ᠰᠠᠮᠵᠨ ᠵᠠᠢᠳᠠᠯᠠᠭᠰᠠᠨ ᠭᠠᠬᠠᠢ
ᠰᠠᠮᠵᠨ ᠶᠢᠨ ᠰᠠᠮᠪᠠᠭ᠎ᠠ᠂ ᠭᠠᠬᠠᠢ ᠶᠢᠨ ᠵᠠᠯᠢ᠂ ᠰᠠᠨᠠᠭ᠎ᠠ ᠡᠴᠡ ᠭᠠᠳᠠᠭᠤᠷ᠃
6410
2021-11-15 14:13
发表于:内蒙古
ᠰᠠᠮᠵᠠ ᠵᠠᠠᠢᠳᠠᠯᠠᠭᠰᠠᠨ ᠭᠠᠬᠠᠢ
︱ ᠪ᠂ ᠷᠢᠨᠴᠢᠨ
ᠪᠡᠶ᠎ᠠ ᠪᠡᠨ ᠭᠡᠪᠡᠯ
ᠮᠠᠭᠲᠠᠳᠠᠭ
ᠪᠡᠷᠬᠡ ᠲᠠᠭᠠᠷᠠᠪᠠᠯ
ᠵᠠᠠᠢᠯᠠᠳᠠᠭ
ᠵᠥᠪ ᠬᠠᠷᠠᠵᠤ
ᠨᠢᠨᠢᠶᠡᠳᠡᠭ
ᠪᠤᠷᠤᠭᠤ ᠬᠠᠷᠠᠵᠤ
ᠣᠬᠢᠯᠠᠳᠠᠭ
ᠵᠣᠭᠣᠰᠤᠨ ᠬᠣᠩᠰᠢᠶᠠᠷ
ᠭᠠᠵᠠᠷ ᠤᠨ ᠣᠩᠭᠢᠯᠠᠭᠠ
ᠵᠠᠭᠤᠪᠠᠯ ᠴᠤ
ᠲᠠᠯᠪᠢᠬᠤ ᠦᠭᠡᠢ
ᠬᠠᠷᠤ ᠲᠠᠢ
ᠭᠠᠢᠬᠠᠯ ᠲᠦᠢᠳᠬᠡᠷ
ᠰᠠᠭᠯᠠᠭᠠᠷ ᠢᠶᠡᠷ ᠲᠠᠮᠣᠯᠠᠵᠠᠭᠰᠠᠨ
ᠭᠠᠷᠠᠬᠠᠨ ᠲᠡᠪᠬᠢᠷᠡᠬᠡ
ᠰᠠᠨᠰᠠᠷ ᠢᠶᠡᠷ ᠲᠡᠭᠦᠯᠢᠭᠰᠡᠨ
ᠲᠡᠰᠢᠬᠦᠷ ᠨᠢᠰᠬᠡ᠃
ᠭᠠᠬᠠᠢ᠂ ᠡᠭᠦᠷ ᠢᠶᠡᠷ ᠢᠶᠡᠨ
ᠬᠠᠮᠠᠷ ᠲᠠᠲᠠᠬᠤ ᠳ᠋ᠦ
ᠭᠠᠷᠠᠬᠠᠨ ᠲᠡᠪᠬᠢᠷᠡᠬᠡ
ᠰᠠᠮᠵᠠ ᠰᠣᠨᠢᠭᠤᠴᠢ
ᠭᠠᠳᠠᠨ᠎ᠠ ᠡᠴᠡ
ᠰᠠᠪᠠᠷ ᠰᠢᠷᠭᠤᠭᠤᠯᠬᠤ ᠳ᠋ᠦ
ᠬᠤᠷᠬᠢᠷᠠᠭᠰᠠᠨ ᠭᠠᠬᠠᠢ
ᠰᠣᠴᠢᠰᠬᠢᠨ ᠪᠠᠢᠪᠠᠴᠣ
ᠵᠠᠯᠬᠠᠭᠤ ᠲᠠᠢ
ᠵᠠᠯᠢ ᠲᠠᠢ
ᠭᠣᠷᠪᠠᠯᠵᠢᠨ ᠨᠢᠳᠦ
ᠰᠦᠮᠡᠯᠵᠡᠨ ᠪᠠᠢᠵᠣ
ᠬᠣᠪᠬᠣ ᠦᠰᠦᠷᠴᠦ
ᠰᠠᠮᠵᠠ ᠶᠢ ᠵᠠᠠᠢᠳᠠᠯᠠᠭᠠᠳ
ᠵᠠ︕ ᠪᠢ
ᠶᠠᠮᠠᠷ ᠪᠠᠠᠢᠨᠠ ᠤᠤ︖
ᠴᠢ᠂ ᠦᠵᠡ︕
ᠪᠢ᠂ ᠪᠣᠯᠵᠤ ᠪᠠᠢᠨ᠎ᠠ
ᠬᠠᠪᠴᠢᠭᠠᠷ ᠢᠶᠡᠨ
ᠴᠢᠩᠭᠠᠯᠠᠶ᠎ᠠ ᠭᠡᠲᠡᠯ᠎ᠡ
ᠰᠠᠮᠵᠠ ᠨᠢᠭᠡ ᠯᠡ ᠲᠣᠩᠭᠣᠷᠠᠨ
ᠳᠡᠭᠳᠡᠮᠡᠭᠴᠡ ᠪᠡᠨ
ᠰᠠᠬᠤᠯᠢᠭ ᠰᠢᠭᠤᠢ ᠪᠡᠷ
ᠦᠰᠦᠷᠬᠢᠯᠡᠨᠡ᠂
ᠬᠠᠶᠠᠭᠳᠠᠭᠰᠠᠨ
ᠵᠣᠭᠣᠰᠤᠨ ᠬᠠᠮᠠᠷ
ᠬᠠᠵᠠᠢᠭᠰᠠᠨ ᠬᠡᠪᠲᠡᠷᠢ ᠤᠷᠤᠭᠤ
ᠵᠢᠯᠢᠢᠯᠭᠡᠪᠡ ᠭᠡᠨ᠎ᠡ᠃
ᠪᠡᠶ᠎ᠡ ᠪᠡᠨ ᠭᠡᠪᠡᠯ
ᠮᠠᠭᠲᠠᠨ᠎ᠠ
ᠪᠡᠷᠬᠡ ᠲᠠᠭᠠᠷᠠᠪᠠᠯ
ᠵᠠᠠᠢᠯᠠᠨᠠ
ᠬᠠᠠᠢᠵᠢᠪᠠᠯ ᠴᠤ
ᠬᠠᠵᠠᠨ᠎ᠠ
ᠬᠠᠷᠢᠭᠤᠴᠠᠯᠭ᠎ᠠ ᠳᠣᠣᠷ᠎ᠠ ᠨᠢ
ᠲᠦᠯᠬᠢᠨ᠎ᠡ᠃
ᠬᠥᠬᠡᠬᠣᠲᠠ ᠶᠢᠨ ᠰᠢᠨ᠎ᠡ ᠬᠤᠳᠠ ᠲᠣᠭᠣᠷᠢᠭ
ᠢᠮᠸ᠋ᠯ:barenqin123@126.com
ᠭᠠᠷ ᠤᠲᠠᠰᠤ᠄ 13948598406
地址:内蒙古呼和浩特市新城区兴泰东河湾南区公寓楼A座
36 0