  ᠰᠦᠷᠯᠢᠭ ᠮᠤᠩᠭᠤᠯ          30
     
   2019-06-20 16:47
   2020-04-14 15:25
   63633
   37

ᠪᠠᠷᠭᠤ ᠪᠤᠷᠢᠶᠠᠳ ᠮᠤᠡᠭᠭᠤᠯᠴᠤᠳ ᠤᠨ ᠤᠭ ᠤᠨ ᠪᠢᠴᠢᠭ

ᠪᠠᠷᠭᠤ ᠪᠤᠷᠢᠶᠠᠳ ᠮᠤᠡᠭᠭᠤᠯᠴᠤᠳ ᠤᠨ ᠤᠭ ᠤᠨ ᠪᠢᠴᠢᠭ
        5601        0         0 
2019-06-24 16:40    
ᠤᠭ ᠤᠨ ᠪᠢᠴᠢᠭ ᠭᠡᠵᠤ ᠶᠠᠭᠤ ᠪᠤᠢ ︖ ᠮᠤᠡᠭᠭᠤᠯᠴᠤᠳ ᠤᠨ ᠲᠤᠮᠳᠠ ᠦᠪᠡᠷᠰᠡᠳ ᠤᠨ ᠤᠳᠤᠮ ᠤᠨ ᠢᠶᠡᠨ ᠲᠠᠤᠭᠡ ᠶ᠋ᠢ ᠤᠭ ᠢᠵᠠᠭᠤᠷ ᠤᠨ ᠦᠡᠳᠤᠷ ᠲᠡᠭᠡᠳᠤ ᠡᠪᠤᠭᠡ ᠡᠴᠠ ᠪᠠᠨ ᠡᠬᠢᠯᠡᠨ ᠠᠮᠠᠨ ᠪᠤᠯᠤᠨ ᠪᠢᠴᠢᠭ ᠤᠨ ᠭᠡᠯᠪᠡᠷᠢ ᠪᠠᠷ ᠲᠡᠮᠳᠡᠭᠯᠡᠨ ᠦᠯᠡᠳᠡᠭᠡᠬᠦ ᠤᠯᠠᠮᠵᠢᠯᠠᠯ ᠨᠠᠡᠭ ᠡᠷᠳᠡ ᠡᠬᠦᠰᠴᠤ ᠂ ᠲᠡᠷᠡ ᠨᠢ ᠲᠤᠬᠠᠢ ᠶ᠋ᠢᠨ ᠦᠶ᠎ᠠ ᠶ᠋ᠢᠨ ᠨᠠᠢᠭᠡᠮ ᠤᠨ ᠢᠶᠡᠨ ᠬᠦᠭᠵᠢᠯ ᠤᠨ ᠲᠥᠪᠰᠢᠨ ᠲᠠᠢ ᠬᠤᠯᠪᠤᠭᠳᠠᠨ ᠡᠬᠢᠨ ᠤ ᠦᠶ᠎ᠠ ᠳ᠋ᠡᠭᠡᠨ ᠤᠪᠤᠭ ᠨᠠᠢᠳᠠ ᠶ᠋ᠢᠨ ᠲᠠᠤᠭᠡ ᠶ᠋ᠢᠨ ᠲᠠᠮᠳᠡᠭᠯᠡᠯ ᠰᠢᠡᠵᠢᠳᠡᠢ ᠪᠠᠢᠭᠠᠳ ᠤᠪᠤᠭ ᠵᠠᠳᠠᠷᠠᠵᠤ ᠹᠸᠤᠳᠠᠯ ᠤᠨ ᠬᠠᠷᠢᠯᠴᠠᠭ᠎ᠠ ᠡᠬᠦᠰᠴᠤ ᠬᠦᠭᠵᠢᠬᠦ ᠶ᠋ᠢᠨ ᠬᠢᠷᠢ ᠪᠠᠷ ᠡᠷᠥᠭᠡ ᠭᠡᠷ ᠤᠨ ᠲᠠᠤᠭᠡ ᠪᠤᠯᠤᠨ ᠬᠤᠪᠢᠷᠠᠭᠰᠠᠨ ᠪᠠᠢᠨ᠎ᠠ ᠃ ᠡᠨᠡ ᠨᠢ ᠹᠸᠤᠳᠠᠯ ᠤᠨ ᠨᠠᠢᠭᠡᠮ ᠤᠨ ᠬᠦᠡᠵᠡᠭᠡᠢᠷᠡᠨ ᠬᠦᠭᠵᠢᠬᠦ ᠶᠠᠪᠤᠴᠠ ᠳ᠋ᠤ ᠨᠠᠢᠭᠡᠮ ᠤᠨ ᠠᠮᠢᠳᠤᠷᠠᠯ ᠳ᠋ᠤ ᠭᠡᠷ ᠤᠨ ᠲᠡᠤᠭᠡ ᠶ᠋ᠢᠨ ᠬᠦᠢᠴᠡᠳᠭᠡᠬᠦ ᠡᠬᠦᠷᠭᠡ ᠶᠡᠭᠡᠳᠡ ᠦᠰᠴᠤ ᠂ ᠰᠤᠷᠪᠤᠯᠵᠢᠳᠤ ᠡᠷᠥᠭᠡ ᠪᠥᠷᠢ ᠶ᠋ᠢᠨ ᠵᠠᠢᠯᠠᠰᠢ ᠦᠭᠡᠢ ᠬᠦᠳᠥᠯᠬᠦ ᠠᠯᠪᠡᠨ ᠪᠠᠷᠢᠮᠳᠠ ᠪᠤᠯᠵᠠᠢ ᠃ ᠮᠡᠨ ᠤ ᠡᠷᠢᠨ ᠤ 8 ᠳ᠋ᠤᠭᠠᠷ ᠵᠠᠭᠤᠨ ᠤ ᠦᠶ᠎ᠠ ᠳ᠋ᠤ ᠮᠤᠡᠭᠭᠤᠯᠴᠤᠳ ᠤᠪᠤᠭ ᠨᠠᠢᠳᠠ ᠶ᠋ᠢᠨ ᠪᠤᠯᠤᠨ ᠰᠤᠷᠪᠤᠯᠵᠢᠳᠤ ᠡᠷᠥᠭᠡ ᠠᠢᠯ ᠤᠨ ᠡᠷᠡᠴᠤᠳ ᠤᠨ ᠦᠶ᠎ᠠ ᠵᠠᠯᠭᠠᠮᠵᠢ ᠶ᠋ᠢ ᠵᠢᠷᠤᠭᠯᠠᠭᠰᠠᠨ ᠲᠠᠤᠭᠡ ᠲᠠᠮᠳᠡᠭᠯᠡᠯ ᠬᠦᠳᠥᠯᠳᠡᠭ ᠪᠠᠢᠭᠰᠠᠨ ᠢ 1240 ᠤᠨ ᠳ᠋ᠤ ᠵᠤᠬᠢᠶᠠᠭᠳᠠᠭᠰᠠᠨ ︽ ᠮᠤᠡᠭᠭᠤᠯ ᠤᠨ ᠨᠢᠭᠤᠴᠠ ᠲᠤᠪᠴᠢᠶᠡᠨ ︾ ᠭᠡᠷᠡᠴᠢᠯᠡᠵᠤ ᠪᠠᠢᠨ᠎ᠠ ᠃ ︽ ᠮᠤᠡᠭᠭᠤᠯ ᠤᠨ ᠨᠢᠭᠤᠴᠠ ᠲᠤᠪᠴᠢᠶᠡᠨ ︾ ᠪᠤᠯ ᠮᠠᠰᠢ ᠤᠯᠠᠨ ᠤᠪᠤᠭ ᠤᠨ ᠭᠠᠷᠤᠯ ᠡᠬᠦᠰᠥᠯ ᠲᠠᠬᠦᠨ ᠤ ᠲᠡᠤᠭᠡ ᠶ᠋ᠢ ᠲᠤᠪᠴᠢᠶᠠᠯᠠᠨ ᠪᠢᠴᠢᠭᠰᠡᠨ ᠰᠥᠮᠪᠤᠷ ᠤᠷᠬᠢᠯ ᠪᠢᠯᠡ ᠃ ᠭᠡᠷ ᠤᠨ ᠲᠠᠤᠭᠡ ᠶ᠋ᠢ ᠬᠦᠳᠥᠯᠵᠤ ᠢᠷᠡᠭᠰᠡᠨ ᠪᠢᠴᠢᠭ ᠤᠨ ᠤᠯᠠᠮᠵᠢᠯᠠᠯ ᠶᠠᠷᠥᠡᠭᠭᠡᠢ ᠳ᠋ᠡᠭᠡᠨ ᠭᠤᠷᠪᠡᠨ ᠶᠠᠡᠭᠵᠤ ᠶ᠋ᠢᠨ ᠪᠠᠢᠨ᠎ᠠ ᠃ ᠡᠬᠦᠨ ᠳ᠋ᠤ ᠄ 1. ᠲᠡᠭᠡᠷ᠎ᠠ ᠡᠴᠠ ᠲᠤᠷᠤᠭᠰᠢ ᠴᠤᠪᠤᠭᠤᠯᠤᠨ ᠰᠠᠯᠪᠤᠷᠢᠯᠠᠭᠤᠯᠵᠤ ᠪᠢᠴᠢᠬᠦ ᠃ 2. ᠮᠤᠳᠤᠨ ᠤ ᠴᠠᠭᠠᠷᠢᠭ ᠮᠡᠳᠤ ᠲᠤᠭᠤᠷᠢᠭ ᠲᠠᠳᠠᠨ ᠬᠦᠳᠥᠯᠬᠦ ᠃ 3. ᠮᠤᠳᠤᠨ ᠤ ᠮᠥᠴᠢᠷ ᠮᠡᠳᠤ ᠰᠠᠯᠪᠤᠷᠢᠯᠠᠭᠤᠯᠤᠨ ᠵᠢᠷᠤᠵᠤ ᠪᠢᠴᠢᠬᠦ ᠵᠠᠷᠭᠡ ᠭᠤᠷᠪᠡᠨ ᠭᠡᠯᠪᠡᠷᠢ ᠪᠠᠢᠨ᠎ᠠ ᠃ ᠡᠬᠦᠨ ᠡᠴᠠ ᠪᠠᠷᠭᠤ ᠂ ᠪᠤᠷᠢᠶᠠᠳ ᠮᠤᠡᠭᠭᠤᠯᠴᠤᠳ ᠤᠭ ᠤᠨ ᠪᠢᠴᠢᠭ ᠢᠶᠡᠨ ᠤᠯᠠᠮᠵᠢᠯᠠᠨ ᠢᠷᠡᠭᠰᠡᠨ ᠭᠤᠷᠪᠠᠳᠠᠬᠢ ᠬᠤᠪᠢᠯᠪᠤᠷᠢ ᠪᠠᠷ ᠶᠠᠭᠡᠪᠴᠢᠯᠡᠨ ᠬᠦᠳᠥᠯᠵᠤ ᠪᠠᠢᠵᠠᠢ ᠃ ᠤᠭ ᠤᠨ ᠪᠢᠴᠢᠭ ᠡᠷᠳᠡᠨ ᠡᠴᠠ ᠬᠦᠳᠥᠯᠵᠤ ᠢᠷᠡᠭᠰᠡᠨ ᠡᠨᠡ ᠬᠦ ᠤᠯᠠᠮᠵᠢᠯᠠᠯ ᠮᠡᠨ ᠤ ᠬᠢᠨ ᠳ᠋ᠤ ᠨᠢᠭᠡᠨ ᠦᠶ᠎ᠠ ᠪᠥᠷᠬᠦᠭᠳᠡᠨ ᠲᠠᠰᠤᠷᠠᠭᠰᠠᠨ ᠪᠤᠯᠪᠠᠴᠤ ᠲᠠᠬᠦᠨ ᠤ ᠲᠠᠪᠳᠠᠭᠳᠠᠰᠢ ᠦᠭᠡᠢ ᠦᠨ᠎ᠠ ᠴᠠᠨ᠎ᠠ ᠂ ᠤᠷᠤᠭ ᠲᠥᠷᠤᠯ ᠪᠤᠯᠠᠡᠭᠬᠢᠷᠳᠤᠬᠤ ᠦᠭᠡᠢ ᠴᠡᠪᠡᠷ ᠪᠠᠢᠬᠤ ᠠᠴᠢ ᠬᠤᠯᠪᠤᠭᠳᠠᠯ ᠢ ᠤᠬᠠᠪᠤᠷᠢᠯᠠᠭᠰᠠᠨ ᠤ ᠦᠡᠳᠤᠰᠤᠨ ᠲᠡᠭᠡᠷ᠎ᠠ ᠲᠥᠷᠤ ᠡᠴᠠ ᠠᠬᠢᠨ ᠰᠡᠷᠬᠦᠭᠡᠬᠦ ᠠᠷᠭ᠎ᠠ ᠭᠡᠮᠵᠢᠶ᠎ᠠ ᠶ᠋ᠢ ᠬᠤᠵᠢᠭᠤ ᠴᠤ ᠭᠡᠰᠡᠨ ᠠᠪᠤᠭᠰᠠᠨ ᠃ ᠲᠤᠬᠠᠢᠯᠠᠪᠡᠯ ᠄ ᠤᠭ ᠤᠨ ᠪᠢᠴᠢᠭ ᠢ ᠰᠡᠷᠬᠦᠭᠡᠨ ᠬᠦᠳᠥᠯᠬᠦ ᠲᠤᠬᠠᠢ 1996 ᠤᠨ ᠳ᠋ᠤ ᠪᠠᠳᠤᠯᠠᠭᠳᠠᠭᠰᠠᠨ ᠮᠤᠡᠭᠭᠤᠯ ᠤᠯᠤᠰ ᠤᠨ ᠰᠤᠶᠤᠯ ᠤᠨ ᠲᠤᠬᠠᠢ ᠬᠠᠤᠯᠢ ᠶ᠋ᠢᠨ 2 ᠳ᠋ᠤᠭᠠᠷ ᠪᠥᠯᠦᠭ ᠤᠨ 5 ᠳ᠋ᠤᠭᠠᠷ ᠵᠦᠢᠯ ᠳ᠋ᠤ ︽ ᠭᠡᠷ ᠪᠦᠯᠢ ᠶ᠋ᠢᠨ ᠰᠤᠶᠤᠯ ᠬᠦᠮᠤᠵᠢᠯ ᠤᠨ ᠤᠯᠠᠮᠵᠢᠯᠠᠯ ᠢ ᠲᠡᠭᠡᠳᠥᠯᠡᠨ ᠬᠦᠭᠵᠢᠬᠦᠯᠵᠤ ᠤᠳᠠᠭᠠᠬᠢ ᠤᠭᠰᠠᠭ᠎ᠠ ᠮᠡᠳᠡᠬᠦ ᠂ ᠤᠭ ᠤᠨ ᠪᠢᠴᠢᠭ ᠬᠦᠳᠥᠯᠬᠦ ︾ ᠭᠡᠵᠤ ᠵᠢᠭᠠᠭᠰᠠᠨ ᠪᠤᠢ ᠃ ᠡᠬᠦᠨ ᠲᠠᠢ ᠬᠤᠯᠪᠤᠭᠳᠠᠵᠤ ᠮᠤᠡᠭᠭᠤᠯ ᠤᠯᠤᠰ ᠤᠨ ᠶᠡᠭᠡ ᠬᠤᠷᠠᠯ ᠤᠨ 1996 ᠤᠨ ᠤ 22 ᠳ᠋ᠤᠭᠠᠷ ᠲᠤᠭᠳᠠᠭᠠᠯ ᠳ᠋ᠤ ᠮᠤᠡᠭᠭᠤᠯ ᠤᠯᠤᠰ ᠤᠨ ᠶᠠᠷᠥᠡᠭᠭᠡᠢᠯᠡᠭᠴᠢ ᠶ᠋ᠢᠨ 1991 ᠤᠨ ᠤ 115 ᠳ᠋ᠤᠭᠠᠷ ᠵᠠᠷᠯᠢᠭ ᠂ ᠮᠤᠡᠭᠭᠤᠯ ᠤᠯᠤᠰ ᠤᠨ ᠵᠠᠰᠠᠭ ᠤᠨ ᠭᠠᠵᠠᠷ ᠤᠨ 1997 ᠤᠨ ᠤ 17 ᠳ᠋ᠤᠭᠠᠷ ᠲᠤᠭᠳᠠᠭᠠᠯ ᠤᠳ ᠲᠤᠰ ᠲᠤᠰ ᠭᠠᠷᠴᠠᠢ ᠃ ᠡᠬᠦᠨ ᠡᠴᠠ ᠬᠤᠢᠰᠢ ᠤᠭ ᠤᠨ ᠪᠢᠴᠢᠭ ᠢ ᠠᠷᠠᠳ ᠢᠷᠭᠡᠳ ᠬᠦᠳᠥᠯᠵᠤ ᠤᠪᠤᠭ ᠤᠷᠤᠭ ᠤᠨ ᠲᠠᠨᠢᠯᠴᠠᠬᠤ ᠴᠤᠭᠯᠠᠷᠠᠯᠳᠠ ᠂ ᠨᠠᠭᠠᠳᠤᠮ ᠵᠤᠬᠢᠶᠠᠨ ᠪᠠᠢᠭᠤᠯᠤᠭᠳᠠᠬᠤ ᠪᠤᠯᠤᠭᠰᠠᠨ ᠃ ᠤᠪᠤᠭ ᠭᠡᠵᠤ ᠶᠠᠭᠤ ᠪᠤᠢ ︖ ᠤᠭ ᠤᠨ ᠪᠢᠴᠢᠭ ᠤᠨ ᠦᠡᠳᠤᠰᠤ ᠪᠤᠯᠤᠭᠰᠠᠨ ᠤᠪᠤᠭ ᠂ ᠲᠠᠬᠦᠨ ᠤ ᠲᠤᠬᠠᠢ ᠲᠤᠷᠠᠳᠪᠡᠯ ᠰᠤᠳᠤᠯᠤᠭᠠᠴᠢᠳ ᠤᠪᠤᠭ ᠭᠡᠳᠡᠭ ᠢ ︽ ᠨᠢᠭᠡᠨ ᠡᠪᠤᠭᠡ ᠲᠡᠭᠡᠳᠤᠰ ᠡᠴᠠ ᠭᠠᠷᠤᠯᠳᠠᠢ ᠶᠠᠰᠤᠨ ᠲᠥᠷᠤᠯ ᠤᠨ ᠬᠤᠯᠪᠤᠭ᠎ᠠ ᠪᠥᠬᠥᠢ ᠪᠦᠯᠦᠭ ᠬᠦᠮᠤᠰ ᠤᠨ ᠲᠤᠮᠳᠠ ᠦᠶ᠎ᠠ ᠤᠯᠠᠮᠵᠢᠯᠠᠨ ᠭᠡᠷᠡᠭᠯᠡᠳᠡᠭ ᠨᠠᠷᠠᠯᠠᠯ ᠪᠤᠯᠤᠨ᠎ᠠ ᠃ ᠡᠨᠡ ᠬᠦ ᠤᠯᠠᠮᠵᠢᠯᠠᠯ ᠬᠦᠮᠤᠨ ᠤ ᠨᠠᠢᠭᠡᠮ ᠳ᠋ᠤ ᠡᠴᠢᠭᠡ ᠶ᠋ᠢᠨ ᠡᠷᠭᠡᠳᠤ ᠶᠤᠰᠤ ᠨᠤᠶᠠᠷᠬᠠᠬᠤ ᠡᠴᠠ ᠡᠮᠤᠨ᠎ᠠ ᠂ ᠡᠭᠡ ᠶ᠋ᠢᠨ ᠡᠷᠭᠡᠳᠤ ᠶᠤᠰᠤᠨ ᠤ ᠦᠶ᠎ᠠ ᠡᠴᠠ ᠤᠯᠪᠠᠭᠠᠳᠠᠢ ᠪᠥᠭᠡᠳ ᠲᠠᠬᠦᠨ ᠢ ︿ ᠤᠮᠤᠭ ﹀ ᠭᠡᠰᠡᠨ ᠤᠬᠠᠭᠳᠠᠬᠤᠨ ᠳ᠋ᠤ ᠬᠠᠮᠤᠷᠤᠭᠤᠯᠵᠤ ᠪᠠᠢᠵᠠᠢ ︾ ᠭᠡᠰᠡᠨ ᠪᠠᠢᠳᠠᠭ ᠃ 12  13 ᠳ᠋ᠤᠭᠠᠷ ᠵᠠᠭᠤᠨ ᠤ ᠦᠶ᠎ᠠ ᠶ᠋ᠢᠨ ᠮᠤᠡᠭᠭᠤᠯ ᠂ ᠲᠥᠷᠺ ᠤᠭᠰᠠᠭᠠᠳᠠᠨ ᠨᠢ ᠤᠪᠤᠭ ︵ ᠠᠢᠮᠠᠭ ︶ ᠤᠨ ᠵᠤᠬᠢᠶᠠᠨ ᠪᠠᠢᠭᠤᠯᠤᠯᠳᠠ ᠪᠠᠷ ᠠᠮᠢᠳᠤᠷᠠᠨ ᠰᠠᠭᠤᠳᠠᠭ ᠨᠠᠢᠭᠡᠮ ᠤᠨ ᠵᠤᠬᠢᠶᠠᠨ ᠪᠠᠢᠭᠤᠯᠤᠯᠳᠠ ᠳ᠋ᠤ ᠰᠢᠯᠵᠢᠭᠰᠡᠨ ᠪᠠᠢᠨ᠎ᠠ ︵ ᠦᠭᠡᠷ᠎ᠠ ᠪᠠᠷ ᠭᠡᠯᠡᠪᠡᠯ ᠲᠤᠬᠠᠢ ᠶ᠋ᠢᠨ ᠦᠶ᠎ᠠ ᠶ᠋ᠢᠨ ᠵᠠᠰᠠᠭ ᠵᠠᠬᠢᠷᠭᠠᠨ ᠤ ᠵᠤᠬᠢᠶᠠᠨ ᠪᠠᠢᠭᠤᠯᠤᠯᠳᠠ ︶ ᠃ ᠲᠡᠷᠡ ᠦᠶ᠎ᠠ ᠳ᠋ᠤ ᠤᠳᠤ ᠶ᠋ᠢᠨ ᠠᠢᠮᠠᠭ ᠭᠡᠮᠡᠬᠦ ᠶ᠋ᠢ ︽ ᠤᠪᠤᠭ ︾ ᠭᠡᠵᠤ ᠨᠠᠷᠠᠯᠡᠳᠡᠭ ᠪᠠᠢᠭᠰᠠᠨ ᠪᠡ ᠡᠨᠡ ᠲᠤᠬᠠᠢ ᠬ᠊ · ᠫᠸᠷᠯᠠᠢ ᠠᠪᠤᠭᠠᠢ ᠲᠠᠮᠳᠡᠭᠯᠡᠬᠦ ᠳ᠋ᠡᠭᠡᠨ ᠄ ᠲᠡᠷᠡ ︽ ᠤᠪᠤᠭ ︾ ᠭᠡᠳᠡᠭ ᠨᠢ ᠪᠢᠳᠡᠨ ᠤ ᠭᠡᠷᠡᠭᠯᠡᠭᠰᠡᠭᠡᠷ ᠵᠠᠡᠭᠰᠢᠬᠰᠠᠨ ︽ ᠠᠢᠮᠠᠭ ︾ ᠲᠠᠢ ᠤᠳᠬ᠎ᠠ ᠲᠠᠭᠠᠷᠠᠵᠤ ᠪᠠᠢᠨ᠎ᠠ ᠭᠡᠵᠠᠢ ᠃ ᠲᠡᠭᠡᠬᠦᠯᠠᠷ ᠲᠠᠤᠭᠡᠨ ᠬᠤᠭᠤᠴᠠᠭᠠᠨ ᠳ᠋ᠤ ᠤᠪᠤᠭ ᠂ ᠠᠢᠮᠠᠭ ᠂ ᠤᠮᠤᠭ ᠂ ᠡᠯᠬᠢᠨ ᠂ ᠬᠠᠯᠠᠭ᠎ᠠ ᠂ ᠬᠦᠬᠦᠤᠷ ᠭᠡᠬᠦ ᠮᠡᠳᠤ ᠪᠠᠷ ᠮᠤᠡᠭᠭᠤᠯ ᠤᠭᠰᠠᠭᠠᠳᠠᠨ ᠨᠤᠭᠤᠳ ᠲᠤᠤᠷ᠎ᠠ ᠪᠥᠷᠢ ᠳ᠋ᠡᠭᠡᠨ ᠨᠠᠷᠠᠯᠠᠨ ᠢᠷᠠᠵᠠᠢ ᠃ ᠡᠨᠡ ᠬᠦ ᠤᠪᠤᠭ ᠭᠡᠳᠡᠭ ᠨᠢ ᠮᠤᠡᠭᠭᠤᠯ ᠤᠭᠰᠠᠭᠠᠳᠠᠨ ᠪᠥᠷᠢᠯᠳᠤᠨ ᠲᠤᠭᠳᠠᠨᠢᠬᠤ ᠳ᠋ᠤ ᠤᠡᠴᠠᠭᠠᠢ ᠡᠬᠦᠷᠭᠡ ᠬᠦᠢᠴᠡᠳᠭᠡᠵᠠᠢ ᠭᠡᠮᠡᠨ ᠦᠵᠡᠵᠤ ᠪᠤᠯᠬᠤ ᠪᠠᠷ ᠪᠠᠢᠨ᠎ᠠ ᠃ ᠲᠤᠬᠠᠢᠯᠠᠪᠡᠯ ᠪᠥᠷᠳᠡ ᠴᠢᠨ᠋‍ ᠤ᠎ᠠ ᠡᠴᠠ ᠡᠬᠢ ᠲᠠᠢ ᠪᠤᠷᠵᠢᠬᠢᠨ ᠤᠪᠤᠭ ᠤᠨ ᠬᠢᠨ ᠲᠤᠬᠠᠢ ᠶ᠋ᠢᠨ ᠦᠶ᠎ᠠ ᠶ᠋ᠢᠨ ᠤᠪᠤᠭ ᠤᠳ ᠲᠤᠳᠤᠷ᠎ᠠ ᠡᠴᠠ ᠲᠤᠳᠤᠷᠠᠵᠤ ᠬᠠᠮᠤᠭ ᠮᠤᠡᠭᠭᠤᠯ ᠡᠴᠠ ᠠᠪᠬᠠᠭᠤᠯᠤᠭᠠᠳ ᠶᠡᠭᠡ ᠮᠤᠡᠭᠭᠤᠯ ᠬᠥᠷᠥᠨ ᠢ ᠪᠠᠢᠭᠤᠯᠬᠤ ᠳ᠋ᠤ ᠢᠮᠠᠭᠳᠠ ᠤᠷᠤᠢᠯᠠᠨ ᠲᠠᠷᠢᠬᠦᠯᠡᠵᠤ ᠢᠷᠡᠭᠰᠡᠨ ᠢ ᠲᠡᠤᠭᠡ ᠭᠡᠷᠡᠴᠢᠯᠡᠵᠤ ᠪᠠᠢᠨ᠎ᠠ ᠃ ᠡᠨᠡ ᠤᠳᠬ᠎ᠠ ᠪᠠᠷ ᠢᠶᠡᠨ ᠲᠤᠬᠠᠢ ᠶ᠋ᠢᠨ ᠤᠪᠤᠭ ᠨᠢ ᠦᠪᠡᠷ ᠤᠨ ᠨᠠᠷ᠎ᠠ ᠬᠦᠡᠳᠤ ᠂ ᠲᠠᠷᠢᠬᠦᠯᠡᠬᠦ ᠴᠢᠳᠠᠪᠤᠷᠢ ᠪᠠᠨ ᠬᠠᠳᠠᠭᠠᠯᠠᠵᠤ ᠪᠠᠢᠬᠤ ᠶ᠋ᠢᠨ ᠲᠦᠯᠦᠭᠡ ᠴᠢᠷᠮᠠᠢᠵᠤ ᠢᠷᠡᠭᠰᠡᠨ ᠪᠠᠷᠭᠤ  ᠪᠤᠷᠢᠶᠠᠳ ᠡᠴᠠ ᠭᠠᠷᠤᠯᠳᠠᠢ ᠠᠯᠤᠨ ᠭᠤ‍ ᠤ᠎ᠠ ᠡᠭᠡ ᠶ᠋ᠢᠨ ᠲᠤᠮᠤᠭ ᠪᠠᠳᠤᠯᠠᠳᠠᠭ ᠃ ᠲᠤᠮᠤᠭ ᠲᠤ ᠲᠤᠷᠠᠳᠤᠭᠰᠠᠨ ᠢᠶᠠᠷ ᠲᠡᠭᠡᠳᠤ ᠲᠡᠭᠷᠢ ᠡᠴᠠ ᠵᠠᠶᠠᠭᠠᠳᠤ ᠲᠥᠷᠥᠭᠰᠡᠨ ᠪᠥᠷᠳᠡ ᠴᠢᠨ᠋‍ ᠤ᠎ᠠ ᠶ᠋ᠢᠨ ᠤᠳᠤᠮ ᠲᠡᠭᠷᠢ ᠶ᠋ᠢᠨ ᠬᠦᠪᠡᠬᠦᠳ ᠲᠠ ᠨᠠᠷ ᠡᠶ᠎ᠠ ᠡᠪ ᠲᠠᠢ ᠪᠠᠢᠭ ᠭᠡᠮᠡᠨ ᠲᠠᠪᠤᠨ ᠰᠤᠮᠤ ᠶ᠋ᠢᠨ ᠰᠤᠷᠭᠠᠯ ᠢᠶᠡᠨ ᠠᠢᠯᠠᠳᠤᠭᠰᠠᠨ ᠢᠶᠠᠷ ᠢᠶᠡᠨ ᠤᠪᠤᠭ ᠤᠨ ᠢᠶᠡᠨ ᠨᠠᠷ᠎ᠠ ᠬᠦᠡᠳᠤ ᠂ ᠪᠠᠳᠤ ᠨᠢᠭᠡᠳᠤᠯ ᠢ ᠬᠠᠮᠠᠭᠠᠯᠠᠵᠤ ᠂ ᠦᠶ᠎ᠠ ᠶ᠋ᠢᠨ ᠦᠶ᠎ᠠ ᠳ᠋ᠡᠭᠡᠨ ᠤᠯᠠᠮᠵᠢᠯᠠᠭᠤᠯᠵᠤ ᠢᠷᠡᠭᠰᠡᠨ ᠨᠢ ᠡᠳᠥᠭᠡ ᠴᠤ ᠲᠠᠤᠭᠡᠨ ᠠᠴᠢ ᠬᠤᠯᠪᠤᠭᠳᠠᠯ ᠂ ᠦᠨ᠎ᠠ ᠴᠠᠨ᠎ᠠ ᠪᠠᠨ ᠠᠯᠳᠠᠭ᠎ᠠ ᠦᠭᠡᠢ ᠪᠠᠢᠨ᠎ᠠ ᠃ ︽ ᠪᠠᠷᠭᠤ ᠤᠪᠤᠭ ᠶᠠᠰᠤᠳᠡᠨ ᠤ ᠭᠠᠷᠤᠯ ᠡᠬᠦᠰᠥᠯ ᠤᠨ ᠲᠤᠬᠠᠢ ᠂ ᠪᠠᠷᠭᠤᠴᠤᠳ ᠤᠨ ᠲᠤᠬᠠᠢ ᠡᠷᠳᠡᠨ ᠤ ᠭᠷᠸᠢᠡᠡ ᠤᠨ ᠲᠡᠤᠭᠡ ᠂ ᠷᠤᠮᠠ ᠶ᠋ᠢᠨ ᠲᠠᠤᠭᠡ ᠂ ᠭᠸᠷᠤᠳᠢᠲ ᠤᠨ ᠲᠠᠤᠭᠡ ᠂ ᠭᠤᠢᠮᠸᠷ ᠤᠨ ᠲᠤᠤᠯᠢᠰ ᠂ ᠭᠢᠷᠬᠢᠰ ᠤᠨ ᠮᠠᠨᠠᠰ ᠭᠡᠮᠡᠬᠦ ᠠᠯᠳᠠᠷᠳᠤ ᠲᠤᠤᠯᠢ ᠡᠴᠠ ᠭᠠᠳᠠᠨ᠎ᠠ ᠸᠸᠢ ︵ ᠨᠠᠢᠳᠠ ᠶ᠋ᠢᠨ ᠤᠨ ᠲᠤᠭᠠᠯᠠᠯ ᠡᠴᠠ ᠡᠮᠤᠨ᠎ᠠ 220  265 ᠤᠨ ︶ ᠂ ᠰᠥᠢ ︵ ᠨᠠᠢᠳᠠ ᠶ᠋ᠢᠨ ᠤᠨ ᠲᠤᠭᠠᠯᠠᠯ ᠤᠨ 589  618 ︶ ᠂ ᠲᠠᠡᠭ ︵ ᠨᠠᠢᠳᠠ ᠶ᠋ᠢᠨ ᠤᠨ ᠲᠤᠭᠠᠯᠠᠯ ᠤᠨ 618  907 ᠤᠨ ︶ ᠤᠯᠤᠰ ᠵᠠᠷᠭᠡ ᠭᠠᠳᠠᠭᠠᠳᠤ ᠲᠤᠳᠤᠭᠠᠳᠤ ᠶ᠋ᠢᠨ ᠰᠤᠷᠪᠤᠯᠵᠢ ᠲᠠᠤᠭᠡᠨ ᠳ᠋ᠤ ᠲᠠᠮᠳᠡᠭᠯᠡᠭᠳᠡᠵᠤ ᠂ ᠲᠠᠬᠦᠨ ᠤ ᠲᠡᠤᠭᠡᠨ ᠤᠯᠠ ᠮᠦᠷ ᠠᠽᠢᠶ᠎ᠠ ᠂ ᠡᠸᠥᠢᠷᠥᠫᠠ ᠶ᠋ᠢᠨ ᠬᠤᠶᠠᠷ ᠲᠢᠪ ᠢ ᠰᠤᠡᠳᠠᠯᠠᠵᠠᠢ ︾ ᠭᠡᠮᠡᠨ ᠦᠪᠤᠷᠯᠡᠭᠴᠢ ᠮᠢᠡᠭᠭᠠᠳ ᠱ᠊ · ᠲᠥᠡᠭᠰᠢᠭ ᠪᠥᠳᠥᠭᠡᠯ ᠳ᠋ᠡᠭᠡᠨ ᠲᠤᠷᠠᠳᠤᠭᠰᠠᠨ ᠪᠠᠢᠳᠠᠭ ᠃ ᠲᠡᠷᠡ ᠪᠠᠷ ︽ ᠪᠠᠷᠭᠤᠳ ᠤᠨ ᠡᠷᠳᠡᠨ ᠤ ᠪᠢᠴᠢᠯᠭᠡ ᠲᠠᠭᠤᠳᠠᠯᠭ᠎ᠠ ᠨᠢ ᠪᠠᠷᠢᠭ ᠪᠤᠶᠤ ᠪᠠᠷᠥᠭ ᠃ ᠪᠠᠷᠢᠭ ᠪᠤᠯ ᠮᠡᠨ ᠤ ᠡᠷᠢᠨ ᠡᠴᠠ ᠡᠮᠤᠨ᠎ᠠ 14 ᠳ᠋ᠤᠭᠡᠷ ᠵᠠᠭᠤᠨ ᠡᠴᠠ ᠡᠮᠤᠨ᠎ᠠ ᠪᠠᠷᠠᠭᠤᠨ ᠠᠽᠢᠶ᠎ᠠ ᠶ᠋ᠢᠨ ᠰᠠᠭᠠᠷᠢ ᠭᠤᠤᠯ ᠤᠨ ᠰᠠᠪᠡ ᠤᠷᠤᠨ ᠳ᠋ᠤ ᠲᠥᠷᠤ ᠪᠠᠢᠭᠤᠯᠤᠭᠰᠠᠨ ᠪᠠᠷᠢᠭ ᠮᠦᠨ ᠃ ᠲᠡᠳᠡᠨ ᠤ ᠤᠤᠭᠠᠯ ᠨᠤᠳᠤᠭ ᠨᠢ ᠶᠸᠹᠷᠠᠲ ᠮᠥᠷᠡᠨ ᠤ ᠲᠡᠭᠡᠳᠤ ᠰᠠᠯᠪᠤᠷᠢ ᠤᠷᠤᠰᠬᠠᠯ ᠬᠠᠪᠠᠢ ᠭᠤᠤᠯ ᠤᠨ ᠰᠠᠪᠠ ᠤᠷᠤᠨ ᠭᠡᠵᠤ ᠡᠷᠳᠡᠮᠳᠡᠨ ᠮᠥᠷᠳᠡᠨ ᠰᠤᠳᠤᠯᠵᠤ ᠲᠤᠳᠤᠷᠬᠠᠢᠯᠠᠪᠡ ︾ ᠭᠡᠵᠠᠢ ᠃ ᠮᠦᠨ ᠲᠠᠤᠭᠡ ᠰᠤᠷᠪᠤᠯᠵᠢ ᠨᠤᠭᠤᠳ ᠲᠤ ᠪᠢᠴᠢᠭᠰᠡᠨ ᠢᠶᠠᠷ ᠪᠤᠯ ᠪᠠᠷᠭᠤᠳ ᠤᠨ ᠡᠯᠤᠡᠴᠠ ᠦᠶ᠎ᠠ ᠨᠠᠢᠳᠠ ᠶ᠋ᠢᠨ ᠤᠨ ᠲᠤᠭᠠᠯᠠᠯ ᠡᠴᠠ ᠡᠮᠤᠨ᠎ᠠ 3 ᠳ᠋ᠤᠭᠠᠷ ᠵᠠᠭᠤᠨ ᠳ᠋ᠤ ᠮᠤᠡᠭᠭᠤᠯᠴᠤᠳ ᠤᠨ ᠬᠤᠯᠪᠤᠭ᠎ᠠ ᠪᠤᠶᠤ ᠲᠠᠬᠦᠨ ᠤ ᠤᠮᠠᠷᠠᠳᠤ ᠰᠠᠯᠪᠤᠷᠢ ᠪᠤᠯᠬᠤ ᠿᠸᠤ ᠿᠠᠨ ᠤ ᠬᠠᠷᠢᠶᠠᠨ ᠳ᠋ᠤ ᠪᠠᠭᠳᠠᠵᠤ ᠪᠠᠢᠭᠠᠳ ᠂ ᠤᠭ ᠬᠤᠯᠪᠤᠭ᠎ᠠ ᠵᠠᠳᠠᠷᠠᠨ ᠰᠠᠷᠨᠢᠬᠤ ᠳ᠋ᠤ ᠡᠳᠡᠨ ᠢ ᠨᠠᠢᠳᠠ ᠶ᠋ᠢᠨ ᠲᠤᠭᠠᠯᠠᠯ ᠤᠨ 4 ᠳ᠋ᠤᠭᠡᠷ ᠵᠠᠭᠤᠨ ᠬᠦᠷᠳᠡᠯ᠎ᠠ ᠭᠡᠳᠤᠨ ᠵᠠᠭᠤᠨ ᠵᠢᠯ ᠤᠨ ᠤᠷᠳᠤ ᠬᠤᠭᠤᠴᠠᠭᠠᠨ ᠳ᠋ᠤ ᠾᠥᠡᠭᠨᠤ ᠬᠥᠷᠤᠨ ︵ ᠨᠠᠢᠳᠠ ᠶ᠋ᠢᠨ ᠤᠨ ᠲᠤᠭᠠᠯᠠᠯ ᠡᠴᠠ ᠡᠮᠤᠨ᠎ᠠ 209  ᠨᠠᠢᠳᠠ ᠶ᠋ᠢᠨ ᠤᠨ ᠲᠤᠭᠠᠯᠠᠯ ᠤᠨ 91 ᠤᠨ ︶ ᠬᠢᠭᠡᠳ ᠰᠢᠶᠠᠡᠪᠢ ︵ ᠨᠠᠢᠳᠠ ᠶ᠋ᠢᠨ ᠤᠨ ᠲᠤᠭᠠᠯᠠᠯ ᠤᠨ 150  235 ᠤᠨ ︶ ᠬᠦᠷᠥᠨ ᠳ᠋ᠤ ᠬᠦᠴᠤ ᠪᠠᠨ ᠡᠷᠬᠦᠵᠤ ᠶᠠᠪᠤᠭᠰᠠᠨ ᠪᠥᠭᠡᠳ ᠲᠥᠷᠺ ᠤᠭᠰᠠᠭᠠᠳᠠᠨ ᠲᠸᠯᠸ ᠤᠨ ᠰᠠᠯᠪᠤᠷᠢ ᠯᠤᠭ᠎ᠠ ᠬᠤᠯᠢᠯᠳᠤᠨ ᠢᠵᠢᠯᠢᠰᠢᠵᠤ ᠢᠷᠠᠵᠠᠢ ᠭᠡᠳᠡᠭ ᠃ ᠡᠢᠮᠤ ᠡᠴᠠ ︽ ᠪᠠᠷᠭᠤᠴᠤᠳ ᠨᠢ ᠴᠤᠯ ᠲᠥᠷᠺ ᠭᠠᠷᠤᠯ ᠲᠠᠢ ᠪᠤᠶᠤ ᠴᠤᠯ ᠮᠤᠡᠭᠭᠤᠯ ᠭᠠᠷᠤᠯ ᠲᠠᠢ ᠬᠦᠮᠤᠰ ᠪᠢᠰᠢ ᠮᠠᠶᠢᠭ ᠲᠠᠢ ᠃ ᠬᠠᠷᠢᠨ ᠤᠷᠳᠤ ᠤᠳᠠᠭᠠᠨ ᠵᠢᠯ ᠤᠨ ᠬᠦᠭᠵᠢᠯ ᠤᠨ ᠶᠠᠪᠤᠴᠠ ᠳ᠋ᠤ ᠲᠥᠷᠺ ᠬᠦᠮᠤᠰ ᠪᠤᠯᠤᠨ ᠮᠤᠡᠭ ᠤᠭᠰᠠᠭᠠᠳᠠᠨ ᠬᠠᠷᠢᠯᠴᠠᠨ ᠢᠵᠢᠯᠢᠰᠢᠵᠤ ᠨᠠᠢᠯᠠᠵᠤ ᠪᠥᠷᠢᠯᠳᠥᠭᠰᠡᠨ ᠲᠥᠷᠺᠵᠢᠭᠰᠡᠨ ᠮᠤᠡᠭᠭᠤᠯᠴᠤᠳ ᠪᠤᠯᠤᠨ᠎ᠠ ᠃ ᠦᠭᠡᠷ᠎ᠠ ᠪᠠᠷ ᠭᠡᠯᠡᠪᠡᠯ ᠪᠠᠷᠭᠤᠴᠤᠳ ᠪᠤᠯ ᠲᠥᠷᠺᠵᠢᠭᠰᠡᠨ ᠮᠤᠡᠭᠭᠤᠯ ᠬᠦᠮᠤᠨ ︾ ᠭᠡᠵᠤ ᠦᠪᠤᠷᠯᠡᠭᠴᠢ ᠱᠠᠭᠳᠠᠷ ᠤᠨ ᠰᠤᠡᠭᠳᠤᠢ ᠪᠢᠴᠢᠭᠰᠡᠨ ᠪᠠᠢᠳᠠᠭ ᠃ ᠶᠠᠮᠠᠷ ᠴᠤ ᠭᠡᠰᠡᠨ ︽ ᠮᠤᠡᠭᠭᠤᠯ ᠤᠨ ᠨᠢᠭᠤᠴᠠ ᠲᠤᠪᠴᠢᠶᠡᠨ ︾ ᠤ 239 ᠳ᠋ᠤᠭᠡᠷ ᠵᠦᠢᠯ ᠳ᠋ᠤ ᠲᠤᠷᠠᠳᠤᠭᠰᠠᠨ ᠢᠶᠠᠷ ︽ ᠲᠡᠤᠯᠠᠢ ᠵᠢᠯ ︵ 1207 ︶ ᠵᠥᠴᠢ ᠶ᠋ᠢ ᠪᠠᠷᠠᠭᠤᠨ ᠭᠠᠷ ᠤᠨ ᠴᠡᠷᠢᠭ ᠤᠳ ᠢᠶᠠᠷ ᠤᠢ ᠶ᠋ᠢᠨ ᠢᠷᠭᠡᠨ ᠳ᠋ᠤ ᠮᠤᠷᠢᠯᠠᠭᠤᠯᠪᠡ ᠁ ᠵᠦᠴᠢ ᠤᠢᠷᠠᠳ ᠂ ᠪᠤᠷᠢᠶᠠᠳ ᠂ ᠪᠠᠷᠭᠤᠳ ᠂ ᠤᠷᠰᠤᠳ ᠂ ᠬᠠᠪᠬᠠᠨᠠᠰ ᠂ ᠬᠠᠡᠭᠬᠠᠯ ᠂ ᠲᠤᠪᠡ ᠲᠡᠷᠢᠬᠦᠳᠡᠨ ᠢ ᠤᠷᠤᠭᠤᠯᠤᠭᠠᠳ ᠁ ︾ ᠭᠡᠰᠡᠨ ᠡᠴᠠ ᠬᠤᠢᠰᠢ ᠶᠡᠭᠡ ᠮᠤᠡᠭᠭᠤᠯ ᠤᠯᠤᠰ ᠤᠨ ᠭᠠᠵᠠᠷ ᠨᠤᠳᠤᠭ ᠡᠴᠠ ᠦᠢᠵᠤ ᠬᠠᠯᠢᠭ᠎ᠠ ᠦᠭᠡᠢ ᠤᠳᠤ ᠳ᠋ᠤ ᠬᠦᠷᠳᠡᠯ᠎ᠠ ᠲᠤᠰ ᠲᠤᠰ ᠤᠨ ᠨᠤᠳᠤᠭ ᠲᠠᠭᠠᠨ ᠰᠠᠭᠤᠷᠢᠰᠢᠵᠤ ᠠᠵᠤ ᠲᠥᠷᠤᠵᠤ ᠪᠠᠢᠭ᠎ᠠ ᠮᠤᠡᠭᠭᠤᠯ ᠤᠭᠰᠠᠭᠠᠳᠠᠨ ᠵᠤᠨ ᠤᠯᠠᠨ ᠪᠢᠯᠡ ᠃ ᠪᠠᠷᠭᠤ ᠭᠡᠮᠡᠬᠦ ᠨᠠᠷ᠎ᠠ ᠶ᠋ᠢᠨ ᠲᠤᠬᠠᠢ ᠡᠨᠡ ᠨᠠᠷ᠎ᠠ ᠶ᠋ᠢᠨ ᠲᠤᠬᠠᠢ ᠰᠤᠳᠤᠯᠭ᠎ᠠ ᠨᠤᠭᠤᠳ ᠢ ᠲᠤᠢᠮᠤᠯᠠᠬᠤ ᠳ᠋ᠤ ᠄ 1. ᠪᠠᠷᠭᠤ ᠭᠡᠮᠡᠬᠦ ᠬᠦᠮᠤᠨ ᠤ ᠨᠠᠷ᠎ᠠ ᠡᠴᠠ ᠡᠬᠦᠰᠥᠯ ᠲᠠᠢ ᠃ 2. ᠪᠠᠷᠺᠥ᠋ ᠭᠡᠮᠡᠬᠦ ᠬᠦᠴᠤ ᠴᠢᠳᠠᠯ ᠲᠠᠢ ᠨᠢᠭᠡᠨ ᠲᠥᠷᠤᠯ ᠤᠨ ᠨᠤᠬᠠᠢ ᠶ᠋ᠢᠨ ᠨᠠᠷ᠎ᠠ ᠡᠴᠠ ᠡᠬᠦᠰᠥᠯ ᠲᠠᠢ ᠃ 3. ᠪᠠᠷᠭᠤᠵᠢᠨ ᠲᠥᠬᠦᠮ ᠭᠡᠳᠡᠭ ᠭᠠᠵᠠᠷ ᠤᠰᠤᠨ ᠤ ᠨᠠᠷ᠎ᠠ ᠡᠴᠠ ᠡᠬᠦᠰᠥᠯ ᠲᠠᠢ ᠃ 4. ᠲᠥᠷᠺ ᠭᠡᠯᠡᠨ ᠤ ᠪᠠᠶᠸᠷᠭᠥ᠋ ᠭᠡᠳᠡᠭ ᠦᠭᠡ ᠡᠴᠠ ᠢᠷᠡᠯᠳᠡᠢ ᠭᠡᠬᠦ ᠮᠡᠳᠤ ᠪᠠᠷ ᠰᠤᠳᠤᠯᠤᠭᠠᠴᠢᠳ ᠦᠵᠡᠭᠰᠡᠨ ᠪᠠᠢᠨ᠎ᠠ ᠃ ᠲᠡᠭᠡᠷᠡᠬᠢ ᠡᠴᠠ ᠪᠠᠷᠭᠤᠴᠤᠳ ᠨᠢ ᠪᠠᠷᠭᠤᠵᠢᠨ ᠲᠦᠬᠦᠮ ᠳ᠋ᠤ 9 ᠳ᠋ᠤᠭᠡᠷ ᠵᠠᠭᠤᠨ ᠤ ᠦᠶ᠎ᠠ ᠳ᠋ᠤ ᠨᠡᠬᠦᠳᠡᠯᠯᠡᠨ ᠢᠷᠡᠭᠰᠡᠨ ᠡᠴᠠ ᠬᠤᠯᠠ ᠡᠮᠤᠨ᠎ᠠ 3 ᠳ᠋ᠤᠭᠠᠷ ᠵᠠᠭᠤᠨ ᠤ ᠲᠡᠤᠭᠡ ᠲᠠᠮᠳᠡᠭᠯᠡᠯ ᠳ᠋ᠤ ᠪᠠᠷᠭᠤ ᠨᠠᠷ᠎ᠠ ᠪᠠᠷ ᠲᠡᠮᠳᠡᠭᠯᠡᠭᠳᠡᠭᠰᠡᠨ ᠭᠡᠵᠤ ᠡᠷᠳᠡᠮᠳᠡᠳ ᠦᠵᠡᠭᠰᠡᠨ ᠪᠤᠢ ᠃ ᠬᠠᠷᠢᠨ ᠪᠠᠷᠭᠤ ᠭᠡᠳᠡᠭ ᠪᠤᠳᠠᠳᠤ ᠬᠦᠮᠤᠨ ᠪᠥᠭᠡᠳ ᠡᠷᠳᠡᠨ ᠤ ᠨᠢᠭᠡᠨ ᠠᠢᠮᠠᠭ ᠤᠨ ᠲᠠᠷᠢᠬᠦᠨ ᠶᠠᠪᠤᠵᠠᠢ ᠃ ᠲᠠᠷᠡ ᠠᠢᠮᠠᠭ ᠲᠤᠳᠤᠷᠠᠬᠢ ᠤᠪᠤᠭ ᠶᠠᠰᠤᠳᠠᠨ ᠨᠤᠭᠤᠳ ︽ ᠪᠢᠳᠠ ᠪᠠᠷᠭᠥ᠋ ᠶ᠋ᠢᠨ ᠬᠠᠷᠢᠶᠠᠳᠤ ᠢᠷᠭᠡᠳ ᠂ ᠪᠠᠷᠭᠥ᠋ ᠬᠦᠮᠤᠰ ᠪᠤᠶᠤ ᠪᠠᠷᠭᠤᠴᠤᠳ ᠭᠡᠵᠡᠭᠡᠬᠦ ᠪᠤᠯᠤᠭᠰᠠᠨ ᠡᠴᠠ ᠡᠨᠡ ᠨᠢ ᠶᠠᠪᠤᠨ ᠶᠠᠪᠤᠭᠰᠠᠭᠠᠷ ᠪᠠᠷᠭᠤ ᠶᠠᠰᠤᠳᠡᠨ ᠤ ᠨᠢᠭᠡ ᠪᠤᠯᠵᠤ ᠬᠤᠪᠢᠷᠠᠵᠠᠢ ︾ ᠭᠡᠰᠡᠨ ᠳ᠋ᠥ᠋ᠡᠭᠨᠡᠯᠳᠡ ᠶ᠋ᠢ ᠰᠤᠳᠤᠯᠤᠭᠠᠴᠢᠳ ᠬᠢᠭᠰᠡᠨ ᠪᠠᠢᠳᠠᠭ ᠃ ᠨᠦᠬᠦᠭᠡ ᠲᠠᠯ᠎ᠠ ᠪᠠᠷ ︽ ᠪᠠᠷᠭᠥ᠋ ︵ бapxy ︶ ᠂ ᠪᠠᠷᠭᠥ᠋ ︵ бapгy ︶ ᠨᠢ ᠲᠥᠷᠺ ᠭᠡᠯᠡᠨ ᠤ ᠪᠷᠥᠭ ᠂ ᠪᠠᠷᠭ᠎ᠠ ᠭᠡᠰᠡᠨ ᠦᠭᠡ ᠪᠥᠭᠡᠳ ᠡᠨᠡ ᠨᠢ ᠰᠢᠳᠡᠭ ᠨᠤᠬᠠᠢ ᠪᠤᠶᠤ ᠴᠢᠨ᠋‍ ᠤ᠎ᠠ ᠶ᠋ᠢᠨ ᠨᠠᠷ᠎ᠠ ᠪᠤᠯᠤᠨ᠎ᠠ ︾ ᠭᠡᠵᠤ ᠲᠠᠢᠯᠪᠤᠷᠢᠯᠠᠭᠰᠠᠨ ᠢ ᠦᠡᠳᠤᠰᠥᠯᠡᠵᠤ ᠪᠠᠷᠭᠤ ᠪᠤᠯ ᠬᠦᠮᠤᠨ ᠤ ᠨᠠᠷ᠎ᠠ ᠪᠥᠭᠡᠳ ᠨᠠᠷ᠎ᠠ ᠶ᠋ᠢᠨ ᠤᠳᠬ᠎ᠠ ᠨᠢ ᠨᠤᠬᠠᠢ ᠭᠡᠰᠡᠨ ᠦᠭᠡ ᠪᠤᠯᠤᠨ᠎ᠠ ᠃ ᠨᠤᠬᠠᠢ ᠭᠡᠳᠡᠭ ᠦᠭᠡ ᠶ᠋ᠢ ᠡᠷᠳᠡᠮᠳᠡᠨ ᠱ᠊ · ᠭᠠᠳᠠᠮᠪᠡ ︽ ︿ ᠮᠤᠡᠭᠭᠤᠯ ᠤᠨ ᠨᠢᠭᠤᠴᠠ ᠲᠤᠪᠴᠢᠶᠡᠨ ﹀ ᠤ ᠰᠤᠳᠤᠯᠤᠯ ᠤᠨ ᠵᠠᠷᠢᠮ ᠠᠰᠠᠭᠤᠳᠠᠯ ︾ ᠪᠥᠳᠥᠭᠡᠯ ᠳ᠋ᠡᠭᠡᠨ ᠨᠤᠬᠠᠢ ᠶ᠋ᠢ ᠵᠦᠪᠭᠡᠨ ᠮᠤᠡᠭᠭᠤᠯ ᠳ᠋ᠤ ᠴᠤ ᠪᠢᠰᠢ ᠂ ᠶᠠᠷᠤ ᠨᠢ ᠲᠥᠪ ᠠᠽᠢᠶ᠎ᠠ ᠶ᠋ᠢᠨ ᠨᠡᠬᠦᠳᠡᠯᠴᠢᠨ ᠠᠢᠮᠠᠭ ᠂ ᠲᠤᠬᠠᠢᠯᠠᠪᠡᠯ ᠵᠠᠷᠢᠮ ᠲᠥᠷᠺ ᠦᠡᠳᠤᠰᠤᠳᠡᠨ ᠳ᠋ᠤ ᠴᠤ ᠮᠦᠨ ︽ ᠦᠨᠡᠡᠴᠢ ᠢᠳᠡᠭᠡᠯ ︾ ᠲᠠᠢ ᠶ᠋ᠢᠨ ᠪᠤᠶᠤ ︽ ᠪᠤᠭᠤᠯ ᠮᠡᠳᠤ ᠬᠥᠯᠢᠴᠡᠡᠭᠬᠦᠢ ︾ ᠶ᠋ᠢᠨ ᠪᠡᠯᠭᠡᠳᠡᠯ ᠪᠤᠯᠭᠠᠨ ᠦᠵᠡᠳᠡᠭ ᠵᠠᠡᠭᠰᠢᠯ ᠤᠯᠠᠮᠵᠢᠯᠠᠯ ᠪᠤᠯᠤᠭᠰᠠᠨ ᠁ ᠭᠡᠵᠠᠢ ᠃ ᠮᠦᠨ ᠴᠠᠭᠠᠰᠢ ᠨᠢ ︽ ᠮᠤᠡᠭᠭᠤᠯ ᠤᠨ ᠹᠸᠤᠳᠠᠯ ᠤᠨ ᠪᠡᠯᠭᠡ ᠲᠠᠮᠳᠡᠭ ᠤᠨ ᠭᠡᠯᠡᠨ ᠳ᠋ᠤ ᠦᠨᠡᠡᠴᠢ ᠵᠢᠷᠤᠮ ᠲᠠᠢ ᠂ ᠪᠠᠳᠤ ᠢᠳᠡᠭᠡᠯ ᠲᠠᠢ ᠶ᠋ᠢᠨ ᠲᠥᠷᠢ ᠶ᠋ᠢ ᠲᠦᠯᠦᠭᠡᠯᠡᠨ ᠭᠠᠷᠳᠠᠭ ᠨᠤᠬᠠᠢ ︾ ᠭᠡᠵᠤ ᠪᠢᠴᠢᠭᠰᠡᠨ ᠪᠤᠢ ᠃ ᠡᠢᠮᠤ ᠡᠴᠠ ᠪᠠᠷᠭᠥ᠋ ᠨᠢ ᠪᠤᠳᠠᠳᠤ ᠬᠦᠮᠤᠨ ᠪᠠᠢᠭᠰᠠᠨ ᠠᠭᠠᠳ ᠲᠡᠷᠡ ᠪᠠᠷ ᠪᠡᠯᠭᠡᠳᠡᠯ ᠤᠨ ᠤᠳᠬ᠎ᠠ ᠪᠥᠬᠥᠢ ᠨᠠᠷ᠎ᠠ ᠦᠭᠡ ᠂ ᠡᠬᠦᠪᠡᠷ ᠡᠨᠡ ᠤᠪᠤᠭ ᠶᠠᠰᠤᠳᠡᠨ ᠨᠠᠷᠠᠯᠡᠭᠳᠡᠭᠰᠡᠨ ᠪᠠᠢᠨ᠎ᠠ ᠭᠡᠵᠤ ᠦᠵᠡᠬᠦ ᠨᠢ ᠦᠨᠡᠨ ᠳ᠋ᠤ ᠤᠢᠷᠠᠳᠤᠬᠤ ᠪᠤᠯᠤᠨ᠎ᠠ ᠃ ᠪᠠᠷᠭᠤ ᠪᠤᠷᠢᠶᠠᠳ ᠮᠤᠡᠭᠭᠤᠯᠴᠤᠳ ᠤᠨ ᠤᠭ ᠤᠨ ᠪᠢᠴᠢᠭ 1. ᠪᠠᠷᠭᠤ  ᠪᠤᠷᠢᠶᠠᠳ ᠮᠤᠡᠭᠭᠤᠯᠴᠤᠳ ᠢ ᠪᠥᠷᠢᠯᠳᠥᠬᠦᠯᠵᠤ ᠪᠤᠢ ᠵᠤᠡᠭᠬᠢᠯᠠᠬᠤ 250 ᠭᠠᠷᠤᠢ ᠤᠪᠤᠭ ᠬᠠᠯᠠ ᠬᠦᠬᠦᠤᠷ ᠤᠳ ᠢ ᠬᠠᠮᠤᠷᠤᠭᠤᠯᠤᠭᠰᠠᠨ ᠢᠶᠠᠷ ᠢᠶᠡᠨ ᠤᠭ ᠤᠨ ᠡᠬᠢ ᠪᠢᠴᠢᠭ ᠪᠤᠯᠤᠨ᠎ᠠ ᠭᠡᠵᠤ ᠦᠵᠡᠵᠤ ᠪᠠᠢᠨ᠎ᠠ ᠃ ᠤᠭ ᠤᠨ ᠪᠢᠴᠢᠭ ᠤᠳ ᠨᠢ ᠵᠦᠪᠭᠡᠨ ᠨᠢᠭᠡ ᠤᠪᠤᠭ ᠡᠴᠠ ᠡᠬᠦᠰᠥᠯ ᠲᠠᠢ ᠤᠷᠤᠭ ᠢ ᠰᠠᠯᠪᠤᠷᠢᠯᠠᠭᠤᠯᠤᠨ ᠲᠠᠯᠭᠡᠷᠡᠬᠦᠯᠵᠤ ᠪᠢᠴᠢᠭᠰᠡᠨ ᠪᠠᠢᠳᠠᠭ ᠪᠤᠯ ᠡᠨᠡ ᠬᠦ ᠤᠭ ᠤᠨ ᠪᠢᠴᠢᠭᠡᠰᠤ ᠨᠢ ᠪᠠᠷᠭᠤ ᠪᠤᠷᠢᠶᠠᠳ ᠵᠤᠨ ᠤᠯᠠᠨ ᠤ ᠶᠠᠮᠠᠷ ᠴᠤ ᠤᠪᠤᠭ ᠤᠨ ᠬᠦᠮᠤᠨ ᠤᠷᠤᠭ ᠤᠨ ᠢᠶᠡᠨ ᠡᠬᠢ ᠶ᠋ᠢ ᠲᠤᠭᠳᠠᠭᠠᠵᠤ ᠂ ᠡᠬᠦᠨ ᠡᠴᠠ ᠴᠠᠭᠠᠰᠢ ᠦᠷᠬᠦᠯᠵᠢᠯᠡᠬᠦᠯᠦᠨ ᠪᠢᠴᠢᠬᠦ ᠪᠤᠯᠤᠮᠵᠢᠳᠠᠢ ᠤᠴᠢᠷ ᠡᠢᠨ ᠬᠦ ᠨᠠᠷᠡᠯᠡᠬᠦ ᠦᠡᠳᠤᠰᠤ ᠲᠠᠢ ᠭᠡᠵᠤ ᠦᠵᠡᠵᠤ ᠪᠠᠢᠨ᠎ᠠ ᠃ 2. ᠤᠭ ᠤᠨ ᠪᠢᠴᠢᠭ ᠲᠤ ᠤᠳᠤᠮ ᠤᠭᠰᠠᠭᠠᠨ ᠤ ᠦᠶᠡᠴᠢᠯᠡᠯ ᠲᠤᠭᠳᠠᠭᠠᠵᠤ ᠤᠷᠤᠭ ᠤᠨ ᠨᠠᠷ᠎ᠠ ᠶ᠋ᠢᠨ ᠡᠮᠤᠨ᠎ᠠ ᠪᠢᠴᠢᠪᠡ ᠃ ᠤᠳᠤᠮ ᠤᠭᠰᠠᠭᠠᠨ ᠤ ᠦᠶᠡᠴᠢᠯᠡᠯ ᠢ ᠲᠤᠭᠳᠠᠭᠠᠬᠤ ᠳᠠᠭᠠᠨ ᠮᠤᠡᠭᠭᠤᠯ ᠤᠨ ᠲᠡᠤᠭᠡ ᠲᠠᠢ ᠤᠶᠠᠯᠳᠤᠭᠤᠯᠵᠤ ᠪᠥᠷᠳᠡ ᠴᠢᠨ᠋‍ ᠤ᠎ᠠ ᠶ᠋ᠢᠨ ᠲᠥᠷᠥᠭᠰᠡᠨ ᠤᠨ ᠴᠠᠭ ᠢ ᠨᠢᠭᠡᠳᠤᠭᠡᠷ ᠦᠶ᠎ᠠ ᠪᠤᠯᠭᠠᠨ ᠠᠪᠤᠯ᠎ᠠ ᠃ ᠡᠬᠦᠨ ᠤ ᠠᠴᠢ ᠬᠤᠯᠪᠤᠭᠳᠠᠯ ᠨᠢ ᠂ ᠲᠤᠬᠠᠢ ᠶ᠋ᠢᠨ ᠦᠶ᠎ᠠ ᠳ᠋ᠤ ᠲᠠᠮᠳᠡᠭᠯᠡᠭᠰᠡᠨ ᠲᠠᠤᠭᠡᠨ ᠬᠦᠮᠤᠨ ᠢ ᠲᠠᠷᠡ ᠴᠠᠭ ᠤᠨ ᠪᠤᠰᠤᠳ ᠮᠤᠡᠭᠭᠤᠯ ᠤᠭᠰᠠᠭᠠᠨ ᠤ ᠲᠡᠤᠭᠡᠳᠤ ᠬᠦᠮᠤᠰ ᠤᠨ ᠦᠢᠯᠡ ᠶᠠᠪᠤᠳᠠᠯ ᠲᠠᠢ ᠤᠶᠠᠯᠳᠤᠭᠤᠯᠤᠨ ᠬᠠᠷᠢᠴᠠᠭᠤᠯᠬᠤ ᠳ᠋ᠤ ᠤᠷᠤᠰᠢᠨ᠎ᠠ ᠃ ᠲᠤᠬᠠᠢᠯᠠᠪᠡᠯ ᠄ ᠠᠯᠤᠨ ᠭᠤ‍ ᠤ᠎ᠠ ᠬᠠᠳᠤᠨ 944 ᠤᠨ ᠳ᠋ᠤ ᠲᠥᠷᠥᠭᠡᠳ 980 ᠤᠨ ᠳ᠋ᠤ ᠨᠠᠰᠤ ᠪᠠᠷᠠᠭᠰᠠᠨ ᠪᠤᠯᠤᠯᠳᠠᠢ ᠭᠡᠵᠤ ᠲᠠᠤᠭᠡ ᠰᠤᠳᠤᠯᠤᠭᠠᠴᠢ ᠨᠠᠷ ᠤᠨ ᠲᠤᠭᠳᠠᠭᠠᠭᠰᠠᠨ ᠤᠨ ᠴᠠᠭ ᠂ ᠪᠥᠷᠳᠡ ᠴᠢᠨ᠋‍ ᠤ᠎ᠠ ᠶ᠋ᠢᠨ 12 ᠳ᠋ᠤᠭᠠᠷ ᠦᠶ᠎ᠠ ᠶ᠋ᠢᠨ ᠠᠴᠢ ᠲᠤᠪᠤ᠋ ᠮᠠᠷᠭᠡᠨ ᠤ ᠠᠮᠢᠳᠤᠷᠠᠵᠤ ᠪᠠᠢᠭᠰᠠᠨ 10 ᠳ᠋ᠤᠭᠠᠷ ᠵᠠᠭᠤᠨ ᠤ ᠦᠶ᠎ᠠ ᠲᠠᠢ ᠲᠤᠬᠢᠷᠠᠵᠤ ᠪᠠᠢᠬᠤ ᠰᠢᠡᠵᠢ ᠲᠠᠢ ᠃ 3. ᠤᠭ ᠤᠨ ᠪᠢᠴᠢᠭ ᠲᠤ ᠬᠠᠮᠤᠷᠤᠭᠳᠠᠭᠰᠠᠨ ᠴᠠᠭ ᠬᠤᠭᠤᠴᠠᠭᠠᠨ ᠤ ᠲᠤᠬᠠᠢ ᠳ᠋ᠤ ᠨᠠᠢᠳᠠ ᠶ᠋ᠢᠨ ᠤᠨ ᠲᠤᠭᠠᠯᠠᠯ ᠤᠨ 420 ᠤᠨ ᠡᠴᠠ ᠲᠤᠮᠳᠠ ᠲᠠᠰᠤᠷᠠᠭᠰᠠᠨ ᠬᠤᠷᠢ ᠭᠠᠷᠤᠢ ᠦᠶ᠎ᠠ ︵ ᠡᠨᠡ ᠦᠶ᠎ᠠ ᠶ᠋ᠢᠨ ᠪᠠᠷᠢᠮᠳᠠ ᠰᠤᠳᠤᠯᠭ᠎ᠠ ᠶ᠋ᠢ ᠤᠯᠵᠤ ᠦᠵᠡᠭᠡ ᠦᠭᠡᠢ ︶ ᠶ᠋ᠢ ᠡᠰᠠ ᠲᠤᠭᠠᠴᠠᠪᠡᠯ 1560 ᠭᠠᠷᠤᠢ ᠵᠢᠯ ᠢ ᠪᠠᠭᠳᠠᠭᠠᠭᠰᠠᠨ ᠪᠠᠢᠨ᠎ᠠ ᠃ ᠡᠬᠢ ᠪᠤᠯᠭᠠᠵᠤ ᠠᠪᠤᠭᠰᠠᠨ 420 ᠤᠨ ᠢ ᠲᠤᠬᠢᠶᠠᠯᠳᠤᠯ ᠢᠶᠠᠷ ᠰᠤᠡᠭᠭᠤᠭ᠎ᠠ ᠦᠭᠡᠢ ᠪᠥᠭᠡᠳ ᠡᠨᠡ ᠨᠢ ︽ ᠨᠠᠢᠳᠠ ᠶ᠋ᠢᠨ ᠤᠨ ᠲᠤᠭᠠᠯᠠᠯ ᠤᠨ 551  554 ᠤᠨ ᠤ ᠬᠤᠭᠤᠷᠤᠡᠳᠤ ᠪᠢᠴᠢᠭᠳᠡᠭᠰᠡᠨ ︿ ᠸᠸᠢ ᠤᠯᠤᠰ ᠤᠨ ᠪᠢᠴᠢᠭ ﹀ ᠤᠨ ᠿᠸᠤ ᠿᠠᠨ ᠤ ᠱᠠᠰᠳᠢᠷ ᠲᠤ ᠿᠸᠤ ᠿᠠᠨ ᠤ ︵ 402  555 ᠤᠨ ︶ ᠪᠠᠷᠠᠭᠤᠨ ᠬᠤᠢᠨ᠎ᠠ ᠾᠥᠡᠭᠨᠤ ᠶ᠋ᠢᠨ ᠦᠯᠡᠳᠡᠭᠳᠡᠯ ᠪᠠᠢᠨ᠎ᠠ ᠃ ᠤᠯᠤᠰ ᠨᠢ ᠪᠠᠶᠠᠨ ᠬᠦᠴᠥᠷᠭᠡᠭ ᠂ ᠲᠠᠷᠢᠬᠦᠨ ᠨᠢ ᠪᠠ ᠶᠸ ᠵᠢᠢ ᠭᠡᠳᠡᠭ ᠃ ᠲᠡᠷᠡ ᠨᠢ ᠴᠡᠷᠢᠭ ᠲᠠᠢᠴᠢᠯᠡᠨ ᠱᠸᠯᠥᠢᠨ ︵ ᠿᠸᠤ ᠿᠠᠨ ᠤ ᠬᠠᠭᠠᠨ ︶ ᠢ ᠴᠤᠬᠢᠭᠰᠠᠨ ᠳ᠋ᠤ ᠱᠸᠯᠥᠢᠨ ᠂ ᠡᠸ ᠭᠸᠨ ︵ ᠤᠳᠤ ᠶ᠋ᠢᠨ ᠤᠷᠬᠤᠨ ᠭᠤᠤᠯ ︶ ᠭᠤᠤᠯ ᠳ᠋ᠤ ᠲᠤᠰᠴᠤ ᠪᠠᠢᠯᠳᠤᠭᠠᠳ ᠶᠡᠭᠡ ᠪᠠᠷ ᠢᠯᠠᠪᠡ ᠃ ᠡᠬᠦᠨ ᠡᠴᠠ ᠬᠤᠢᠰᠢ ᠲᠠᠳᠠ ᠨᠠᠷ ᠱᠸᠯᠥᠢᠨ ᠳ᠋ᠤ ᠬᠠᠷᠢᠶᠠᠯᠠᠭᠳᠠᠵᠠᠢ ︾ ᠭᠡᠰᠡᠨ ᠲᠠᠮᠳᠡᠭᠯᠡᠯ ᠪᠠᠢᠳᠠᠭ ᠃ ᠲᠤᠷᠠᠳᠤᠭᠳᠠᠵᠤ ᠪᠤᠢ ᠪᠠ ᠶᠸ ᠵᠢᠢ ᠨᠢ ᠪᠠᠷᠭᠤ ᠠᠢᠮᠠᠭ ᠤᠨ ᠲᠡᠷᠢᠬᠦᠨ ᠮᠦᠨ ᠪᠤᠯᠬᠤ ᠲᠠᠯ᠎ᠠ ᠪᠠᠷ ᠡᠷᠳᠡᠮᠳᠡᠨ ᠵ᠊ · ᠦᠯᠵᠠᠢ ᠪᠥᠳᠥᠭᠡᠯ ᠳ᠋ᠡᠭᠡᠨ ︽ ᠿᠸᠤ ᠿᠠᠨ ᠤ ᠬᠠᠭᠠᠨ ᠰᠢᠯᠦᠭᠤᠨ ︵ ᠱᠸᠯᠥᠢᠨ ︶ ᠁ ᠦᠪᠡᠷᠳᠡᠭᠡᠡ ᠨᠢᠭᠡᠳᠭᠡᠭᠰᠡᠨ ︵ 394  409 ᠤᠨ ᠤ ᠦᠶ᠎ᠠ ᠳ᠋ᠤ ︶ ᠨᠢᠭᠡᠨ ᠠᠢᠮᠠᠭ ᠤᠨ ᠲᠤᠯᠤᠭᠠᠢᠯᠠᠭᠴᠢ ᠨᠢ ︿ ᠶᠢᠤ ᠸᠸ ᠪᠡ ᠶᠸ ᠵᠢᠢ ﹀ ᠭᠡᠮᠡᠨ ᠨᠠᠷ᠎ᠠ ᠲᠠᠢ ᠪᠠᠢᠭᠰᠠᠨ ᠃ ᠡᠨᠡ ᠪᠡ ᠶᠸ ᠵᠢᠢ ᠪᠤᠯ ᠪᠠᠷᠭᠤᠵᠢᠨ ᠭᠡᠰᠡᠨ ᠦᠭᠡ ᠃ ᠪᠠᠷᠭᠤᠵᠢᠨ ᠭᠡᠮᠡᠬᠦ ᠨᠠᠷ᠎ᠠ ᠨᠢ ᠡᠷᠳᠡᠨ ᠤ ᠾᠥᠢᠡᠭᠨᠤ ᠂ ᠿᠸᠤ ᠿᠸᠨ ᠂ ᠲᠥᠷᠺ ᠤᠨ ᠦᠶ᠎ᠠ ᠡᠴᠠ ᠤᠯᠠᠮᠵᠢᠯᠠᠵᠤ ᠢᠷᠡᠭᠰᠡᠨ ᠪᠠᠶᠸᠷᠺᠥ ᠂ ᠪᠠᠶᠸᠭᠥ᠋ ᠂ ᠪᠠᠷᠭᠤ ᠭᠡᠮᠡᠬᠦ ᠮᠦᠨ ᠪᠤᠯᠬᠤ ᠶ᠋ᠢ ᠨᠤᠳᠠᠯᠠᠵᠤ ᠪᠤᠢ ︾ ᠭᠡᠵᠤ ᠪᠢᠴᠢᠭᠰᠡᠨ ᠪᠠᠢᠳᠠᠭ ᠃ ᠤᠭ ᠤᠨ ᠪᠢᠴᠢᠭ ᠤᠨ ᠢᠵᠠᠭᠤᠷ ᠤᠪᠤᠭ ᠪᠤᠯᠤᠨ ᠪᠤᠰᠤᠳ ᠤᠷᠤᠭ ᠤᠨ ᠰᠠᠯᠠᠭ᠎ᠠ ᠰᠠᠯᠪᠤᠷᠢ ᠨᠤᠭᠤᠳ ᠢ ᠡᠨᠡ ᠮᠡᠳᠤ ᠲᠡᠤᠭᠡᠨ ᠰᠤᠷᠪᠤᠯᠵᠢ ᠪᠢᠴᠢᠭ ᠡᠴᠠ ᠲᠠᠬᠦᠪᠤᠷᠢᠯᠡᠨ ᠪᠢᠴᠢᠭᠰᠡᠨ ᠪᠤᠯᠤᠨ᠎ᠠ ᠃ 4. ᠡᠨᠡ ᠤᠭ ᠤᠨ ᠡᠭᠡ ᠪᠢᠴᠢᠭ ᠲᠤ ᠲᠡᠤᠭᠡ ᠰᠤᠷᠪᠤᠯᠵᠢ ᠨᠤᠭᠤᠳ ᠲᠤ ᠮᠥᠡᠭᠭᠡᠷᠡᠭᠰᠡᠨ ᠪᠠᠭᠠᠳᠤᠷᠯᠢᠭ ᠦᠢᠯᠡᠰᠳᠠᠨ ᠂ ᠰᠡᠴᠡᠨ ᠮᠠᠷᠭᠡᠳ ᠂ ᠲᠤᠪᠤᠢᠨ ᠰᠢᠯᠭᠠᠷᠠᠭᠰᠠᠨ ᠬᠦᠮᠤᠰ ᠂ ᠲᠡᠳᠡᠨ ᠤ ᠤᠷᠤᠭ ᠰᠡᠳᠥᠨ ᠤᠷᠤᠭᠰᠠᠨ ᠤᠴᠢᠷ ᠮᠤᠡᠭᠭᠤᠯᠴᠤᠳ ᠠᠯᠳᠠᠨ ᠤᠷᠤᠭ ᠤᠨ ᠬᠢᠨ ᠤ ᠤᠭ ᠤᠨ ᠪᠢᠴᠢᠭ ᠢ ᠲᠡᠭᠡᠳᠥᠯᠡᠳᠡᠭ ᠤᠨ ᠠᠳᠠᠯᠢ ᠪᠠᠷ ᠪᠠᠷᠭᠤ ᠪᠤᠷᠢᠶᠠᠳ ᠵᠤᠨ ᠡᠷᠬᠢᠮᠯᠡᠪᠡᠯ ᠵᠤᠬᠢᠬᠤ ᠬᠦᠡᠳᠥᠳᠡᠢ ᠤᠭ ᠤᠨ ᠪᠢᠴᠢᠭ ᠪᠤᠯᠤᠨ᠎ᠠ ᠃ ᠡᠳᠥᠭᠡ ᠬᠦᠯᠦᠨ ᠪᠤᠢᠷ ᠤᠨ ᠪᠠᠷᠭᠤᠳ ᠤᠨ ᠲᠤᠳᠤᠷ᠎ᠠ 120 ᠭᠠᠷᠤᠢ ᠤᠪᠤᠭ ᠪᠥᠷᠢᠳᠭᠡᠭᠳᠡᠭᠡᠳ ᠪᠠᠢᠨ᠎ᠠ ᠃ ᠪᠠᠷᠭᠤ ᠪᠤᠷᠢᠶᠠᠳ ᠲᠦᠮᠡᠨ ᠤ ᠤᠭ ᠤᠨ ᠪᠢᠴᠢᠭ ᠤᠨ ᠲᠤᠬᠠᠢ ᠦᠪᠡᠷ ᠤᠨ ᠰᠤᠳᠤᠯᠭᠠᠨ ᠳ᠋ᠤ ᠲᠤᠯᠭᠠᠭᠤᠷᠢᠯᠠᠨ ᠲᠠᠳᠡᠨ ᠤ ᠤᠭ ᠢᠵᠠᠭᠤᠷ ᠤᠳᠤ ᠶ᠋ᠢᠨ ᠭᠡᠯᠡᠯᠴᠡᠭᠳᠡᠵᠤ ᠢᠷᠡᠭᠰᠡᠨ ᠤᠪᠤᠭ ᠤᠳᠤᠮ ᠤᠨ ᠲᠠᠯ᠎ᠠ ᠪᠠᠷ ᠲᠠᠷᠠᠭᠠᠬᠢ ᠳ᠋ᠥ᠋ᠡᠭᠨᠡᠯᠳᠡ ᠶ᠋ᠢ ᠬᠢᠵᠤ ᠪᠠᠢᠨ᠎ᠠ ᠃ 1. ᠪᠠᠷᠭᠤ ᠪᠤᠷᠢᠶᠠᠳ ᠨᠠᠷ ᠤᠨ ᠡᠷᠳᠡᠨ ᠤ ᠡᠪᠤᠭᠡ ᠭᠠᠷᠪᠠᠯᠢ ᠪᠥᠷ ᠾᠥᠡᠭᠨᠤ ᠶ᠋ᠢᠨ ᠦᠶ᠎ᠠ ᠡᠴᠠ ᠤᠯᠪᠠᠭᠠᠯᠠᠵᠤ ᠂ ᠤᠨ ᠴᠠᠭ ᠤᠨ ᠲᠠᠤᠭᠡᠨ ᠭᠡᠯᠬᠢᠶᠡᠨ ᠳ᠋ᠤ ᠶᠡᠭᠡᠪᠴᠢᠯᠡᠨ ᠠᠯᠢ ᠨᠢᠭᠡᠨ ᠠᠢᠮᠠᠭ ᠂ ᠤᠯᠤᠰ ᠤᠨ ᠦᠮᠥᠭ ᠲᠥᠰᠢᠭ ᠬᠠᠷᠢᠶᠠᠯᠠᠯ ᠲᠤᠤᠷ᠎ᠠ ᠶᠠᠪᠤᠵᠤ ᠢᠷᠡᠭᠰᠡᠨ ᠤᠴᠢᠷ ᠲᠡᠷᠡ ᠴᠠᠭ ᠤᠨ ᠲᠡᠤᠭᠡ ᠰᠤᠷᠪᠤᠯᠵᠢ ᠪᠢᠴᠢᠭ ᠲᠤ ᠡᠯᠦᠡᠴᠡ ᠬᠤᠯᠦᠡᠴᠡ ᠶ᠋ᠢᠨ ᠬᠢᠨᠢ ᠲᠤᠬᠠᠢ ᠮᠥᠴᠢᠳ ᠲᠠᠮᠳᠡᠭᠯᠡᠭᠳᠡᠨ ᠦᠯᠡᠳᠡᠭᠰᠡᠨ ᠪᠤᠯᠤᠯᠳᠠᠢ ᠃ ᠭᠡᠪᠡᠴᠤ ᠡᠴᠢᠭᠡ ᠡᠪᠤᠭᠡᠳ ᠤᠨ ᠢᠶᠡᠨ ᠲᠤᠬᠠᠢ ᠲᠤᠮᠤᠭ ᠲᠤᠤᠯᠢᠰ ᠢᠶᠠᠷ ᠠᠮᠠ ᠲᠠᠮᠵᠢᠭᠤᠯᠤᠨ ᠡᠳᠥᠭᠡ ᠬᠦᠷᠳᠡᠯ᠎ᠠ ᠠᠮᠠᠨ ᠤᠯᠠᠮᠵᠢᠯᠠᠯ ᠢᠶᠠᠷ ᠲᠡᠤᠭᠡ ᠪᠠᠨ ᠠᠮᠢᠳᠤ ᠬᠠᠳᠠᠭᠠᠯᠠᠵᠤ ᠢᠷᠡᠭᠰᠡᠨ ᠡᠨᠡ ᠠᠷᠠᠳ ᠲᠦᠮᠡᠨ ᠤ ᠠᠭᠤᠤ ᠤᠬᠠᠭᠠᠨ ᠂ ᠦᠪ ᠰᠤᠶᠤᠯ ᠢ ᠨᠢ ᠪᠠᠬᠠᠳᠤᠨ ᠲᠠᠮᠳᠡᠭᠯᠡᠬᠦᠰᠢᠳᠡᠢ ᠃ 2. ᠡᠨᠡ ᠬᠦ ᠰᠤᠳᠤᠯᠭᠠᠨ ᠳ᠋ᠤ ᠬᠠᠮᠤᠷᠤᠭᠳᠠᠭᠰᠠᠨ ᠪᠠᠷᠭᠤ ᠪᠤᠷᠢᠶᠠᠳ ᠵᠤᠨ ᠤ ᠡᠪᠤᠭᠡ ᠲᠡᠭᠡᠳᠥᠰ ᠨᠠᠢᠳᠠ ᠶ᠋ᠢᠨ ᠤᠨ ᠲᠤᠭᠠᠯᠠᠯ ᠤᠨ 5 ᠳ᠋ᠤᠭᠠᠷ ᠵᠠᠭᠤᠨ ᠡᠴᠠ ᠡᠬᠢᠯᠡᠵᠤ ᠪᠠᠢᠭ᠎ᠠ ᠪᠡ ᠪᠥᠷ ᠡᠷᠳᠡᠨ ᠤ ᠡᠪᠤᠭᠡ ᠭᠠᠷᠪᠠᠯᠢ ᠶ᠋ᠢᠨ ᠲᠤᠬᠠᠢ ᠦᠪᠤᠷ ᠮᠤᠡᠭᠭᠤᠯ ᠤᠨ ᠡᠷᠳᠡᠮᠳᠡᠨ ᠂ ᠲᠤᠮᠤᠭ ᠲᠤᠤᠯᠢᠰ ᠤᠨ ᠰᠤᠳᠤᠯᠤᠭᠠᠴᠢ ᠴᠢᠡᠳᠠᠮᠤᠨᠢ ᠂ ᠲᠠᠡᠭᠬᠢᠰ ᠨᠠᠷ ᠤᠨ ᠪᠥᠳᠥᠭᠡᠯ ᠨᠦᠬᠦᠵᠤ ᠦᠭᠬᠦ ᠪᠤᠯᠤᠮᠵᠢᠳᠠᠢ ᠪᠠᠢᠨ᠎ᠠ ᠃ 3. ᠤᠳᠤ ᠶ᠋ᠢᠨ ᠭᠡᠯᠡᠯᠴᠡᠭᠳᠡᠵᠤ ᠪᠤᠢ ᠪᠠᠷᠭᠤ ᠪᠠᠭᠠᠳᠤᠷ ᠤᠨ ᠭᠤᠷᠪᠡᠨ ᠬᠦᠪᠡᠬᠦᠨ ᠤ ᠦᠷ᠎ᠠ ᠤᠳᠤᠮ ᠪᠤᠯᠬᠤ ᠪᠤᠷᠢᠶᠠᠳ ᠵᠤᠨ ᠤ ᠡᠬᠢᠷᠢᠳ ᠂ ᠪᠤᠯᠠᠭᠠᠳᠠᠢ ᠂ ᠬᠤᠷᠢ ᠤᠪᠤᠭ ᠤᠳ ᠨᠢ ᠨᠠᠢᠳᠠ ᠶ᠋ᠢᠨ ᠤᠨ ᠲᠤᠭᠠᠯᠠᠯ ᠤᠨ 10 ᠳ᠋ᠤᠭᠠᠷ ᠵᠠᠭᠤᠨ ᠡᠴᠠ ᠡᠬᠦᠰᠤᠨ ᠰᠠᠶᠢ ᠲᠥᠯᠦᠪᠰᠢᠭᠰᠡᠨ ᠪᠥᠭᠡᠳ ᠡᠬᠦᠨ ᠡᠴᠠ ᠤᠷᠤᠭᠰᠢᠬᠢ ᠦᠶ᠎ᠠ ᠨᠢ ᠲᠠᠤᠭᠡ ᠶ᠋ᠢᠨ ᠰᠤᠳᠤᠯᠭ᠎ᠠ ᠪᠠᠷ ᠪᠠᠷᠭᠤ ᠲᠠᠢ ᠬᠠᠮᠢᠶᠡᠷᠤᠯᠳᠠᠢ ᠨᠢ ᠪᠠᠳᠤᠯᠠᠭᠳᠠᠵᠤ ᠪᠠᠢᠨ᠎ᠠ ᠃ 4. ᠬᠠᠯᠬ᠎ᠠ ᠮᠤᠡᠭᠭᠤᠯ ᠮᠠᠡᠵᠤ ᠴᠢᠡᠭ ᠤᠯᠤᠰ ᠤᠨ ᠨᠦᠯᠦᠭᠡᠨ ᠳ᠋ᠤ ᠠᠪᠳᠠᠵᠤ ᠲᠤᠰᠠᠭᠠᠷ ᠲᠤᠭᠳᠠᠨᠢᠯ ᠢᠶᠡᠨ ᠠᠯᠳᠠᠬᠤ ᠳ᠋ᠤ ᠮᠤᠡᠭᠭᠤᠯ ᠡᠴᠠ ᠲᠠᠢᠵᠢᠨ ᠲᠦᠷᠪᠡᠵᠤ ᠪᠤᠷᠢᠶᠠᠳ ᠤᠨ ᠨᠤᠳᠤᠭ ᠲᠤ ᠨᠡᠬᠦᠨ ᠤᠷᠤᠭᠰᠠᠨ ᠬᠠᠯᠬ᠎ᠠ ᠂ ᠦᠪᠤᠷᠯᠡᠭᠴᠢ ᠂ ᠦᠭᠡᠯᠡᠳ ᠤᠳ ᠤᠨ ᠵᠠᠷᠢᠮ ᠤᠪᠤᠭ ᠤᠳ ᠢᠶᠠᠷ ᠪᠤᠷᠢᠶᠠᠳ ᠵᠤᠨ ᠦᠨᠢᠷᠵᠢᠨ ᠢᠷᠠᠵᠠᠢ ᠃ ᠲᠤᠬᠠᠢᠯᠠᠪᠡᠯ ᠄ ᠳ᠋ᠠᠷᠯᠸᠺᠠᠨ ᠤ ᠬᠤᠡᠭᠬᠢᠷᠠᠳ ᠠᠢᠮᠠᠭ ᠤᠨ ᠰᠠᠯᠪᠤᠷᠢ ᠤᠪᠤᠭ ᠤᠳ ᠪᠤᠯᠬᠤ ᠭᠤᠷᠯᠤᠰ ᠂ ᠬᠠᠷᠠᠨᠤᠳ ᠂ ᠨᠢᠷᠤᠭᠤᠨ ᠤ ᠬᠠᠳᠠᠬᠢᠨ ᠂ ᠵᠡᠬᠦᠨ ᠮᠤᠡᠭᠭᠤᠯ ᠤᠨ ᠵᠢᠷᠭᠤᠭᠠᠨ ᠲᠦᠮᠡᠨ ᠤ ᠨᠢᠭᠡ ᠶᠥᠡᠭᠰᠢᠶᠡᠪᠤ᠋ ᠂ ᠴᠠᠬᠠᠷ ᠨᠠᠢᠮᠡᠨ ᠬᠤᠰᠢᠭᠤᠨ ᠡᠴᠠ ᠭᠠᠷᠤᠯᠳᠠᠢ ᠭᠡᠭᠳᠡᠬᠦ ᠴᠤᠡᠭᠭᠤᠯ ︵ ᠰᠤᠡᠭᠭᠤᠯ ︶ ᠂ ᠬᠠᠯᠬ᠎ᠠ ᠭᠠᠷᠤᠯᠳᠠᠢ ᠰᠠᠯᠡᠡᠭᠭᠡ ᠶ᠋ᠢᠨ ᠭᠤᠷᠪᠡᠨ ᠡᠴᠢᠭᠡ ᠶ᠋ᠢᠨ ᠲᠠᠪᠤᠡᠭᠭᠤᠳ ᠵᠠᠷᠭᠡ ᠤᠯᠠᠨ ᠤᠪᠤᠭ ᠤᠳ ᠢ ᠲᠤᠷᠠᠳᠴᠤ ᠪᠤᠯᠤᠨ᠎ᠠ ᠃ ᠭᠠᠭᠴᠠ ᠬᠦ ᠨᠢᠭᠡ ᠤᠡᠴᠠᠯᠢᠭ ᠨᠢ ᠭᠠᠳᠠᠨ᠎ᠠ ᠡᠴᠠ ᠤᠴᠢᠭᠰᠠᠨ ᠡᠳᠡᠭᠡᠷ ᠤᠪᠤᠭ ᠤᠳ ᠨᠢ ᠪᠤᠷᠢᠶᠠᠳ ᠵᠤᠨ ᠤ ᠭᠡᠪ ᠂ ᠶᠤᠰᠤ ᠵᠠᠡᠭᠰᠢᠯ ᠂ ᠭᠡᠯᠡ ᠰᠤᠶᠤᠯ ᠳ᠋ᠤ ᠨᠠᠪᠳᠡᠷᠡᠵᠤ ᠢᠯᠭᠠᠭᠳᠠᠮ᠎ᠠ ᠦᠭᠡᠢ ᠪᠤᠯᠤᠭᠰᠠᠨ ᠨᠢ ᠭᠠᠢᠬᠠᠯᠳᠠᠢ ᠃ 5. ᠪᠠᠷᠭᠤ ᠪᠤᠷᠢᠶᠠᠳ ᠤᠳ ᠨᠢ ᠪᠤᠷᠵᠢᠬᠢᠨ ᠤᠪᠤᠭ ᠤᠨ ᠬᠢᠨ ᠲᠠᠢ ᠠᠡᠳᠠᠭᠠᠢ ᠬᠤᠳᠠ ᠪᠠᠷᠢᠯᠴᠠᠵᠤ ᠤᠯᠠᠮ ᠢᠶᠠᠷ ︽ ᠠᠯᠳᠠᠨ ᠤᠷᠤᠭ ︾ ᠤᠨ ᠬᠢᠨ ᠤ ᠨᠠᠭᠠᠴᠤ ᠪᠤᠶᠤ ᠴᠢᠰᠤᠨ ᠲᠥᠷᠤᠯ ᠡᠨᠡ ᠶᠠᠰᠤᠨ ᠡᠴᠠ ᠪᠥᠷᠢᠯᠳᠤᠵᠠᠢ ᠃ ᠵᠢᠱᠢᠶᠡᠯᠡᠪᠡᠯ ᠄ ᠲᠤᠪᠤ᠋ ᠮᠠᠷᠭᠡᠨ ᠤ ᠭᠡᠷᠭᠡᠢ ᠠᠯᠳᠠᠷᠳᠤ ᠠᠯᠤᠨ ᠭᠤ‍ ᠤ᠎ᠠ ᠬᠠᠳᠤᠨ ᠂ ᠴᠢᠡᠭᠬᠢᠰ ᠤᠨ ᠡᠪᠤᠭᠡ ᠪᠠᠷᠳᠠᠨ ᠪᠠᠭᠠᠳᠤᠷ ᠤᠨ ᠭᠡᠷᠭᠡᠢ ᠰᠤᠨᠢᠬᠦᠯ ᠦᠵᠢᠨ ᠂ ᠴᠢᠨᠠᠭᠰᠢᠯᠠᠭᠠᠳ ᠡᠭᠡ ᠦᠭᠡᠯᠤᠨ ᠦᠵᠢᠨ ᠂ ᠶᠡᠭᠡ ᠬᠠᠳᠤᠨ ᠪᠥᠷᠳᠠ ᠦᠵᠢᠨ ᠂ ᠬᠤᠪᠢᠯᠠᠢ ᠂ ᠬᠦᠯᠡᠬᠦ ᠬᠠᠭᠠᠳ ᠤᠨ ᠨᠠᠮᠪᠤᠢ ᠬᠠᠳᠤᠨ ᠂ ᠺᠤᠳᠠᠢ ᠬᠠᠳᠤᠨ ᠂ ᠭᠡᠷᠮᠠᠨ ᠬᠠᠳᠤᠨ ᠵᠡᠷᠭᠡ ᠤᠯᠠᠨ ᠬᠠᠳᠤᠳ ᠢ ᠨᠠᠷᠠᠯᠠᠵᠤ ᠪᠤᠯᠤᠨ᠎ᠠ ᠃ ᠡᠬᠦᠪᠡᠷ ᠢᠶᠡᠨ ᠪᠤᠰᠤᠳ ᠮᠤᠡᠭᠭᠤᠯ ᠤᠭᠰᠠᠭ᠎ᠠ ᠲᠠᠢ ᠠᠢᠮᠠᠭ ᠶᠠᠰᠤᠳᠠᠨ ᠂ ᠤᠪᠤᠭ ᠤᠳ ᠡᠴᠠ ᠨᠠᠡᠭ ᠢᠯᠭᠠᠷᠠᠳᠠᠭ ᠤᠴᠢᠷ ᠪᠠᠷᠭᠤ ᠂ ᠪᠤᠷᠢᠶᠠᠳ ᠲᠦᠮᠡᠨ ᠤ ᠨᠢᠭᠡᠨ ᠪᠠᠬᠠᠷᠬᠠᠯ ᠪᠤᠯᠬᠤ ᠶ᠋ᠢ ᠬᠤᠢᠴᠢ ᠦᠶ᠎ᠠ ᠮᠡᠳᠡᠳᠥᠭᠡᠢ ᠃ ᠪᠠᠷᠭᠤ ᠪᠤᠷᠢᠶᠠᠳ ᠮᠤᠡᠭᠭᠤᠯᠴᠤᠳ ᠤᠨ ᠤᠭ ᠤᠨ ᠪᠢᠴᠢᠭ ᠡᠴᠠ ᠪᠤᠷᠢᠶᠠᠳ ᠲᠦᠮᠡᠨ ᠤ ᠤᠪᠤᠭ ᠠᠢᠮᠠᠭ ᠤᠨ ᠲᠤᠪᠴᠢ ᠤᠢᠯᠠᠭᠠᠯᠳᠠ ᠂ ᠤᠪᠤᠭ ᠤᠳ ᠤᠨ ᠤᠭ ᠢᠵᠠᠭᠤᠷ ᠂ ᠲᠡᠳᠡᠨ ᠤ ᠲᠤᠬᠠᠢ ᠲᠤᠮᠤᠭ ᠂ ᠡᠳᠡᠭᠡᠷ ᠤᠪᠤᠭ ᠡᠴᠠ ᠭᠠᠷᠤᠯᠳᠠᠢ ᠲᠡᠤᠭᠡᠳᠤ ᠬᠦᠮᠤᠰ ᠤᠨ ᠤᠳᠤᠮ ᠂ ᠲᠡᠳᠡᠨ ᠤ ᠲᠤᠪᠴᠢ ᠲᠠᠢᠯᠪᠤᠷᠢ ᠵᠠᠷᠭᠡ ᠶ᠋ᠢ ᠨᠢᠭᠡᠳᠭᠡᠨ ᠦᠵᠡᠬᠦ ᠪᠤᠯᠤᠮᠵᠢᠳᠠᠢ ᠃ ᠠᠯᠳᠠᠭᠰᠠᠨ ᠲᠠᠰᠢᠶᠠᠷᠠᠭᠰᠠᠨ ᠵᠦᠢᠯ ᠲᠠᠭᠠᠷᠠᠯᠳᠤᠬᠤ ᠠᠪᠠᠰᠤ ᠬᠦᠯᠢᠴᠡᠯ ᠦᠴᠢᠬᠦ ᠶ᠋ᠢᠨ ᠲᠡᠭᠡᠷ᠎ᠠ ᠂ ᠲᠠ ᠪᠥᠬᠦᠨ ᠦᠪᠡᠷᠰᠡᠳ ᠤᠨ ᠤᠶᠤᠨ ᠮᠡᠳᠡᠯᠭᠡ ᠪᠠᠷ ᠢᠶᠡᠨ ᠵᠠᠯᠠᠷᠠᠭᠤᠯᠵᠤ ᠲᠤᠡᠭᠭᠠᠬᠤ ᠪᠤᠢ ᠶ᠎ᠠ ᠃ ︵ ᠪ᠊ · ᠠᠳᠢᠶ᠎ᠠ ︶

5        0       

          

        
           
                             13847524386      211429899@qq.com      13847524386   QQ  211429899 蒙ICP备17002503号-1