠬᠡᠵᠦ ᠲᠠᠯᠪᠢᠪᠠ᠃ ᠲᠡᠭᠡᠭᠰᠡᠨ ᠢᠶᠡᠨ ᠬᠢᠰᠠ ᠳᠡᠭᠡᠷ᠎ᠡ ᠪᠦᠳᠦᠭᠦᠨ ᠲᠣᠭᠤᠭ᠎ᠠ ᠰᠣᠯᠢᠵᠤ ᠬᠡᠳᠦᠨ ᠬᠡᠰᠡᠭ ᠶᠠᠰᠤ ᠲᠠᠢ ᠮᠢᠬ᠎ᠠ ᠴᠢᠨᠠᠭᠰᠠᠨ ᠢᠶᠡᠨ ᠱᠥᠯᠦᠨ ᠳ᠋ᠤ ᠨᠢ ᠭᠤᠯᠢᠷ ᠬᠣᠭᠤᠯᠠ ᠬᠢᠵᠦ ᠤᠳᠠᠵᠤ ᠲᠦᠳᠡᠯ ᠦᠭᠡᠢ ᠣᠢᠷᠠᠳᠣᠭᠣᠯᠪᠠ᠂ ᠴᠢᠭᠢᠷᠠᠭ ᠬᠦᠦ ᠴᠦ ᠵᠦᠭᠡᠷ ᠰᠠᠭᠤᠯ ᠦᠭᠡᠢ ᠲᠦᠯᠡᠭᠡ ᠨᠡᠮᠡᠨ ᠤᠰᠤ ᠴᠠᠢ ᠠᠶᠠᠭᠠᠯᠠᠨ ᠠᠬ᠎ᠠ ᠳ᠋ᠤ ᠪᠠᠨ ᠬᠠᠮᠵᠢᠵᠦ ᠪᠠᠢᠭᠰᠠᠨ ᠢᠶᠡᠨ ᠬᠣᠭᠤᠷᠤᠨᠳᠤ ᠨᠢ ᠪᠠᠰᠠ ᠭᠠᠩ ᠲᠠᠢ ᠠᠢᠷᠠᠭ ᠢᠶᠡᠨ ᠨᠢᠭᠡ ᠭᠠᠷ ᠢᠶᠡᠷ ᠢᠶᠡᠨ ᠡᠪᠳᠡᠢᠬᠡᠨ ᠪᠦᠯᠢᠬᠦ ᠳ᠋ᠤ ᠪᠠᠨ ᠮᠢᠬ᠎ᠠ ᠢᠳᠡᠭᠡᠳ ᠪᠠᠷᠴᠢᠭᠢᠨᠠᠵᠤ ᠪᠠᠢᠭᠰᠠᠨ ᠮᠠᠨᠤᠰ ᠲᠤ ᠬᠠᠨᠳᠤᠭᠠᠳ ᠠᠢᠷᠠᠭ ᠤᠨ ᠵᠠᠬ᠎ᠠ ᠳ᠋ᠤ ᠡᠯᠳᠡᠪ ᠮᠠᠭᠤᠬᠠᠢ ᠦᠭᠡ ᠬᠡᠯᠡᠬᠦ ᠦᠭᠡᠢ ᠰᠢᠦ ᠭᠡᠵᠦ ᠰᠡᠷᠡᠮᠵᠢᠯᠡᠭᠦᠯᠦᠨ᠎ᠡ᠂ ᠬᠡᠭᠦ ᠳ᠋ᠤ ᠠᠢᠷᠠᠭ ᠨᠢ ᠪᠠᠰᠠ ᠦᠨᠡᠬᠡᠷ ᠲᠡᠢᠮᠦ ᠭᠡᠰᠡᠨ ᠰᠢᠭ᠌ ᠭᠠᠩ ᠳᠣᠲᠤᠷ᠎ᠠ ᠪᠠᠨ ᠱᠤᠤᠭᠢᠵᠤ ᠪᠠᠢᠯ᠎ᠠ᠃ ︽ᠭᠡᠷ  ᠤ᠋ᠨ ᠬᠡᠯᠬᠢᠶ᠎ᠡ ᠲᠣᠭᠤᠨᠤ᠂ ᠬᠡᠳᠡᠰᠦᠨ ᠤ ᠬᠡᠯᠬᠢᠶ᠎ᠡ ᠬᠣᠭᠤᠯᠠ︾ᠬᠡᠵᠦ ᠪᠡᠶ᠎ᠡ ᠴᠢᠩᠭᠠᠷᠠᠭᠰᠠᠨ ᠪᠢᠳᠡ ᠵᠣᠭᠤᠭ ᠬᠠᠯᠠᠰᠠᠭᠤ ᠪᠠᠢᠯ᠎ᠠ᠂ ᠬᠦᠳᠡᠷ ᠬᠦᠦ ᠨᠠᠢ᠍ᠮᠠᠳᠤᠭᠠᠷ ᠣᠨ ᠤ ᠰᠤᠷᠤᠭᠴᠢ᠂ ᠴᠢᠭᠢᠷᠠᠭ ᠬᠦᠦ ᠵᠢᠷᠭᠤᠳᠤᠭᠠᠷ ᠣᠨ ᠤ ᠰᠤᠷᠤᠭᠴᠢ ᠭᠡᠨ᠎ᠡ᠂ ᠠᠮᠠᠷᠠᠯᠳᠠ ᠪᠡᠷ ᠬᠠᠷᠢᠵᠤ ᠢᠷᠡᠭᠡᠳ ᠪᠠᠢᠬᠤ ᠳ᠋ᠤ ᠨᠢ ᠠᠮᠵᠢᠵᠤ ᠠᠪᠤ ᠡᠵᠢ ᠨᠢ ᠬᠤᠳᠠ ᠣᠷᠤᠭᠰᠠᠨ ᠭᠡᠨ᠎ᠡ᠂ ᠠᠵᠢᠯ ᠳ᠋ᠤ ᠳᠠᠳᠮᠠᠭᠠᠢ᠂ ᠠᠵᠢᠯᠴᠢ ᠪᠣᠷᠤᠭᠵᠢᠭᠤᠨ ᠪᠣᠯᠪᠠᠰᠤᠨ ᠶᠣᠰᠤᠷᠬᠠᠭ ᠶᠠᠷᠢᠶ᠎ᠠ ᠲᠠᠢ ᠬᠣᠶᠠᠷ ᠬᠡᠣᠬᠡᠳ ᠤᠨ ᠠᠪᠤ ᠡᠵᠢ ᠨᠢ ᠶᠠᠮᠠᠷ ᠰᠢᠦ ᠬᠥᠮᠦᠨ ᠪᠣᠯ︖ ᠡᠨᠡ ᠣᠷᠤᠢ ᠬᠦᠷᠦᠭᠡᠳ ᠢᠷᠡᠳᠡᠭ ᠪᠣᠯ ᠠᠭᠤᠯᠵᠠᠵᠤ ᠤᠬᠠᠭᠠᠨ ᠢ᠋ ᠨᠢ ᠣᠯᠬᠤ ᠰᠠᠨ ᠬᠡᠵᠦ ᠠᠯᠮᠠᠢᠷᠠᠵᠤ ᠪᠠᠢᠳᠠᠯ᠎ᠠ ᠰᠠᠢᠬᠠᠨ ᠰᠡᠳᠭᠢᠯ ᠲᠠᠢ ᠬᠥᠮᠦᠨ ᠦᠵᠡᠮᠵᠢ ᠲᠡᠭᠦᠯᠳᠡᠷ ᠬᠠᠷᠠᠭᠳᠠᠬᠤ ᠬᠡᠭᠴᠢ᠂ ᠨᠢᠭᠡᠨ ᠥᠭᠡᠳᠡ ᠴᠢᠷᠠᠢ ᠲᠠᠢ ᠡᠪᠦᠭᠡᠨᠵᠢᠷ ᠨᠠᠰᠤᠨ ᠤ ᠬᠥᠮᠦᠨ ᠣᠷᠤᠨ ᠢᠷᠡᠵᠦ ᠮᠠᠨ ᠲᠠᠢ ᠮᠡᠨᠳᠦᠴᠢᠯᠡᠭᠰᠡᠨ ᠢᠶᠡᠨ ᠬᠣᠶᠠᠷ ᠬᠦᠦ ᠶᠢᠨ ᠲᠣᠯᠤᠭᠠᠢ ᠵᠢ ᠢᠯᠪᠢᠵᠦ᠄︽ᠮᠢᠨᠦ ᠬᠣᠶᠠᠷ ᠬᠦᠦ ᠡᠨᠡ ᠣᠷᠤᠢ ᠮᠠᠯ ᠢ ᠮᠢᠨᠢ ᠮᠣᠷᠢ ᠪᠡᠷ ᠢᠶᠡᠨ ᠡᠷᠭᠢᠭᠦᠯᠵᠦ ᠥᠭᠭᠦᠭᠰᠡᠨ ᠦᠭᠡᠢ ᠪᠣᠯ ᠮᠢᠨᠦ ᠡᠨᠡ ᠮᠠᠭᠤ ᠬᠥᠯ ᠢᠶᠡᠷ ᠬᠡᠳᠦᠢ ᠳ᠋ᠤ ᠬᠤᠷᠢᠶᠠᠵᠤ ᠳᠡᠢᠯᠳᠡᠭ ᠶᠤᠮ ᠮᠡᠳᠡᠬᠦ ᠦᠭᠡᠢ︾ᠬᠡᠭᠦ ᠳ᠋ᠤ︽ᠵᠦᠭᠡᠷ  ᠡ᠂ ᠵᠦᠭᠡᠷ ᠡ︾ᠭᠡᠵᠦ ᠯᠠ ᠬᠣᠶᠠᠷ ᠬᠦᠦ ᠢᠨᠢᠶᠡᠮᠰᠦᠭᠯᠡᠨ᠎ᠡ᠃ ᠤᠤᠯ ᠨᠢ ᠡᠨᠡ ᠬᠣᠶᠠᠷ ᠬᠦᠦ ᠵᠡᠷᠭᠡᠯᠡᠳᠡᠭᠡ ᠠᠢᠯ ᠤᠨ ᠢᠶᠡᠨ ᠠᠵᠢᠯ ᠳ᠋ᠤ ᠬᠠᠪᠰᠤᠷᠤᠭᠠᠳ ᠣᠷᠣᠢᠳᠠᠭᠰᠠᠨ ᠯᠠ ᠪᠠᠢᠵᠠᠢ ᠳ᠋ᠠ ᠬᠥᠭᠡᠷᠦᠬᠦᠢ᠂ ᠬᠦᠳᠡᠷ ᠤ᠋ᠨ ᠳ᠋ᠤ ᠠᠷᠪᠢᠨ ᠬᠡᠢᠴᠢᠨ ᠲᠠᠢ ᠵᠢ ᠮᠡᠳᠡᠭᠡᠳ ᠡᠪᠦᠭᠡᠨ ᠭᠡᠷ ᠲᠤ ᠪᠠᠨ ᠵᠠᠯᠠᠬᠤ ᠪᠡᠷ ᠢᠷᠡᠵᠡᠢ᠂︽ᠣᠯᠠᠨ ᠢᠷᠡᠪᠡᠯ ᠴᠠᠢ ᠦᠭᠡᠢ᠂ ᠣᠷᠤᠢ ᠢᠷᠡᠪᠡᠯ ᠣᠷᠤ ᠦᠭᠡᠢ︾ ᠬᠡᠰᠡᠨ ᠦᠭᠡ ᠴᠦ ᠶᠠᠭ ᠪᠤᠷᠤᠭᠤ ᠪᠠᠢᠵᠠᠢ᠂ ᠪᠢᠳᠡ ᠡᠪᠦᠭᠡᠨ ᠤ ᠳ᠋ᠤ ᠪᠠᠰᠠ ᠨᠢᠭᠡ ᠮᠥᠷ ᠳᠠᠢᠯᠠᠭᠳᠠᠭᠠᠳ ᠰᠠᠶᠢ ᠣᠷᠤ ᠣᠯᠵᠤ ᠬᠡᠪᠳᠡᠵᠡᠭᠡᠪᠡ᠃ ᠬᠠᠯᠠᠭᠤᠨ ᠴᠠᠢ ᠬᠠᠳᠠᠭᠠᠭᠰᠠᠨ ᠪᠣᠷᠴᠠ ᠱᠥᠯᠦ ᠲᠠᠢ ᠭᠤᠯᠢᠷ  ᠤ᠋ᠨ ᠳᠡᠭᠡᠷ᠎ᠡ ᠡᠪᠦᠭᠡᠨ ᠤ ᠥᠪᠡᠷ ᠢᠶᠡᠨ ᠨᠡᠷᠡᠭᠰᠡᠨ ᠨᠡᠷᠡᠮᠡᠯ ᠢ᠋ ᠱᠠᠯᠠᠭ᠎ᠠ ᠳᠠᠭᠠᠭᠠᠭᠰᠠᠨ ᠦᠭᠡᠢ ᠤᠤᠭᠤᠭᠰᠠᠨ ᠴᠦ ᠡᠳᠦᠷ ᠤ᠋ᠨ ᠢ᠋ᠢᠡᠨ ᠦᠵᠡᠭᠰᠡᠨ ᠰᠣᠨᠤᠰᠤᠭᠰᠠᠨ ᠢ᠋ᠢᠡᠨ ᠡᠷᠭᠢᠴᠡᠭᠦᠯᠦᠭᠡᠳ ᠨᠣᠢᠷ ᠬᠤᠯᠵᠢᠴᠢᠬᠠᠯ᠎ᠠ᠂ ᠮᠢᠨᠦ ᠪᠠᠭ᠎ᠠ ᠳ᠋ᠤ ᠮᠠᠨ ᠤ ᠲᠡᠨᠳᠡ ᠪᠡᠯᠴᠢᠭᠡᠷ ᠤᠰᠤ ᠪᠠᠰᠠ ᠶᠡᠬᠡ ᠰᠠᠢᠨ ᠪᠠᠢᠭᠰᠠᠨ ᠯᠠ ᠳ᠋ᠠ᠂ ᠬᠡᠳᠦᠬᠡᠨ ᠠᠷᠪᠠᠨ ᠵᠢᠯ ᠤᠨ ᠯᠠ ᠬᠣᠭᠤᠷᠤᠨᠳᠤ ᠡᠢᠮᠦ ᠶᠡᠬᠡ ᠵᠥᠷᠢᠶᠡᠨ ᠭᠠᠷᠴᠢᠬᠠᠬᠤ ᠭᠡᠵᠦ ᠪᠢᠳᠡᠨ ᠤ ᠦᠶ᠎ᠡ ᠶᠢᠨ ᠤᠯᠤᠰ ᠲᠥᠯᠥᠭᠡᠳ ᠲᠡᠢᠯᠬᠦ ᠦᠭᠡᠢ ᠶᠠᠯ᠎ᠠ ᠶᠡᠬᠡ ᠬᠢᠵᠦ ᠪᠠᠢᠨ᠎ᠠ ᠰᠢᠦ᠂ ᠪᠢ ᠴᠦ ᠪᠠᠰᠠ ᠪᠠᠭ᠎ᠠ ᠳ᠋ᠤ ᠪᠠᠨ ᠠᠬ᠎ᠠ ᠪᠠᠨ ᠳᠠᠭᠠᠭᠠᠳ ᠠᠵᠢᠯ ᠳ᠋ᠤ ᠶᠡᠬᠡ ᠬᠠᠮᠵᠢᠳᠠᠭ ᠪᠠᠢᠭᠰᠠᠨ ᠶᠤᠮ᠂ ᠭᠡᠪᠡᠴᠦ ᠬᠦᠳᠡᠷ ᠴᠢᠭᠢᠷᠠᠭ ᠤᠨ ᠬᠤᠪᠢ ᠳ᠋ᠤ ᠪᠣᠯ ᠬᠠᠮᠢᠭ᠎ᠠ ᠨᠢ ᠴᠦ ᠬᠦᠷᠬᠦ ᠦᠭᠡᠢ ᠳ᠋ᠠ ᠂ ᠲᠡᠷᠡ ᠦᠶ᠎ᠡ ᠳ᠋ᠤ ᠪᠢ ᠭᠠᠳᠠᠨ᠎ᠠ ᠠᠵᠢᠯ ᠳ᠋ᠤ ᠪᠠᠨ ᠠᠷᠭᠠᠯᠠᠴᠢᠬᠠᠪᠠᠴᠤ ᠭᠠᠯ ᠲᠣᠭᠤᠭᠠᠨ ᠳ᠋ᠤ ᠪᠠᠨ ᠪᠣᠯ ᠫᠠᠳ ᠰᠢᠦ᠂ ᠪᠠᠰᠠ ᠮᠣᠷᠢᠨ ᠳ᠋ᠤ ᠴᠦ ᠡᠳᠡᠨ ᠠᠳᠠᠯᠢ ᠳᠠᠳᠮᠠᠭᠠᠢ ᠪᠢᠰᠢ ᠯᠠ ᠳ᠋ᠠ᠂ ᠬᠡᠭᠦ ᠳ᠋ᠤ ᠪᠠᠨ ᠣᠳᠣ ᠳ᠋ᠤ ᠡᠢᠮᠦ ᠠᠵᠢᠯᠰᠠᠭ ᠬᠡᠣᠬᠡᠳ ᠮᠠᠨ ᠤ᠋ ᠲᠡᠨᠳᠡ ᠴᠥᠭᠡᠨ ᠳ᠋ᠠ᠃ ᠮᠣᠷᠢ ᠤᠨᠤᠬᠤ ᠭᠠᠵᠠᠷ ᠴᠦ ᠬᠣᠪᠤᠷᠳᠠᠵᠠᠢ᠂᠂᠂᠂᠂᠂ ᠰᠥᠨᠢ ᠭᠠᠳᠠᠨ᠎ᠠ ᠭᠠᠷᠪᠠᠯ ᠣᠯᠠᠨ ᠠᠷᠪᠢᠨ ᠣᠳᠤᠳ ᠣᠷᠤᠢ ᠳᠡᠭᠡᠷ᠎ᠡ ᠣᠢᠷᠠᠬᠠᠨ ᠨᠢ ᠠᠷᠭ᠎ᠠ ᠦᠭᠡᠢ ᠠᠨᠢᠪᠴᠢᠵᠤ ᠭᠡᠷ  ᠤ᠋ᠨ ᠵᠠᠬ᠎ᠠ ᠳ᠋ᠤ ᠳᠦᠰᠢᠬᠦᠯᠦᠭᠰᠡᠨ ᠤᠷᠭ᠎ᠠ ᠪᠡᠷ ᠤᠷᠭᠠᠯᠠᠵᠤ ᠳᠡᠢᠯᠦᠮᠡᠷ ᠰᠠᠨᠠᠭᠳᠠᠭᠤᠯᠤᠨ᠎ᠠ᠃ ᠭᠠᠳᠠᠭ᠎ᠠ ᠠᠩᠬᠠᠨ ᠡᠴᠡ ᠪᠠᠨ ᠬᠣᠯᠠ ᠬᠡᠢᠭᠰᠡᠨ ᠪᠠᠢᠪᠠ᠂ ᠡᠷᠬᠡ ᠳᠤᠷ᠎ᠠ ᠪᠡᠷ ᠲᠠᠷᠬᠠᠨ ᠬᠡᠪᠲᠡᠵᠡᠭᠡᠭᠰᠡᠨ ᠮᠠᠯ ᠤᠳ ᠭᠡᠷ  ᠤᠨ ᠵᠠᠬ᠎ᠠ ᠠ᠋ᠴᠠ ᠳᠠᠭᠠᠨ ᠦᠷᠭᠦᠯᠵᠢᠯᠡᠵᠦ ᠴᠠᠭᠠᠲᠤ ᠵᠠᠬ᠎ᠠ ᠨᠢ ᠲᠣᠳᠤ ᠬᠠᠷᠠᠭᠳᠠᠠᠬᠣ ᠦᠭᠡᠢ᠂ ᠬᠣᠯᠠ ᠳ᠋ᠤ ᠴᠢᠨᠤ᠎ᠠ ᠶᠢᠨ ᠳᠠᠭᠤ ᠰᠣᠨᠤᠰᠳᠠᠪᠠᠴᠤ ᠬᠣᠶᠠᠷ ᠨᠣᠬᠠᠢ ᠬᠣᠢᠮᠤᠷ ᠢᠶᠡᠷ ᠡᠷᠭᠢᠴᠡᠵᠦ ᠪᠠᠢᠬᠤ ᠲᠤᠯᠠ ᠨᠠᠳᠠᠳᠤ ᠠᠶᠤᠬᠤ ᠪᠣᠳᠤᠯ ᠣᠷᠤᠭᠰᠠᠨ ᠦᠭᠡᠢ᠂ ᠤᠤᠯ ᠤ᠋ᠨ ᠬᠦᠳᠡᠷ ᠤᠨ ᠬᠡᠯᠡᠭᠰᠡᠨ ᠮᠠᠨ ᠤ ᠪᠦᠳᠦᠭᠦᠨ ᠬᠠᠷ᠎ᠠ᠂ ᠴᠢᠨᠤ᠎ᠠ ᠳ᠋ᠤ ᠪᠠᠨ ᠴᠦ ᠪᠣᠯ ᠵᠦᠪᠯᠡᠴᠢᠬᠡᠨ᠎ᠡ ᠭᠡᠰᠡᠨ ᠦᠭᠡ ᠵᠢ ᠢᠳᠡᠭᠡᠭᠰᠡᠨ ᠳ᠋ᠤ ᠪᠠᠨ ᠪᠢ ᠥᠪᠡᠷ ᠢᠶᠡᠨ ᠴᠦ ᠴᠢᠨᠤ᠎ᠠ ᠡᠴᠡ ᠴᠢᠳᠠᠯ ᠲᠠᠢ ᠰᠢᠭ ᠵᠣᠷᠢᠭ ᠣᠷᠤᠪᠠ᠃ ᠬᠣᠨᠢ ᠦᠬᠡᠷ ᠤ᠋ᠳ ᠬᠣᠯᠠ ᠢ᠋ᠢᠨ ᠲᠠᠭᠤᠨ ᠢ᠋ ᠡᠰᠡ ᠣᠢᠰᠢᠶᠠᠨ ᠠᠶᠠᠷ ᠢᠷᠠᠭᠯᠠᠨ ᠨᠣᠢᠷᠰᠤᠨ᠎ᠠ᠂ ᠦᠨᠡᠬᠡᠷ ︽ᠨᠣᠬᠠᠢ ᠰᠠᠢᠳᠣ ᠶᠢᠨ ᠬᠤᠳᠠ ᠲᠠᠢᠪᠤᠩ᠂ ᠨᠣᠶᠠᠨ ᠰᠠᠢᠳᠣ ᠶᠢᠨ ᠠᠯᠪᠠᠳᠣ ᠲᠠᠢᠪᠤᠩ ︾ᠬᠡᠵᠦ ᠤᠨᠤᠭᠰᠠᠨ ᠦᠭᠡ ᠪᠠᠢᠪᠠ᠃ ᠪᠢ ᠥᠷᠯᠦᠭᠡ ᠰᠡᠷᠡᠮᠡᠭᠴᠡ ᠡᠭᠦᠳᠡ ᠰᠡᠬᠦᠨ ᠭᠠᠳᠠᠨ᠎ᠠ ᠭᠠᠷᠪᠠ᠂ ᠤᠯᠠᠭᠠᠨ ᠨᠠᠷᠠ ᠵᠡᠭᠦᠨ ᠠᠭᠤᠯᠠᠰ ᠤᠨ ᠣᠷᠤᠢ ᠳᠡᠭᠡᠭᠦᠷ ᠠᠯᠭᠤᠷᠬᠠᠨ ᠮᠠᠨᠳᠤᠵᠤ ᠪᠦᠬᠦ ᠵᠦᠢᠯ ᠠᠮᠢᠵᠢᠷᠠᠯ ᠤᠨ ᠠᠶᠠᠰ ᠲᠠᠲᠠᠨ ᠴᠡᠩᠭᠡᠭ ᠠᠭᠠᠷ ᠠᠮᠢᠰᠭᠤᠯᠯᠠᠵᠤ᠂ ᠡᠷᠭᠢᠨ ᠲᠣᠭᠤᠷᠢᠨ  ᠳ᠋ᠤ ᠡᠪᠡᠰᠦᠲᠦ ᠲᠠᠯ᠎ᠠ ᠦᠷᠭᠦᠯᠵᠢᠯᠡᠵᠦ᠂ ᠭᠡᠷ ᠠ᠋ᠴᠠ ᠪᠠᠷᠤᠭ ᠬᠣᠶᠠᠷ ᠭᠠᠵᠠᠷ ᠤ᠋ᠨ ᠵᠠᠢ ᠳ᠋ᠤ ᠬᠡᠰᠡᠭ ᠠᠭᠤᠯᠠ ᠡᠮᠦᠨᠡᠭᠦᠷ ᠨᠡᠲᠦᠢᠨ ᠬᠠᠵᠠᠭᠤ ᠬᠠᠪᠢᠷᠭ᠎ᠠ ᠪᠡᠷ ᠪᠦᠯᠦᠭ ᠪᠦᠯᠦᠭ ᠢ᠋ᠢᠠᠷ ᠨᠠᠷᠠᠰᠤᠨ ᠮᠣᠳᠤᠳ ᠢᠭᠰᠢᠷᠠᠨ ᠰᠡᠬᠦᠢᠯᠴᠡᠵᠡᠢ᠃ ᠠᠭᠤᠯᠠᠨ ᠤ᠋ ᠨᠠᠭᠠᠨ᠎ᠠ ᠭᠠᠵᠠᠷ ᠬᠢᠷᠢ ᠵᠠᠢᠲᠠᠢ ᠳ᠋ᠡᠬᠢ ᠬᠠᠰᠢᠶ᠎ᠠ ᠨᠢ ᠲᠤᠭᠤᠯ  ᠤ᠋ᠨ ᠬᠣᠷᠢᠶ᠎ᠠ ᠪᠠᠢᠵᠦ ᠂ ᠳᠡᠭᠵᠢᠷᠡᠬᠦ ᠠᠢᠯ ᠤᠨ ᠪᠣᠰᠬᠤ ᠨᠢ ᠡᠷᠳᠡ ᠭᠡᠰᠡᠨ ᠢᠶᠡᠷ ᠬᠦᠳᠡᠷ ᠬᠦᠦ ᠬᠡᠳᠦᠢᠨ ᠬᠠᠨᠴᠤᠢ ᠰᠢᠮᠠᠯᠠᠨ ᠰᠠᠷᠯᠤᠭ ᠦᠨᠢᠶ᠎ᠡ ᠪᠠᠨ ᠰᠠᠭᠠᠵᠤ ᠬᠠᠵᠠᠭᠤ ᠳ᠋ᠤ ᠨᠢ ᠴᠢᠭᠢᠷᠠᠭ ᠳᠡᠭᠦᠦ ᠨᠢ ᠲᠤᠭᠤᠯ ᠲᠠᠲᠠᠵᠤ ᠥᠭᠴᠦ ᠪᠠᠢᠯ᠎ᠠ᠃ ᠲᠤᠭᠤᠯ ᠤ᠋ᠨ ᠬᠠᠰᠢᠶᠠᠨ ᠠ᠋ᠴᠠ ᠨᠠᠭᠠᠰᠢ ᠭᠡᠷ ᠬᠦᠷᠲᠡᠯᠡᠬᠢ ᠡᠪᠡᠰᠦᠳᠤ ᠭᠠᠵᠠᠷ ᠲᠤ  ᠪᠣᠭ ᠪᠣᠳᠠ ᠬᠣᠯᠢᠯᠳᠤᠨ ᠠᠷᠬᠠᠢᠯᠴᠠᠵᠣ᠂ ᠲᠤᠭᠤᠯ ᠢ᠋ᠢᠡᠨ ᠰᠠᠨᠠᠭᠰᠠᠨ ᠦᠨᠢᠶᠡᠳ ᠲᠤᠭᠤᠯ ᠤ᠋ᠨ ᠬᠠᠰᠢᠶᠠᠨ ᠳ᠋ᠤ ᠣᠢᠷᠠᠲᠤᠭᠰᠠᠨ ᠢ᠋ ᠭᠠᠷᠭᠠᠪᠠᠯ ᠪᠤᠰᠤᠳ ᠨᠢ ᠥᠪᠡᠷ ᠥᠪᠡᠷ ᠤ᠋ᠨ ᠣᠷᠤᠨ ᠪᠠᠢᠷᠢ ᠳ᠋ᠤ ᠪᠠᠨ ᠲᠠᠭᠠᠲᠠᠢ ᠬᠡᠪᠢᠨ᠂ ᠪᠣᠰᠤᠭᠠᠳ ᠭᠠᠷᠤᠭᠰᠠᠭᠠᠷ ᠴᠠᠳᠴᠢᠬᠠᠬᠤ ᠶᠤᠮ ᠬᠣᠢᠨ᠎ᠠ ᠶᠠᠭᠠᠷᠠᠭᠠᠳ ᠶᠠᠭᠠᠬᠢᠨ᠎ᠡ ᠬᠡᠰᠡᠨ ᠰᠢᠭ᠌ ᠵᠠᠯᠬᠠᠭᠤᠲᠠᠢᠬᠠᠨ ᠬᠡᠪᠲᠡᠵᠡᠭᠡᠨ᠎ᠡ᠃︽ᠠᠵᠢᠯ ᠤᠨ ᠰᠠᠢᠨ ᠢᠶᠡᠷ ᠠᠮᠢᠳᠤᠷᠠᠯ ᠥᠭᠡᠳᠡᠯᠡᠵᠦ ᠪᠡᠯᠴᠢᠭᠡᠷ ᠤᠨ ᠰᠠᠢᠨ ᠢᠶᠡᠷ ᠮᠠᠯ ᠲᠠᠷᠭᠤᠯᠠᠬᠤ︾ᠭᠡᠭᠴᠢ ᠡᠨᠡ ᠳ᠋ᠠ᠃ ᠡᠪᠡᠰᠦᠨ ᠲᠣᠯᠤᠭᠠᠢ ᠳ᠋ᠤ ᠤᠰᠤᠨ ᠲᠣᠰᠤᠯ ᠲᠣᠭᠲᠠ ᠶᠠᠳᠠᠨ ᠬᠢᠯᠠᠯᠵᠠᠵᠦ ᠡᠨᠡ ᠰᠥᠨᠢ ᠪᠠᠰᠠ ᠪᠠᠭ᠎ᠠ ᠪᠣᠷᠤᠭᠠᠨ ᠣᠷᠤᠭᠰᠠᠨ  ᠢ᠋ ᠬᠡᠯᠡᠵᠦ ᠥᠭᠴᠦ ᠪᠠᠢᠪᠠ᠂ ᠨᠠᠭᠠᠰᠢ ᠢᠷᠡᠭᠰᠡᠨ ᠠ᠋ᠴᠠ ᠬᠣᠢᠰᠢ ᠦᠷᠬᠦᠯᠵᠢ ᠪᠣᠷᠤᠭᠠᠨ ᠬᠤᠷ᠎ᠠ ᠳ᠋ᠤ ᠳᠠᠭᠠᠷᠠᠯᠳᠣᠳᠠᠭ ᠨᠠᠳᠠ ᠳ᠋ᠤ ᠡᠨᠡ ᠨᠢ ᠨᠢᠭᠡᠨᠲᠡ ᠰᠣᠨᠢᠨ ᠪᠢᠰᠢ ᠪᠠᠢᠪᠠ᠂ ᠡᠨᠳᠡ ᠠᠭᠤᠷ ᠠᠮᠢᠰᠭᠤᠯ ᠴᠢᠭᠢᠭ᠍ᠯᠢᠭ᠌ ᠠᠲᠠᠯ᠎ᠠ ᠪᠠᠨ ᠲᠠᠭᠠᠯᠮᠵᠢᠳᠠᠢ ᠰᠡᠷᠢᠭᠦᠨ ᠲᠤᠩᠭᠠᠯᠠᠭ ᠥᠷᠯᠦᠭᠡ ᠪᠠᠢᠪᠠ᠂ ᠪᠢ ᠭᠡᠷ ᠤ᠋ᠨ ᠡᠷᠦᠬᠡ ᠵᠢ ᠲᠠᠲᠠᠵᠤ ᠦᠵᠦᠭᠦᠷ ᠢ᠋ ᠭᠡᠷ ᠤ᠋ᠨ ᠠᠷᠤ ᠲᠠᠯ᠎ᠠ ᠳ᠋ᠤ ᠲᠣᠷᠭᠠᠵᠤ ᠲᠠᠯᠪᠢᠪᠠ᠃ ᠬᠣᠢᠲᠤ ᠲᠠᠯ᠎ᠠ ᠳ᠋ᠤ ᠠᠭᠤᠯᠠᠰ ᠨᠡᠲᠦᠢᠨ ᠰᠦᠨᠳᠡᠷᠯᠡᠵᠦ ᠲᠡᠭᠦᠨ ᠤ᠋ ᠨᠠᠭᠠᠨ᠎ᠠ ᠨᠢ ᠴᠡᠩᠭᠡᠷ ᠭᠣᠣᠯ ᠤ᠋ᠨ ᠤᠰᠤ ᠪᠠᠷᠠᠭᠤᠨ ᠠ᠋ᠴᠠ ᠵᠡᠭᠦᠨᠰᠢ ᠱᠤᠤᠭᠢᠨ ᠤᠷᠤᠰᠴᠤ᠂ ᠥᠴᠦᠭᠡᠳᠦᠷ ᠰᠥᠨᠢ ᠢ᠋ᠢᠨ ᠪᠤᠯᠠᠭ ᠤ᠋ᠨ ᠤᠰᠤ ᠭᠣᠷᠤᠬ᠎ᠠ ᠪᠣᠯᠤᠨ ᠡᠮᠦᠨ᠎ᠡ ᠠ᠋ᠴᠠ ᠠᠰ ᠬᠣᠢᠰᠢ ᠤᠷᠤᠰᠴᠤ ᠴᠡᠩᠭᠡᠷ ᠭᠣᠣᠯ ᠳ᠋ᠤ ᠭᠦᠯ ᠨᠡᠢᠯᠡᠨ ᠬᠣᠶᠠᠭᠤᠯᠠ ᠢ᠋ᠢᠨ ᠠᠭᠤᠯᠵᠠᠯᠲᠠ ᠶᠠᠭ ᠰᠠᠢᠬᠠᠨ ᠲᠡᠭᠰᠢ ᠥᠨᠴᠦᠭ ᠡᠭᠦᠰᠭᠡᠵᠦ ᠪᠠᠢᠪᠠ᠃ ᠠᠭᠤᠯᠠᠨ ᠣᠷᠤᠢ ᠪᠤᠶᠤ ᠬᠢᠷ᠎ᠠ ᠪᠡᠷ ᠨᠠᠷᠠᠰᠤᠨ ᠮᠣᠳᠤᠳ ᠭᠣᠣᠯᠠᠯᠵᠣ ᠪᠠᠢᠭᠰᠠᠨ ᠢ᠋ᠢᠡᠨ ᠨᠠᠰᠢ ᠭᠣᠣᠯ ᠠᠶᠠᠳᠠᠭᠠᠳ ᠪᠤᠰᠤᠳ ᠲᠥᠷᠦᠯ ᠤ᠋ᠨ ᠮᠣᠳᠤᠳ ᠪᠤᠯᠢᠶᠠᠯᠳᠤᠨ ᠰᠡᠬᠦᠢᠯᠴᠡᠵᠡᠢ᠃ ᠡᠨᠳᠡᠬᠢ ᠲᠠᠯ᠎ᠠ ᠭᠠᠵᠠᠷ ᠬᠡᠰᠡᠨ ᠦᠭᠡᠢ ᠠᠭᠤᠯᠠ ᠬᠦᠷᠲᠡᠯ᠎ᠡ ᠡᠩ ᠳ᠋ᠤ ᠪᠠᠨ ᠨᠣᠪ ᠨᠣᠭᠤᠭᠠᠨ᠂ ᠬᠥᠬᠡ ᠲᠡᠭᠷᠢ  ᠢ᠋ᠢᠨ ᠬᠠᠶᠠᠭᠠᠨ ᠳ᠋ᠤ ᠬᠡᠰᠡᠭ ᠰᠡᠢᠷᠡᠮᠡᠭ ᠡᠭᠦᠯᠡ ᠬᠥᠪᠴᠦ᠂ ᠨᠠᠷᠠ ᠠᠭᠤᠯᠠᠨ ᠴᠠᠭᠠᠨ᠎ᠠ ᠠ᠋ᠴᠠ ᠴᠣᠬᠤᠢᠬᠤ ᠳ᠋ᠤ ᠡᠪᠡᠰᠦᠨ ᠲᠣᠯᠤᠭᠠᠢ ᠭᠢᠯᠳᠠᠭᠠᠨᠠᠵᠦ ᠬᠠᠷᠠᠭᠳᠠᠨ᠎ᠠ᠃ ᠭᠣᠷᠤᠬ᠎ᠠ ᠢ᠋ᠢᠨ ᠤᠰᠤ ᠵᠢ ᠲᠠᠭᠠᠵᠤ ᠭᠣᠣᠯ ᠤ᠋ᠨ ᠡᠷᠭᠢ ᠳ᠋ᠤ ᠬᠦᠷᠦᠭᠰᠡᠨ ᠮᠢᠨᠦ ᠥᠮᠦᠳᠦ ᠡᠪᠦᠳᠦᠭ ᠳ᠋ᠤ ᠪᠠᠨ ᠬᠦᠷᠲᠡᠯ᠎ᠡ ᠨᠣᠷᠤᠭᠰᠠᠨ ᠢ᠋ ᠠᠵᠢᠶᠠᠷᠠᠬᠤ ᠵᠠᠪ ᠪᠠᠢᠭᠰᠠᠨ ᠦᠭᠡᠢ᠃ ᠭᠣᠣᠯ ᠤ᠋ᠨ ᠤᠰᠤ ᠮᠡᠯᠲᠡᠭᠡᠨᠡᠨ ᠵᠡᠭᠦᠨᠰᠢ ᠲᠣᠯᠬᠢᠶᠠᠯᠠᠨ ᠭᠣᠣᠯ ᠤ᠋ᠨ ᠢᠷᠣᠭᠠᠷ ᠲᠤ ᠵᠢᠵᠢᠭ᠌ ᠲᠣᠮᠤ ᠥᠭᠡᠬᠦᠨ ᠴᠢᠯᠠᠭᠤᠳ ᠬᠠᠷᠭᠢᠶᠠᠲᠤᠨ ᠬᠠᠷᠠᠭᠳᠠᠨ᠎ᠠ᠂ ᠴᠡᠩᠬᠡᠷ ᠭᠣᠣᠯ ᠤ᠋ᠨ ᠴᠡᠯᠮᠡᠭ ᠤᠰᠤᠨ ᠳ᠋ᠤ ᠨᠢ ᠬᠥᠬᠡ ᠣᠭᠲᠠᠷᠭᠤᠢ ᠳ᠋ᠤ ᠬᠠᠯᠢᠨ ᠨᠢᠰᠬᠦ ᠬᠡᠳᠦᠨ ᠪᠦᠷᠭᠦᠳ᠂ ᠲᠠᠰ ᠤ᠋ᠨ ᠰᠡᠭᠦᠳᠡᠷ ᠬᠠᠶᠠ ᠬᠠᠯᠲᠤ ᠲᠤᠰᠤᠨ ᠠᠯᠳᠠᠨ᠎ᠠ᠂ ᠭᠣᠣᠯ ᠤ᠋ᠨ ᠨᠠᠭᠠᠳᠤ ᠡᠷᠭᠢ ᠳ᠋ᠤ ᠲᠠᠭᠲᠠᠭ᠎ᠠ ᠨᠤᠭᠤᠳ ᠬᠤᠷᠠᠯᠳᠤᠨ᠂ ᠨᠠᠮ᠎ᠠ ᠵᠢ ᠣᠢᠷᠠᠲᠤᠨ ᠣᠴᠢᠬᠤ ᠳ᠋ᠤ ᠰᠣᠴᠢᠬᠤ ᠦᠭᠡᠢ ᠪᠠᠢᠯ᠎ᠠ᠂ ᠡᠨᠳᠡᠬᠢ ᠰᠢᠪᠠᠭᠤᠳ ᠬᠥᠮᠦᠨ ᠠ᠋ᠴᠠ ᠠᠶᠤᠬᠤ ᠦᠭᠡᠢ᠃ ᠭᠣᠣᠯ ᠤ᠋ᠨ ᠴᠠᠭᠠᠲᠤ ᠡᠷᠭᠢ ᠠ᠋ᠴᠠ ᠨᠡᠯᠢᠶᠡᠳ ᠬᠣᠯᠠ ᠲᠣᠭᠤᠳᠠᠭ ᠲᠣᠭᠤᠷᠤᠤ ᠤ᠋ᠳ ᠠᠯᠢᠶᠠᠯᠠᠨ ᠲᠡᠪᠳᠡᠷᠢᠨ᠎ᠡ᠃ ᠡᠨᠳᠡ ᠶᠡᠷᠦ ᠨᠢ ᠲᠣᠮᠤ ᠰᠢᠪᠠᠭᠤᠳ ᠣᠯᠠᠨ ᠨᠢᠰᠴᠦ᠂ ᠰᠢᠮᠠᠭᠤᠯ ᠪᠠᠲᠠᠭᠠᠨ᠎ᠠ ᠬᠠᠷᠢᠨ ᠴᠥᠭᠡᠬᠡᠨ ᠬᠠᠷᠠᠭᠳᠠᠳᠠᠭ ᠨᠢ ᠰᠥᠨᠢ ᠢ᠋ᠢᠨ ᠲᠣᠯᠠᠭᠠᠴᠠ ᠨᠡᠯᠢᠶᠡᠳ ᠲᠣᠣᠷ᠎ᠠ ᠲᠠᠢ ᠪᠠᠰᠠ ᠬᠣᠯᠪᠤᠭᠳᠠᠯ ᠲᠠᠢ ᠮᠠᠭᠠᠳ᠂᠂ ᠪᠢ ᠬᠣᠶᠠᠷ ᠭᠠᠷ ᠢ᠋ᠢᠡᠨ ᠪᠢᠲᠡᠭᠦᠯᠡᠨ ᠭᠣᠣᠯ ᠤ᠋ᠨ ᠤᠰᠤᠨ ᠠ᠋ᠴᠠ ᠬᠢᠨᠠᠮᠠᠭᠠᠢᠬᠠᠨ ᠠᠪᠴᠦ ᠣᠭᠤᠴᠢᠭᠰᠠᠨ ᠢ᠋ᠢᠡᠨ ᠪᠢᠲᠡᠭᠦᠯᠡᠭᠰᠡᠨ ᠤᠰᠤ ᠪᠠᠨ ᠭᠣᠣᠯ ᠠ᠋ᠴᠠ ᠵᠠᠢᠳᠠᠭᠤᠬᠠᠨ ᠠᠪᠠᠴᠢᠵᠦ ᠨᠢᠭᠤᠷ  ᠭᠠᠷ ᠢ᠋ᠢᠡᠨ ᠷᠠᠰᠢᠶᠠᠯᠠᠪᠠ᠂ ᠭᠣᠣᠯ ᠭᠣᠷᠤᠬ᠎ᠠ ᠢ᠋ᠢᠨ ᠤᠰᠤ ᠵᠢ ᠪᠤᠵᠠᠷᠲᠤᠭᠤᠯᠵᠤ ᠪᠣᠯᠬᠤ ᠦᠭᠡᠢ ᠰᠢᠦ ᠬᠡᠰᠡᠨ ᠥᠴᠦᠭᠡᠳᠦᠷ ᠰᠥᠨᠢ ᠢ᠋ᠢᠨ ᠡᠪᠦᠭᠡᠨ ᠤ᠋ ᠶᠠᠷᠢᠭᠰᠠᠨ ᠨᠢ ᠮᠠᠨ ᠳ᠋ᠤ ᠣᠨᠴᠠ ᠵᠣᠷᠢᠭᠤᠯᠤᠭᠰᠠᠨ ᠨᠢ ᠮᠡᠳᠡᠭᠳᠡᠵᠦ ᠪᠠᠢᠯ᠎ᠠ ᠂︽ᠠᠷᠴᠠ ᠽᠠᠨᠳᠠᠨ ᠤ᠋ ᠦᠨᠦᠷ ᠨᠢ ᠰᠠᠢᠬᠠᠨ᠂ ᠠᠬᠠᠮᠠᠳ ᠬᠥᠮᠦᠨ ᠤ᠋ ᠰᠤᠷᠭᠠᠯ ᠰᠠᠢᠬᠠᠨ︾ ᠭᠡᠭᠴᠢ ᠢᠩᠭᠢᠵᠦ ᠦᠷ᠎ᠡ ᠬᠣᠢᠴᠢᠰ ᠲᠤ ᠪᠠᠨ ᠬᠡᠯᠡᠵᠦ ᠰᠤᠷᠭᠠᠵᠤ ᠤᠯᠠᠮᠵᠢᠯᠠᠳᠠᠭ ᠢ᠋ᠢᠠᠷ ᠢ᠋ᠢᠡᠨ ᠨᠠᠢ᠍ᠮᠠᠨ ᠵᠠᠭᠤᠨ ᠵᠢᠯ ᠤ᠋ᠨ ᠡᠮᠦᠨᠡᠬᠢ ᠶᠣᠰᠤ ᠤᠴᠢᠷ ᠨᠢ ᠣᠳᠣ ᠳ᠋ᠤ ᠲᠤᠯᠲᠠᠯ᠎ᠠ ᠬᠠᠳᠠᠭᠠᠯᠠᠭᠰᠠᠭᠠᠷ ᠪᠠᠢᠭ᠎ᠠ ᠨᠢ ᠰᠠᠶᠢᠬᠢ ᠨᠤᠲᠤᠭ ᠪᠡᠯᠴᠢᠭᠡᠷ ᠲᠤᠩᠭᠠᠯᠠᠭ ᠭᠣᠣᠯ ᠭᠣᠷᠤᠬ᠎ᠠ ᠠᠯᠢ ᠠᠯᠢ ᠨᠢ ᠭᠡᠷᠡᠴᠢᠯᠡᠵᠦ ᠬᠡᠯᠡᠭᠡᠳ ᠪᠠᠢᠬᠤ ᠠᠳᠠᠯᠢ᠃ ᠡᠨᠡ ᠨᠤᠲᠤᠭ ᠲᠤ ᠶᠡᠷᠦᠨᠢ ᠡᠢᠮᠦ ᠬᠥᠮᠦᠰ ᠯᠠ ᠰᠠᠶᠢ ᠠᠮᠢᠳᠤᠷᠠᠨ ᠪᠠᠢᠵᠤ ᠲᠠᠭᠠᠷᠠᠬᠤ ᠰᠢᠭ ᠬᠥᠮᠦᠨ ᠪᠠᠢᠭᠠᠯᠢ ᠬᠣᠶᠠᠷ ᠶᠣᠰᠣᠲᠠᠢ ᠡᠶ᠎ᠡ ᠵᠣᠬᠢᠴᠠᠯ ᠢ᠋ᠢᠡᠨ ᠣᠯᠣᠭᠰᠠᠨ ᠰᠠᠢᠬᠠᠨ ᠯᠠ ᠨᠤᠲᠤᠭ᠂ ᠨᠡᠷ᠎ᠡ ᠳ᠋ᠤ ᠪᠠᠨ ᠨᠡᠢᠴᠡᠭᠰᠡᠨ ᠴᠡᠩᠭᠡᠷ ᠨᠤᠲᠤᠭ ᠪᠠᠢᠯ᠎ᠠ᠃ ᠪᠤᠴᠠᠭᠠᠳ ᠭᠡᠷ ᠤ᠋ᠨ ᠢ᠋ᠢᠡᠨ ᠭᠠᠳᠠᠨ᠎ᠠ ᠢᠷᠡᠬᠦ ᠳ᠋ᠤ ᠴᠢᠭᠢᠷᠠᠭ ᠬᠦᠦ ᠤᠨᠤᠭᠰᠠᠨ ᠳᠠᠭ᠎ᠠ  ᠪᠠᠨ ᠮᠠᠨ ᠤ᠋ ᠬᠠᠮᠲᠤ ᠵᠣᠭᠠᠯᠠᠭᠰᠠᠨ ᠪᠢᠴᠢᠬᠠᠨ ᠬᠦᠦ ᠬᠦᠰᠡᠯ ᠳ᠋ᠤ ᠤᠨᠤᠭᠤᠯᠤᠨ ᠲᠣᠭᠯᠠᠵᠤ ᠪᠠᠢᠯ᠎ᠠ᠃ ᠬᠦᠳᠡᠷ ᠴᠢᠭᠢᠷᠠᠭ ᠤ᠋ᠨ ᠳ᠋ᠤ ᠰᠥᠨᠢᠵᠢᠨ ᠵᠣᠭᠤᠭᠳᠠᠵᠤ ᠬᠣᠨᠤᠭᠰᠠᠨ ᠬᠦᠰᠡᠯ ᠬᠦᠦ ᠢᠷᠡᠭᠡᠳ᠄︽ᠡᠳᠡᠨᠦᠰ ᠤ᠋ᠨ ᠪᠠᠭᠰᠢ ᠨᠢ ᠲᠠᠰᠬᠠᠯ ᠦᠯᠡᠳᠡᠭᠡᠬᠦ ᠦᠭᠡᠢ ᠭᠡᠨ᠎ᠡ᠂ ᠶᠠᠮᠠᠷ ᠪᠤᠶᠠᠨᠲᠠᠢ ᠤᠯᠤᠰ ᠪᠠᠢᠨ᠎ᠠ︾ᠭᠡᠵᠦ ᠶᠠᠷᠢᠵᠤ ᠭᠠᠷᠪᠠᠯ᠂ ᠵᠠᠪ ᠯᠠ ᠭᠠᠷᠪᠠᠯ ᠲᠠᠰᠬᠠᠯ ᠭᠡᠳ ᠶᠠᠭᠠᠷᠠᠳᠠᠭ ᠬᠦᠦ ᠮᠠᠨ ᠰᠢᠭ ᠲᠡᠢᠮᠦ ᠰᠠᠢᠬᠠᠨ ᠵᠤᠭᠠᠯᠠᠵᠤ ᠴᠢᠳᠠᠭ᠎ᠠ ᠦᠭᠡᠢ ᠳ᠋ᠤ ᠨᠢ ᠪᠢ ᠤᠯᠠᠮ ᠥᠷᠦ ᠡᠪᠡᠳᠴᠦ᠂︽ᠡᠳᠡ ᠴᠦ ᠪᠠᠰᠠ ᠲᠠᠰᠬᠠᠯ ᠲᠠᠢ ᠰᠢᠦ᠂ ᠴᠢ ᠦᠵᠡ᠂ ᠡᠳᠡᠨᠦᠰ ᠠᠪᠤ ᠡᠵᠢ ᠨᠢ ᠦᠭᠡᠢ ᠪᠡᠷ ᠶᠠᠮᠠᠷ ᠰᠠᠢᠬᠠᠨ ᠰᠠᠭᠤᠵᠤ ᠠᠪᠤ ᠡᠵᠢ ᠶᠢᠨ ᠢᠶᠡᠨ ᠦᠯᠡᠳᠡᠭᠡᠭᠰᠡᠨ ᠲᠠᠰᠬᠠᠯ  ᠢ᠋ᠢᠡᠨ ᠰᠠᠢᠬᠠᠨ ᠪᠡᠶᠡᠯᠡᠭᠦᠯᠵᠦ ᠪᠠᠢᠨ᠎ᠠ ᠰᠢᠦ᠂ ᠴᠢ ᠪᠠᠰᠠ ᠡᠨᠡ ᠥᠷᠯᠦᠭᠡ ᠮᠣᠷᠢ ᠤᠨᠤᠬᠤ ᠳᠠᠰᠭᠠᠯ ᠢ᠋ᠢᠡᠨ ᠰᠠᠢᠬᠠᠨ ᠬᠢᠵᠦ ᠰᠢᠦ︾ᠭᠡᠵᠦ ᠬᠦᠰᠡᠯ ᠬᠦᠦ ᠵᠢ ᠵᠣᠷᠢᠭᠵᠢᠭᠣᠯᠪᠠᠯ︽ ᠪᠢ ᠳᠠᠷᠠᠭ᠎ᠠ ᠤᠳᠠᠭ᠎ᠠ ᠯᠠᠪ ᠬᠥᠮᠦᠨ ᠢᠶᠡᠷ ᠬᠦᠳᠦᠯᠦᠬᠦᠯᠬᠦ ᠦᠭᠡᠢ ᠪᠡᠷ ᠣᠨᠤᠵᠤ ᠴᠢᠳᠠᠨ᠎ᠠ᠂ ᠡᠨᠡ ᠲᠠᠯ᠎ᠠ ᠪᠡᠷ ᠲᠠᠪᠠ  ᠪᠡᠷ ᠢᠶᠡᠨ ᠳᠠᠪᠬᠢᠭᠣᠯᠪᠠᠯ ᠨᠡᠩ ᠭᠣᠶᠤ ᠳ᠋ᠠ︕︾ᠭᠡᠨ᠎ᠡ᠃ ᠴᠢᠭᠢᠷᠠᠭ ᠤ᠋ᠨ ᠠᠪᠦ ᠡᠵᠢ ᠨᠢ ᠮᠥᠨ ᠢᠷᠡᠭᠡ ᠦᠭᠡᠢ ᠭᠡᠨ᠎ᠡ᠃ ᠡᠪᠦᠭᠡᠨ ᠠᠪᠤ ᠲᠠᠪᠣᠷ᠎ᠠ ᠲᠠᠢ ᠴᠠᠢ ᠬᠤᠷᠤᠳ ᠰᠢᠷ᠎ᠠ ᠲᠣᠰᠤ ᠂ ᠰᠢᠷ᠎ᠠ ᠥᠷᠦᠮ᠎ᠡ ᠵᠡᠷᠭᠡ ᠠᠮᠲᠠᠲᠤ ᠢᠳᠡᠭᠡᠨ ᠥᠷᠦᠪᠡ᠃︽ᠲᠠ ᠨᠠᠷ ᠰᠠᠢᠨ ᠠᠮᠠᠷᠠᠪᠠ ᠤ᠋ᠤ︖ ︾ᠭᠡᠵᠦ ᠮᠠᠨᠤᠰ ᠲᠠᠢ ᠮᠡᠨᠳᠦᠴᠢᠯᠡᠬᠦ ᠳ᠋ᠤ ᠴᠢ ᠪᠠᠰᠠ᠂᠂᠂ ᠭᠡᠵᠦ ᠬᠡᠯᠡᠬᠦ ᠠᠯᠳᠠᠭᠠᠳ ᠶᠡᠷᠦ ᠳ᠋ᠡᠭᠡᠨ ᠴᠢ ᠭᠡᠵᠦ ᠰᠢᠭᠤᠳ ᠵᠢᠭᠠᠵᠤ ᠨᠡᠷᠡᠯᠡᠬᠦ ᠦᠭᠡᠢ᠂ ᠬᠠᠷᠢᠨ ᠲᠠ ᠭᠡᠵᠦ ᠬᠥᠨᠳᠦᠳᠭᠡᠨ ᠲᠠᠭᠣᠳᠠᠬᠣ ᠶᠤᠮ ᠰᠢᠦ ᠬᠡᠰᠡᠨ ᠵᠣᠯᠪᠤᠭ᠎ᠠ ᠢ᠋ᠢᠨ ᠬᠡᠯᠡᠭᠰᠡᠨ ᠢ᠋ ᠰᠠᠨᠠᠵᠦ᠄︽ᠲᠠ ᠪᠠᠰᠠ ᠰᠠᠢᠬᠠᠨ ᠠᠮᠠᠷᠠᠪᠠ ᠤ᠋ᠤ ︖︾ᠭᠡᠵᠦ ᠠᠶᠠᠲᠠᠢᠬᠠᠨ ᠣᠯᠵᠤ ᠮᠡᠨᠳᠦᠴᠢᠯᠡᠭᠰᠡᠨ ᠳ᠋ᠤ ᠪᠠᠨ ᠪᠢ ᠣᠯᠵᠠᠭᠣᠷᠬᠠᠵᠣ ᠰᠠᠭᠤᠪᠠ᠃ ᠪᠢᠳᠡ ᠡᠪᠦᠭᠡᠨ ᠠᠪᠤ ᠢ᠋ᠢᠨ ᠪᠠᠵᠠᠭᠠᠭᠰᠠᠨ ᠰᠦ᠋ ᠲᠠᠢ ᠴᠠᠢ᠂ ᠥᠷᠦᠮ᠎ᠡ ᠲᠠᠢ ᠲᠠᠯᠬ᠎ᠠ ᠵᠡᠷᠭᠡ ᠢ᠋ᠢᠨ ᠳᠡᠭᠡᠷ᠎ᠡ ᠴᠢᠭᠢᠷᠠᠭ ᠤ᠋ᠨ ᠠᠪᠴᠢᠷᠠᠵᠤ ᠥᠭᠭᠦᠭᠰᠡᠨ ᠰᠢᠷᠠᠭᠰᠠᠨ ᠪᠣᠷᠴᠠ ᠵᠡᠷᠭᠡ ᠵᠢ ᠠᠮᠲᠠᠷᠬᠠᠨ ᠢᠳᠡᠭᠰᠡᠨ ᠢ᠋ᠢᠡᠨ ᠵᠠᠮ ᠤ᠋ᠨ ᠬᠦᠨᠡᠰᠦ ᠭᠡᠵᠦ ᠶᠡᠬᠡ ᠲᠡᠯᠭᠡᠬᠦᠷ ᠠ᠋ᠴᠠ ᠠᠪᠴᠤ ᠶᠠᠪᠤᠵᠤ ᠪᠠᠢᠭᠰᠠᠨ ᠡᠳᠦᠢ ᠲᠡᠳᠦᠢ ᠰᠤᠯᠠ ᠢᠳᠡᠭᠡᠨ ᠤᠮᠳᠠᠭᠠᠨ ᠢ᠋ᠢᠡᠨ ᠲᠡᠷᠭᠡᠨ ᠠ᠋ᠴᠠ ᠪᠠᠨ ᠪᠠᠭᠤᠯᠭᠠᠨ ᠡᠳᠡᠨᠦᠰ ᠲᠤ ᠠᠯᠪᠠ ᠪᠡᠷ ᠦᠯᠡᠳᠡᠭᠡᠨ ᠥᠭᠴᠦ ᠰᠠᠯᠬᠤ ᠶᠣᠰᠤ ᠬᠦᠢᠴᠡᠳᠬᠡᠨ᠂ ᠡᠷᠭᠢᠵᠦ ᠢᠷᠡᠬᠦ ᠢ᠋ᠢᠨ ᠪᠠᠲᠤᠯᠠᠭ᠎ᠠ ᠪᠠᠨ ᠥᠭᠴᠦ ᠮᠠᠰᠢᠨ ᠢ᠋ᠢᠡᠨ ᠭᠠᠯᠯᠠᠨ ᠴᠡᠩᠭᠡᠷ ᠷᠠᠰᠢᠶᠠᠨ ᠢ᠋ᠢᠡᠨ ᠴᠢᠭᠯᠡᠪᠡ᠃ ᠳᠣᠨᠢᠶᠠᠷᠳᠣᠨ ᠴᠡᠩᠬᠡᠷᠯᠡᠬᠦ ᠠᠭᠤᠯᠠᠰ ᠤᠨ ᠨᠠᠭᠠᠭᠤᠷ ᠲᠤᠩᠭᠠᠯᠠᠭ ᠰᠠᠢᠬᠠᠨ ᠴᠡᠩᠬᠡᠷ ᠭᠣᠣᠯ ᠨᠢ ᠮᠢᠷᠠᠯᠵᠠᠨ ᠤᠷᠤᠰᠴᠤ᠂ ᠵᠠᠮ ᠳᠠᠭᠠᠤ ᠨᠣᠮᠢᠨ ᠨᠣᠭᠤᠭᠠᠨ ᠲᠠᠯ᠎ᠠ ᠦᠷᠭᠦᠯᠵᠢᠯᠡᠵᠦ᠂ ᠴᠡᠯᠮᠡᠭ ᠲᠡᠭᠷᠢ᠂ ᠴᠡᠩᠭᠡᠷ ᠲᠠᠯ᠎ᠠ᠂ ᠴᠡᠴᠡᠨ ᠤᠬᠠᠭᠠᠨ ᠲᠠᠢ ᠬᠥᠮᠦᠨ ᠠᠷᠠᠳ ᠲᠠᠢ ᠪᠠᠨ ᠵᠢᠷᠤᠭ ᠡᠴᠡ ᠴᠦ ᠰᠠᠢᠬᠠᠨ ᠦᠵᠡᠮᠵᠢ ᠪᠦᠷᠢᠯᠳᠦᠭᠦᠯᠵᠦ ᠬᠥᠮᠦᠨ ᠪᠣᠯᠭᠠᠨ ᠤ ᠰᠡᠳᠭᠢᠯ ᠢ ᠬᠥᠪᠦᠯᠵᠡᠭᠦᠯᠵᠦ᠂ ᠶᠠᠮᠠᠷ ᠰᠠᠢᠬᠠᠨ ᠨᠤᠲᠤᠭ ᠤᠰᠤ᠂ ᠶᠠᠮᠠᠷ ᠰᠠᠢᠬᠠᠨ ᠠᠷᠠᠨᠰᠢᠨ ᠲᠠᠢ ᠬᠥᠮᠦᠰ ᠪᠣᠢ ᠭᠡᠵᠦ ᠰᠠᠯᠵᠤ ᠶᠠᠳᠠᠨ ᠤᠶᠠᠷᠠᠵᠤ ᠪᠠᠢᠯ᠎ᠠ᠂ ᠳᠠᠷᠠᠭ᠎ᠠ ᠤᠳᠠᠭ᠎ᠠ ᠢᠷᠡᠪᠡᠯ ᠬᠣᠶᠠᠷ ᠬᠦᠦ ᠢ᠋ᠢᠨ ᠠᠪᠤ ᠡᠵᠢ ᠲᠠᠢ ᠨᠢ ᠵᠠᠪᠠᠯ ᠠᠭᠤᠯᠵᠠᠶ᠎ᠠ ᠭᠡᠵᠦ ᠪᠢ ᠳᠣᠲᠣᠷ᠎ᠠ ᠪᠠᠨ ᠰᠡᠮ ᠰᠢᠢᠳᠪᠡ᠃ ᠬᠣᠯᠠ ᠢ᠋ᠢᠨ ᠪᠠᠷᠠᠨ ᠳ᠋ᠤ ᠴᠠᠢᠯᠵᠠᠭᠰᠠᠨ ᠬᠣᠮᠪᠠᠨ ᠴᠠᠭᠠᠨ ᠥᠷᠭᠦᠭᠡ ᠮᠢᠨᠢ ᠬᠣᠢᠨ᠎ᠠ ᠠ᠋ᠴᠠ ᠮᠢᠨᠢ ᠳᠠᠯᠠᠯᠤᠭᠠᠳ ᠬᠣᠴᠤᠷᠤᠭᠰᠠᠨ ᠬᠣᠩᠭᠤᠷ ᠠᠮᠠᠷᠠᠭ ᠪᠦᠰᠡᠭᠦᠢ ᠮᠢᠨᠢ ᠡᠨᠡ ᠰᠠᠢᠬᠠᠨ ᠠᠮᠢᠳᠤᠷᠠᠯ ᠤ᠋ᠨ ᠢ᠋ᠢᠡᠨ ᠡᠵᠡᠨ ᠨᠢ ᠪᠣᠯᠵᠤ ᠶᠠᠪᠤᠭ᠎ᠠ ᠮᠠᠯᠴᠢᠨ ᠮᠢᠨᠦ ᠵᠢᠷᠭᠠᠯ᠂ ᠮᠠᠯᠴᠢᠨ ᠮᠢᠨᠦ ᠵᠢᠷᠭᠠᠯ᠂᠂᠂᠂᠂᠂ ᠲᠡᠯᠭᠡᠴᠡ ᠳ᠋ᠤ ᠲᠠᠭᠣᠣ ᠤᠶᠠᠩᠭᠠᠯᠠᠵᠤ ᠭᠠᠷᠬᠤ ᠳ᠋ᠤ :︽ᠡᠨᠡ ᠲᠠᠭᠣᠣ ᠴᠦ ᠮᠥᠨ ᠤᠴᠢᠷᠲᠠᠢ ᠭᠣᠶᠤ ᠲᠠᠭᠣᠣ ᠳ᠋ᠠ!︾ᠭᠡᠵᠦ ᠬᠡᠨ ᠨᠢᠭᠡᠨ ᠨᠢ ᠬᠡᠯᠡᠪᠡᠯ᠂︽ ᠲᠡᠢᠮᠦ︕︾ᠭᠡᠵᠦ ᠮᠠᠨᠤᠰ ᠰᠡᠳᠭᠢᠯ ᠢ᠋ᠢᠠᠷ ᠢ᠋ᠢᠡᠨ ᠮᠡᠳᠡᠷᠡᠵᠦ ᠲᠣᠯᠤᠭᠠᠢ ᠳᠣᠬᠢᠵᠠᠭᠠᠪᠠ᠃ ᠲᠣᠷᠭᠠᠨ ᠲᠠᠯ᠎ᠠ ᠳᠡᠭᠡᠭᠦᠷ ᠨᠡᠭᠡᠷᠡᠨ ᠮᠣᠷᠢ ᠣᠨᠣᠨ ᠲᠠᠪᠬᠢᠭᠣᠯᠵᠣ ᠪᠠᠢᠭ᠎ᠠ ᠰᠢᠭ ᠬᠦᠰᠡᠯ ᠬᠦᠦ ᠪᠠᠶᠠᠰᠤᠨ ᠲᠣᠭᠳᠣᠯᠠᠬᠣ ᠳ᠋ᠤ ᠨᠢ ᠴᠣᠩᠬᠤᠨ ᠰᠢᠯ ᠨᠡᠪᠲᠡᠯᠦᠭᠰᠡᠨ ᠨᠠᠷᠠᠨ ᠭᠡᠷᠡᠯ ᠬᠦᠰᠡᠯ ᠬᠦᠦ ᠶᠢᠨ ᠪᠠᠶᠠᠷᠲᠠᠢ ᠴᠢᠷᠠᠢ ᠳ᠋ᠤ ᠲᠣᠯᠠᠢᠳᠠᠯ᠎ᠠ ᠲᠤᠰᠴᠤ ᠪᠠᠢᠯ᠎ᠠ᠃

0        0       

           
                             13847524386      211429899@qq.com      13847524386   QQ  211429899 蒙ICP备17002503号-1