ᠵᠡᠭᠦᠳᠦᠨ ᠳ᠋ᠦ ᠡᠷᠭᠢᠬᠦ ᠨᠣᠳᠣᠭ
ᠬᠣᠯᠠ ᠨᠣᠳᠣᠭ ᠢᠶᠠᠨ ᠰᠠᠨᠠᠨ ᠮᠦᠷᠡᠳᠦᠭᠰᠡᠨ ᠲᠠᠭᠣᠣ
3435
2020-11-01 10:23
ᠪᠣᠳᠣ ᠪᠣᠷᠭᠠᠰᠤ ᠨᠢ ᠪᠠᠭᠰᠢᠷᠠᠨ ᠣᠷᠭᠣᠭᠰᠠᠨ
ᠪᠣᠭᠳᠠ ᠬᠠᠢᠷᠠᠬᠠᠨ ᠬᠠᠯᠠᠭᠠᠢ ᠶᠢᠨ ᠲᠠᠯ᠎ᠠ ᠲᠠᠢ
ᠪᠣᠶᠠᠨᠳᠤ ᠮᠠᠯᠴᠢᠳ ᠤᠨ ᠰᠢᠳᠦᠭᠡᠨ ᠪᠣᠯᠣᠭᠰᠠᠨ
ᠪᠣᠷᠬᠠᠨ ᠬᠡᠰᠢᠭᠳᠦ ᠴᠠᠭᠠᠨ ᠤᠪᠤᠭ᠎ᠠ ᠲᠠᠢ
ᠵᠢᠷᠭᠠᠯ ᠤᠨᠳᠤᠷᠬᠣ ᠠᠮᠤᠭᠤᠯᠤᠩ ᠦᠯᠦᠭᠡᠢ
ᠵᠢᠷᠤᠭ ᠰᠢᠭ᠋ ᠭᠤᠶᠤᠬᠠᠨ ᠤᠩᠭᠤᠨ
ᠵᠢᠷᠦᠬᠡᠨ ᠡᠴᠡ ᠤᠶᠠᠭᠠᠳᠠᠢ ᠮᠢᠨᠤ ᠨᠤᠳᠤᠭ
ᠵᠡᠭᠦᠳᠦᠨ ᠡᠷᠭᠢᠬᠦ ᠤᠨᠠᠭᠠᠨ ᠪᠤᠭᠤᠴᠠ
ᠲᠠᠪᠤᠨ ᠬᠤᠰᠢᠭᠤ ᠮᠠᠯ ᠨᠢ ᠲᠠᠷᠬᠠᠨ ᠢᠳᠡᠰᠢᠯᠡᠭᠰᠡᠨ
ᠬᠠᠨᠠᠭᠠᠷ ᠠᠭᠤᠳᠠᠮ ᠲᠠᠯ᠎ᠠ ᠲᠠᠢ
ᠲᠠᠯ᠎ᠠ ᠶᠢᠨ ᠬᠦᠷᠦᠰᠦ ᠢᠶᠠᠨ ᠤᠮᠳᠠᠯᠠᠨ ᠤᠷᠤᠰᠤᠭᠰᠠᠨ
ᠬᠠᠢᠢᠷ᠎ᠠ ᠭᠤᠤᠯ ᠤᠨ ᠲᠦᠯᠦᠬᠡᠨ ᠤᠷᠤᠰᠬᠠᠯ ᠲᠠᠢ
ᠵᠢᠷᠭᠠᠯ ᠤᠨᠳᠤᠷᠬᠣ ᠠᠮᠤᠭᠤᠯᠤᠩ ᠦᠯᠦᠭᠡᠢ
ᠵᠢᠷᠤᠭ ᠰᠢᠭ᠋ ᠭᠤᠶᠤᠬᠠᠨ ᠤᠩᠭᠤᠨ ᠪᠠᠢᠢᠭᠠᠯᠢ
ᠵᠢᠷᠦᠬᠡᠨ ᠡᠴᠡ ᠤᠶᠠᠭᠠᠳᠠᠢ ᠮᠢᠨᠤ ᠨᠤᠳᠤᠭ
ᠵᠡᠭᠦᠳᠦᠨ ᠡᠷᠭᠢᠬᠦ ᠤᠨᠠᠭᠠᠨ ᠪᠤᠭᠤᠴᠠ
ᠠᠯᠳᠠᠯᠠᠨ ᠲᠡᠯᠭᠡᠭᠰᠡᠨ ᠰᠠᠮᠪᠠᠢ ᠬᠠᠳᠠᠭ ᠰᠢᠭ
ᠠᠯᠳᠠᠢ ᠮᠠᠩᠬ᠎ᠠ ᠲᠤᠯᠤᠭᠠᠨ ᠵᠢᠷᠭᠡᠯᠭᠡᠨ ᠲᠠᠢ
ᠠᠯᠠᠭ ᠨᠢᠳᠦᠨ ᠦ ᠴᠡᠴᠡᠭᠡᠢ ᠪᠤᠯᠤᠭᠰᠠᠨ
ᠢᠵᠢᠯ ᠲᠤᠩᠭᠠᠯᠠᠭ ᠲᠠᠪᠤ ᠶᠢᠨ ᠨᠠᠭᠤᠷ ᠲᠠᠢ
ᠵᠢᠷᠭᠠᠯ ᠤᠨᠳᠤᠷᠬᠣ ᠠᠮᠤᠭᠤᠯᠤᠩ ᠦᠯᠦᠭᠡᠢ
ᠵᠢᠷᠤᠭ ᠰᠢᠭ᠋ ᠭᠤᠶᠤᠬᠠᠨ ᠤᠩᠭᠤᠨ
ᠵᠢᠷᠦᠬᠡᠨ ᠡᠴᠡ ᠤᠶᠠᠭᠠᠳᠠᠢ ᠮᠢᠨᠤ ᠨᠤᠳᠤᠭ
ᠵᠡᠭᠦᠳᠦᠨ ᠡᠷᠭᠢᠬᠦ ᠤᠨᠠᠭᠠᠨ ᠪᠤᠭᠤᠴᠠ
2
0