ᠡᠭᠦᠯᠡᠨ ᠴᠢᠯᠦᠭᠡ / ᠪ᠂ ᠷᠢᠨᠴᠢᠨ
ᠡᠭᠦᠯᠡᠨ ᠴᠢᠯᠦᠭᠡᠨ ᠪ ᠨᠠᠷᠠ ᠥᠲᠡᠯᠬᠦ᠌ ᠨᠠᠰᠤᠨ ᠪ ᠵᠢᠷᠭᠠᠯ᠃
︱ ᠳᠥᠷᠪᠡᠳ ᠠᠷᠠᠳ ᠤᠨ ᠵᠦᠢᠷ ᠰᠡᠴᠡᠨ ᠦᠭᠡ
1201
2022-08-08 14:41
发表于:内蒙古
ᠪ᠂ ᠷᠢᠨᠴᠢᠨ
ᠣᠨ ᠤ ᠡᠯᠡᠭᠡᠲᠡᠯ
ᠣᠷᠴᠢᠯᠠᠩ ᠤᠨ ᠭᠠᠮᠰᠢᠭ
ᠰᠡᠮᠡᠷᠬᠡᠢ ᠡᠭᠦᠯᠡ
ᠰᠡᠳᠡᠷᠬᠡᠢ ᠬᠡᠷᠡᠮ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠠᠲᠠᠷ ᠤᠨ ᠬᠠᠯᠴᠠᠭᠠᠢᠷᠠᠯ
ᠠᠰᠠᠷ ᠤᠨ ᠰᠢᠭᠣᠷᠭᠠᠨ
ᠦᠶᠡᠷ ᠤᠨ ᠠᠶᠤᠯ
ᠦᠨᠡᠬᠡᠨ ᠬᠠᠷᠠᠩᠭᠤᠢ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠰᠠᠷᠠᠨ ᠤ ᠰᠦᠬᠦᠳᠦᠬᠡᠷ'
ᠰᠠᠯᠬᠢᠨ ᠤ ᠢᠰᠬᠢᠷᠦᠯ
ᠮᠠᠯ ᠤᠨ ᠴᠥᠭᠡᠷᠡᠯ
ᠮᠠᠰᠢᠨ ᠤ ᠲᠣᠭᠣᠰᠣ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠨᠠᠷᠠᠨ ᠤ ᠭᠬᠢᠷᠲᠦᠯ
ᠨᠠᠷᠠᠰᠣᠨ ᠤ ᠭᠠᠩᠳᠠᠭᠤ
ᠠᠮᠢᠳᠠᠨ ᠤ ᠰᠦᠢᠳᠦᠯ
ᠠᠢᠷᠠᠭ ᠤᠨ ᠬᠣᠮᠰᠠᠳᠠᠯ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠠᠭᠤᠯᠠᠨ ᠤ ᠲᠠᠴᠢᠷᠳᠠᠯ
ᠣᠰᠣᠨ ᠤ ᠪᠤᠯᠠᠩᠭᠢᠷ
ᠠᠭᠠᠷ ᠤᠨ ᠪᠤᠳᠠᠩ
ᠠᠮᠢᠰᠬᠤᠯ ᠤᠨ ᠪᠢᠴᠣᠤᠳᠠᠯ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠲᠠᠷᠢ ᠶᠢᠨ ᠦᠨᠦᠷ
ᠲᠠᠡᠢᠨ ᠤ ᠨᠢᠰᠬᠡᠯ
ᠲᠸ᠋ᠷᠠᠮᠫ ᠤᠨ ᠳᠥᠷᠥ
ᠲᠠᠶᠠᠩ ᠤᠨ ᠦᠢᠮᠡᠭᠡᠨ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠭᠠᠬᠠᠢ ᠶᠢᠨ ᠲᠠᠯᠠᠪᠠᠢ
ᠭᠠᠵᠠᠷ ᠤᠨ ᠠᠨᠵᠢᠰᠤ
ᠭᠠᠯᠡᠪ ᠤᠨ ᠪᠣᠬᠢᠷᠳᠣᠯ
ᠭᠠᠢᠬᠠᠯ ᠤᠨ ᠲᠦᠷᠢᠯᠲᠡ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠮᠣᠩᠭᠣᠯ ᠢᠶᠡᠨ ᠮᠣᠳᠣᠨᠠ
ᠡᠯᠭᠦᠵᠦ
ᠮᠤᠬᠤᠯᠠᠭ ᠲᠡᠷᠭᠡ ᠪᠡᠨ
ᠦᠯᠳᠡᠭᠰᠡᠨ
ᠤᠪᠣᠯᠠᠢ ᠮᠣᠳᠣᠨ ᠳᠡᠭᠡᠷᠡ
ᠤᠩᠬᠢᠷᠠᠭᠰᠠᠨ ᠡᠭᠦᠷ︕
ᠬᠡᠷᠡᠯ ᠵᠢᠷᠤᠭ︱ ᠵᠣᠬᠢᠶᠠᠭᠴᠢ ᠂ ᠲᠦᠷᠪᠡᠨ ᠬᠡᠦᠬᠡᠳ ᠤᠨ ᠴᠢᠭᠣᠯᠭᠠᠨ ᠤ︵ ᠬᠣᠰᠢᠭᠤ︶ ᠣᠯᠠᠭᠠᠨᠬᠣᠸᠠᠨᠠ ᠰᠡᠬᠦᠳᠡᠷᠯᠡᠪᠡ᠃
电子邮箱:barenqin123@126.com
ᠬᠥᠬᠡᠬᠣᠲᠠ ᠶᠢᠨ ᠰᠢᠨᠡ ᠬᠤᠳᠠ ᠲᠣᠭᠣᠷᠢᠭ
2020᠂7᠂28
20 0