ᠲᠤᠰ ᠲᠤᠷᠠᠨ ᠬᠠᠷᠠᠭ᠎ᠠ ᠲᠠᠪᠴᠠᠩ ᠦᠨ ᠺᠤᠲ  ᠢ ᠤᠳᠠᠭᠠᠨ ᠰᠢᠷᠪᠢᠵᠦ ᠬᠠᠳᠠᠭᠠᠯᠠᠵᠤ ᠠᠪᠤᠭᠠᠷᠠᠢ︕ ᠤᠯᠠᠨ ᠠᠷᠪᠢᠨ ᠬᠤᠭᠤᠷ ᠤᠨ ᠦᠯᠢᠭᠡᠷ ᠂ ᠲᠠᠭᠤᠤ ᠬᠦᠭᠵᠢᠮ ᠪᠠᠢᠨ᠎ᠠ︕

ᠵᠠᠯᠰᠠᠨ᠄ ᠠᠷᠡᠳ ᠤᠨ ᠤᠷᠠᠯᠢᠭ ᠤᠨ ︽ᠠᠯᠳᠡᠨ ᠴᠡᠭᠡᠵᠢ ︾

 ᠵᠠᠯᠰᠠᠨ  
        8111     
2017-09-06 21:04᠄      
发表于:内蒙古
ᠵᠣᠬᠢᠶᠠᠭᠴᠢ᠄  ᠮᠦᠷᠡᠨ ᠮᠤᠩᠭᠤᠯ ᠦᠨᠳᠤᠰᠤᠳᠡᠨ ᠤ ᠤᠳᠦ ᠦᠶ᠎ᠠ ᠶᠢᠨ ᠾᠤᠮᠧᠷ᠃ ᠮᠤᠩᠭᠤᠯᠴᠤᠳ ᠤᠨ ᠲᠠᠯᠠᠢ ᠪᠡᠶᠡᠨ ᠠᠮᠠᠨ ᠤᠯᠠᠮᠵᠢᠯᠠᠯ ᠤᠨ ᠤᠷᠠᠯᠢᠭ ᠢ ᠵᠠᠯᠭᠠᠮᠵᠢᠯᠠᠬᠰᠡᠨ ᠠᠪᠢᠶᠡᠰ ᠪᠢᠯᠢᠭᠳᠡᠨ ᠬᠡᠵᠦ ᠡᠭᠡᠯ ᠵᠢᠷ ᠤᠨ ᠠᠷᠡᠳ ᠤᠨ ᠤᠷᠠᠯᠢᠬᠴᠢ ᠵᠡᠯᠰᠡᠨ ᠭᠤᠸᠡᠢ ᠶᠢ ᠡᠷᠳᠡᠮᠳᠡᠳ ᠦᠨᠡᠯᠡᠯ᠎ᠠ᠃ ᠦᠨᠡᠭᠡᠷ ᠳ᠋ᠠ︕ ᠰᠡᠴᠡᠨ ᠰᠡᠷᠬᠦᠯᠠᠩ ᠤᠶᠤᠨ ᠤᠬᠠᠭᠠᠨ᠂ ᠪᠤᠷᠬᠠᠨ ᠠᠴᠠ ᠬᠠᠶᠢᠷᠠᠯᠠᠬᠰᠡᠨ ᠤᠷ᠎ᠠ ᠠᠪᠢᠶᠠᠰ ᠢᠶᠠᠷ ᠢᠶᠠᠨ ᠠᠷᠡᠳ ᠲᠦᠮᠡᠨ ᠳᠡᠭᠡᠨ ᠪᠡᠶᠡᠷ ᠵᠢᠷᠭᠠᠯ ᠡᠳ᠋ᠯᠡᠬᠦᠯᠵᠦ ᠶᠠᠪᠤᠬᠰᠡᠨ ᠠᠷᠡᠳ ᠤᠨ ᠤᠷᠠᠯᠢᠬᠴᠢᠨ ᠤ ᠨᠢᠭᠡ ᠨᠢ ᠵᠠᠯᠰᠡᠨ ᠬᠤᠭᠤᠷᠴᠢ ᠪᠠᠶᠢᠬᠤ ᠶᠤᠰᠤᠳᠠᠢ᠃ ᠲᠠᠷᠠ ᠪᠠᠷ ᠤᠳᠦ ᠦᠶ᠎ᠠ ᠶᠢᠨ ᠠᠯᠳᠡᠷᠳᠦ ᠬᠤᠭᠤᠷᠴᠢ ᠪᠠᠷ ᠦᠯᠦ ᠪᠡᠷᠡᠨ ᠮᠤᠩᠭᠤᠯᠴᠤᠳ ᠤᠨ ᠡᠷᠳᠡᠨ ᠤ ᠪᠠᠭᠠᠳᠤᠷᠯᠢᠭ ᠲᠤᠤᠯᠢᠰ ᠤᠨ ᠨᠢᠭᠡ ᠪᠤᠯᠬᠤ ᠮᠠᠩᠭᠤᠰ ᠤᠨ ᠦᠯᠢᠭᠡᠷ᠎ ᠢ ᠬᠤᠷᠢᠨ ᠭᠤᠷᠪᠡᠨ ᠭᠠᠯᠪᠠ ᠴᠤᠭᠤᠷᠳᠡᠵᠦ ᠬᠠᠶᠢᠯᠠᠳᠠᠭ ᠴᠤᠷ ᠤᠨ ᠭᠠᠭᠴᠠ ᠤᠯᠠᠮᠵᠢᠯᠠᠬᠴᠢ ᠪᠤᠯᠬᠤ ᠪᠦᠭᠡᠳ ᠬᠤᠷᠴᠢᠨ ᠠᠷᠡᠳ ᠤᠨ ᠦᠯᠢᠭᠡᠷᠳᠦ ᠲᠠᠭᠤᠤ ᠶᠢ ᠭᠡᠳᠤᠨ ᠵᠠᠭᠤᠨ ᠴᠠᠭ ᠢᠶᠠᠷ ᠲᠠᠭᠤᠯᠠᠳᠠᠭ ᠤᠷᠡᠨ ᠬᠡᠯᠡ ᠲᠠᠢ ᠬᠦᠮᠦᠨ ᠪᠢᠯᠠ᠃ ᠬᠠᠷᠠᠬᠠᠨ ᠪᠠᠭ᠎ᠠ ᠠᠴᠠ ᠪᠠᠨ ᠬᠦᠨᠳᠠᠢ ᠮᠤᠳᠦ ᠲᠠᠢ ᠬᠦᠯ ᠤᠯᠠ ᠪᠠᠨ ᠤᠯᠤᠯᠴᠡᠨ᠂ ᠬᠠᠯᠠ ᠲᠠᠮᠤ ᠶᠢ ᠬᠠᠰᠢᠷᠡᠳᠡᠯ᠎ᠠ ᠠᠮᠰᠠᠬᠰᠡᠨ ᠴᠤ ᠬᠠᠨᠳᠤᠬᠰᠡᠨ ᠵᠦᠭ ᠲᠡᠭᠡᠨ ᠬᠠᠷᠪᠤᠬᠰᠡᠨ ᠰᠤᠮᠤ ᠰᠢᠭ᠋ ᠵᠢᠳᠭᠦᠨ ᠶᠠᠪᠤᠬᠰᠠᠭᠠᠷ ᠪᠠᠶᠢᠭᠠᠳ ᠠᠬᠰᠢᠷᠠᠭ᠎ᠠ ᠪᠤᠭᠤᠷᠤᠯ ᠨᠠᠰᠤᠨ ᠳᠠᠭᠠᠨ ᠠᠷᠡᠳ ᠤᠨ ᠤᠷᠠᠯᠢᠬᠴᠢᠨ ᠠᠴᠠ ᠪᠠᠨ ᠶᠡᠭᠡ ᠰᠤᠷᠭᠠᠭᠤᠯᠢ ᠶᠢᠨ ᠬᠢᠴᠢᠶᠡᠯ ᠤᠨ ᠲᠠᠶᠢᠰᠡᠨ ᠳᠤ ᠨᠢᠷᠤᠭᠤ ᠬᠡᠳᠡᠭᠡᠷ ᠵᠤᠬᠰᠤᠬᠰᠡᠨ ᠢᠷᠠᠭᠤ ᠠᠯᠳᠡᠷᠳᠦ ᠡᠷᠡᠳ ᠤᠨ ᠪᠠᠭᠰᠢ ᠶᠢᠨ ᠮᠢᠠᠳᠠᠭ ᠴᠤᠯᠠ ᠶᠢ ᠬᠦᠷᠳᠡᠵᠦ︔ ᠠᠶᠢᠮᠠᠭ ᠬᠤᠰᠢᠭᠤ ᠠᠯᠤᠰᠯᠠᠨ ᠰᠠᠷ᠎ᠠ ᠵᠢᠯ ᠢᠶᠠᠷ ᠦᠯᠢᠭᠡᠷ ᠬᠡᠯᠡᠳᠡᠭ ᠶᠠᠪᠤᠭᠤᠯ ᠬᠤᠭᠤᠷᠴᠢ ᠠᠴᠠ ᠪᠠᠨ ᠤᠷᠤᠨ ᠤ ᠲᠡᠰ ᠤᠨ ᠪᠤᠳᠡᠰ ᠤᠨ ᠪᠤᠰᠦ ᠰᠤᠶᠤᠯ ᠤᠨ ᠦᠪ ᠤᠨ ᠲᠦᠯᠦᠭᠡᠯᠡᠭᠴᠢ ᠦᠪᠯᠡᠨ ᠤᠯᠠᠮᠵᠢᠯᠠᠬᠴᠢ ᠪᠠᠷ ᠨᠠᠷᠠᠶᠢᠳᠦᠭᠳᠤᠵᠦ᠂ ᠦᠯᠢᠭᠡᠷ ᠬᠡᠯᠡᠬᠦ᠂ ᠱᠠᠪᠢ ᠬᠦᠮᠦᠵᠢᠬᠦᠯᠬᠦ᠂ ᠨᠤᠮ ᠵᠤᠬᠢᠶᠠᠯ ᠲᠤᠭᠤᠷᠪᠢᠬᠤ ᠬᠡᠭᠦᠴᠢᠯᠡᠨ ᠠᠯᠢ ᠤᠯᠠᠨ ᠠᠵᠢᠯ ᠳᠤ ᠪᠤᠷᠪᠢ ᠪᠤᠬᠢᠰᠬᠢᠯ ᠦᠭᠡᠢ ᠮᠤᠩᠭᠠᠨᠢᠵᠦ ᠯᠡ ᠶᠠᠪᠤᠨ᠎ᠠ᠃ ᠡᠨᠡ ᠪᠦᠬᠦᠨ ᠨᠢ ᠲᠡᠬᠦᠨ ᠤ ᠠᠷᠡᠳ ᠤᠨ ᠤᠷᠠᠯᠢᠭ ᠤᠨ ᠤᠯᠠᠮᠵᠢᠯᠠᠯ ᠵᠠᠯᠭᠠᠮᠵᠢᠯᠠᠯ ᠤᠨ ᠬᠦᠷᠢᠶᠡᠨ ᠳᠠᠬᠢ ᠪᠠᠶᠢᠷᠢ ᠰᠠᠭᠤᠷᠢ᠂ ᠭᠠᠪᠢᠶ᠎ᠠ᠂ ᠦᠨ᠎ᠠ ᠴᠠᠨ᠎ᠠ ᠶᠢ ᠬᠦᠢᠴᠡᠳ ᠬᠡᠷᠡᠴᠢᠯᠠᠵᠦ ᠴᠢᠳᠠᠬᠤ ᠶᠣᠮ᠃ 600 ᠭᠠᠷᠤᠢ ᠴᠠᠭ ᠤᠨ ᠦᠯᠢᠭᠡᠷ ᠮᠡᠳᠡᠳᠡᠭ ᠪᠢᠯᠢᠭᠳᠦ ᠬᠤᠭᠤᠷᠴᠢ ᠲᠤᠰᠤᠨ ᠵᠤᠮᠠᠭ ᠮᠠᠯᠳᠡᠭᠡᠨᠡᠭᠰᠡᠨ ᠤᠭᠤᠷᠠᠭ ᠤᠨ ᠰᠢᠷᠭᠠᠯ ᠨᠠᠮᠤᠷ ᠤᠨ ᠶᠢᠰᠤᠨ ᠰᠠᠷ᠎ᠠ ᠶᠢᠨ ᠠᠷᠪᠠᠨ ᠨᠡᠢᠮᠡᠨ ᠤ ᠦᠳᠠ ᠶᠢᠨ ᠡᠮᠦᠨ᠎ᠠ᠃ ᠲᠦᠮᠠ ᠲᠦᠴᠢᠬᠢᠨᠠᠵᠦ ᠪᠤᠮ ᠪᠤᠵᠢᠬᠢᠨᠠᠬᠰᠡᠨ ᠲᠠᠪᠵᠢᠶᠠᠨᠳᠦ ᠬᠤᠳᠠ ᠶᠢᠨ ᠤᠢᠢᠮᠡᠭᠡᠨ ᠠᠴᠠ ᠠᠶᠠᠷᠯᠠᠵᠦ ᠵᠠᠶᠢᠳᠠᠭᠰᠡᠨ ᠬᠡᠮᠡᠷᠭᠡᠨ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠤ ᠰᠤᠷᠭᠠᠭᠤᠯᠢ ᠶᠢᠨ ᠬᠦᠷᠢᠶᠡᠨ ᠤ ᠨᠢᠭᠡᠨ ᠦᠨᠴᠦᠭ ᠲᠤ ᠪᠠᠶᠢᠷᠢᠯᠠᠬᠰᠡᠨ ᠬᠠᠭᠤᠴᠢᠪᠳᠤᠷ ᠠᠰᠠᠷ ᠠᠴᠠ ᠬᠤᠭᠤᠷ ᠬᠦᠭᠵᠢᠮ ᠤᠨ ᠡᠭᠡᠰᠢᠭ ᠬᠤᠯᠠ ᠠᠴᠠ ᠰᠤᠨᠤᠷᠳᠠᠨ᠎ᠠ᠃ ᠲᠡᠬᠦᠨ ᠤ ᠨᠢᠭᠡᠨ ᠲᠠᠰᠤᠯᠭ᠎ᠠ ᠳᠤ ᠡᠪᠤᠬᠡᠵᠢᠶᠡᠷ ᠨᠠᠰᠤᠨ ᠤ ᠨᠢᠭᠡᠨ ᠬᠦᠮᠦᠨ ᠡᠨᠡ ᠦᠯᠢᠭᠡᠷ ᠤᠨ ᠨᠠᠷ᠎ᠠ ᠶᠢ ᠪᠸᠢ ᠯᠢᠶᠤᠤ ᠬᠡᠬᠦ ᠪᠤᠶᠤ ᠬᠤᠶᠢᠳᠦ ᠯᠢᠶᠤᠤ ᠶᠢ ᠬᠤᠷᠢᠶᠠᠬᠰᠡᠨ ᠨᠢ᠂ ᠡᠰᠡᠬᠦᠯ᠎ᠠ ᠬᠤᠶᠢᠳᠦ ᠯᠢᠶᠤᠤ ᠶᠢ ᠴᠢᠨ ᠴᠢᠶᠦ᠋ᠡᠭ ᠲᠦᠪᠰᠢᠳᠭᠡᠭᠰᠡᠨ ᠨᠢ ᠬᠡᠵᠦ ᠬᠡᠳᠤᠨ ᠵᠦᠢᠯ ᠢᠶᠠᠷ ᠬᠡᠯᠡᠨ᠎ᠠ ᠬᠡᠤᠨ ᠪᠤᠰᠢᠭᠤᠬᠠᠨ ᠭᠡᠭᠴᠢ ᠲᠦᠷᠪᠡᠨ ᠤᠳᠠᠰᠤᠳᠦ ᠬᠤᠭᠤᠷ ᠢᠶᠠᠨ ᠪᠠᠷᠢᠭᠠᠳ ᠴᠡᠷᠢᠭ ᠮᠤᠷᠳᠠᠬᠤ᠂ ᠴᠠᠭᠠᠵᠠ ᠵᠠᠷᠯᠠᠬᠤ᠂ ᠠᠮᠤ ᠡᠪᠡᠰᠤᠨ ᠤ ᠴᠡᠷᠢᠭ ᠶᠠᠪᠤᠬᠤ ᠠᠶ᠎ᠠ ᠶᠢ ᠬᠤᠭᠤᠷᠳᠠᠬᠤ ᠶᠢᠨ ᠲᠠᠭᠠᠤ ᠰᠤᠷᠤᠬᠴᠢ ᠪᠠᠷ ᠢᠶᠠᠨ ᠬᠤᠭᠤᠷᠳᠠᠭᠤᠯᠵᠦ ᠨᠠᠷᠢᠨ ᠨᠢᠮᠪᠠᠢ ᠰᠤᠨᠤᠰᠤᠬᠰᠡᠨ ᠤ ᠲᠠᠷᠠᠭ᠎ᠠ᠄ ᠴᠡᠷᠢᠭ ᠮᠤᠷᠳᠠᠬᠤ ᠳᠤ ᠭᠠᠭᠴᠠ ᠠᠶ᠎ᠠ ᠪᠠᠶᠢᠳᠠᠭ ᠪᠢᠰᠢ︔ ᠦᠯᠢᠭᠡᠷ ᠬᠡᠯᠡᠬᠦ ᠳᠤ ᠦᠭᠡ ᠪᠠᠨ ᠲᠤᠳᠤ ᠬᠡᠯᠡᠵᠦ᠂ ᠠᠶᠠᠰ ᠢᠶᠠᠨ ᠤᠷᠳᠦ ᠲᠠᠳᠠᠨ᠎ᠠ ᠁ ᠬᠡᠮᠡᠨ ᠰᠤᠷᠭᠠᠵᠦ ᠪᠠᠶᠢᠯ᠎ᠠ᠃ ᠡᠨᠡ ᠬᠦᠮᠦᠨ ᠪᠤᠯ ᠪᠢᠳᠡᠨ ᠤ ᠦᠯᠢᠭᠡᠷ᠎ ᠤᠨ ᠭᠤᠤᠯ ᠪᠠᠭᠠᠳᠤᠷ ᠵᠠᠯᠰᠡᠨ ᠬᠤᠭᠤᠷᠴᠢ ᠪᠤᠯᠬᠤ ᠪᠦᠭᠡᠳ ᠲᠠᠷᠠ ᠶᠠᠭ ᠰᠠᠶ᠋ᠢᠬᠠᠨ ᠭᠠᠷᠠᠭ ᠪᠤᠯᠭᠠᠨ ᠨᠢᠭᠡ ᠤᠳᠠᠭᠠᠨ ᠤ ᠬᠤᠭᠤᠷ ᠤᠨ ᠦᠯᠢᠭᠡᠷ ᠤᠨ ᠬᠢᠴᠢᠶᠡᠯ ᠢᠶᠠᠨ ᠵᠢᠭᠠᠵᠦ ᠪᠠᠶᠢᠪᠠ᠃ ᠦᠰᠦ ᠰᠠᠬᠠᠯ ᠴᠠᠶᠢᠷᠡᠵᠦ᠂ ᠦᠵᠡᠬᠦ ᠨᠢᠳᠦ ᠬᠤᠳᠦ᠋ᠢᠬᠰᠡᠨ ᠡᠪᠤᠭᠡᠨ ᠪᠢ ᠶᠠᠭᠤ ᠯᠠ ᠪᠠᠶᠢᠬᠤ ᠪᠣᠢ ᠳ᠋ᠠ ᠬᠡᠵᠦ ᠨᠠᠭᠠᠳᠤᠮ ᠦᠨᠡᠨ ᠤ ᠬᠤᠭᠤᠷᠤᠨᠳᠦ ᠦᠭᠡᠨ ᠤ ᠰᠡᠵᠢᠬᠦᠷ ᠡᠯᠬᠦᠭᠰᠡᠨ ᠡᠪᠤᠭᠡᠨ ᠪᠠᠭᠰᠢ ᠮᠠᠨᠢ ᠮᠠᠨ ᠤ ᠢᠷᠡᠭᠰᠡᠨ ᠰᠠᠨᠠᠭ᠎ᠠ ᠶᠢ ᠮᠡᠳᠡᠭᠡᠳ ᠤᠷᠮ᠎ᠠ ᠬᠦᠭᠵᠢᠨ ᠪᠠᠶᠠᠰᠴᠦ ᠶᠡᠷᠢᠶ᠎ᠠ ᠬᠦᠬᠡᠷᠤᠭᠡ ᠣᠯᠠᠳᠠᠪᠠ᠃ ᠲᠠᠷᠠ ᠦᠡᠭᠭᠡᠷᠡᠭᠰᠡᠨ ᠤᠴᠢᠷ ᠢᠶᠠᠨ ᠲᠤᠷᠡᠰᠤᠨ᠂ ᠬᠤᠭᠤᠷ ᠬᠢᠭᠡᠳ ᠦᠯᠢᠭᠡᠷ ᠲᠠᠢ ᠪᠠᠨ ᠠᠮᠢ ᠵᠠᠶᠠᠭ᠎ᠠ ᠪᠠᠨ ᠬᠤᠯᠪᠤᠵᠦ ᠶᠠᠪᠤᠬᠰᠡᠨ ᠡᠳᠤᠷ ᠬᠤᠨᠤᠭ ᠢᠶᠠᠨ ᠳᠣᠷᠠᠰᠪᠠ᠃ ᠤᠨ ᠤ ᠮᠦᠷ ᠲᠤᠳᠤᠷᠠᠬᠰᠡᠨ ᠬᠤᠨᠢᠶᠠᠰᠣ ᠲᠠᠳᠠᠬᠰᠡᠨ ᠮᠠᠩᠨᠠᠢ ᠪᠠᠨ ᠭᠠᠷ ᠤᠨ ᠠᠶ᠎ᠠ ᠪᠠᠷ ᠢᠶᠠᠨ ᠠᠶᠠᠳᠠᠶᠢᠬᠠᠨ ᠭᠡᠭᠴᠢ ᠢᠯᠪᠢᠭᠰᠡᠭᠡᠷ᠄ ᠬᠦᠨᠳᠠᠢ ᠮᠤᠳᠦ ᠲᠠᠢ ᠦᠭᠡ ᠬᠡᠯᠡᠬᠦ ᠴᠢᠨᠢ ᠬᠦᠮᠦᠨ ᠪᠤᠯᠭᠠᠨ ᠴᠢᠳᠠᠬᠤ ᠶᠤᠮ ᠪᠢᠰᠢ ᠳ᠋ᠡ ᠬᠡᠵᠦ ᠬᠡᠯᠡᠬᠦ ᠦᠭᠡᠨ ᠳᠤᠨᠢ ᠬᠤᠭᠤᠷᠴᠢ ᠬᠦᠮᠦᠨ ᠤ ᠤᠮᠤᠭ ᠪᠠᠭ᠋ᠠᠳᠤᠯ᠂ ᠭᠤᠨᠢᠭ ᠵᠤᠪᠠᠭᠤᠷᠢ ᠨᠢᠭᠤᠬᠳᠠᠵᠦ ᠪᠠᠶᠢᠬᠤ ᠨᠢ ᠢᠯᠡᠭᠡᠨ᠃ ᠵᠠᠯᠰᠠᠨ ᠬᠤᠭᠤᠷᠴᠢ ᠱᠠᠪᠢ ᠳᠠᠭᠠᠨ ᠬᠢᠴᠢᠶᠡᠯ ᠤᠷᠤᠵᠦ ᠪᠠᠶᠢᠭ᠎ᠠ ᠨᠢ ᠨᠠᠢᠮᠠᠨ ᠬᠤᠰᠢᠭᠤᠨ ᠳᠤ ᠨᠤᠳᠤᠭᠳᠠᠢ ᠡᠨᠡ ᠵᠢᠯ 65 ᠨᠠᠰᠤᠳᠠᠢ ᠵᠠᠯᠰᠡᠨ ᠭᠤᠸᠡᠢ ᠲᠤᠰ ᠰᠤᠷᠭᠠᠭᠤᠯᠢ ᠳᠤ ᠵᠤᠴᠢᠮᠠᠳ ᠫᠷᠤᠹᠧᠰᠰᠤᠷ ᠢᠶᠠᠷ ᠤᠷᠢᠬᠳᠡᠨ ᠢᠷᠡᠭᠡᠳ ᠨᠢᠭᠡᠨᠳᠠ ᠲᠤᠯᠤᠭᠠᠨ ᠵᠢᠯ ᠤᠨ ᠬᠠᠪᠤᠷ ᠨᠠᠮᠤᠷ ᠢ ᠲᠤᠭᠤᠯᠵᠦ᠂ ᠲᠠᠪᠤ ᠲᠤᠯᠤᠭᠠᠨ ᠰᠤᠷᠤᠬᠴᠢ ᠬᠦᠮᠦᠵᠢᠬᠦᠯᠬᠦ ᠶᠢᠨ ᠬᠠᠮᠳᠦ ᠲᠤᠰ ᠰᠤᠷᠭᠠᠭᠤᠯᠢ ᠶᠢᠨ ᠦᠨᠳᠤᠰᠤᠳᠡᠨ ᠤ ᠲᠠᠭᠤᠤ ᠬᠦᠭᠵᠢᠮ ᠢ ᠦᠪᠯᠡᠨ ᠤᠯᠠᠮᠵᠢᠯᠠᠬᠤ ᠤᠯᠠᠭ᠎ᠠ ᠦᠷᠳᠡᠭᠡ᠎ ᠳᠤ ᠬᠤᠭᠤᠷ ᠤᠨ ᠦᠯᠢᠭᠡᠷ ᠢᠶᠠᠨ ᠰᠢᠩᠭᠡᠭᠡᠵᠦ ᠪᠣᠢ ᠠᠵᠢ᠃ ᠮᠢᠨᠦ ᠮᠡᠳᠡᠳᠡᠭ 30 ᠭᠠᠷᠤᠢ ᠶᠡᠭᠡ ᠦᠯᠢᠭᠡᠷ ᠢ ᠪᠦᠬᠦᠨ ᠢ ᠬᠡᠯᠡᠵᠦ ᠪᠠᠷᠡᠳᠠᠯ᠎ᠠ 600 ᠢᠯᠡᠬᠦᠤ ᠴᠠᠭ ᠬᠡᠷᠡᠭᠰᠡᠨ᠎ᠠ ᠬᠡᠵᠦ ᠨᠠᠰᠤᠳᠡᠨ ᠭᠤᠸᠡᠢ ᠬᠡᠯᠡᠨ᠎ᠠ᠃ 600 ᠢᠯᠡᠬᠦᠤ ᠴᠠᠭ ᠤᠨ ᠬᠠᠭᠤᠴᠢᠨ ᠦᠯᠢᠭᠡᠷ ᠢ ᠬᠠᠪᠳᠠᠭᠠᠢ ᠴᠡᠭᠡᠵᠢᠡ ᠳᠡᠭᠡᠨ ᠮᠡᠷᠳᠡᠯ ᠦᠭᠡᠢ ᠲᠤᠬᠳᠠᠭᠠᠵᠦ ᠶᠠᠪᠤᠭ᠎ᠠ ᠶᠢ ᠪᠢᠰᠢᠷᠡᠨ ᠬᠦᠨᠳᠤᠳᠭᠡᠬᠦ ᠳᠤ ᠲᠡᠬᠦᠨ ᠤ ᠠᠷᠦ ᠳᠠᠬᠢ ᠮᠠᠷᠳᠠᠬᠳᠠᠰᠢ ᠦᠭᠡᠢ ᠦᠯᠢᠭᠡᠷ᠂ ᠤᠢᠢᠯᠡ ᠶᠠᠪᠤᠳᠠᠯ ᠪᠢᠳᠡᠨ ᠤ ᠰᠤᠨᠢᠷᠬᠠᠯ ᠢ ᠨᠠᠩ ᠲᠠᠳᠠᠯ᠎ᠠ᠃ ᠵᠠᠯᠰᠡᠨ ᠭᠤᠸᠡᠢ ᠶᠢᠨ ᠡᠯᠤᠨᠴᠠ ᠡᠪᠦᠭᠡ ᠬᠤᠭᠤᠷ ᠲᠠᠳᠠᠵᠦ᠂ ᠦᠯᠢᠭᠡᠷ᠂ ᠬᠤᠯᠪᠤᠭ᠎ᠠ ᠬᠡᠯᠡᠬᠦ᠂ ᠠᠷᠡᠳ ᠤᠨ ᠲᠠᠭᠤᠤ ᠲᠠᠭᠤᠯᠠᠬᠤ ᠪᠠᠷ ᠢᠶᠠᠨ ᠬᠤᠰᠢᠭᠤ ᠲᠠᠶᠠᠭᠠᠷ ᠲᠠᠭᠠᠨ ᠨᠠᠷ᠎ᠠ ᠴᠤᠤ ᠲᠠᠢ ᠬᠦᠮᠦᠨ ᠪᠠᠶᠢᠵᠠᠢ᠃ ᠮᠦᠨ ᠴᠦ ᠠᠪᠤ ᠡᠵᠢ ᠨᠢ ᠬᠤᠭᠤᠷ ᠬᠦᠭᠵᠢᠮ ᠬᠦᠭᠯᠡᠬᠦᠯᠵᠦ᠂ ᠠᠷᠡᠳ ᠤᠨ ᠲᠠᠭᠤᠤ ᠪᠠᠨ ᠬᠦᠡᠭᠬᠢᠨᠠᠮ᠎ᠠ ᠰᠠᠶᠢᠬᠠᠨ ᠬᠤᠭᠤᠯᠠᠢ ᠪᠠᠷ ᠢᠶᠠᠨ ᠬᠦᠮᠤᠰ ᠤᠨ ᠪᠠᠭ᠋ᠠᠷᠤᠯ ᠢ ᠲᠠᠳᠠᠳᠠᠯ᠎ᠠ ᠲᠠᠭᠤᠯᠠᠵᠦ ᠴᠢᠳᠠᠳᠠᠭ ᠤᠷᠠᠯᠢᠬᠴᠢ ᠤᠯᠤᠰ ᠪᠠᠶᠢᠯ᠎ᠠ᠃ ᠪᠢᠴᠢᠬᠠᠨ ᠵᠠᠯᠰᠡᠨ ᠬᠡᠯᠡ ᠳᠤ ᠤᠷᠤᠵᠦ᠂ ᠬᠦᠯ ᠳᠤ ᠤᠷᠤᠬᠰᠡᠨ ᠠᠴᠠ ᠪᠠᠨ ᠠᠪᠤᠭᠠᠳ ᠬᠠᠴᠢᠨ ᠰᠤᠨᠢᠨ ᠪᠦᠭᠡᠳ ᠤᠶᠤᠨ ᠰᠦᠨᠠᠰᠦ ᠶᠢ ᠨᠢ ᠲᠠᠯᠠᠯᠤᠬᠰᠡᠨ ᠡᠨᠡᠬᠦ ᠬᠤᠭᠤᠷ ᠤᠨ ᠦᠯᠢᠭᠡᠷ ᠬᠡᠬᠦ ᠠᠷᠡᠳ ᠤᠨ ᠤᠷᠠᠯᠢᠭ ᠲᠤ ᠠᠷᠭ᠎ᠠ ᠦᠭᠡᠢ ᠲᠠᠳᠠᠬᠳᠠᠬᠰᠡᠨ ᠪᠤᠯᠪᠠᠴᠦ ᠬᠡᠷ ᠬᠤᠳᠠᠯᠠᠭᠠᠷ ᠢᠶᠠᠨ ᠲᠡᠬᠦᠨ ᠤ ᠬᠤᠭᠤᠷ ᠲᠠᠳᠠᠬᠤ ᠶᠢ ᠡᠷᠡᠰ ᠡᠰᠡᠷᠬᠦᠴᠡᠳᠡᠭ ᠢᠶᠠᠷ ᠪᠠᠷᠠᠬᠤ ᠦᠭᠡᠢ᠂ ᠬᠤᠭᠤᠷᠴᠢ ᠪᠤᠯᠤᠶ᠎ᠠ ᠭᠡᠵᠦ ᠭᠡᠯᠡᠪᠡᠯ ᠦᠷᠬᠦᠯᠵᠢ ᠠᠯᠠᠭᠠᠨ ᠪᠤᠤᠪᠤ᠂ ᠲᠠᠰᠢᠭᠤᠷ ᠮᠢᠯᠠᠭ᠎ᠠ ᠪᠠᠷ ᠱᠠᠩᠨᠠᠭᠤᠯᠳᠠᠭ ᠪᠠᠶᠢᠯ᠎ᠠ᠃ ᠬᠡᠪᠡᠴᠦ ᠲᠤᠷ᠎ᠠ ᠳᠤ ᠰᠢᠷ᠎ᠠ ᠦᠭᠡᠢ ᠬᠡᠳᠡᠭᠴᠢᠯᠡᠨ ᠨᠠᠢᠮᠠ᠂ ᠶᠢᠰᠤᠨ ᠨᠠᠰᠤᠨ ᠠᠴᠠ ᠪᠠᠨ ᠡᠬᠢᠯᠡᠭᠡᠳ ᠦᠯᠢᠭᠡᠷ ᠰᠤᠨᠤᠰᠬᠤ ᠶᠢᠨ ᠲᠦᠯᠦᠭᠡ ᠲᠠᠭᠠᠷᠠᠵᠦ ᠪᠡᠭᠡᠷᠡᠬᠦ᠂ ᠦᠯᠦᠰᠴᠦ ᠤᠮᠳᠠᠭᠠᠰᠬᠤ ᠪᠠᠨ ᠮᠠᠷᠳᠡᠨ ᠬᠠᠬᠢᠷ ᠡᠪᠤᠯ ᠤᠨ ᠬᠦᠢᠳᠡᠨ ᠳᠤ ᠠᠶᠢᠯ ᠬᠡᠰᠤᠵᠦ ᠵᠤᠬᠰᠤᠭ᠎ᠠ ᠪᠠᠷ ᠢᠶᠠᠨ ᠨᠢᠳᠦ ᠬᠠᠮᠬᠢᠯ ᠦᠬᠡᠢ ᠦᠨᠵᠢᠵᠦ ᠮᠠᠷᠭᠠᠰᠢ ᠨᠢ ᠪᠦᠬᠦᠯᠢ ᠡᠳᠤᠷ ᠵᠠᠩᠨᠠᠭᠤᠯᠳᠠᠭ ᠴᠤ ᠪᠠᠶᠢᠪᠠ᠃ ᠠᠷᠪᠠᠨ ᠭᠤᠷᠪᠡᠳᠠᠢ ᠲᠠᠷᠠ ᠵᠢᠯ ᠤᠨ ᠡᠪᠤᠯ ᠨᠢ ᠪᠠᠶᠢᠵᠦ ᠪᠢᠯᠠ᠃ ᠪᠤᠷᠤ ᠤᠷᠬᠢᠮᠵᠢ ᠨᠦᠮᠦᠷᠴᠦ᠂ ᠡᠷᠢᠭᠡ ᠵᠡᠬᠦᠭᠰᠡᠨ ᠬᠠᠳᠠᠬᠠᠢ ᠶᠢᠨ ᠰᠦᠮ᠎ᠠ ᠶᠢᠨ ᠯᠠᠮ᠎ᠠ ᠬᠤᠭᠤᠷᠴᠢ ᠲᠤᠬᠳᠠᠬᠤ ᠬᠡᠮᠡᠭᠴᠢ ᠲᠡᠳᠡᠨ ᠤ ᠠᠶᠢᠯ ᠳᠤ ᠢᠷᠡᠵᠦ ᠨᠢᠭᠡ ᠡᠪᠤᠯ ᠦᠯᠢᠭᠡᠷ ᠬᠡᠯᠡᠵᠠᠢ᠃ ᠬᠤᠭᠤᠷ ᠤᠨ ᠦᠯᠢᠭᠡᠷ ᠲᠤ ᠪᠠᠭ᠋ᠠᠳᠠᠢ ᠵᠠᠯᠰᠡᠨ ᠬᠦᠯ ᠨᠢ ᠭᠠᠵᠡᠷ ᠬᠦᠷᠬᠦ ᠦᠭᠡᠢ ᠪᠠᠶᠠᠷᠯᠠᠵᠦ᠂ ᠣᠨᠠᠬᠤ ᠨᠠᠷᠠ ᠠᠭᠤᠯᠠ ᠶᠢᠨ ᠲᠤᠯᠤᠭᠠᠢ ᠰᠢᠬᠦᠷᠡᠬᠦ ᠦᠶᠡᠰ ᠰᠠᠮᠠᠷᠭᠡᠨ ᠭᠡᠷ ᠠᠴᠠ ᠪᠠᠨ ᠲᠤᠳᠠᠭᠠᠨ ᠭᠠᠷᠴᠦ ᠵᠤᠷᠰᠢᠯ ᠶᠤᠰᠤᠭᠠᠷ ᠦᠯᠢᠭᠡᠷ ᠲᠡᠭᠡᠨ ᠶᠠᠪᠤᠪᠠᠴᠦ᠂ ᠪᠠᠭ᠎ᠠ ᠬᠡᠤᠭᠡᠳ ᠢ ᠰᠠᠭᠤᠯᠭᠠᠬᠤ ᠦᠭᠡᠢ᠂ ᠰᠤᠨᠤᠰᠤᠭᠤᠯᠬᠤ ᠦᠭᠡᠢ ᠬᠡᠬᠦ ᠭᠡᠷ ᠤᠨ ᠡᠵᠡᠨ ᠤ ᠲᠠᠷᠴᠢᠯᠠᠭᠠᠯ᠎ ᠢ ᠲᠠᠷᠠ ᠡᠷᠡᠦ ᠠᠮᠠ ᠪᠠᠨ ᠪᠡᠷᠡᠳᠡᠯ᠎ᠠ ᠭᠤᠶᠤᠵᠦ ᠲᠡᠭᠦᠵᠦ ᠪᠠᠶᠢᠭᠠᠳ ᠬᠠᠶᠠᠭ᠎ᠠ ᠲᠦᠰᠢᠵᠦ ᠵᠤᠬᠰᠤᠬᠤ ᠪᠠᠶᠢᠷᠢ ᠤᠯᠳᠠᠭ ᠪᠠᠶᠢᠵᠠᠢ᠃ ᠲᠠᠷᠠ ᠦᠶᠡᠰ ᠭᠡᠳᠤᠢ ᠬᠦᠬᠡᠷᠤᠬᠦᠢ ᠪᠠᠶᠢᠬᠰᠡᠨ ᠪᠢᠯᠠ⁈ ᠬᠡᠵᠦ 60 ᠵᠢᠯ ᠤᠨ ᠡᠮᠦᠨᠡᠬᠢ ᠣᠴᠢᠷ ᠢᠶᠠᠨ ᠡᠷᠬᠢᠴᠡᠭᠦᠯᠦᠨ᠎ᠠ᠃ ᠨᠢᠭᠡ ᠤᠳᠠᠭ᠎ᠠ ᠲᠠᠷᠠ ᠡᠮᠦᠨ᠎ᠠ ᠤᠷᠤᠢ ᠶᠢᠨ ᠰᠤᠨᠤᠰᠤᠬᠰᠡᠨ ᠦᠯᠢᠭᠡᠷ ᠢᠶᠠᠨ ᠨᠢᠭᠡ ᠴᠤ ᠤᠷᠬᠢᠬᠳᠠᠯ ᠦᠭᠡᠢ ᠪᠠᠷ ᠦᠯᠢᠭᠡᠷ ᠠᠴᠠ ᠪᠠᠨ ᠬᠤᠴᠤᠷᠠᠬᠰᠡᠨ ᠰᠤᠨᠤᠰᠤᠬᠴᠢᠳ ᠲᠤ ᠬᠡᠯᠡᠵᠦ ᠦᠭᠴᠦ ᠪᠠᠶᠢᠭᠠᠳ ᠲᠤᠬᠳᠠᠬᠤ ᠬᠤᠭᠤᠷᠴᠢ ᠲᠠᠢ ᠬᠠᠷᠭᠤᠵᠦ ᠴᠡᠬᠡᠵᠢ ᠰᠠᠶᠢᠨ ᠬᠡᠤᠭᠡᠳ ᠪᠠᠶᠢᠨ᠎ᠠ ᠬᠡᠵᠦ ᠮᠠᠬᠳᠠᠭᠤᠯᠵᠦ ᠬᠡᠨ᠎ᠠ᠃ ᠡᠬᠦᠠ ᠠᠴᠠ ᠡᠬᠢᠯᠡᠭᠡᠳ ᠲᠠᠷᠠ ᠬᠤᠭᠤᠷ ᠰᠤᠷᠴᠦ᠂ ᠦᠯᠢᠭᠡᠷ ᠬᠡᠯᠡᠬᠦ ᠪᠠᠷ ᠵᠤᠷᠢᠮᠠᠭ ᠰᠢᠢᠳᠪᠦᠷᠢ ᠭᠠᠷᠭᠠᠯ᠎ᠠ᠃ ᠬᠡᠪᠡᠴᠦ ᠶᠠᠳᠠᠭᠤᠬᠠᠨ ᠠᠮᠢᠳᠤᠷᠡᠯ ᠲᠠᠢ ᠶᠢᠨ ᠳᠡᠭᠡᠷ᠎ᠠ ᠠᠬ᠎ᠠ ᠲᠡᠬᠦᠤ ᠲᠠᠪᠤᠭᠤᠯᠠ ᠶᠢᠨ ᠢᠶᠠᠨ ᠠᠬᠠᠮᠠᠳ ᠨᠢ ᠪᠤᠯᠤᠬᠰᠡᠨ ᠲᠠᠷᠠ ᠰᠤᠶᠤᠯ ᠤᠨ ᠮᠦᠷ ᠢ ᠲᠦᠷᠪᠡᠭᠡᠨ ᠵᠢᠯ ᠬᠦᠭᠡᠭᠡᠭᠡᠳ ᠲᠤᠷᠭᠤᠨ ᠵᠤᠬᠰᠤᠵᠦ᠂ ᠲᠠᠷᠢᠶᠡᠨ ᠠᠵᠢᠯ᠂ ᠭᠠᠯ ᠲᠤᠭᠤᠭᠠᠨ ᠳᠤ ᠬᠠᠮᠵᠢᠬᠤ ᠳᠠᠭᠠᠨ ᠬᠤᠭᠤᠷ ᠲᠠᠳᠠᠶ᠎ᠠ ᠬᠡᠵᠦ ᠪᠤᠳᠤᠬᠤ ᠠᠴᠠ ᠪᠠᠨ ᠬᠦᠷᠳᠡᠯ᠎ᠠ ᠵᠢᠷᠤᠭᠡᠰᠢᠶᠡᠨ᠎ᠠ᠃ ᠭᠤᠷᠪᠡ ᠤᠳᠠᠭ᠎ᠠ ᠠᠪᠤ ᠳᠠᠭᠠᠨ ᠬᠤᠭᠤᠷ ᠢᠶᠠᠨ ᠪᠠᠯᠪᠠᠴᠢᠭᠤᠯᠵᠦ᠂ ᠤᠯᠠᠨ ᠤᠳᠠᠭ᠎ᠠ ᠡᠵᠢ ᠳᠡᠭᠡᠨ ᠵᠠᠩᠨᠠᠭᠤᠯᠤᠬᠰᠡᠨ ᠢᠶᠠᠨ ᠬᠡᠷᠬᠢᠨ ᠮᠠᠷᠳᠡᠵᠦ ᠴᠢᠳᠠᠬᠤ ᠪᠢᠯᠠ᠃ ᠬᠤᠭᠤᠷ ᠰᠤᠷᠬᠤ ᠪᠠᠷ ᠢᠶᠠᠨ ᠬᠤᠯᠠᠭᠠᠢᠢᠴᠢ ᠶᠢ ᠰᠤᠷ ᠬᠡᠬᠦ ᠡᠵᠢ ᠶᠢᠨ ᠬᠢᠨᠢ ᠬᠠᠳᠠᠭᠤ ᠦᠭᠡ᠂ ᠭᠤᠶ᠎ᠠ ᠪᠠᠨ ᠬᠢᠷᠤᠭᠡᠳᠤᠳᠡᠭ ᠬᠤᠭᠤᠷᠴᠢ᠂ ᠭᠤᠳᠤᠯ ᠤᠨ ᠤᠯᠠ ᠪᠠᠨ ᠴᠠᠪᠴᠢᠳᠠᠭ ᠮᠤᠵᠢᠶᠠᠩ᠂ ᠭᠤᠯᠤᠮᠳᠠ ᠪᠠᠨ ᠲᠠᠪᠳᠠᠳᠠᠭ ᠲᠢᠶᠧᠵᠢᠶᠠᠩ᠂ ᠭᠤᠷᠪᠡᠨ ᠦᠶ᠎ᠠ ᠪᠠᠨ ᠲᠤᠷᠡᠳᠳᠠᠭ ᠪᠦᠭᠡ ᠬᠡᠵᠢᠶᠡᠳᠠ ᠦᠵᠦᠬᠦᠷ ᠭᠠᠷᠬᠤ ᠦᠭᠡᠢ ᠬᠡᠵᠦ ᠵᠠᠩᠳᠤᠷᠤᠨ ᠬᠡᠯᠡᠳᠡᠭ ᠠᠪᠤ ᠶᠢᠨ ᠬᠢᠨᠢ ᠰᠢᠷᠦᠬᠦᠨ ᠦᠭᠡ ᠲᠡᠬᠦᠨ ᠤ ᠴᠢᠬᠢᠨ ᠳᠤ ᠤᠳᠦ ᠪᠤᠯᠳᠠᠯ᠎ᠠ ᠰᠤᠨᠤᠰᠤᠬᠳᠠᠬᠤ ᠰᠢᠤᠬᠠᠨ᠃ ᠲᠡᠭᠡᠭᠡᠳ ᠲᠠᠷᠠ ᠬᠡᠭᠡᠷ᠎ᠠ ᠭᠠᠳᠠᠨ᠎ᠠ ᠡᠷᠳᠠᠨᠢ ᠰᠢᠰᠢ ᠶᠢᠨ ᠲᠠᠷᠢᠶᠡᠨ ᠳᠤ ᠬᠦᠷᠴᠦ ᠡᠭᠡᠷ ᠲᠠᠳᠠᠳᠠᠯ᠎ᠠ ᠤᠬᠢᠯᠠᠵᠦ᠂ ᠴᠡᠭᠡᠵᠢ ᠪᠠᠨ ᠤᠡᠭᠭᠤᠢᠢᠳᠠᠯ᠎ᠠ ᠦᠯᠢᠭᠡᠷ ᠶᠠᠪᠤᠭᠤᠯᠵᠦ ᠪᠠᠶᠢᠵᠠᠢ᠃ ᠰᠡᠬᠦᠯᠡᠷ ᠨᠢ ᠲᠤᠬᠳᠠᠬᠤ ᠬᠤᠭᠤᠷᠴᠢ ᠲᠠᠳᠡᠨ ᠤ ᠠᠶᠢᠯ ᠳᠤ ᠬᠡᠳᠤᠨ ᠵᠢᠯ ᠲᠠᠷᠠᠭᠠᠯᠠᠨ ᠢᠷᠡᠵᠦ ᠦᠯᠢᠭᠡᠷ ᠬᠡᠯᠡᠬᠦ ᠳᠤ ᠨᠠᠰᠦ ᠵᠢᠯ ᠨᠡᠮᠡᠭᠳᠡᠨ᠂ ᠵᠤᠷᠢᠭ ᠵᠢᠷᠦᠭᠡ ᠪᠦᠳᠦᠬᠦᠷᠡᠭᠰᠡᠨ ᠵᠠᠯᠰᠡᠨ ᠨᠢᠭᠤᠵᠦ ᠰᠤᠨᠤᠰᠬᠤ ᠪᠢᠰᠢ ᠪᠤᠯᠵᠦ᠂ ᠰᠦ᠋ ᠬᠦ ᠬᠤᠨᠢ ᠬᠠᠷᠢᠭᠤᠯᠤᠬᠰᠡᠨ ᠨᠢ ᠬᠡᠬᠦ ᠦᠯᠢᠭᠡᠷ ᠢ ᠠᠯᠳᠡᠯ ᠦᠭᠡᠢ ᠰᠤᠨᠤᠰᠴᠦ ᠲᠠᠭᠤᠰᠬᠠᠵᠠᠢ᠃ 1965 ᠤᠨ ᠳᠤ ᠠᠷᠪᠠᠨ ᠵᠢᠷᠭᠤᠭᠠᠨ ᠨᠠᠰᠤᠳᠠᠢ ᠲᠠᠷᠠ ᠵᠢᠷᠭᠤᠭᠠᠨ ᠪᠠᠶᠢᠰᠢᠩ ᠪᠠᠷᠢᠭᠠᠳᠠ ᠠᠴᠠ ᠪᠠᠨ ᠰᠦᠮᠠᠨᠳᠠᠯ᠎ᠠ ᠠᠶᠢᠯ ᠳᠤ ᠡᠯᠵᠢᠭᠡ ᠤᠨᠤᠨ ᠤᠴᠢᠵᠦ᠂ ᠯᠠᠮᠠ ᠬᠤᠭᠤᠷᠴᠢ ᠲᠤᠬᠳᠠᠬᠤ ᠳᠤ ᠬᠠᠳᠠᠭ ᠪᠠᠷᠢᠨ ᠮᠦᠷᠬᠦᠨ ᠱᠠᠪᠢ ᠤᠷᠤᠵᠦ᠂ ᠦᠯᠢᠭᠡᠷᠴᠢᠯᠡᠨ ᠶᠠᠷᠢᠬᠤ᠂ ᠡᠪᠯᠡᠬᠦᠯᠦᠨ ᠨᠠᠶᠢᠯᠡᠬᠦᠯᠬᠦ ᠤᠷ᠎ᠠ ᠠᠪᠢᠶᠡᠰ ᠰᠤᠷᠬᠤ ᠶᠢᠨ ᠬᠠᠮᠳᠦ ᠮᠤᠤᠲᠸᠤ ᠴᠠᠭᠠᠰᠤᠨ ᠳᠤ ᠪᠢᠴᠢᠭᠰᠡᠨ ᠪᠸᠢ ᠯᠢᠶᠤᠤ ᠬᠡᠬᠦ 18 ᠲᠡᠪᠳᠡᠷ ᠪᠦᠬᠦᠢ ᠪᠧᠨᠰᠡᠨ ᠦᠯᠢᠭᠡᠷ ᠢ ᠴᠡᠭᠡᠵᠢᠯᠡᠵᠦ ᠬᠠᠮᠤᠭ ᠤᠨ ᠠᠩᠬᠠᠨ ᠤ ᠪᠦᠳᠤᠨ ᠦᠯᠢᠭᠡᠷ ᠢᠶᠠᠨ ᠰᠤᠷᠴᠢ᠃ ᠠᠪᠤ ᠨᠢ ᠤᠳᠤᠮ ᠳᠤ ᠦᠭᠡᠢ ᠶᠠᠭᠤᠮ᠎ᠠ ᠭᠠᠷᠤᠯ᠎ᠠ ᠬᠡᠳ ᠴᠢᠷᠠᠢ ᠲᠠᠯᠪᠢᠬᠤ ᠪᠤᠯᠪᠠᠴᠦ ᠵᠠᠯᠰᠡᠨ ᠰᠡᠷᠡᠯ ᠡᠯᠵᠢᠭᠡ ᠪᠠᠨ ᠤᠨᠤᠨ ᠪᠠᠭᠰᠢ ᠶᠢᠨ ᠳᠠᠭᠠᠨ ᠪᠠᠶᠢᠨ ᠲᠡᠬᠢᠨ ᠲᠠᠯᠪᠢᠭᠠᠳ ᠬᠦᠷᠳᠡᠭ ᠪᠦᠭᠡᠳ ᠠᠶᠢᠯ ᠤᠨ ᠬᠤᠭᠤᠷᠴᠢ ᠪᠤᠯᠵᠦ ᠦᠯᠢᠭᠡᠷ ᠶᠠᠪᠤᠭᠤᠯᠳᠠᠭ ᠪᠤᠯᠵᠠᠢ᠃ 1966 ᠤᠨ ᠤ ᠡᠪᠤᠯ ᠤᠨ ᠨᠢᠭᠡ ᠡᠳᠤᠷ ᠴᠠᠩ ᠳ᠋ᠧ ᠬᠡᠳᠡᠭ ᠬᠤᠭᠤᠷᠴᠢ ᠵᠠᠯᠰᠡᠨ ᠢ ᠤᠷᠢᠨ ᠠᠪᠠᠴᠢᠵᠦ᠂ ᠴᠤᠩᠬᠤ ᠪᠠᠨ ᠬᠦᠨᠵᠢᠯᠡᠨ ᠪᠠᠷ ᠢᠶᠠᠨ ᠪᠦᠳᠡᠭᠡᠵᠦ᠂ ᠰᠦᠮᠡᠯᠵᠡᠭᠰᠡᠨ ᠤᠯᠤᠰᠤᠨ ᠲᠤᠰᠤᠨ ᠳ᠋ᠸᠡᠭ ᠢᠶᠠᠨ ᠨᠤᠴᠤᠭᠠᠨ ᠱᠦᠢ ᠬᠦ ᠶᠢᠨ ᠦᠯᠢᠭᠡᠷ ᠬᠡᠯᠡᠬᠦᠯᠵᠠᠢ᠃ ᠦᠯᠢᠭᠡᠷ ᠤᠨ ᠬᠤᠷᠤᠬᠠᠢᠢᠳᠡᠳ ᠤᠨ ᠠᠬᠤ ᠬᠡᠯᠡᠵᠦ ᠪᠠᠶᠢᠨ᠎ᠠ ᠬᠡᠵᠦ ᠢᠪᠢᠷ ᠰᠢᠪᠢᠷ ᠬᠡᠯᠡᠬᠦ ᠶᠢ ᠰᠤᠨᠤᠰᠤᠭᠠᠳ ᠲᠠᠷᠠ ᠵᠤᠷᠢᠭ ᠤᠷᠤᠵᠦ ᠶᠠᠷᠢᠬᠰᠭᠠᠷ ᠬᠡᠬᠡᠷᠡᠬᠦ ᠦᠶᠡᠰ ᠨᠢᠳᠦ ᠪᠠᠨ ᠪᠦᠯᠳᠡᠶᠢᠯᠭᠡᠨ ᠠᠩᠵᠠᠭᠠᠷᠠᠵᠦ ᠦᠵᠡᠬᠦ ᠳᠤ ᠲᠤᠬᠳᠠᠬᠤ ᠪᠠᠭᠰᠢ ᠨᠢ ᠤᠯᠠᠨ ᠤ ᠲᠤᠮᠳᠠ ᠬᠠᠮᠠᠷ ᠲᠠᠮᠠᠬᠢ ᠪᠠᠨ ᠲᠠᠳᠠᠭᠤᠨ ᠰᠠᠭᠤᠵᠦ ᠪᠠᠶᠢᠪᠠ᠃ ᠲᠡᠭᠡᠭᠡᠳ ᠪᠢᠯᠢᠭ ᠤᠨ ᠤᠬᠠᠭᠠᠨ ᠨᠢ ᠴᠡᠭᠡᠵᠢᠨ ᠳᠤᠷ ᠦᠭᠡᠢ ᠠᠶᠣᠬᠤ᠂ ᠰᠠᠨᠳᠤᠷᠬᠤ ᠬᠤᠤᠰᠯᠠᠨ᠂ ᠦᠯᠢᠭᠡᠷ ᠢᠶᠠᠨ ᠬᠠᠮᠢᠭ᠎ᠠ ᠬᠦᠷᠴᠦ᠂ ᠶᠠᠭᠤ ᠶᠠᠷᠢᠵᠦ ᠪᠠᠶᠢᠬᠤ ᠪᠠᠨ ᠮᠡᠳᠡᠬᠦ ᠦᠭᠡᠢ ᠪᠤᠯᠬᠤ ᠳᠤ ᠪᠠᠭᠰᠢ ᠨᠢ ᠠᠭᠤᠷᠯᠠᠬᠤ ᠳᠠᠭᠠᠨ ᠬᠦᠶᠤᠨ ᠪᠤᠰᠤᠭᠠᠳ ᠬᠤᠭᠤᠷ ᠢ ᠨᠢ ᠪᠤᠯᠢᠶᠡᠨ ᠠᠪᠴᠦ ᠦᠯᠢᠭᠡᠷ ᠢ ᠨᠢ ᠦᠷᠬᠦᠯᠵᠢᠯᠡᠬᠦᠯᠦᠭᠰᠡᠨ ᠬᠡᠨ᠎ᠠ᠃ ᠲᠠᠷᠠᠭ᠎ᠠ ᠤᠷᠤᠢ ᠨᠢ ᠦᠯᠢᠭᠡᠷ ᠢᠶᠠᠨ ᠵᠠᠯᠭᠠᠨ ᠬᠡᠯᠡᠬᠦ ᠳᠤ ᠪᠠᠭᠰᠢ ᠨᠢ ᠬᠠᠷᠠᠬᠳᠠᠬᠤ ᠦᠭᠡᠢ ᠪᠤᠯᠬᠤᠷ ᠶᠠᠭᠠᠷᠡᠵᠦ ᠰᠠᠨᠳᠤᠷᠣᠬᠰᠡᠨ ᠦᠭᠡᠢ ᠪᠠᠷ ᠬᠡᠯᠡᠵᠦ ᠪᠠᠷᠠᠠᠭᠤᠨ ᠦᠵᠡᠬᠦ ᠳᠤ ᠪᠠᠭᠰᠢ ᠨᠢ ᠮᠦᠠ ᠯᠠ ᠤᠯᠠᠨ ᠤ ᠠᠷᠦ ᠳᠤ ᠮᠠᠨᠢ ᠪᠠᠨ ᠲᠤᠭᠠᠯᠠᠨ ᠰᠠᠭᠤᠵᠦ ᠪᠠᠶᠢᠵᠠᠢ᠃ ᠡᠬᠦᠨ ᠠᠴᠠ ᠰᠡᠬᠦᠯᠡᠷ ᠭᠤᠷᠪᠡᠨ ᠡᠪᠤᠯ ᠪᠠᠭᠰᠢ ᠨᠢ ᠬᠠᠵᠠᠭᠤ ᠳᠠᠭᠠᠨ ᠠᠪᠠᠴᠢᠨ ᠡᠨᠡ ᠨᠢ ᠪᠤᠷᠤᠭᠤ᠂ ᠲᠠᠷᠠ ᠨᠢ ᠪᠤᠷᠤᠭᠤ᠂ ᠡᠨᠡ ᠠᠶᠠᠰ ᠢ ᠢᠡᠭᠬᠢᠵᠦ ᠲᠠᠳᠠᠬᠤ ᠦᠭᠡᠢ ᠁ ᠁ ᠬᠡᠤᠨ ᠪᠤᠳᠠᠳᠠᠢ ᠵᠢᠭᠠᠨ ᠵᠢᠯᠤᠭᠤᠳᠤᠬᠰᠡᠨ ᠢᠶᠠᠷ ᠪᠠᠷᠠᠬᠤ ᠦᠭᠡᠢ᠂ ᠬᠠᠨ ᠤᠯᠤᠰ᠂ ᠎ ᠶᠢᠨ ᠤᠯᠤᠰ᠂ ᠯᠢ ᠴᠢᠩ ᠠᠭᠤᠯᠠᠨ ᠠᠴᠠ ᠪᠠᠭᠤᠬᠰᠡᠨ ᠨᠢ ᠵᠡᠷᠭᠡ 15 ᠶᠡᠭᠡ ᠦᠯᠢᠭᠡᠷ ᠢ ᠰᠤᠷᠭᠠᠵᠠᠢ᠃ ᠰᠠᠶᠢᠨ ᠰᠤᠷᠪᠠᠯ ᠭᠡᠭᠡᠭᠳᠡᠬᠦ ᠦᠭᠡᠢ ᠶᠤᠮ ᠡ ᠬᠡᠵᠦ ᠬᠡᠯᠡᠬᠦ ᠪᠠᠭᠰᠢ ᠶᠢᠨ ᠢᠶᠠᠨ ᠦᠭᠡ ᠶᠢ ᠲᠠᠷᠠ ᠲᠠᠰᠦ ᠴᠡᠭᠡᠵᠢᠯᠡᠵᠦ᠂ ᠵᠡᠪᠡᠯ ᠰᠠᠶᠢᠨ ᠰᠤᠷᠤᠨ᠎ᠠ ᠬᠡᠵᠦ ᠰᠢᠳᠦ ᠵᠠᠭᠤᠵᠦ᠂ ᠪᠠᠭᠰᠢ ᠶᠢᠨ ᠢᠶᠠᠨ ᠬᠠᠳᠠᠭᠠᠯᠠᠵᠦ ᠪᠠᠶᠢᠭ᠎ᠠ ᠲᠦᠷᠪᠡᠨ ᠮᠤᠳᠤᠨ ᠬᠠᠶᠢᠷᠴᠠᠭ ᠪᠧᠨᠰᠡᠨ ᠦᠯᠢᠭᠡᠷ ᠢ ᠤᠷᠬᠤᠳᠠᠢ ᠬᠡᠮᠡᠷᠭᠡᠨ ᠠᠮᠢᠨᠴᠢᠯᠡᠨ ᠰᠦᠡᠭ ᠤᠯᠤᠰ 19 ᠪᠸᠡᠰᠡ᠂ ᠵᠡᠬᠦᠨ ᠯᠢᠶᠤᠤ 24 ᠪᠧᠨᠰᠡ᠂ ᠪᠠᠷᠠᠭᠤᠨ ᠯᠢᠶᠤᠤ 22 ᠪᠸᠡᠰᠡ ᠬᠡᠬᠦᠴᠢᠯᠡᠨ ᠵᠢᠭᠡᠯᠡᠭᠰᠭᠡᠷ ᠪᠠᠶᠢᠵᠦ ᠠᠷᠠᠢ 300 ᠭᠠᠷᠤᠢ ᠲᠡᠪᠳᠡᠷ ᠴᠡᠭᠡᠵᠢᠯᠡᠵᠦ ᠠᠮᠵᠢᠳᠡᠯ᠎ᠠ ᠴᠠᠭ ᠲᠦᠷᠦ ᠶᠢᠨ ᠤᠢᠢᠮᠡᠭᠡᠠ ᠳᠤ ᠡᠳᠡᠭᠡᠷ ᠨᠤᠮ ᠪᠢᠴᠢᠭ ᠦᠨᠡᠰᠤᠨ ᠲᠣᠪᠷᠠᠭ ᠪᠤᠯᠤᠬᠰᠡᠨ ᠪᠠᠶᠢᠨ᠎ᠠ᠃ ᠨᠤᠮ ᠭᠠᠯᠳᠠᠬᠳᠠᠬᠰᠡᠨ 1969 ᠤᠨ ᠤ ᠲᠠᠷᠠ ᠵᠢᠯ ᠵᠠᠯᠰᠡᠨ ᠭᠤᠸᠡᠢ ᠬᠤᠪᠢ ᠲᠦᠰᠦᠷ ᠲᠡᠭᠡᠨ ᠬᠤᠭᠤᠷᠴᠢ ᠨᠠᠷ᠎ᠠ ᠲᠠᠢ ᠶᠠᠪᠤᠵᠦ ᠪᠠᠶᠢᠳᠠᠯ᠎ᠠ ᠭᠠᠳᠠ ᠮᠠᠶᠢᠷᠡᠨ᠎ ᠢ ᠲᠠᠭᠤᠯᠠᠵᠦ ᠦᠨᠳᠤᠰᠤᠳᠡᠨ ᠤ ᠬᠠᠭᠠᠴᠠᠭᠤᠯᠬᠤ ᠦᠵᠡᠯ ᠭᠠᠷᠭᠠᠵᠦ ᠪᠠᠶᠢᠨ᠎ᠠ᠂ ᠪᠠᠭᠰᠢ ᠶᠢᠨ ᠢᠶᠠᠨ ᠰᠠᠬᠢᠭᠤᠯᠰᠤᠨ ᠡᠷᠬᠦᠮᠵᠢᠯᠡᠭᠰᠡᠨ ᠦᠯᠢᠭᠡᠷ᠎ ᠤᠨ ᠪᠸᠡᠰᠡ ᠶᠢ ᠬᠠᠳᠠᠭᠠᠯᠠᠵᠦ ᠮᠤᠬᠤᠷ ᠰᠦᠰᠦᠭ ᠢ ᠰᠡᠷᠭᠦᠭᠡᠵᠦ ᠪᠠᠶᠢᠨ᠎ᠠ ᠬᠡᠮᠡᠨ 16 ᠡᠳᠤᠷ ᠬᠤᠷᠢᠬᠳᠠᠵᠦ ᠪᠠᠶᠢᠬᠤ ᠳᠠᠭᠠᠨ ᠠᠪᠤ ᠶᠢᠨ ᠦᠭᠡ ᠪᠠᠷ ᠤᠷᠤᠬᠰᠡᠨ ᠪᠤᠯ ᠵᠦᠪ ᠪᠠᠶᠢᠵᠠᠢ ᠬᠡᠵᠦ ᠬᠡᠮᠰᠢᠵᠦ ᠰᠠᠭᠤᠯ᠎ᠠ ᠭᠡᠳᠡᠭ᠃ ᠲᠡᠬᠦᠨ ᠠᠴᠠ ᠰᠡᠬᠦᠯᠡᠷ 50 ᠭᠠᠷᠤᠢ ᠵᠢᠯ ᠤᠨ ᠲᠤᠷᠰᠢ᠂ ᠵᠠᠯᠰᠡᠨ ᠭᠤᠸᠡᠢ ᠠᠷᠠᠯᠳᠦ ᠬᠤᠭᠤᠷ ᠢᠶᠠᠨ ᠬᠦᠭᠯᠡᠬᠦᠯᠵᠦ᠂ ᠬᠤᠰᠢᠭᠤ ᠠᠶᠢᠮᠠᠭ ᠠᠯᠤᠰᠯᠠᠨ ᠰᠢᠨ᠎ᠠ᠂ ᠬᠠᠭᠤᠴᠢᠨ ᠦᠯᠢᠭᠡᠷ ᠢ ᠵᠠᠪᠳᠤᠬᠤ ᠶᠢᠨ ᠬᠢᠷᠢ ᠪᠠᠷ ᠢᠶᠠᠨ ᠬᠡᠯᠡᠵᠦ᠂ ᠠᠶᠢᠯ ᠤᠨ ᠵᠠᠬ᠎ᠠ᠂ ᠬᠤᠳᠠ ᠶᠢᠨ ᠲᠡᠬᠦᠷᠭᠡ᠂ ᠠᠷᠡᠳ ᠤᠨ ᠲᠤᠮᠳᠠ᠂ ᠷᠠᠳᠢᠣ᠋ ᠲᠤᠯᠬᠢᠶᠡᠨ ᠢᠶᠠᠷ ᠰᠠᠴᠤᠵᠦ ᠯᠡ ᠶᠠᠪᠤᠵᠠᠢ᠃ ᠪᠠᠭᠰᠢ ᠶᠢᠨ ᠲᠠᠷᠠ ᠦᠯᠢᠭᠡᠷ ᠤᠨ ᠪᠧᠨᠰᠨ ᠶᠢ ᠪᠦᠬᠦᠨ ᠢ ᠴᠡᠭᠡᠵᠢᠯᠡᠭᠰᠡᠨ ᠪᠤᠯ 1000 ᠴᠠᠭ ᠤᠨ ᠦᠯᠢᠭᠡᠷ ᠢᠶᠠᠷ ᠵᠤᠬᠰᠤᠨ᠎ᠠ ᠤᠤ ᠳ᠋ᠠ ᠬᠡᠵᠦ ᠡᠪᠤᠭᠡᠨ ᠪᠠᠭᠰᠢ ᠦᠪᠡᠷ ᠤᠨ ᠢᠶᠠᠨ ᠮᠡᠳᠡᠯᠭᠡ ᠶᠢ ᠴᠢᠮᠡᠯᠠᠵᠦ᠂ ᠮᠦᠡᠭᠭᠡ ᠶᠢᠨ ᠤᠷᠴᠢᠯᠠᠩ ᠬᠡᠵᠦ ᠪᠠᠶᠢᠬᠤ ᠠᠴᠠ ᠪᠢᠰᠢ᠂ ᠮᠦᠡᠭᠭᠡᠷᠡᠬᠦ ᠬᠦᠮᠦᠨ ᠬᠡᠵᠦ ᠪᠠᠶᠢᠭ᠎ᠠ ᠦᠭᠡᠢ᠂ ᠮᠦᠷᠦᠭᠡᠳᠤᠯ ᠳᠤ ᠬᠤᠨᠤᠬᠰᠢᠬᠰᠡᠨ ᠠᠷᠡᠳ ᠤᠨ ᠤᠷᠠᠯᠢᠭ ᠢᠶᠠᠨ ᠬᠡᠤᠭᠡᠳ ᠲᠡᠭᠦᠤ ᠨᠠᠷ ᠲᠡᠭᠡᠨ ᠦᠪᠯᠠᠨ ᠤᠯᠠᠮᠵᠢᠯᠠᠬᠤ ᠨᠢ ᠮᠠᠨ ᠤ ᠦᠶ᠎ᠠ ᠶᠢᠨ ᠲᠠᠷᠬᠠᠨ ᠬᠠᠷᠢᠭᠤᠴᠠᠯᠭ᠎ᠠ ᠡ ᠬᠡᠵᠦ ᠰᠡᠳᠬᠢᠯ ᠤᠨ ᠦᠭᠡ ᠪᠠᠨ ᠠᠭᠤᠳᠠᠯᠣᠨ᠎ᠠ᠃ ᠬᠤᠭᠤᠷ ᠤᠨ ᠦᠯᠢᠭᠡᠷ ᠲᠠᠢ ᠪᠠᠨ ᠠᠳᠠᠯᠢᠬᠠᠨ ᠦᠯᠢᠭᠡᠷ᠎ ᠲᠠᠢ ᠶᠠᠪᠤᠬᠰᠡᠨ ᠡᠨᠡ ᠬᠦᠮᠦᠨ ᠤ ᠦᠯᠢᠭᠡᠷ ᠡᠬᠦᠨ ᠢᠶᠠᠷ ᠯᠡ ᠵᠤᠬᠰᠤᠬᠤ ᠦᠭᠡᠢ᠃ ᠤᠳᠠᠯ ᠦᠭᠡᠢ ᠦᠭᠡᠳᠠᠢ ᠬᠠᠭᠠᠨ᠂ ᠬᠤᠪᠢᠯᠠᠢ ᠰᠡᠴᠡᠨ᠂ ᠪᠡᠳᠦ ᠬᠠᠭᠠ ᠵᠡᠷᠭᠡ ᠮᠤᠩᠭᠤᠯ ᠦᠯᠢᠭᠡᠷ ᠢᠶᠠᠨ ᠬᠡᠯᠡᠬᠦ ᠪᠠᠷ ᠪᠡᠯᠡᠳᠭᠡᠭᠡᠳ ᠪᠤᠢ ᠬᠡᠵᠦ ᠡᠪᠤᠭᠡᠠ ᠪᠠᠭᠰᠢ ᠭᠡᠯᠡᠨ᠎ᠠ᠃ ᠲᠡᠬᠦᠨ ᠤ ᠦᠭᠡ ᠶᠡᠷᠢᠶ᠎ᠠ ᠨᠠᠮ ᠲᠤᠤᠷ᠎ᠠ᠂ ᠠᠭᠤᠵᠢᠭᠤ ᠲᠠᠯᠪᠢᠭᠤ ᠠᠳᠠᠯ᠎ᠠ ᠶᠤᠬᠳᠠᠯᠢᠭ᠂ ᠤᠳᠬ᠎ᠠ ᠬᠦᠨ᠂ ᠴᠢᠬᠢᠨ ᠳᠤ ᠠᠶᠠᠳᠠᠢ᠂ ᠴᠡᠭᠡᠵᠢᠨ ᠳᠤ ᠵᠤᠭᠠᠳᠠᠢ ᠰᠠᠨᠠᠭᠳᠠᠵᠦ ᠪᠠᠶᠢᠯ᠎ᠠ᠃ 1000 ᠭᠠᠷᠤᠢ ᠴᠠᠭ ᠤᠨ ᠮᠠᠩᠭᠤᠰ ᠤᠨ ᠦᠯᠢᠭᠡᠷ ᠬᠠᠶᠢᠯᠠᠳᠠᠭ ᠰᠡᠴᠡᠨ ᠴᠤᠭᠤᠷᠴᠢ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠰᠠᠭᠤᠭᠠᠯᠢ ᠲᠤᠭᠤᠷᠢᠭ ᠤᠨ ᠨᠢᠭᠡᠨ ᠬᠠᠭᠤᠴᠢᠨ ᠠᠰᠡᠷ ᠲᠤ ᠵᠠᠯᠰᠡᠨ ᠪᠠᠭᠰᠢ ᠰᠠᠭᠤᠷᠢᠰᠢᠳᠠᠭ ᠠᠵᠢ᠃ ᠪᠢᠳᠠ ᠦᠳᠠ ᠶᠢᠨ ᠡᠮᠦᠨ᠎ᠠ ᠲᠡᠬᠦᠨ ᠢ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠦ ᠰᠤᠷᠭᠠᠭᠤᠯᠢ ᠳᠤ ᠬᠢᠴᠢᠶᠡᠯ ᠤᠷᠤᠵᠦ ᠪᠠᠶᠢᠬᠰᠡᠨ ᠵᠠᠪᠰᠡᠷ ᠰᠤᠷᠪᠤᠯᠵᠢᠯᠠᠬᠰᠡᠨ ᠪᠤᠯᠬᠤᠷ ᠰᠡᠳᠬᠢᠯ ᠢᠶᠠᠨ ᠠᠭᠤᠵᠢᠷᠡᠳᠠᠯ᠎ᠠ ᠶᠠᠷᠢᠯᠴᠠᠵᠦ ᠴᠢᠳᠠᠭ᠎ᠠ ᠦᠭᠡᠢ ᠲᠤᠯᠠ ᠦᠳᠠ ᠶᠢᠨ ᠬᠤᠶᠢᠨ᠎ᠠ ᠭᠡᠷ ᠲᠤᠨᠢ ᠬᠦᠷᠴᠦ ᠰᠤᠷᠪᠤᠯᠵᠢᠯᠠᠬᠤ ᠪᠠᠷ ᠪᠤᠯᠵᠤᠪᠠ᠃ ᠭᠡᠷ ᠲᠤᠨᠢ ᠤᠷᠤᠪᠠᠯ ᠦᠷᠦᠭᠡᠨ ᠤ ᠬᠢᠨᠢ ᠨᠢᠭᠡ ᠲᠠᠰᠤᠯᠭᠠᠨ ᠳᠤ ᠤᠷᠦ ᠲᠠᠪᠢᠰᠭᠡᠷ᠂ ᠠᠪᠳᠡᠷ᠎ᠠ ᠬᠤᠷᠭᠤ ᠬᠡᠬᠦᠴᠢᠯᠡᠨ ᠤᠷᠤᠨ ᠪᠠᠶᠢᠷᠢ ᠶᠢ ᠨᠢ ᠤᠯᠵᠦ ᠡᠪᠳᠠᠢ ᠲᠤᠬᠢᠷᠠᠭᠤᠯᠤᠨ ᠵᠠᠰᠠᠵᠦ᠂ ᠨᠦᠬᠦᠭᠡ ᠲᠠᠰᠤᠯᠭᠠᠨ ᠳᠤᠨᠢ ᠬᠤᠭᠤᠷ᠂ ᠴᠤᠭᠤᠷ ᠢᠶᠠᠨ ᠡᠯᠬᠦᠵᠦ ᠲᠠᠯᠪᠢᠬᠰᠡᠨ ᠪᠠᠶᠢᠨ᠎ᠠ᠃ ᠬᠠᠨᠠᠨ ᠲᠡᠭᠡᠷ᠎ᠠ ᠨᠢ ᠡᠯᠬᠦᠭᠰᠡᠨ ᠬᠡᠳᠤᠨ ᠲᠦᠷᠪᠡᠨ ᠤᠳᠠᠰᠤᠳᠦ ᠬᠤᠭᠤᠷ ᠪᠤᠯᠤᠨ ᠮᠤᠭᠠᠢ ᠶᠢᠨ ᠠᠷᠡᠰᠤᠨ ᠤᠷᠢᠶᠠᠯᠳᠠ ᠲᠠᠢ ᠴᠤᠭᠤᠷ ᠠᠴᠠ ᠤᠨᠳᠤᠤ ᠨᠢᠳᠤᠨ ᠳᠤ ᠲᠤᠷᠬᠤ ᠡᠳ᠋ᠯᠠᠯ ᠴᠢᠮᠡᠭᠯᠡᠯ ᠬᠡᠵᠦ ᠠᠯᠠᠭ᠎ᠠ᠃ ᠠᠯᠢ ᠡᠷᠳᠠ ᠠᠴᠠ ᠷᠠᠳᠢᠣ᠋ ᠲᠧᠯᠸᠢᠰ ᠢᠶᠠᠷ ᠦᠯᠢᠭᠡᠷ ᠬᠡᠯᠡᠵᠦ ᠠᠷᠡᠳ ᠲᠦᠮᠡᠨ ᠳᠡᠭᠡᠨ ᠲᠠᠨᠢᠬᠳᠠᠬᠰᠡᠨ ᠤᠷᠠᠯᠢᠬ ᠤᠨ ᠶᠡᠭᠡ ᠪᠠᠭᠰᠢᠳᠡᠨ ᠤ ᠠᠮᠢᠳᠤᠷᠡᠯ ᠬᠡᠵᠦ ᠡᠶᠢᠮᠦᠷᠬᠦ ᠡᠭᠡᠯ ᠲᠦᠭᠦᠮᠭᠡᠨ ᠬᠡᠵᠦ ᠬᠡᠨ ᠰᠠᠨᠠᠵᠦ ᠤᠯᠬᠤ ᠪᠢᠯᠠ⁈ ᠬᠡᠳᠡᠯ᠎ᠠ ᠲᠡᠬᠦᠨ ᠤ ᠤᠨᠳᠠᠬᠤ ᠤᠷᠦ ᠶᠢᠨ ᠬᠢᠨᠢ ᠬᠠᠨᠠᠨ ᠲᠡᠭᠡᠷᠡᠬᠢ ᠨᠠᠭᠠᠯᠳᠠ ᠲᠠᠢ ᠨᠢᠭᠡᠨ ᠬᠠᠭᠤᠳᠠᠰᠦ ᠴᠠᠭᠠᠰᠦ ᠬᠠᠷᠠᠭ᠎ᠠ ᠶᠢ ᠪᠤᠯᠢᠶᠠᠯ᠎ᠠ᠃ ᠠᠵᠢᠬᠯᠠᠭᠠᠤᠨ ᠦᠵᠡᠬᠦ ᠳᠤ᠄ 18 ᠠᠭᠤᠢ ᠰᠢᠳᠦᠭᠡᠨ᠄ ᠲᠡᠭᠷᠢ ᠶᠢᠨ ᠵᠠᠬᠢᠶ᠎ᠠ ᠪᠠᠷ ᠶᠢᠷᠳᠢᠨᠴᠦ ᠳᠤ ᠬᠡᠵᠢᠶᠡᠳᠠ ᠤᠷᠤᠰᠢᠬᠤ ᠰᠢᠳᠤᠭᠡᠠ ᠨᠦᠭᠦᠳ ᠶᠢᠷᠳᠢᠨᠴᠦ ᠶᠢ ᠡᠬᠡᠯᠵᠢᠯᠡᠨ ᠡᠳᠤᠷ ᠰᠦᠨᠢ ᠦᠭᠡᠢ ᠴᠠᠬᠳᠠᠨ ᠪᠠᠶᠢᠴᠠᠭᠠᠨ᠎ᠠ᠃ ᠲᠣᠬᠠᠢᠢᠯᠠᠪᠠᠯ᠄ ᠵᠢᠤᠢ ᠪᠦᠸᠧ ᠯᠦᠸᠧ ᠬᠠᠨ ᠬᠤᠮᠬ᠎ᠠ ᠡᠷᠬᠦᠭᠰᠡᠨ ᠪᠤᠷᠬᠠᠨ᠂ ᠺᠠᠨ ᠮᠧᠨ ᠯᠦᠸᠧ ᠬᠠᠨ ᠡᠬᠦᠳᠠ ᠰᠠᠬᠢᠬᠴᠢ ᠪᠤᠷᠬᠠᠨ᠂ ᠲᠦᠸᠧ ᠲᠠ ᠯᠦᠸᠧ ᠬᠠᠨ ᠰᠤᠪᠤᠷᠭ᠎ᠠ ᠡᠷᠬᠦᠭᠰᠡᠨ ᠰᠢᠳᠦᠭᠡᠨ ᠁ ᠬᠡᠮᠡᠨ ᠮᠠᠩᠭᠤᠰ ᠤᠨ ᠦᠯᠢᠭᠡᠷ᠎ ᠲᠤ ᠭᠠᠷᠳᠠᠭ ᠠᠷᠪᠡᠨ ᠨᠠᠢᠮᠠᠨ ᠠᠭᠤᠢ ᠰᠢᠳᠦᠭᠡᠨ ᠤ ᠬᠢᠳᠡᠳ ᠮᠤᠩᠭᠤᠯ ᠨᠠᠷ᠎ᠠ ᠶᠢ ᠵᠢᠬᠰᠠᠭᠠᠨ ᠲᠠᠯᠪᠢᠬᠰᠡᠨ ᠨᠢ ᠦᠵᠡᠭᠳᠡᠨ᠎ᠠ᠃ ᠬᠠᠷᠢᠨ ᠮᠢᠨᠦ ᠬᠠᠷᠠᠴᠠ ᠠᠴᠠ ᠪᠤᠳᠤᠯ ᠢ ᠭᠠᠳᠠᠷᠯᠠᠬᠰᠡᠨ ᠵᠠᠯᠰᠡᠨ ᠬᠤᠭᠤᠷᠴᠢ᠄ ᠬᠦᠬᠡᠬᠤᠳᠠ ᠳᠤ ᠢᠷᠡᠭᠡᠳ ᠨᠡᠢᠮᠨ ᠨᠡᠬᠦᠵᠦ᠂ ᠲᠤᠯᠤᠭ᠎ᠠ ᠪᠠᠭᠤᠵᠦ ᠪᠠᠶᠢᠨ᠎ᠠ᠃ ᠡᠨᠡ ᠬᠡᠷ ᠢ ᠴᠢᠨᠢ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠵᠠᠩ ᠤᠢᠢᠯᠡ ᠶᠢᠨ ᠲᠡᠭᠡᠳᠤ ᠰᠤᠷᠭᠠᠭᠤᠯᠢ ᠠᠴᠠ ᠮᠠᠩᠭᠤᠰ ᠤᠨ ᠦᠯᠢᠭᠡᠷ ᠰᠢᠩᠭᠡᠭᠡᠵᠦ᠂ ᠲᠠᠮᠳᠡᠭᠯᠡᠨ ᠪᠠᠭᠤᠯᠭᠠᠬᠤ ᠶᠢᠨ ᠲᠦᠯᠦᠭᠡ ᠲᠤᠬᠢᠷᠠᠭᠤᠯᠤᠨ ᠦᠭᠭᠦᠭᠰᠡᠨ ᠪᠦᠭᠡᠳ ᠲᠡᠭᠡᠷ᠎ᠠ ᠨᠢ ᠪᠠᠰᠡ ᠰᠠᠷ᠎ᠠ ᠶᠢᠨ ᠴᠡᠯᠢᠩ ᠤᠯᠭᠤᠵᠦ ᠪᠠᠶᠢᠨ᠎ᠠ ᠬᠡᠵᠦ ᠪᠠᠶᠠᠷ ᠲᠠᠢ ᠬᠡᠯᠡᠨ᠎ᠠ᠃ ᠵᠠᠯᠰᠡᠨ ᠬᠤᠭᠤᠷᠴᠢ ᠬᠤᠭᠤᠷ ᠤᠨ ᠦᠯᠢᠭᠡᠷ ᠶᠠᠷᠢᠵᠦ ᠪᠠᠶᠢᠭ᠎ᠠ ᠨᠢ ᠵᠠᠯᠰᠡᠨ ᠭᠤᠸᠡᠢ ᠬᠤᠭᠤᠷᠴᠢ ᠴᠤᠯᠠ ᠲᠠᠢ ᠪᠤᠯᠪᠠᠴᠦ ᠮᠠᠩᠭᠤᠰ ᠤᠨ ᠦᠯᠢᠭᠡᠷ ᠬᠠᠶᠢᠯᠠᠳᠠᠭ ᠴᠤᠭᠤᠷᠴᠢ ᠬᠡᠳᠡᠭ ᠢ ᠮᠡᠳᠡᠳᠡᠭ ᠬᠦᠮᠦᠨ ᠬᠤᠪᠤᠷ ᠪᠠᠶᠢᠯ᠎ᠠ᠃ 2007 ᠤᠨ ᠠᠴᠠ ᠡᠬᠢᠯᠡᠨ ᠪᠠᠭᠰᠢ ᠶᠢᠨ ᠶᠡᠭᠡ ᠰᠤᠷᠭᠠᠭᠤᠯᠢ ᠳᠤ ᠵᠤᠴᠢᠮᠡᠳ ᠫᠷᠤᠹᠧᠰᠰᠤᠷ ᠢᠶᠠᠷ ᠤᠷᠢᠬᠳᠡᠨ ᠲᠦᠷᠪᠡᠨ ᠤᠳᠠᠰᠤᠳᠦ ᠬᠤᠭᠤᠷ᠂ ᠬᠤᠷᠴᠢᠨ ᠠᠷᠡᠳ ᠤᠨ ᠲᠠᠭᠤᠤ᠂ ᠬᠤᠷᠴᠢᠨ ᠠᠷᠡᠳ ᠤᠨ ᠦᠯᠢᠭᠡᠷᠳᠦ ᠲᠠᠭᠤᠤ᠂ ᠴᠤᠭᠤᠷ ᠢᠶᠠᠷ ᠲᠤᠤᠯᠢ ᠬᠠᠶᠢᠯᠠᠬᠤ ᠵᠡᠷᠭᠡ ᠬᠢᠴᠢᠶᠡᠯ ᠵᠢᠭᠠᠵᠦ ᠪᠠᠶᠢᠭ᠎ᠠ ᠪᠦᠭᠡᠳ ᠮᠠᠩᠭᠤᠰ ᠤᠨ ᠦᠯᠢᠭᠡᠷ᠎ ᠤᠨ ᠠᠷᠪᠠᠨ ᠨᠡᠢᠮᠡᠨ ᠭᠠᠯᠪᠠ ᠪᠠ ᠪᠠᠭ᠎ᠠ ᠲᠠᠪᠤᠨ ᠭᠠᠯᠪᠠ᠎ ᠶᠢ ᠨᠠᠶᠢᠯᠡᠬᠦᠯᠵᠦ ᠨᠠᠶᠢᠳᠠ ᠬᠤᠷᠢᠨ ᠭᠤᠷᠪᠡᠨ ᠭᠠᠯᠪᠠ ᠶᠢᠨ ᠦᠯᠢᠭᠡᠷ᠎ ᠢ ᠡᠬᠢᠯᠡᠨ ᠪᠠᠭᠤᠯᠭᠠᠨ ᠦᠰᠦᠭ ᠪᠢᠴᠢᠭ ᠢᠶᠠᠷ ᠲᠠᠮᠳᠡᠭᠯᠡᠬᠦ ᠪᠠ ᠴᠤᠭᠤᠷ ᠢᠶᠠᠷ ᠬᠠᠶᠢᠯᠵᠦ ᠰᠢᠩᠭᠡᠭᠡᠯᠳᠠ ᠬᠢᠬᠦ ᠶᠡᠭᠡ ᠠᠵᠢᠯ ᠢ ᠬᠦᠢᠴᠡᠳᠭᠡᠵᠦ ᠪᠠᠶᠢᠨ᠎ᠠ ᠬᠡᠵᠦ ᠬᠡᠯᠡᠬᠦ ᠦᠭᠡᠨ ᠠᠴᠠ ᠨᠢ ᠲᠡᠬᠦᠨ ᠤ ᠨᠦᠷᠢ ᠶᠡᠭᠡ ᠬᠦᠳᠡᠯᠮᠦᠷᠢ ᠵᠠᠷᠤᠴᠠᠭᠤᠯᠤᠨ ᠬᠤᠷᠴᠢᠨ ᠲᠤᠤᠯᠢ ᠬᠡᠮᠡᠭᠳᠡᠭᠰᠡᠨ ᠮᠠᠩᠭᠤᠰ ᠤᠨ ᠦᠯᠢᠭᠡᠷ᠎ ᠢ ᠠᠪᠤᠷᠡᠨ ᠬᠠᠮᠠᠭᠠᠯᠠᠵᠦ᠂ ᠦᠪᠯᠡᠵᠦ ᠤᠯᠠᠮᠵᠢᠯᠠᠬᠤ ᠶᠢᠨ ᠲᠦᠯᠦᠭᠡ ᠤᠢᠢᠭ᠎ᠠ ᠦᠭᠡᠢ ᠵᠢᠳᠭᠦᠵᠦ ᠪᠠᠶᠢᠭ᠎ᠠ ᠳᠤᠨᠢ ᠬᠦᠨᠳᠦᠳᠭᠡᠨ ᠪᠢᠰᠢᠷᠡᠬᠦ ᠰᠡᠳᠬᠢᠯᠭᠡ ᠡᠷᠭᠡ ᠦᠭᠡᠢ ᠲᠦᠷᠦᠭᠳᠡᠵᠦ ᠪᠢᠯᠠ᠃ ᠲᠡᠬᠢᠶ᠎ᠠ ᠲᠤᠤᠭᠠᠷᠡᠪᠡᠯ ᠬᠡᠳᠤᠢ ᠤᠨᠳᠠᠬᠤ ᠪᠤᠢ︖ ᠲᠠᠯᠠ ᠬᠦᠷᠪᠡᠯ ᠬᠡᠳᠤᠢ ᠠᠮᠢᠳᠤᠷᠠᠬᠤ ᠪᠤᠢ︖ ᠬᠡᠵᠦ ᠡᠪᠤᠭᠡᠨ ᠪᠠᠭᠰᠢ ᠴᠠᠭ ᠮᠦᠴᠠ ᠲᠠᠢ ᠤᠷᠤᠯᠳᠤᠨ ᠡᠨᠡ ᠶᠡᠭᠡ ᠠᠵᠢᠯ ᠢᠶᠠᠨ ᠤᠷᠤᠯᠳᠤᠵᠦ ᠪᠠᠶᠢᠭ᠎ᠠ ᠶᠢ ᠪᠢᠴᠢᠭ ᠤᠨ ᠰᠢᠷᠡᠭᠡᠨ ᠲᠡᠭᠡᠷᠡᠬᠢ ᠬᠡᠳᠤᠨ ᠵᠠᠭᠤᠨ ᠬᠠᠭᠤᠳᠠᠰᠦ ᠮᠠᠩᠭᠤᠰ ᠤᠨ ᠦᠯᠢᠭᠡᠷ᠎ ᠤᠨ ᠭᠠᠷ ᠪᠢᠴᠢᠮᠡᠯ ᠠᠴᠠ ᠦᠵᠡᠵᠦ ᠭᠠᠷᠴᠦ ᠪᠤᠯᠬᠤ ᠶᠤᠮ᠃ ᠤᠳᠦ ᠠᠷᠪᠠᠨ ᠭᠠᠯᠪᠠ ᠦᠯᠢᠭᠡᠷ ᠢ ᠦᠰᠦᠭ ᠪᠢᠴᠢᠭ ᠢᠶᠠᠷ ᠪᠠᠭᠤᠯᠭᠠᠵᠦ᠂ 200 ᠭᠠᠷᠤᠢ ᠴᠠᠭ ᠵᠠᠷᠤᠴᠠᠭᠤᠯᠵᠦ ᠭᠤᠷᠪᠡᠨ ᠭᠠᠯᠪᠠ ᠦᠯᠢᠭᠡᠷ ᠢ ᠰᠢᠩᠭᠡᠭᠡᠯᠳᠠ ᠬᠢᠭᠡᠳ ᠲᠠᠭᠤᠰᠴᠠᠢ᠃ ᠤᠷᠯᠠᠵᠦ ᠴᠢᠮᠡᠭᠯᠡᠭᠡᠳ ᠪᠦᠬᠦᠨ ᠢ ᠬᠠᠶᠢᠯᠠᠵᠦ ᠲᠠᠭᠤᠰᠳᠠᠯ᠎ᠠ 1000 ᠢᠯᠡᠬᠦᠦ ᠴᠠᠭ ᠰᠢᠩᠭᠡᠭᠡᠯᠳᠠ ᠬᠢᠬᠦ ᠳᠤ ᠠᠰᠠᠭᠤᠳᠠᠯ ᠦᠭᠡᠢ ᠬᠡᠵᠦ ᠵᠠᠯᠰᠡᠨ ᠭᠤᠸᠡᠢ ᠤᠳᠦᠬᠠᠨ ᠤ ᠪᠠᠶᠢᠳᠠᠯ ᠢᠶᠠᠨ ᠲᠠᠨᠢᠯᠴᠠᠭᠤᠯᠤᠨ᠎ᠠ᠃ ᠬᠡᠯᠡᠵᠦ ᠪᠠᠶᠢᠭᠠᠳ ᠵᠠᠯᠰᠡᠨ ᠭᠤᠸᠡᠢ ᠴᠤᠭᠤᠷ ᠢᠶᠠᠨ ᠡᠬᠡᠰᠢᠭᠯᠡᠬᠦᠯᠵᠦ᠄ ᠤᠷᠴᠢᠯᠠᠩ ᠲᠠᠯᠡᠬᠡᠢ ᠶᠢᠨ ᠬᠦᠮᠦᠨ ᠠᠮᠢᠳᠡᠨ ᠤᠷᠳᠦ ᠠᠴᠠ ᠤᠷᠳᠦ ᠨᠠᠰᠤᠯᠠᠵᠦ ᠪᠠᠶᠢᠬᠤ ᠶᠢᠨ ᠲᠠᠷᠠ ᠦᠶᠡᠰ / ᠡᠰᠡᠷᠸ᠎ᠠ ᠶᠢᠨ ᠬᠡᠷᠡᠯ᠂ ᠮᠦᠷᠤᠨ ᠤ ᠬᠤᠶᠡᠷ ᠬᠡᠷᠡᠯ ᠬᠡᠳ ᠭᠤᠷᠪᠡᠨ ᠭᠡᠷᠡᠯ ᠮᠠᠨᠳᠤᠵᠦ ᠪᠠᠶᠢᠬᠤ ᠲᠠᠷᠠ ᠦᠶᠡᠰ / ᠪᠤᠵᠡᠷ ᠢᠳᠡᠭᠡᠨ ᠢ ᠢᠳᠡᠭᠰᠡᠭᠡᠷ ᠪᠠᠶᠢᠭᠠᠳ᠂ ᠪᠤᠳᠢ ᠶᠢᠨ ᠰᠡᠳᠬᠢᠯ ᠢᠶᠠᠨ ᠪᠠᠷᠠᠭᠠᠳ ᠢᠷᠡᠯ᠎ᠠ / ᠪᠤᠷᠦᠩᠬᠤᠢ ᠬᠠᠷᠠᠩᠭᠤᠢ ᠪᠠᠷ ᠶᠠᠪᠤᠬᠰᠭᠠᠷ ᠪᠠᠶᠢᠭᠠᠳ ᠪᠤᠳᠠᠷᠠᠬᠤ ᠭᠤᠷᠪᠡᠨ ᠭᠡᠷᠡᠯ ᠨᠢ ᠦᠭᠡᠢ ᠪᠤᠯᠵᠠᠢ ᠁ ᠬᠡᠵᠦ ᠮᠠᠩᠭᠤᠰ ᠤᠨ ᠦᠯᠢᠭᠡᠷ ᠤᠨ ᠡᠬᠦᠰᠦᠯ ᠢ ᠬᠡᠰᠡᠭ ᠬᠠᠶᠢᠯᠠᠵᠦ᠂ ᠬᠤᠷᠢᠨ ᠭᠤᠷᠪᠡᠨ ᠭᠠᠯᠪᠠ ᠮᠠᠩᠭᠤᠰ ᠤᠨ ᠦᠯᠢᠭᠡᠷ᠎ ᠤᠨ ᠤᠢᠢᠯᠠ ᠶᠠᠪᠤᠳᠠᠯ ᠢ ᠲᠦᠭᠦᠮᠭᠡᠨ ᠭᠡᠭᠴᠢ ᠲᠠᠨᠢᠯᠴᠠᠭᠤᠯᠪᠠ᠃ ᠵᠠᠯᠰᠡᠨ ᠭᠤᠸᠡᠢ ᠮᠠᠩᠭᠤᠰ ᠢ ᠭᠤᠷᠪᠡᠨ ᠭᠠᠯᠪᠠ ᠲᠠᠷᠤᠬᠰᠡᠨ ᠭᠡᠰᠡᠷ᠎ ᠤᠨ ᠲᠤᠤᠯᠢ ᠶᠢ 100 ᠴᠠᠭ ᠰᠢᠩᠭᠡᠭᠡᠵᠦ ᠲᠠᠭᠤᠰᠤᠬᠰᠡᠨ ᠭᠡᠳᠡᠭ ᠪᠠᠶᠠᠷ ᠤᠨ ᠴᠢᠮᠡᠭᠡ ᠪᠠᠨ ᠲᠠᠮᠵᠢᠭᠤᠯᠬᠤ ᠳᠤ᠂ ᠬᠠᠷ᠎ᠠ ᠴᠡᠭᠡᠵᠢ ᠪᠠᠷ ᠢᠶᠠᠨ ᠬᠡᠳᠤᠢ ᠤᠯᠠᠨ ᠮᠡᠳᠡᠭᠡ ᠵᠠᠩᠬᠢ ᠶᠢ ᠲᠤᠬᠳᠠᠭᠠᠵᠦ ᠴᠢᠳᠠᠳᠠᠭ ᠬᠦᠮᠦᠨ ᠪᠤᠢ ᠬᠡᠵᠦ ᠭᠠᠶᠢᠬᠠᠰᠢ ᠠᠯᠳᠡᠪᠡ᠃ ᠲᠡᠭᠡᠪᠡᠯ ᠡᠶᠢᠮᠤ ᠤᠷᠳᠦ ᠦᠯᠢᠭᠡᠷ ᠲᠤᠤᠯᠢ ᠶᠢ ᠶᠠᠭᠠᠬᠢᠵᠦ ᠰᠤᠷᠤᠬᠰᠡᠨ ᠪᠤᠯ︖ ᠬᠡᠵᠦ ᠰᠤᠨᠢᠭᠤᠴᠢᠯᠡᠨ ᠠᠰᠠᠭᠤᠬᠤ ᠳᠤ᠂ ᠦᠯᠢᠭᠡᠷ ᠤᠨ ᠤᠴᠢᠷ ᠲᠠᠯᠭᠡᠭᠳᠡᠯ᠎ᠠ᠃ ᠵᠠᠯᠰᠡᠨ ᠭᠤᠸᠡᠢ ᠬᠤᠭᠤᠷ ᠤᠨ ᠦᠯᠢᠭᠡᠷ ᠰᠤᠷᠭᠠᠭᠰᠡᠨ ᠯᠠᠮᠠ ᠬᠤᠭᠤᠷᠴᠢ ᠲᠤᠬᠳᠠᠬᠤ ᠪᠠᠭᠰᠢ ᠪᠠᠨ ᠶᠡᠷᠢᠬᠤ ᠲᠤᠷᠡᠳᠠᠢ᠃ ᠤᠷᠠᠯᠢᠭ ᠤᠨ ᠠᠮᠢ ᠨᠠᠰᠦ ᠤᠯᠭᠤᠬᠰᠡᠨ ᠠᠴᠢᠳᠦ ᠪᠠᠭᠰᠢ ᠳᠠᠭᠠᠨ ᠬᠡᠵᠢᠶᠡᠳᠠ ᠲᠠᠯᠠᠷᠬᠠᠵᠦ ᠶᠠᠪᠤᠳᠠᠭ ᠨᠢ ᠲᠡᠬᠦᠨ ᠤ ᠨᠠᠰᠤᠨ ᠲᠤᠷᠰᠢᠳᠠ ᠶᠢᠨ ᠪᠠᠷᠢᠮᠳᠠᠯᠠᠯ ᠪᠤᠯᠤᠬᠰᠡᠨ ᠬᠡᠳᠡᠭ᠃ ᠲᠤᠬᠳᠠᠬᠤ ᠪᠠᠭᠰᠢ ᠬᠡᠵᠦ ᠤᠯᠠᠨ ᠠᠷᠪᠢᠨ ᠬᠤᠭᠤᠷ ᠤᠨ ᠦᠯᠢᠭᠡᠷ ᠮᠡᠳᠡᠳᠡᠭ ᠢᠶᠠᠷ ᠪᠠᠷᠠᠬᠤ ᠦᠭᠡᠢ᠂ ᠬᠡᠰᠡᠷ᠂ ᠮᠠᠩᠭᠤᠰ ᠤᠨ ᠦᠯᠢᠭᠡᠷ ᠬᠠᠶᠢᠯᠠᠵᠦ᠂ ᠦᠯᠢᠭᠡᠷᠳᠦ ᠠᠷᠡᠳ ᠤᠨ ᠲᠠᠭᠤᠤ ᠶᠢ ᠴᠤ ᠰᠠᠶᠢᠬᠠᠨ ᠲᠠᠭᠤᠯᠠᠳᠠᠭ ᠬᠦᠮᠦᠨ ᠪᠠᠶᠢᠵᠦ᠂ ᠮᠤᠩᠭᠤᠯ᠂ ᠬᠢᠳᠡᠳ᠂ ᠮᠠᠨᠵᠦ᠂ ᠲᠦᠪᠡᠳ ᠬᠡᠯᠡᠨ ᠳᠤ ᠨᠡᠪᠳᠡᠷᠡᠭᠰᠡᠨ ᠪᠤᠯᠬᠤᠷ ᠬᠢᠳᠡᠳ ᠤᠨ ᠪᠦᠯᠦᠭᠳᠦ ᠷᠤᠮᠡᠨ ᠢ ᠰᠢᠭᠤᠳ ᠤᠷᠴᠢᠭᠤᠯᠤᠨ ᠦᠯᠢᠭᠡᠷ ᠪᠤᠯᠭᠠᠨ ᠬᠡᠯᠡᠳᠡᠭ ᠡᠷᠳᠡᠮ ᠲᠠᠢ ᠬᠦᠮᠦᠨ ᠪᠠᠶᠢᠵᠠᠢ ᠬᠡᠵᠦ ᠵᠠᠯᠰᠡᠨ ᠭᠤᠸᠡᠢ ᠡᠷᠬᠢᠴᠡᠭᠦᠯᠦᠨ᠎ᠠ᠃ ᠵᠠᠯᠰᠡᠨ ᠭᠤᠸᠡᠢ ᠲᠤᠬᠳᠠᠬᠤ ᠪᠠᠭᠰᠢ ᠶᠢᠨ ᠢᠶᠠᠨ ᠦᠷ᠎ᠠ ᠶᠢᠨ ᠭᠠᠭᠴᠠ ᠱᠠᠪᠢ ᠨᠢ ᠪᠤᠯᠬᠤᠷ ᠬᠤᠭᠤᠷ ᠤᠨ ᠦᠯᠢᠭᠡᠷ ᠰᠤᠷᠬᠤ ᠶᠢᠨ ᠲᠠᠭᠠᠤ ᠮᠠᠩᠭᠤᠰ ᠤᠨ ᠦᠯᠢᠭᠡᠷ ᠬᠠᠶᠢᠯᠠᠬᠤ ᠶᠢ ᠴᠤ ᠰᠤᠷᠴᠦ ᠠᠪᠴᠠᠢ᠃ ᠡᠷ᠎ᠠ ᠬᠦᠮᠦᠨ ᠳᠤ ᠶᠢᠰᠤᠨ ᠡᠷᠳᠡᠮ ᠬᠡᠷᠡᠭ ᠲᠠᠢ ᠶᠤᠮ ᠰᠢᠤ᠃ ᠴᠢᠳᠠᠪᠠᠯ ᠪᠦᠬᠦᠨ ᠢ ᠰᠤᠷ ᠬᠡᠵᠦ ᠪᠠᠭᠰᠢ ᠨᠢ ᠲᠡᠬᠦᠨ ᠳᠤ ᠦᠷᠬᠦᠯᠵᠢ ᠰᠠᠨᠠᠭᠤᠯᠳᠠᠭ ᠪᠦᠭᠡᠳ ᠮᠠᠩᠭᠤᠰ ᠤᠨ ᠦᠯᠢᠭᠡᠷ ᠮᠠᠨ ᠤ ᠰᠤᠳᠤᠷ ᠲᠤ ᠪᠠᠶᠢᠳᠠᠭ ᠶᠤᠮ ᠡ ᠬᠡᠮᠡᠨ ᠬᠡᠯᠡᠭᠡᠳ ᠲᠦᠪᠡᠳ ᠬᠡᠯᠡᠨ ᠠᠴᠠ ᠲᠠᠭᠤᠳᠡᠨ ᠦᠭᠳᠡᠭ ᠪᠠᠶᠢᠵᠠᠢ᠃ ᠲᠠᠷᠠ ᠦᠶᠡᠰ ᠶᠡᠭᠡ ᠲᠦᠯᠦᠪ ᠢ ᠨᠢ ᠴᠡᠭᠡᠵᠢᠯᠡᠵᠦ ᠴᠢᠳᠠᠬᠰᠡᠨ ᠠᠴᠠ ᠪᠢᠰᠢ᠂ ᠬᠤᠶᠡᠷ ᠨᠠᠷ᠎ᠠ ᠲᠠᠢ ᠤᠯᠠᠨ ᠪᠤᠷᠬᠠᠳ ᠤᠨ ᠨᠠᠷ᠎ᠠ ᠶᠢ ᠲᠤᠬᠳᠠᠭᠠᠵᠦ ᠴᠢᠳᠠᠬᠰᠡᠨ ᠦᠭᠡᠢ᠃ ᠪᠠᠭᠰᠢ ᠠᠴᠠ ᠪᠠᠨ ᠲᠡᠬᠢᠵᠦ ᠠᠰᠠᠭᠤᠬᠤ ᠠᠴᠠ ᠪᠠᠨ ᠵᠢᠷᠤᠭᠡᠰᠢᠶᠡᠨ᠎ᠠ ᠬᠡᠵᠦ ᠤᠳᠠᠭᠠᠨ ᠵᠢᠯ ᠤᠨ ᠡᠮᠦᠨᠡᠬᠢ ᠤᠴᠢᠷ ᠢᠶᠠᠨ ᠬᠠᠭᠤᠴᠢᠯᠠᠬᠤ ᠳᠠᠭᠠᠨ ᠬᠠᠨᠠᠨ ᠲᠡᠭᠡᠷ᠎ᠠ ᠪᠠᠨ ᠨᠠᠭᠠᠯᠳᠠ ᠲᠠᠢ ᠬᠠᠭᠤᠳᠠᠰᠦ ᠴᠠᠭᠠᠰᠦ ᠪᠠᠨ ᠬᠠᠷᠡᠨ᠄ ᠦᠵᠡᠬᠦ ᠦᠭᠡᠢ ᠤᠤ︖ ᠮᠠᠩᠨᠠᠢ ᠲᠡᠭᠡᠷ᠎ᠠ ᠪᠠᠨ ᠨᠠᠭᠠᠬᠰᠡᠨ ᠢ︖ ᠬᠡᠵᠦ ᠨᠠᠰᠤᠳᠡᠨ ᠱᠤᠭᠯᠢᠭ ᠶᠠᠷᠢᠨ᠎ᠠ᠃ ᠬᠤᠵᠢᠮ ᠨᠢ ᠲᠠᠷᠠ ᠲᠠᠷᠬᠠᠨ ᠬᠤᠰᠢᠭᠤᠨ ᠤ ᠦᠨᠳᠤᠷ ᠸᠡᠩ ᠤᠨ ᠲᠠᠭᠤᠴᠢ ᠠᠯᠳᠡᠷᠳᠦ ᠴᠤᠭᠤᠷᠴᠢ ᠪᠤᠤ ᠨᠠᠮᠵᠢᠯ ᠠᠴᠠ ᠮᠠᠩᠭᠤᠰ ᠤᠨ ᠦᠯᠢᠭᠡᠷ᠎ ᠢ ᠨᠦᠬᠦᠨ ᠰᠤᠷᠴᠦ ᠪᠢᠯᠠ᠃ ᠮᠠᠩᠭᠤᠰ ᠤᠨ ᠦᠯᠢᠭᠡᠷ ᠨᠠᠯᠢᠶᠠᠳ ᠪᠠᠯᠠᠷᠬᠠᠢ ᠪᠤᠯᠵᠦ ᠪᠠᠶᠢᠭ᠎ᠠ ᠪᠦᠭᠡᠳ ᠴᠤᠭᠤᠷᠳᠠᠵᠦ ᠬᠠᠶᠢᠯᠠᠵᠦ ᠴᠢᠳᠠᠬᠤ ᠬᠦᠮᠦᠨ ᠡᠳᠤᠷ ᠤᠨ ᠤᠳᠦ ᠠᠴᠠ ᠴᠦᠭᠡᠨ ᠪᠤᠯᠵᠦ ᠪᠠᠶᠢᠨ᠎ᠠ᠃ ᠵᠠᠯᠰᠡᠨ ᠪᠠᠭᠰᠢ ᠡᠨᠡᠬᠦ ᠲᠤᠤᠯᠢ ᠶᠢ ᠲᠤᠭᠤᠷᠪᠢᠨ ᠲᠠᠮᠳᠡᠭᠯᠡᠬᠦ᠂ ᠰᠢᠩᠭᠡᠭᠡᠨ ᠬᠤᠴᠤᠷᠭᠠᠬᠤ᠂ ᠱᠠᠪᠢ ᠬᠦᠮᠦᠵᠢᠬᠦᠯᠬᠦ ᠵᠡᠷᠭᠡ ᠠᠯᠢ ᠤᠯᠠᠨ ᠠᠵᠢᠯ ᠳᠤ ᠭᠠᠪᠰᠢᠭᠠᠢᠢᠯᠡᠨ ᠠᠵᠢᠯᠯᠠᠵᠦ ᠪᠤᠢ ᠬᠡᠵᠦ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠴᠢ ᠫᠷᠤᠹᠧᠰᠰᠤᠷ ᠦᠨᠡᠯᠡᠨ ᠬᠡᠯᠡᠪᠠ᠃ 100 ᠭᠠᠷᠣᠢ ᠦᠯᠢᠭᠡᠷᠳᠦ ᠠᠷᠡᠳ ᠤᠨ ᠲᠠᠭᠤᠤ ᠶᠢ ᠪᠦᠳᠤᠨ ᠲᠠᠭᠤᠯᠠᠳᠠᠭ ᠤᠶᠤᠨᠳᠦ ᠲᠠᠭᠤᠴᠢ ᠲᠦᠷᠦᠯᠬᠢ ᠠᠪᠢᠶᠡᠰ ᠢ ᠬᠦᠮᠤᠰ ᠪᠤᠷᠬᠠᠨ ᠠᠴᠠ ᠰᠤᠶᠤᠷᠬᠠᠬᠰᠡᠨ ᠨᠠᠨᠳᠢᠨ ᠪᠡᠯᠠᠩ ᠬᠡᠮᠡᠨ ᠬᠡᠯᠡᠳᠡᠭ ᠨᠢ ᠤᠴᠢᠷᠳᠠᠢ ᠰᠠᠨᠵᠢ᠃ ᠦᠯᠢᠭᠡᠷ ᠤᠨ ᠤᠴᠢᠷ ᠦᠭᠡ ᠪᠠᠷ ᠪᠦᠳᠦᠬᠦ ᠶᠢᠨ ᠲᠤᠯᠠ ᠁ ᠬᠡᠬᠦ ᠬᠤᠭᠤᠷᠴᠢ ᠶᠢᠨ ᠵᠠᠩᠰᠢᠬᠰᠡᠨ ᠬᠡᠯᠡᠯᠭᠡ ᠶᠢ ᠵᠡᠯᠰᠡᠨ ᠭᠤᠸᠡᠢ ᠬᠡᠤᠭᠡᠳ ᠠᠬᠤᠢ ᠨᠠᠰᠤᠨ ᠠᠴᠠ ᠪᠠᠨ ᠰᠤᠨᠢᠭᠤᠴᠢᠯᠡᠵᠦ ᠶᠠᠪᠤᠬᠰᠡᠨ ᠭᠡᠳᠡᠭ᠃ ᠡᠨᠡ ᠨᠢ ᠦᠯᠢᠭᠡᠷ ᠬᠡᠯᠡᠬᠦ ᠳᠤ ᠵᠦᠢᠷ ᠦᠭᠡ᠂ ᠰᠡᠴᠡᠨ ᠦᠭᠡ᠂ ᠰᠤᠷᠭᠠᠯ ᠦᠭᠡ ᠵᠡᠷᠭᠡ ᠬᠡᠪᠰᠢᠮᠡᠯ ᠦᠭᠡ᠂ ᠬᠠᠪᠤᠳᠦ ᠦᠭᠡ ᠶᠢ ᠤᠴᠢᠷ ᠶᠠᠪᠤᠳᠠᠯ ᠳᠤᠨᠢ ᠨᠠᠶᠢᠴᠠᠬᠦᠯᠦᠨ ᠤᠨᠤᠭᠠᠨ ᠬᠡᠯᠡᠬᠦ ᠡᠷᠳᠡᠮ ᠲᠡᠭᠦᠰ ᠪᠠᠶᠢᠬᠤ ᠶᠢ ᠵᠢᠭᠠᠵᠠᠢ ᠭᠡᠰᠡᠨ ᠢ ᠴᠤ ᠲᠠᠷᠠ ᠡᠳᠤᠷ ᠤᠨ ᠤᠳᠠᠭᠠᠨ ᠳᠠᠭᠠᠨ ᠮᠡᠳᠡᠭᠰᠡᠨ ᠪᠠᠶᠢᠨ᠎ᠠ᠃ ᠲᠡᠶᠢᠮᠦ ᠠᠴᠠ ᠰᠡᠷᠡᠯ ᠡᠯᠵᠢᠭᠡ ᠪᠠᠨ ᠤᠨᠤᠵᠦ ᠰᠦᠮᠠᠨᠳᠠᠯ᠎ᠠ ᠠᠶᠢᠯ ᠳᠤ ᠤᠴᠢᠠ ᠲᠤᠬᠳᠠᠬᠤ ᠯᠡᠮ᠎ᠠ ᠶᠢ ᠪᠠᠭᠰᠢ ᠪᠠᠷᠢᠬᠤ ᠠᠩᠬᠠᠨ ᠤ ᠲᠠᠷᠠ ᠡᠳᠤᠷ ᠪᠢᠯᠢᠭ ᠰᠡᠷᠡᠯ ᠨᠢ ᠨᠡᠭᠡᠭᠡᠭᠳᠡᠵᠦ᠄ ᠡᠳᠤᠷ ᠤᠨ ᠰᠠᠶᠢᠬᠠᠨ ᠢ ᠰᠤᠩᠭᠤᠨ / ᠦᠷ᠎ᠠ ᠱᠠᠪᠢ ᠴᠢᠨᠢ ᠪᠤᠯᠤᠬᠰᠡᠨ ᠮᠢᠨᠦ ᠪᠠᠶ᠎ᠠ / ᠭᠤᠷᠪᠡᠨ ᠮᠠᠨᠰᠢᠷᠢ ᠤᠷᠤᠰᠢᠬᠰᠡᠨ / ᠤᠷᠳᠤᠨ ᠬᠠᠷᠰᠢ ᠶᠢ ᠴᠢᠨᠢ ᠮᠢᠯᠢᠶᠠᠶ᠎ᠠ ᠁ ᠬᠡᠮᠡᠨ ᠤᠷᠭᠤᠭ᠎ᠠ ᠬᠤᠯᠪᠤᠵᠦ ᠡᠯᠬᠦᠵᠦ ᠪᠠᠭᠰᠢ ᠶᠢᠨ ᠢᠶᠠᠨ ᠭᠡᠷ ᠦᠷᠦᠭᠡ ᠶᠢ ᠨᠢ ᠬᠠᠭᠠᠰ ᠴᠠᠭ ᠰᠢᠬᠠᠮ ᠬᠤᠷᠰᠢᠵᠦ ᠬᠤᠯᠪᠤᠬᠰᠡᠨ ᠭᠡᠳᠡᠭ᠃ ᠲᠡᠬᠦᠨ ᠠᠴᠠ ᠡᠬᠢᠯᠡᠭᠡᠳ ᠲᠠᠷᠠ ᠤᠷᠭᠤᠭ᠎ᠠ ᠬᠤᠯᠪᠤᠭ᠎ᠠ᠂ ᠠᠷᠡᠳ ᠤ ᠲᠠᠭᠤᠤ ᠶᠢ ᠠᠯᠢ ᠶᠢ ᠨᠢ ᠴᠦ ᠠᠯᠳᠡᠯ ᠦᠭᠡᠢ ᠠᠶᠠᠯᠣᠭᠤᠯᠵᠦ᠂ ᠠᠮᠢᠳᠦ ᠰᠤᠷᠭᠤᠭ ᠪᠤᠳᠠᠳᠦ ᠵᠢᠱᠢᠶ᠎ᠠ᠂ ᠠᠶᠢᠵᠡᠮ ᠴᠤᠬᠢᠯᠭ᠎ᠠ ᠲᠠᠢ ᠬᠤᠭᠤᠷ ᠬᠦᠭᠵᠢᠮ ᠳᠡᠭᠡᠨ ᠲᠦᠰᠢᠭᠡᠯᠡᠨ ᠬᠤᠷᠴᠢᠨ ᠠᠷᠡᠳ ᠤᠨ ᠦᠯᠢᠭᠡᠷᠳᠦ ᠲᠠᠭᠤᠤ ᠶᠢᠨ ᠭᠤᠤᠯ ᠪᠠᠭᠠᠳᠤᠷ ᠤᠨ ᠲᠦᠷᠢ ᠶᠢ ᠨᠢᠳᠤᠨ ᠳᠤ ᠦᠵᠡᠭᠳᠡᠮ᠎ᠠ᠂ ᠭᠠᠷ ᠲᠤ ᠪᠠᠷᠢᠬᠳᠠᠮ᠎ᠠ ᠲᠦᠷᠰᠦᠯᠢᠭ ᠰᠠᠶᠢᠬᠠᠨ ᠪᠦᠳᠦᠭᠡᠬᠦ ᠪᠤᠯᠵᠠᠢ᠃ ᠲᠠᠷᠠ ᠪᠠᠷ ᠲᠡᠭᠡᠷ᠎ᠠ ᠵᠠᠭᠤᠨ ᠤ ᠲᠠᠯᠠ ᠨᠠᠶᠠᠭᠠᠳ ᠤᠨ ᠠᠴᠠ ᠠᠪᠤᠭᠠᠳ ᠪᠢᠡᠭᠳᠦ ᠸᠠᠩ᠂ ᠲᠤᠤ ᠨᠢᠩ ᠾᠧ᠂ ᠬᠠᠨ ᠰᠢᠤ ᠶᠢᠩ᠂ ᠲᠠᠨᠠᠪᠠᠯ ᠵᠠᠭᠠᠨ᠎ᠠ ᠪᠠᠯᠵᠢᠨᠢᠮ᠎ᠠ ᠵᠡᠷᠭᠡ ᠦᠯᠢᠭᠡᠷᠳᠦ ᠠᠷᠡᠳ ᠤᠨ ᠲᠠᠭᠤᠤ ᠶᠢ ᠵᠠᠬ᠎ᠠ ᠲᠠᠷᠠᠭᠠᠯᠠᠨ ᠲᠠᠭᠤᠯᠠᠵᠦ ᠤᠯᠠᠨ ᠲᠦᠮᠡᠨ ᠤ ᠬᠦᠷᠢᠶᠡᠯᠡᠯ ᠢ ᠤᠯᠵᠦ ᠶᠠᠪᠤᠬᠰᠡᠨ ᠬᠡᠳᠡᠭ᠃ ᠵᠠᠯᠰᠠᠨ ᠬᠤᠭᠤᠷᠴᠢ ᠶᠢᠨ ᠪᠠᠭᠰᠢ ᠶᠢᠨ ᠬᠢᠨᠢ ᠬᠠᠳᠠᠭᠠᠯᠠᠵᠦ ᠪᠠᠶᠢᠭᠰᠠᠨ ᠭᠠᠷ ᠪᠢᠴᠢᠮᠡᠯ ᠪᠧᠨᠰᠠᠨ ᠦᠯᠢᠭᠡᠷ 2004 ᠪᠤᠯ ᠵᠠᠯᠰᠡᠨ ᠭᠤᠸᠡᠢ ᠶᠢᠨ ᠤᠷᠠᠯᠢᠭ ᠤᠨ ᠠᠮᠢᠳᠤᠷᠡᠯ ᠳᠤ ᠴᠢᠬᠤᠯᠠ ᠡᠷᠬᠢᠯᠳᠠ ᠭᠠᠷᠤᠬᠰᠡᠨ ᠨᠢᠭᠡ ᠤᠨ ᠪᠤᠯᠤᠨ᠎ᠠ᠃ ᠡᠨᠡ ᠵᠢᠯ ᠲᠠᠷᠠ ᠬᠤᠭᠤᠷ ᠢᠶᠠᠨ ᠡᠬᠦᠷᠤᠭᠡᠳ ᠪᠡᠭᠡᠵᠢᠩ ‍ᠣᠷᠤᠵᠦ᠂ ᠬᠤᠶᠡᠷ ᠵᠢᠯ ᠰᠢᠬᠠᠮ ᠦᠯᠢᠭᠡᠷ ᠬᠤᠯᠪᠤᠭ᠎ᠠ᠂ ᠠᠷᠡᠳ ᠤᠨ ᠲᠠᠭᠤᠤ ᠪᠠᠨ ᠠᠶᠠᠯᠣᠭᠤᠯᠦᠬᠰᠡᠨ ᠤ ᠲᠠᠷᠠᠭ᠎ᠠ᠂ ᠬᠦᠬᠡᠬᠤᠳᠠ ᠳᠤ ᠪᠢᠴᠢᠭ ᠦᠵᠡᠵᠦ ᠪᠠᠶᠢᠬᠤ ᠬᠡᠤᠬᠡᠨ ᠢᠶᠠᠨ ᠡᠷᠬᠢᠵᠦ ᠦᠵᠡᠬᠦ ᠪᠠᠷ ᠢᠷᠡᠵᠡᠢ᠃ ᠬᠤᠶᠡᠷ ᠲᠠᠯᠠᠢ ᠬᠤᠯᠠ ᠤᠷᠤᠰᠢᠪᠡᠴᠦ ᠠᠭᠤᠷ ᠮᠠᠨᠠᠨ ᠢᠶᠠᠷ ᠢᠶᠠᠨ ᠨᠠᠶᠢᠯᠡᠵᠦ᠂ ᠬᠤᠶᠡᠷ ᠬᠦᠮᠦᠨ ᠬᠤᠯᠠ ᠲᠦᠷᠦᠪᠡᠴᠦ ᠲᠠᠪᠢᠯᠠᠩ ᠵᠠᠶᠠᠭ᠎ᠠ ᠪᠠᠷ ᠢᠶᠠᠨ ᠤᠴᠠᠷᠠᠳᠠᠭ ᠬᠡᠳᠡᠭ ᠢᠶᠠᠷ ᠲᠦᠷᠪᠡᠨ ᠤᠳᠠᠰᠤᠳᠦ ᠬᠤᠭᠤᠷ ᠤᠨ ᠲᠠᠷᠬᠠᠨ ᠤᠯᠠᠮᠵᠢᠯᠠᠬᠴᠢ ᠢᠳᠡᠮᠵᠠᠪ ᠭᠤᠸᠡᠢ ᠲᠠᠢ ᠲᠠᠨᠢᠯᠴᠡᠵᠦ ᠬᠤᠶᠠᠭᠤᠯᠠ ᠪᠠᠨ ᠰᠠᠨᠠᠭ᠎ᠠ ᠰᠠᠭᠠᠳᠠᠭ ᠨᠡᠶᠢᠯᠡᠵᠦ᠂ ᠬᠤᠭᠤᠷ ᠬᠦᠭᠵᠢᠮ ᠬᠠᠨᠭ᠍ᠬᠢᠨᠠᠭᠤᠯᠤᠨ᠂ ᠬᠤᠨ ᠰᠢᠭ᠋ ᠲᠠᠭᠤᠨ ᠢᠶᠠᠨ ᠨᠠᠶᠢᠯᠡᠬᠦᠯᠦᠨ ᠬᠤᠯᠠᠨ ᠰᠢᠭ᠋ ᠵᠢᠰᠦ ᠪᠠᠨ ᠨᠡᠶᠢᠯᠡᠬᠦᠯᠵᠦ ᠪᠦᠳᠦᠨ ᠰᠦᠨᠢ ᠠᠷᠡᠳ ᠤᠨ ᠲᠠᠭᠤᠤ ᠲᠠᠭᠤᠯᠠᠵᠦ ᠰᠠᠭᠤᠬᠰᠡᠨ ᠭᠡᠳᠡᠭ᠃ ᠮᠠᠷᠭᠠᠰᠢ ᠨᠢ ᠢᠳᠠᠮᠵᠠᠪ ᠪᠠᠭᠰᠢ ᠵᠠᠯᠰᠡᠨ ᠭᠤᠸᠡᠢ ᠳᠤ ᠤᠳᠠᠰᠦ ᠠᠪᠴᠦ᠄ ᠡᠨᠡ ᠡᠳᠤᠷ ᠲᠠ ᠪᠤᠴᠠᠬᠤ ᠬᠡᠷᠡᠭ ᠦᠭᠡᠢ᠂ ᠤᠷᠤᠢ ᠬᠤᠭᠤᠷ ᠢᠶᠠᠨ ᠠᠪᠤᠭᠠᠳ ᠨᠢᠭᠡ ᠬᠦᠮᠦᠨ ᠲᠠᠢ ᠠᠭᠤᠯᠵᠡᠶ᠎ᠠ ᠬᠡᠵᠦ ᠵᠡᠬᠢᠬᠰᠡᠨ ᠪᠠᠶᠢᠯ᠎ᠠ᠃ ᠤᠷᠤᠢ ᠨᠢ ᠬᠤᠷᠴᠢᠨ ᠠᠷᠡᠳ ᠤᠨ ᠦᠯᠢᠭᠡᠷᠳᠦ ᠲᠠᠭᠤᠤ ᠪᠠᠨ ᠬᠡᠳᠤᠨ ᠴᠠᠭ ᠲᠠᠭᠤᠯᠠᠬᠤ ᠳᠤ᠂ ᠤᠳᠦ ᠶᠢᠨ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠤ ᠰᠤᠷᠭᠠᠭᠤᠯᠢ ᠶᠢᠨ ᠪᠦᠳᠦᠭᠡᠯᠳᠦ ᠫᠷᠤᠹᠧᠰᠰᠤᠷ ᠵᠠᠯᠰᠡᠨ ᠭᠤᠸᠡᠢ ᠶᠢᠨ ᠭᠠᠷ ᠢ ᠴᠢᠩᠭ᠎ᠠ ᠠᠳᠬᠤᠵᠦ᠄ ᠲᠠ ᠬᠠᠮᠢᠭ᠎ᠠ ᠴᠤ ᠪᠢᠳᠡᠭᠡᠢ ᠶᠠᠪᠤᠭᠠᠷᠠᠢ︕ ᠮᠠᠨ ᠤ ᠰᠤᠷᠭᠠᠭᠤᠯᠢ ᠳᠤ ᠢᠷᠡᠵᠦ ᠪᠠᠭᠰᠢᠯᠠᠬᠤ ᠶᠢ ᠬᠦᠰᠠᠶ᠎ᠠ ᠬᠡᠰᠡᠨ ᠤᠷᠢᠯᠭ᠎ᠠ ᠲᠠᠯᠪᠢᠵᠠᠢ᠃ ᠬᠦᠬᠡᠬᠤᠳᠠ ᠳᠤ ᠢᠷᠡᠭᠡᠳ ᠡᠨᠡ ᠵᠢᠯ ᠪᠦᠬᠦᠯᠢ 10 ᠵᠢᠯ ᠪᠤᠯᠴᠢᠬᠠᠵᠠᠢ᠃ ᠡᠨᠡ 10 ᠵᠢᠯ ᠳᠤ ᠠᠷᠡᠳ ᠤᠨ ᠤᠷᠠᠯᠢᠭ ᠢᠶᠠᠨ ᠠᠩᠭ᠎ᠠ ᠬᠡᠤᠭᠡᠳ ᠲᠡᠭᠡᠨ ᠤᠯᠠᠮᠵᠢᠯᠠᠬᠰᠡᠨ ᠢᠶᠠᠷ ᠪᠠᠷᠠᠬᠤ ᠦᠭᠡᠢ᠂ 20 ᠭᠠᠷᠤᠢ ᠦᠯᠢᠭᠡᠷᠳᠦ ᠠᠷᠡᠳ ᠤᠨ ᠲᠠᠭᠤᠤ ᠪᠠᠨ 70 ᠰᠢᠬᠠᠮ ᠴᠠᠭ ᠰᠢᠩᠭᠡᠭᠡᠯ᠎ᠠ ᠬᠡᠵᠦ ᠵᠠᠯᠰᠡᠨ ᠭᠤᠸᠡᠢ ᠣᠮᠣᠭᠰᠢᠠ ᠶᠠᠷᠢᠨ᠎ᠠ᠃ ᠲᠠᠷᠠ ᠬᠤᠷᠴᠢᠨ ᠠᠷᠡᠳ ᠤᠨ ᠦᠯᠢᠭᠡᠷᠳᠦ ᠲᠠᠭᠤᠤ ᠶᠢ ᠪᠦᠳᠤᠨ 100 ᠭᠠᠷᠤᠢ ᠲᠠᠭᠤᠯᠠᠵᠦ ᠴᠢᠳᠠᠳᠠᠭ ᠪᠦᠭᠡᠳ ᠬᠠᠮᠤᠭ ᠤᠨ ᠤᠬᠤᠷ ᠨᠢ ᠲᠤᠯᠤᠭ᠎ᠠ ᠨᠠᠢᠮᠠᠨ ᠴᠠᠭ᠂ ᠬᠠᠮᠤᠭ ᠤᠨ ᠤᠷᠳᠦ ᠨᠢ ᠭᠤᠴᠢᠨ ᠬᠡᠳᠤᠨ ᠴᠠᠭ ᠲᠠᠭᠤᠯᠠᠳᠠᠭ ᠪᠦᠭᠡᠳ ᠪᠦᠬᠦᠨ ᠢ ᠲᠠᠭᠤᠯᠠᠪᠠᠯ ᠬᠡᠳᠤᠨ ᠵᠠᠭᠤᠨ ᠴᠠᠭ ᠬᠡᠷᠡᠭᠰᠡᠨ᠎ᠠ ᠭᠡᠨ᠎ᠠ᠃ ᠲᠡᠷᠡ ᠪᠢ ᠨᠤᠭᠤᠨᠵᠠᠶᠠᠭ᠎ᠠ᠎ ᠶᠢ 11 ᠴᠠᠭ ᠲᠠᠭᠤᠯᠠᠵᠦ᠂ ᠭᠠᠳᠠ ᠮᠠᠶᠢᠷᠡᠨ᠎ ᠢ 30 ᠴᠠᠭ ᠲᠠᠭᠤᠯᠠᠵᠠᠢ ᠭᠡᠵᠦ ᠬᠡᠯᠡᠭᠡᠳ ᠤᠳᠦ ᠣᠯᠠᠩᠬᠢ ᠭᠦᠮᠦᠠ ᠠᠷᠡᠳ ᠤᠨ ᠲᠠᠭᠤᠤ ᠭᠠᠳᠠ ᠮᠠᠶᠢᠷᠡᠨ᠎ ᠤ ᠨᠠᠷᠢᠨ ᠤᠴᠢᠷ ᠢ ᠮᠡᠳᠡᠬᠦ ᠦᠭᠡᠢ ᠪᠠᠶᠢᠨ᠎ᠠ᠃ ᠭᠠᠳᠠ ᠮᠠᠶᠢᠷᠡᠨ ᠢ ᠵᠠᠷᠢᠮ ᠨᠢ ᠤᠷᠤᠢ ᠶᠢᠨ ᠮᠤᠳᠦᠨ ᠡᠶᠢᠯ ᠤᠨ ᠬᠦᠮᠦᠨ ᠬᠡᠵᠦ ᠬᠡᠯᠡᠳᠡᠭ᠃ ᠦᠨᠡᠡ ᠳᠡᠭᠡᠨ ᠤᠳᠦ ᠶᠢᠨ ᠭᠢᠷᠢᠨ ᠮᠤᠵᠢ ᠶᠢᠨ ᠱᠤᠸᠡᠩ ᠯᠢᠶᠤᠤ ᠵᠸᠡᠭ ᠵᠢᠶᠠ ᠲᠦᠨ ᠬᠡᠵᠦ ᠬᠡᠯᠡᠳᠡᠭ᠎ ᠠᠴᠠ ᠪᠠᠷᠠᠭᠤᠨᠳᠠᠢ ᠬᠠᠷᠠᠪᠠᠯ ᠤᠨ ᠠᠭᠤᠯᠠᠨ ᠤ ᠵᠠᠮ ᠤᠨ ᠲᠤᠬᠤᠢ ᠠᠶᠢᠯ ᠤᠨ ᠬᠦᠮᠦᠨ ᠰᠢᠤ᠃ ᠠᠪᠤ ᠨᠢ ᠢᠳᠡᠷᠠᠠᠷᠰᠯᠠᠨ᠂ ᠡᠵᠢ ᠨᠢ ᠶᠢᠨ ᠮᠸᠢ ᠬᠡᠳᠡᠭ᠃ ᠲᠠᠷᠬᠠᠨ ᠬᠤᠰᠢᠭᠤ ᠭᠠᠵᠡᠷ ᠨᠤᠳᠤᠭ ᠢᠶᠠᠨ 9 ᠤᠳᠠᠭ᠎ᠠ ᠶᠡᠬᠡᠪᠡᠷ ᠬᠤᠳᠠᠯᠳᠤᠵᠠᠢ᠃ 1830 ᠤᠨ ᠳᠤ ᠪᠦᠷᠢᠠᠳᠦ ᠵᠠᠰᠠᠬᠳᠦ ᠶᠢᠨ ᠦᠶ᠎ᠠ ᠳᠤ ᠠᠩᠬ᠎ᠠ ᠬᠤᠳᠠᠯᠳᠤᠵᠦ᠂ 1870 ᠤᠨ ᠳᠤ ᠲᠦᠭᠡᠮᠡᠯ ᠡᠯᠪᠡᠭᠳᠦ ᠶᠢᠨ ᠦᠶ᠎ᠠ ᠳᠤ ᠬᠤᠶᠠᠳᠤᠭᠠᠷ ᠤᠳᠠᠭ᠎ᠠ ᠮᠦᠭᠳᠡᠨ ᠤ ᠪᠠᠷᠠᠭᠤᠨᠳᠠᠢ ᠮᠢᠩᠭᠠᠨ ᠲᠤᠯᠤᠭᠠᠢᠢᠳᠦ ᠠᠭᠤᠯᠠᠨ ᠤ ᠤᠷᠴᠢᠮ ᠤᠨ ᠭᠠᠵᠡᠷ ᠨᠤᠳᠤᠭ ᠢ ᠬᠤᠳᠠᠯᠳᠤᠵᠠᠢ᠃ ᠭᠠᠵᠡᠷ ᠨᠤᠳᠤᠭ ᠢᠶᠠᠨ ᠬᠤᠳᠠᠯᠳᠤᠭᠠᠳ ᠪᠤᠯᠬᠤ ᠦᠭᠡᠢ ᠪᠤᠯᠬᠤᠷ ᠠᠷᠡᠳ ᠤᠨ ᠪᠤᠰᠤᠯᠭ᠎ᠠ ᠤᠯᠠᠨᠳᠠ ᠭᠠᠷᠤᠬᠰᠡᠨ ᠠᠴᠠ ᠭᠠᠳᠠ ᠮᠠᠶᠢᠷᠡᠨ ᠤ ᠠᠪᠤ ᠬᠤᠶᠢᠰᠢ ᠪᠠᠨ ᠶᠢᠰᠤᠨ ᠭᠡᠷ ᠭᠡᠳᠡᠭ ᠭᠠᠵᠡᠷ ᠲᠤ ᠨᠡᠭᠦᠵᠡᠢ᠃ ᠲᠠᠷᠠ ᠦᠶᠡᠰ ᠭᠠᠳᠠ ᠮᠠᠶᠢᠷᠡᠨ ᠵᠢᠷᠭᠤᠭ᠎ᠠ᠂ ᠲᠤᠯᠤᠭᠠᠨ ᠨᠠᠰᠤᠳᠠᠢ ᠪᠠᠶᠢᠬᠰᠡᠨ ᠪᠤᠯᠬᠤᠷ ᠭᠡᠷ ᠤᠨ ᠪᠠᠭᠰᠢ ᠵᠠᠯᠠᠵᠦ ᠲᠡᠬᠦᠨ ᠳᠤ ᠮᠤᠩᠭᠤᠯ᠂ ᠬᠢᠳᠡᠳ ᠪᠢᠴᠢᠭ ᠰᠤᠷᠭᠠᠬᠰᠡᠨ ᠠᠴᠠ ᠬᠤᠵᠢᠮ ᠨᠢ ᠮᠠᠶᠢᠷᠡᠨ ᠪᠤᠯᠤᠬᠰᠡᠨ ᠰᠢᠤ᠃ ᠲᠠᠷᠬᠠᠨ ᠬᠤᠰᠢᠭᠤᠨ ᠤ ᠬᠠᠭᠤᠴᠢᠨ ᠴᠡᠷᠢᠭ ᠤᠨ ᠮᠠᠶᠢᠷᠡᠨ ᠦᠳᠡᠯᠦᠭᠡᠳ ᠮᠠᠶᠢᠷᠡᠨ ᠠᠪᠬᠤ ᠪᠣᠯᠬᠤ ᠳᠤ ᠨᠠᠳᠮᠠᠢᠳ ᠤᠨ ᠦᠯᠢᠶᠡᠳ ᠬᠦᠷᠭᠡᠨ ᠠᠬ᠎ᠠ ᠲᠡᠬᠦᠨ ᠢ ᠲᠠᠨᠢᠯᠴᠠᠭᠤᠯᠤᠨ ᠦᠭᠴᠠᠢ ᠁ ᠬᠡᠵᠦ ᠵᠠᠯᠰᠡᠨ ᠭᠤᠸᠡᠢ ᠶᠡᠷᠢᠵᠦ ᠪᠠᠶᠢᠯ᠎ᠠ᠃ ᠲᠦᠷᠦᠬᠦᠭᠡᠨ ᠰᠤᠨᠢᠨ ᠲᠡᠭᠡᠷ᠎ᠠ ᠠᠴᠠ ᠢᠳᠠᠮᠵᠠᠪ ᠪᠠᠭᠰᠢ ᠭᠠᠳᠠ ᠮᠠᠶᠢᠷᠡᠨ᠎ ᠢ ᠪᠦᠬᠦᠯᠢ 6 ᠴᠠᠭ ᠲᠠᠭᠤᠯᠠᠵᠠᠢ ᠬᠡᠰᠡᠨ ᠰᠤᠷᠠᠭ ᠢ ᠰᠤᠨᠤᠰᠤᠬᠰᠡᠨ ᠶᠤᠮ᠃ ᠬᠡᠪᠡᠴᠦ 30 ᠴᠠᠭ ᠲᠠᠭᠤᠯᠠᠨ᠎ᠠ ᠭᠡᠳᠡᠭ ᠢ ᠢᠳᠡᠭᠡᠵᠦ ᠶᠠᠳᠠᠮᠠᠷ ᠲᠤᠯᠠ ᠨᠠᠷᠢᠪᠴᠢᠯᠡᠨ ᠠᠰᠠᠭᠤᠪᠠᠯ᠄ ᠪᠢ ᠡᠨᠡ ᠪᠦᠬᠦᠨ ᠢ ᠪᠦᠷ ᠲᠠᠷᠬᠠᠨ ᠸᠠᠩ ᠤᠨ ᠲᠠᠭᠤᠴᠢ ᠪᠤᠤ ᠨᠠᠮᠵᠢᠯ ᠠᠴᠠ ᠰᠤᠷᠤᠬᠰᠡᠨ ᠶᠤᠮ᠃ ᠲᠠᠷᠠ ᠭᠠᠳᠠ ᠮᠠᠶᠢᠷᠡᠨ ᠢ ᠠᠷᠪᠠᠨ ᠬᠡᠳᠤᠨ ᠨᠠᠰᠤᠳᠠᠢ ᠳᠤᠨᠢ ᠠᠭᠤᠯᠵᠠᠵᠦ ᠤᠴᠠᠷᠠᠵᠦ ᠪᠠᠶᠢᠬᠰᠡᠨ ᠲᠤᠯᠠ ᠪᠤᠷᠤᠭᠤᠳᠠᠬᠤ ᠤᠴᠢᠷ ᠦᠭᠡᠢ ᠬᠡᠵᠦ ᠬᠡᠯᠡᠬᠦ ᠪᠦᠭᠡᠳ ᠭᠠᠳᠠ ᠮᠠᠶᠢᠷᠡᠨ᠎ ᠢ ᠬᠤᠷᠴᠢᠨ ᠠᠷᠡᠳ ᠤᠨ ᠲᠠᠭᠤᠤ ᠴᠦᠨ ᠶᠢᠩ᠎ ᠤᠨ ᠠᠶ᠎ᠠ ᠳᠤ ᠲᠠᠭᠠᠷᠠᠭᠤᠯᠵᠦ ᠵᠤᠬᠢᠶᠠᠬᠰᠡᠨ ᠶᠤᠮ ᠬᠡᠵᠦ ᠦᠵᠠᠯᠳᠠ ᠪᠠᠨ ᠶᠠᠷᠢᠨ᠎ᠠ᠃ ᠡᠶᠢᠨᠬᠦ ᠵᠠᠯᠰᠡᠨ ᠭᠤᠸᠡᠢ ᠶᠢᠨ ᠮᠡᠳᠡᠳᠡᠭ 100 ᠭᠠᠷᠤᠢ ᠦᠯᠢᠭᠡᠷᠳᠦ ᠠᠷᠡᠳ ᠤᠨ ᠲᠠᠭᠤᠤ ᠶᠢᠨ ᠨᠠᠷᠢᠨ ᠤᠴᠢᠷ ᠲᠤᠳᠤᠷᠬᠠᠢ ᠪᠦᠭᠡᠳ ᠬᠡᠨ᠂ ᠬᠡᠵᠢᠶ᠎ᠠ᠂ ᠬᠠᠮᠢᠭ᠎ᠠ᠂ ᠶᠠᠭᠠᠬᠢᠬᠰᠡᠨ ᠬᠡᠳᠡᠭ ᠲᠦᠷᠪᠡᠨ ᠡᠰᠭᠡᠯᠳᠠ ᠲᠤᠳᠤᠷᠬᠠᠢ ᠲᠤᠯᠠ ᠰᠤᠨᠤᠰᠤᠬᠴᠢᠳ ᠲᠤ ᠬᠦᠨᠵᠡᠬᠡᠢ ᠰᠠᠭᠤᠬᠳᠠᠯ ᠦᠯᠡᠳᠡᠭᠡᠵᠦ᠂ ᠲᠠᠭᠤᠤ ᠨᠢᠭᠡᠪᠦᠷᠢ ᠨᠢ ᠨᠠᠷᠢᠨ ᠨᠢᠬᠳᠠ᠂ ᠤᠴᠢᠷ ᠨᠢ ᠲᠤᠳᠤᠷᠬᠠᠢ ᠪᠠᠶᠢᠳᠠᠭ ᠪᠢᠯᠡ᠃ ᠮᠤᠩᠭᠤᠯ ᠦᠨᠳᠤᠰᠤᠳᠡᠨ ᠤ ᠤᠳᠦ ᠦᠶ᠎ᠠ ᠶᠢᠨ ᠾᠤᠮᠧᠷ᠃ ᠮᠤᠩᠭᠤᠯᠴᠤᠳ ᠤᠨ ᠲᠠᠯᠠᠢ ᠪᠡᠶᠡᠨ ᠠᠮᠠᠨ ᠤᠯᠠᠮᠵᠢᠯᠠᠯ ᠤᠨ ᠤᠷᠠᠯᠢᠭ ᠢ ᠵᠠᠯᠭᠠᠮᠵᠢᠯᠠᠬᠰᠡᠨ ᠠᠪᠢᠶᠡᠰ ᠪᠢᠯᠢᠭᠳᠡᠨ᠃ ᠡᠨᠡ ᠪᠤᠯ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ ᠪᠦᠳᠦᠭᠡᠯᠳᠦ ᠠᠴᠠ ᠠᠷᠡᠳ ᠤᠨ ᠤᠷᠠᠯᠢᠬᠴᠢ ᠵᠠᠯᠰᠡᠨ ᠪᠠᠭᠰᠢ ᠶᠢᠨ ᠠᠴᠢ ᠭᠠᠪᠢᠶ᠎ᠠ ᠶᠢ ᠦᠷᠳᠡᠭᠯᠡᠭᠰᠡᠨ ᠦᠨᠠᠯᠠᠯᠳᠠ᠃ ᠵᠠᠯᠰᠡᠨ ᠭᠤᠸᠡᠢ ᠦᠷᠦᠭᠡᠯ ᠲᠠᠢ ᠠᠳᠠᠯᠢᠬᠠᠨ ᠤᠯᠤᠰ᠂ ᠦᠪᠡᠷᠳᠡᠭᠡᠨ ᠵᠠᠰᠠᠬᠤ ᠤᠷᠤᠨ ᠤ ᠱᠠᠩᠨᠠᠯ ᠬᠦᠬᠢᠬᠦᠯᠦᠯ ᠬᠡᠵᠦ ᠪᠠᠶᠢᠭ᠎ᠠ ᠦᠭᠡᠢ ᠪᠤᠯᠪᠠᠴᠦ ᠠᠷᠡᠳ ᠲᠦᠮᠡᠨ ᠠᠴᠠ ᠬᠠᠶᠢᠷᠠᠯᠠᠬᠰᠡᠨ ᠠᠷᠡᠳ ᠤᠨ ᠤᠷᠠᠯᠢᠬᠴᠢ ᠠᠯᠳᠡᠷ ᠲᠠᠭᠠᠨ ᠤᠰᠤᠯᠳᠠᠯ ᠦᠭᠡᠢ ᠶᠠᠪᠤᠵᠦ ᠢᠷᠠᠵᠠᠢ᠃ ᠵᠠᠩᠭᠠᠷ᠎ ᠤᠨ ᠲᠤᠤᠯᠢ ᠳᠤ ᠵᠠᠩᠭᠠᠷ ᠤᠨ ᠪᠠᠷᠠᠭᠤᠨ ᠭᠠᠷ ᠤᠨ ᠠᠬᠠᠯᠠᠬᠴᠢ ᠲᠦᠰᠢᠮᠡᠯ ᠪᠡᠶᠡᠨ ᠬᠦᠷᠦᠩᠭᠡ ᠶᠢᠨ ᠠᠯᠳᠡᠨ ᠴᠡᠭᠡᠵᠢ ᠬᠡᠳᠡᠭ ᠪᠠᠭᠠᠳᠤᠷ ᠬᠡᠮᠡᠭᠴᠢ ᠢᠷᠡᠭᠰᠡᠨ ᠶᠡᠷᠡᠨ ᠶᠢᠰᠤᠨ ᠵᠢᠯ ᠤᠨ ᠶᠠᠭᠤᠮ᠎ᠠ ᠶᠢ ᠬᠠᠷᠢᠭᠤᠯᠵᠦ ᠮᠡᠳᠡᠬᠦ ᠪᠦᠭᠡᠳ ᠢᠷᠡᠭᠡᠳᠤᠢ ᠶᠡᠷᠡᠨ ᠶᠢᠰᠤᠨ ᠵᠢᠯ ᠤᠨ ᠶᠠᠭᠤᠮ᠎ᠠ ᠶᠢ ᠲᠠᠭᠠᠵᠦ ᠮᠡᠳᠡᠳᠡᠭ ᠰᠡᠴᠡᠨ ᠮᠡᠷᠭᠡᠨ ᠬᠦᠮᠦᠨ ᠪᠠᠶᠢᠳᠠᠭ᠃ ᠵᠠᠯᠰᠠᠨ ᠭᠤᠸᠡᠢ ᠮᠤᠩᠭᠤᠯ ᠲᠦᠮᠡᠨ ᠤ ᠮᠠᠨᠢ ᠦᠶ᠎ᠠ ᠶᠢᠨ ᠦᠶ᠎ᠠ ᠠᠮᠨ ᠪᠠᠷ ᠢᠶᠠᠨ ᠲᠠᠮᠵᠢᠭᠤᠯᠤᠨ ᠰᠡᠳᠬᠢᠯ ᠢᠶᠠᠷ ᠢᠶᠠᠨ ᠦᠪᠯᠠᠨ ᠤᠯᠠᠮᠵᠢᠯᠠᠬᠰᠠᠭᠷ ᠢᠷᠡᠭᠰᠡᠨ ᠠᠤᠭ᠎ᠠ ᠲᠤᠤᠯᠢ᠂ ᠠᠷᠡᠳ ᠤᠨ ᠲᠠᠭᠤᠤ᠂ ᠦᠯᠢᠭᠡᠷ ᠬᠤᠯᠪᠤᠭ᠎ᠠ ᠶᠢ ᠢᠷᠡᠭᠡᠳᠤᠢ ᠶᠡᠷᠡ ᠶᠢᠰᠤᠨ ᠵᠢᠯ ᠳᠤ ᠦᠪᠯᠡᠨ ᠤᠯᠠᠮᠵᠢᠯᠠᠬᠤ ᠪᠠᠷ ᠰᠢᠪᠠᠭᠤ ᠰᠢᠭ ᠤᠷᠤᠢ ᠤᠨᠳᠡᠨ᠂ ᠠᠳᠤᠭᠤ ᠰᠢᠭ᠋ ᠡᠷᠳᠠ ᠪᠤᠰᠤᠨ ᠦᠳᠡᠯᠦᠭᠡ ᠨᠠᠰᠦ ᠶᠦᠭᠡᠨ ᠵᠦᠳᠡᠭᠡᠵᠦ ᠪᠠᠶᠢᠭ᠎ᠠ ᠨᠢ ᠪᠢᠰᠢᠷᠠᠯᠳᠠᠢ᠂ ᠰᠤᠷᠤᠯᠴᠠᠭᠤᠰᠢᠳᠠᠢ᠃ ᠠᠳᠤᠭᠤᠨ ᠤ ᠪᠠᠨ ᠬᠡᠶᠢᠮᠦᠷᠢ ᠶᠢ ᠤᠷᠭ᠎ᠠ ᠪᠠᠷ ᠢᠶᠠᠨ ᠬᠤᠷᠦ᠋ᠢᠯᠠᠵᠦ᠂ ᠠᠮᠢᠳᠤᠷᠡᠯ ᠤᠨ ᠢᠶᠠᠨ ᠰᠠᠶᠢᠬᠠᠨ ᠢ ᠤᠬᠠᠭᠠᠨ ᠢᠶᠠᠷ ᠢᠶᠠᠨ ᠲᠠᠯᠠᠯᠳᠠᠭ ᠮᠤᠩᠭᠤᠯ ᠲᠦᠮᠡᠨ ᠤ ᠪᠠᠨ ᠲᠤᠮᠳᠠ ᠡᠭᠡ ᠬᠡᠯᠡᠨ ᠤ ᠪᠠᠨ ᠢᠷᠠᠭᠤ ᠨᠠᠶᠢᠷᠠᠭ ᠤᠨ ᠪᠠᠶᠡᠨ ᠰᠠᠩ ᠢ ᠭᠠᠶᠢᠬᠠᠭᠤᠯᠵᠦ᠂ ᠦᠷᠦ ᠵᠢᠷᠤᠭᠡᠨ ᠠᠴᠠ ᠪᠠᠨ ᠤᠷᠭᠤᠬᠰᠡᠨ ᠲᠦᠮᠠᠨ ᠠᠶᠠᠯᠭᠤ᠂ ᠮᠢᠩᠭᠠᠨ ᠡᠭᠡᠰᠢᠭ ᠢᠶᠠᠨ ᠰᠤᠨᠤᠷᠳᠠᠭᠤᠯᠵᠦ ᠶᠠᠪᠤᠨ᠎ᠠ ᠬᠡᠳᠡᠭ ᠬᠡᠴᠢᠨᠡᠨ ᠤᠮᠤᠬᠰᠢᠯ ᠲᠠᠢ ᠶᠠᠪᠤᠳᠠᠯ ᠪᠢᠯᠠ⁈ ᠭᠡᠷᠡᠯ ᠵᠢᠷᠤᠭ ᠢ ᠪᠦᠷᠢᠨᠰᠠᠶᠢᠨ ᠰᠡᠬᠦᠳᠡᠷᠯᠡᠪᠡ   ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ

1        0       

                             13847524386      211429899@qq.com      13847524386   QQ  211429899 蒙ICP备17002503号-1