  ᠰᠦᠷᠯᠢᠭ ᠮᠤᠩᠭᠤᠯ       
     
   2019-06-20 16:47
   2020-04-14 15:25
   130942
   37

ᠤᠳᠤᠭ ᠬᠤᠰᠢᠭᠤᠨ ᠤ ᠲᠡᠦᠬᠡᠨ ᠢᠷᠡᠯᠳᠡ

ᠤᠳᠤᠭ ᠬᠤᠰᠢᠭᠤᠨ ᠤ ᠲᠡᠦᠬᠡᠨ ᠢᠷᠡᠯᠳᠡ
        10257     
2019-06-24 15:53    
发表于:内蒙古
ᠤᠮᠠᠷᠠᠳᠤ ᠶᠤᠸᠠᠨ ᠤᠯᠤᠰ ᠤᠨ ᠦᠶ᠎ᠡ ᠂ ᠲᠤᠬᠠᠶ᠋ᠢᠯᠠᠪᠠᠯ 1465 ᠤᠨ ᠤ ᠡᠬᠢ ᠪᠠᠷ ᠤᠷᠢᠶᠠᠩᠬᠠᠢ ᠠᠶ᠋ᠢᠮᠠᠭ ᠤᠨ ᠨᠢᠬᠡ ᠪᠦᠯᠦᠭ ᠨᠢ ᠠᠯᠠᠱᠠ ᠠᠭᠤᠯᠠ ᠶ᠋ᠢᠨ ᠠᠷᠤ ᠮᠤᠨᠢ ᠠᠭᠤᠯᠠ ᠶ᠋ᠢᠨ ᠡ᠊ ᠩᠬᠡᠷ ᠢᠶᠠᠷ ᠪᠤᠷᠤᠳᠤᠬᠤᠢ ᠳ᠋ᠤ ᠤᠷᠤᠵᠤ ᠢᠷᠡᠭᠡᠳ ᠨᠢᠬᠡ ᠪᠦᠯᠦᠭ ᠨᠢ 1496 ᠤᠨ ᠳ᠋ᠤ ᠢᠪᠷᠡᠢ ᠲᠠᠶ᠋ᠢᠰᠢ ᠶ᠋ᠢᠨ ᠲᠠᠶ᠋ᠢᠴᠢᠯᠠᠭ᠎ᠠ ᠪᠠᠷ ᠬᠠᠮᠢᠯ ᠤᠨ ᠠᠷᠤ ᠡᠴᠠ ᠡᠵᠡᠨ᠎ᠡ ᠶ᠋ᠢ ᠲᠠᠮᠵᠢᠨ ᠪᠤᠷᠤᠳᠤᠬᠤᠢ ᠳ᠋ᠤ ᠤᠷᠤᠵᠤ ᠢᠷᠠᠵᠠᠢ ᠃ ᠤᠷᠢᠶᠠᠩᠬᠠᠢ ᠠᠶ᠋ᠢᠮᠠᠭ ᠪᠤᠯ 13 ᠳ᠋ᠤᠭᠠᠷ ᠵᠠᠭᠤᠨ ᠳ᠋ᠤ ᠭᠤᠷᠪᠠᠨ ᠭᠤᠤᠯ ︵ ᠬᠡᠷᠦᠯᠦᠨ ᠂ ᠤᠨᠤᠨ ᠂ ᠲᠤᠤᠯᠠ ︶ ᠤᠨ ᠡᠬᠢ ᠪᠤᠷᠬᠠᠨ ᠬᠠᠯᠳᠤᠨ᠎ᠠ ᠨᠤᠳᠤᠭᠯᠠᠵᠤ ᠪᠠᠶ᠋ᠢᠭᠰᠠᠨ ᠴᠢᠩᠬᠢᠰ ᠤᠨ ᠶᠡᠬᠡ ᠮᠤᠩᠭᠤᠯ ᠤᠯᠤᠰ ᠪᠠᠶ᠋ᠢᠭᠤᠯᠬᠤ ᠶ᠋ᠢ ᠲᠡᠮᠵᠢᠭᠰᠡᠨ ᠵᠠᠯᠮ᠎ᠠ ᠡᠴᠢᠬᠡ ᠬᠦᠪᠡᠬᠦᠨ ᠬᠤᠶᠠᠷ ᠤᠨ ᠬᠤᠶ᠋ᠢᠴᠢᠰ ᠪᠤᠯᠤᠨ᠎ᠠ ᠃ ᠲᠡᠳᠡ ᠴᠢᠩᠬᠢᠰ ᠪᠤᠭᠳᠠ ᠶ᠋ᠢ ᠡᠰᠡᠨ ᠮᠠᠨᠳᠤ ᠪᠠᠶ᠋ᠢᠭᠰᠠᠨ ᠴᠠᠭ ᠲᠤ ᠡᠬᠦᠳᠡᠴᠢᠨ ᠪᠤᠯᠵᠤ ᠵᠠᠷᠢᠮ ᠨᠢ ᠦᠬᠡᠯᠤᠨ ᠡᠬᠡ ᠶ᠋ᠢ ᠠᠰᠠᠷᠠᠵᠤ ᠂ ᠴᠢᠩᠬᠢᠰ ᠤᠨ ᠲᠦᠷᠪᠡᠨ ᠬᠠᠳᠤᠨ ᠤ ᠤᠷᠳᠤᠨ ᠳ᠋ᠤ ᠵᠢᠳᠬᠦᠬᠦ ᠠᠯᠪᠠ ᠲᠠᠢ ᠬᠦᠮᠦᠰ ᠪᠠᠶ᠋ᠢᠭᠰᠠᠨ ᠪᠢᠯᠡ ᠃ ᠴᠢᠩᠬᠢᠰ ᠪᠤᠭᠳᠠ ᠶ᠋ᠢ ᠦᠬᠡᠳᠡ ᠪᠤᠯᠤᠭᠰᠠᠨ ᠤ ᠲᠠᠷᠠᠭ᠎ᠠ ᠪᠤᠭᠳᠠ ᠶ᠋ᠢᠨ ᠬᠡᠬᠦᠷ ᠢ ᠤᠷᠤᠰᠢᠭᠤᠯᠤᠭᠰᠠᠨ ᠶᠡᠬᠡ ᠬᠤᠷᠢᠭ ᠢ ᠮᠠᠨᠠᠵᠤ ᠂ ᠲᠤᠯᠤᠢ ᠶ᠋ᠢᠨ ᠡᠬᠦᠰᠬᠡᠨ ᠪᠠᠶ᠋ᠢᠭᠤᠯᠤᠭᠰᠠᠨ ᠶᠡᠷᠦᠩᠬᠡᠢ ᠶ᠋ᠢᠨ ᠰᠢᠳᠦᠬᠡᠨ ᠴᠠᠭᠠᠨ ᠬᠡᠷ ᠤᠨ ᠲᠠᠬᠢᠯᠭ᠎ᠠ ᠲᠠᠪᠢᠭ ᠢ ᠦᠢᠯᠡᠳᠴᠦ ᠮᠦᠩᠬᠡ ᠵᠤᠯᠠ ᠶ᠋ᠢ ᠬᠡᠷᠡᠯᠳᠦᠬᠦᠯᠦᠭᠰᠡᠬᠡᠷ ᠢᠷᠡᠵᠡᠢ ᠃ ᠡᠨᠡ ᠲᠤᠬᠠᠢ ᠰᠠᠭᠠᠩ ᠰᠡᠴᠡᠨ ᠤ ︽ ᠡᠷᠳᠡᠨᠢ ᠶ᠋ᠢᠨ ᠲᠤᠪᠴᠢ ︾ ᠳ᠋ᠤ ︽ ᠤᠷᠢᠶᠠᠩᠬᠠᠢ ᠠᠨᠤ ᠤᠤᠯ ᠳ᠋ᠤᠷ ᠡᠵᠡᠨ ᠬᠠᠭᠠᠨ ᠤ ᠠᠯᠳᠠᠨ ᠰᠠᠩ ᠢ ᠰᠠᠬᠢᠭᠴᠢᠳ ᠪᠦᠯᠦᠬᠡ ︾ ᠬᠡᠮᠡᠨ ᠲᠡᠮᠳᠡᠭᠯᠡᠵᠦ ᠪᠠᠶ᠋ᠢᠬᠤ ᠪᠠᠷ ᠪᠠᠷᠠᠬᠤ ᠦᠬᠡᠢ ︽ ᠰᠤᠳᠤᠷ ᠤᠨ ᠴᠢᠭᠤᠯᠭᠠᠨ ︾ ᠳ᠋ᠤ ᠄ ︽ ᠴᠢᠩᠬᠢᠰ ᠬᠠᠭᠠᠨ ᠨᠠᠰᠤ ᠨᠦᠭᠴᠢᠭᠰᠡᠨ ᠤ ᠲᠠᠷᠠᠭ᠎ᠠ ᠂ ᠲᠡᠬᠦᠨ ᠤ ᠦᠷ᠎ᠡ ᠠᠴᠢᠨᠠᠷ ᠨᠢ ᠦᠪᠡᠷ ᠤᠨ ᠮᠢᠩᠭᠠᠨ ᠡᠷᠦᠬᠡ ᠪᠠᠨ ᠲᠠᠭᠠᠭᠤᠯᠤᠨ ᠴᠢᠩᠬᠢᠰ ᠬᠠᠭᠠᠨ ᠤ ᠤᠩᠭᠤᠨ ᠢ ᠲᠠᠯᠪᠢᠭᠰᠠᠨ ᠪᠤᠷᠬᠠᠨ ᠬᠠᠯᠳᠤᠨ ᠤ ᠶᠡᠬᠡ ᠬᠤᠷᠢᠭ ᠢ ᠰᠠᠬᠢᠭᠰᠠᠨ ᠪᠦᠬᠡᠳ ᠡᠳᠦᠬᠡ ᠳ᠋ᠤ ᠲᠤᠯᠳᠠᠯ᠎ᠠ ᠲᠡᠳᠡ ᠮᠦᠨ ᠴᠡᠷᠢᠭ ᠲᠤ ᠤᠷᠤᠳᠠᠭ ᠦᠬᠡᠢ ᠂ ᠤᠤᠯ ᠬᠡᠪ ᠢᠶᠠᠷ ᠵᠠᠷᠯᠢᠭ ᠢ ᠬᠢᠴᠢᠶᠡᠩᠬᠦᠶ᠋ᠢᠯᠡᠨ ᠶᠡᠬᠡ ᠬᠤᠷᠢᠭ ᠢ ᠰᠠᠬᠢᠭᠰᠠᠭᠠᠷ ︾ ᠬᠡᠮᠡᠨ ᠲᠡᠮᠳᠡᠭᠯᠡᠵᠦ ᠪᠤᠢ ᠃ 14 ᠳ᠋ᠤᠬᠡᠷ ᠵᠠᠭᠤᠨ ᠤ ᠰᠡᠬᠦᠯᠴᠢ ᠡᠴᠠ 15 ᠳ᠋ᠤᠭᠠᠷ ᠵᠠᠭᠤᠨ ᠤ ᠡᠬᠢᠨ ᠪᠤᠯᠳᠠᠯ᠎ᠠ ᠬᠠᠮᠤᠭ ᠮᠤᠩᠭᠤᠯ ᠵᠠᠳᠠᠷᠠᠭᠠᠳ ᠪᠦᠬᠦᠶ᠋ᠢᠯᠡ ᠮᠤᠩᠭᠤᠯ ᠤᠷᠤᠨ ᠳ᠋ᠤ ᠮᠤᠩᠭᠤᠯ ᠂ ᠤᠶ᠋ᠢᠷᠠᠳ ᠂ ᠤᠷᠢᠶᠠᠩᠬᠠᠢ ᠵᠡᠷᠬᠡ ᠪᠡᠶ᠎ᠡ ᠪᠠᠨ ᠲᠠᠭᠠᠭᠠᠭᠰᠠᠨ ᠭᠤᠷᠪᠠᠨ ᠶᠡᠬᠡ ᠠᠶ᠋ᠢᠮᠠᠭ ᠪᠦᠯᠦᠭ ᠪᠤᠯᠵᠤ ᠪᠦᠷᠢᠯᠳᠦᠪᠡ ᠃ 14 ᠳ᠋ᠤᠬᠡᠷ ᠵᠠᠭᠤᠨ ᠤ ᠰᠡᠬᠦᠯᠴᠢ ᠡᠴᠠ ᠤᠷᠢᠶᠠᠩᠬᠠᠢ ᠠᠶ᠋ᠢᠮᠠᠭ ᠤᠨ ᠨᠢᠬᠡ ᠬᠡᠰᠡᠭ ᠨᠢ ᠪᠠᠷᠠᠭᠤᠨᠰᠢ ᠨᠡᠬᠦᠳᠡᠯᠯᠡᠵᠦ ᠠᠯᠳᠠᠢ ᠨᠢᠷᠤᠭᠤ ᠂ ᠢᠯᠢ ᠂ ᠲᠠᠷᠪᠠᠭᠠᠳᠠᠢ ᠂ ᠬᠠᠮᠢᠯ ᠤᠷᠴᠢᠮ ᠨᠤᠳᠤᠭᠰᠢᠵᠤ ᠤᠶ᠋ᠢᠷᠠᠳ ᠪᠤᠯᠵᠠᠢ ᠃ ᠲᠡᠳᠡ ᠴᠢᠩᠬᠢᠰ ᠬᠠᠭᠠᠨ ᠤ ᠨᠠᠢᠮᠠᠨ ᠴᠠᠭᠠᠨ ᠤᠷᠳᠤᠨ ᠢ ᠰᠡᠬᠢᠨ ᠬᠠᠮᠠᠭᠠᠯᠠᠵᠤ ᠲᠠᠬᠢᠯᠭ᠎ᠠ ᠡᠷᠬᠦᠳᠡᠭ ᠤᠨᠴᠠᠭᠠᠢ ᠠᠯᠪᠠ ᠲᠠᠢ ᠪᠤᠯᠬᠤᠷ 14 ᠳ᠋ᠤᠬᠡᠷ ᠵᠠᠭᠤᠨ ᠤ ᠦᠶ᠎ᠡ ᠪᠠᠷ ᠲᠡᠳᠡᠨᠤᠰ ᠢ ᠤᠷᠳᠤᠰ ᠬᠡᠵᠦ ᠨᠡᠷᠡᠯᠡᠬᠦ ᠪᠤᠯᠪᠠ ᠃ 1453 ᠤᠨ ᠳ᠋ᠤ ᠤᠶ᠋ᠢᠷᠠᠳ ᠤᠨ ᠡᠰᠡᠨ ᠲᠠᠢᠰᠢ ᠤᠶ᠋ᠢᠷᠠᠳ ᠪᠤᠯᠤᠨ ᠮᠤᠩᠭᠤᠯ ᠤᠨ ᠶᠡᠬᠡ ᠨᠢᠬᠡᠳᠦᠯ ᠢ ᠪᠠᠶᠠᠯᠡᠬᠦᠯᠵᠦ ᠂ ᠪᠡᠶ᠎ᠡ ᠪᠠᠨ ᠶᠡᠬᠡ ᠶᠤᠸᠠᠨ ᠤᠯᠤᠰ ᠤᠨ ᠲᠡᠭᠷᠢᠯᠢᠭ ᠪᠤᠭᠳᠠ ᠬᠠᠭᠠᠨ ᠬᠡᠮᠡᠨ ᠡᠷᠬᠦᠮᠵᠢᠯᠡᠵᠦ ᠂ ᠤᠨ ᠤ ᠮᠦᠴᠡᠯᠬᠡ ᠪᠠᠨ ᠲᠠᠢ ᠶᠤᠸᠠᠨ ᠬᠡᠮᠡᠪᠡ ᠃ ᠡᠰᠡᠨ ᠲᠠᠶ᠋ᠢᠰᠢ ᠨᠠᠰᠤ ᠪᠠᠷᠠᠭᠰᠠᠨ ᠤ ᠲᠡᠷᠠᠭ᠎ᠠ ᠂ ᠶᠡᠬᠡ ᠮᠤᠩᠭᠤᠯ ᠲᠠᠬᠢᠨ ᠪᠤᠳᠠᠷᠠᠨ ᠰᠠᠷᠨᠢᠪᠠ ᠃ ᠡᠨᠡ ᠦᠶ᠎ᠡ ᠳ᠋ᠤ ᠤᠷᠳᠤᠰᠴᠤᠳ ᠤᠶ᠋ᠢᠷᠠᠳ ᠡᠴᠠ ᠲᠤᠰᠠᠭᠠᠷᠯᠠᠨ ᠭᠠᠷᠴᠠᠢ ᠃ ᠡᠨᠡ ᠲᠤᠬᠠᠢ ︽ ᠤᠶ᠋ᠢᠷᠠᠳ ᠤᠨ ᠰᠤᠷᠪᠤᠯᠵᠢ ᠪᠢᠴᠢᠭ ︾ ᠲᠤ ᠄ ︽ 15 ᠳ᠋ᠤᠭᠠᠷ ᠵᠠᠭᠤᠨ ᠤ ᠲᠤᠮᠳᠠ ᠬᠤᠭᠤᠰ ᠢᠶᠠᠷ ᠤᠳᠤᠬᠢ ᠬᠦᠬᠡᠬᠤᠳᠠ ᠲᠦᠮᠡᠳ ᠤᠨ ᠭᠠᠵᠠᠷ ᠪᠠ ᠤᠷᠳᠤᠰ ᠤᠨ ᠦᠨᠳᠦᠷᠯᠢᠭ ᠲᠤ ᠨᠡᠬᠦᠳᠡᠯᠯᠡᠨ ᠢᠷᠡᠭᠰᠡᠨ ᠠᠷᠪᠠᠨ ᠬᠤᠶᠠᠷ ᠲᠦᠮᠡᠨ ᠂ ᠬᠤᠶ᠋ᠢᠳ ᠤᠨ ᠦᠯᠤ ᠲᠦᠮᠡᠨ ᠂ ᠤᠶ᠋ᠢᠭᠤᠳ ᠂ ᠪᠠᠶᠠᠭᠤᠳ ᠵᠡᠷᠬᠡ ᠠᠶ᠋ᠢᠮᠠᠭ ᠤᠳ ᠨᠢ ᠠᠯᠢ ᠡᠷᠳᠡ ᠡᠴᠠ ᠤᠷᠢᠶᠠᠩᠬᠠᠢ ᠶ᠋ᠢᠨ ᠨᠤᠶᠠᠳ ᠡᠴᠠ ᠡᠷᠬᠢᠯᠡᠨ ᠲᠠᠬᠢᠵᠤ ᠪᠠᠶ᠋ᠢᠭᠰᠠᠨ ᠴᠢᠩᠬᠢᠰ ᠤᠨ ᠲᠠᠬᠢᠯᠭ᠎ᠠ ᠶ᠋ᠢᠨ ᠨᠠᠢᠮᠠᠨ ᠴᠠᠭᠠᠨ ᠬᠡᠷ ᠢ ᠪᠤᠷᠤᠳᠤᠬᠤᠢ ᠳ᠋ᠤ ᠰᠢᠯᠵᠢᠬᠦᠯᠦᠨ ᠠᠪᠴᠢᠷᠠᠭᠰᠠᠨ ᠠᠵᠢ ︾ ᠃ ᠲᠡᠷᠡ ᠦᠶ᠎ᠡ ᠡᠴᠠ ᠡᠬᠢᠯᠡᠬᠡᠳ ᠤᠷᠳᠤᠰ ᠠᠶ᠋ᠢᠮᠠᠭ ᠤᠨ ᠨᠤᠳᠤᠭᠯᠠᠭᠰᠠᠨ ᠪᠤᠷᠤᠳᠤᠬᠤᠢ ᠤᠷᠤᠨ ᠨᠢ ᠤᠷᠳᠤᠰ ᠬᠡᠮᠡᠬᠦ ᠭᠠᠵᠠᠷ ᠵᠦᠢ ᠶ᠋ᠢᠨ ᠨᠡᠷᠡᠶ᠋ᠢᠳᠦᠯ ᠲᠠᠢ ᠪᠤᠯᠵᠠᠢ ᠃ ᠤᠮᠠᠷᠠᠳᠤ ᠶᠤᠸᠠᠨ ᠤᠯᠤᠰ ᠤᠨ ᠦᠶ᠎ᠡ ᠳ᠋ᠤ ᠂ ᠲᠤᠬᠠᠶ᠋ᠢᠯᠠᠪᠠᠯ 1482 ᠤᠨ ᠳ᠋ᠤ ᠮᠠᠨᠳᠤᠬᠠᠢ ᠰᠡᠴᠡᠨ ᠬᠠᠳᠤᠨ ᠭᠤᠴᠢᠨ ᠭᠤᠷᠪᠠᠨ ᠨᠠᠰᠤᠨ ᠳᠠᠭᠠᠨ ᠠᠷᠪᠠ ᠶᠢᠰᠦᠨ ᠨᠠᠰᠤᠳᠠᠢ ᠪᠠᠳᠤᠮᠦ᠋ᠩᠬᠡ ᠶ᠋ᠢ ᠲᠠᠭᠠᠭᠤᠯᠤᠨ ᠤᠷᠳᠤᠰ ᠲᠠᠬᠢ ᠴᠢᠩᠬᠢᠰ ᠤᠨ ᠨᠠᠢᠮᠠᠨ ᠴᠠᠭᠠᠨ ᠬᠡᠷ ᠤᠨ ᠡᠮᠦᠨ᠎ᠡ ᠬᠦᠷᠴᠦ ᠤᠷᠳᠤᠨ ᠤ ᠲᠦᠰᠢᠮᠠᠯ ᠢᠶᠠᠷ ᠰᠠᠴᠤᠯᠢ ᠰᠠᠴᠤᠭᠤᠯᠵᠤ ᠲᠠᠩᠭᠠᠷᠢᠭ ᠬᠢᠬᠡᠳ ᠪᠠᠳᠤᠮᠦ᠋ᠩᠬᠡ ᠲᠠᠢ ᠪᠡᠶ᠎ᠡ ᠬᠤᠯᠪᠤᠵᠤ ᠂ ᠪᠠᠳᠤᠮᠦ᠋ᠩᠬᠡ ᠶ᠋ᠢ ᠲᠠᠶᠠᠨ ᠤᠯᠤᠰ ᠢ ᠡᠵᠡᠯᠡᠬᠦ ᠪᠤᠯᠳᠤᠭᠠᠢ ᠬᠡᠵᠦ ᠲᠡᠶᠠᠨ ᠬᠠᠭᠠᠨ ᠬᠡᠮᠡᠵᠤ ᠡᠷᠬᠦᠮᠵᠢᠯᠡᠬᠡᠳ ᠶᠡᠬᠡ ᠤᠷᠤ ᠳ᠋ᠤ ᠰᠠᠭᠤᠯᠭᠠᠵᠤ ᠂ ᠪᠦᠬᠦ ᠮᠤᠩᠭᠤᠯ ᠢ ᠨᠢᠬᠡᠳᠬᠡᠬᠦ ᠦᠢᠯᠡᠰ ᠢᠶᠡᠨ ᠶᠠᠪᠤᠭᠤᠯᠤᠭᠰᠠᠨ ᠪᠠᠶ᠋ᠢᠨ᠎ᠠ ᠃ 1510 ᠤᠨ ᠤ ᠤᠷᠢᠳ ᠬᠤᠵᠢᠳ ᠢᠶᠠᠷ ᠂ ᠲᠠᠶᠠᠨ ᠬᠠᠭᠠᠨ ᠮᠤᠩᠭᠤᠯ ᠤᠨ ᠡᠯ᠎ᠡ ᠠᠶ᠋ᠢᠮᠠᠭ ᠢ ᠲᠡᠬᠢᠨ ᠨᠢᠬᠡᠳᠬᠡᠵᠦ ᠂ ᠤᠷᠳᠤᠰ ᠠᠶ᠋ᠢᠮᠠᠭ ᠤᠨ ᠲᠦᠷᠦᠬᠦᠦ ᠮᠠᠨᠳᠤᠭᠤᠯ ᠢ ᠢᠯᠡᠵᠦ ᠤᠷᠤᠭᠤᠯᠵᠤ ᠠᠪᠴᠠᠢ ᠃ ᠲᠠᠷᠠᠭ᠎ᠠ ᠨᠢ ᠲᠡᠷᠡ ᠮᠤᠩᠭᠤᠯ ᠤᠨ ᠡᠯ᠎ᠡ ᠠᠶ᠋ᠢᠮᠠᠭ ᠢ ᠵᠡᠬᠢᠷᠴᠦ ᠂ ᠵᠢᠷᠭᠤᠭᠠᠨ ᠲᠦᠮᠡᠨ ᠬᠤᠪᠢᠶᠠᠵᠤ ᠂ ᠭᠤᠷᠪᠠᠳᠤᠭᠠᠷ ᠬᠦᠪᠡᠬᠦᠨ ᠪᠠᠷᠰᠪᠤᠯᠤᠳ ᠢᠶᠠᠷ ᠭᠤᠪᠢ ᠶ᠋ᠢᠨ ᠡᠮᠦᠨᠡᠬᠢ ᠤᠷᠳᠤᠰ ᠲᠦᠮᠡᠨ ᠢ ᠵᠠᠬᠢᠷᠤᠭᠤᠯᠤᠭᠰᠠᠨ ᠡᠴᠠ ᠨᠠᠭᠠᠰᠢ ᠲᠦᠷᠪᠡᠨ ᠵᠠᠭᠤ ᠲᠠᠪᠢ ᠭᠠᠷᠤᠢ ᠵᠢᠯ ᠪᠤᠷᠵᠢᠬᠢᠨ ᠤ ᠠᠯᠳᠠᠨ ᠤᠷᠤᠭᠳᠠᠨ ᠤᠷᠳᠤᠰ ᠢ ᠨᠤᠶᠠᠯᠠᠭᠰᠠᠨ ᠪᠠᠶ᠋ᠢᠨ᠎ᠠ ᠃ ᠪᠠᠷᠰᠪᠤᠯᠤᠳ ᠵᠢᠨᠤᠩ ᠤᠨ ᠲᠠᠷᠠᠭ᠎ᠠ ᠂ ᠬᠦᠨᠪᠢᠯᠢᠭ ᠮᠡᠷᠬᠡᠨ ᠵᠢᠨᠤᠩ ᠂ ᠨᠤᠶᠠᠨᠳᠠᠷ᠎ᠠ ᠵᠢᠨᠤᠩ ᠂ ᠪᠤᠱᠤᠭᠳᠤ ᠵᠢᠨᠤᠩ ᠂ ᠰᠡᠷᠡᠩ ᠡᠷᠳᠡᠨᠢ ᠵᠢᠨᠤᠩ ᠂ ᠡᠷᠢᠨᠴᠢᠨ ᠵᠢᠨᠤᠩ ᠤᠷᠳᠤᠰ ᠢ ᠮᠠᠳᠠᠵᠤ ᠂ ᠠᠯᠳᠠᠨ ᠤᠷᠤᠭᠳᠠᠨ ᠨᠢ ᠤᠷᠳᠤᠰ ᠤᠨ ᠠᠷᠪᠠᠨ ᠬᠤᠶᠠᠷ ᠤᠳᠤᠭ ᠢ ᠵᠠᠬᠢᠷᠴᠤ ᠪᠠᠶ᠋ᠢᠵᠠᠢ ᠃ ᠲᠤᠬᠠᠶ᠋ᠢᠯᠠᠪᠠᠯ ᠂ ᠪᠠᠷᠠᠭᠤᠨ ᠭᠠᠷ ᠤᠨ ᠬᠡᠬᠦᠳ ᠰᠢᠪᠠᠭᠤᠴᠢᠨ ᠂ ᠤᠷᠠᠳ ᠲᠠᠩᠭᠤᠳ ᠬᠤᠶᠠᠷ ᠤᠳᠤᠭ ᠢ ᠪᠠᠶ᠋ᠢᠰᠢᠩᠬᠤᠷ ᠯᠠᠩ ᠲᠠᠶ᠋ᠢᠵᠢ ᠵᠠᠬᠢᠷᠴᠤ ᠂ ᠤᠳᠤᠭ ᠬᠤᠰᠢᠭᠤᠨ ᠤ ᠪᠤᠢ ᠪᠤᠯᠬᠤ ᠡᠬᠢ ᠡᠬᠦᠰᠪᠦᠷᠢ ᠶ᠋ᠢ ᠲᠡᠯᠪᠢᠵᠦ ᠂ ᠪᠠᠶ᠋ᠢᠰᠢᠩᠬᠤᠷ ᠯᠠᠩ ᠲᠠᠶ᠋ᠢᠵᠢ ᠶ᠋ᠢᠨ ᠬᠦᠪᠡᠬᠦᠨ ᠵᠤᠷᠢᠭᠳᠤ ᠨᠤᠶᠠᠨ ᠂ ᠲᠡᠬᠦᠨ ᠤ ᠬᠦᠪᠡᠬᠦᠨ ᠬᠠᠳᠠ ᠮᠡᠷᠬᠡᠨ ᠬᠤᠰᠢᠭᠤᠴᠢ ᠂ ᠲᠡᠬᠦᠨ ᠤ ᠬᠦᠪᠡᠬᠦᠨ ᠲᠠᠷᠪᠠ ᠂ ᠲᠠᠷᠪᠡ ᠶ᠋ᠢᠨ ᠬᠦᠪᠡᠬᠦᠨ ᠱᠠᠨᠳᠠ ᠬᠤᠶᠠᠷ ᠤᠳᠤᠭ ᠢ ᠮᠠᠳᠠᠵᠤ ᠶᠠᠪᠤᠵᠠᠢ ᠃ 1604 ᠤᠨ ᠳ᠋ᠤ ᠂ ᠴᠠᠬᠠᠷ ᠤᠨ ᠯᠢᠭᠳᠡᠨ ᠬᠤᠳᠤᠭᠳᠤ ᠬᠠᠭᠠᠨ ᠤᠮᠠᠷᠠᠳᠤ ᠶᠤᠸᠠᠨ ᠤᠯᠤᠰ ᠤᠨ ᠬᠠᠭᠠᠨ ᠰᠠᠭᠤᠷᠢᠨ ᠢ ᠵᠠᠯᠭᠠᠮᠵᠢᠯᠠᠵᠠᠢ ᠃ ᠯᠢᠭᠳᠡᠨ ᠬᠤᠳᠤᠭᠳᠤ ᠬᠠᠭᠠᠨ ᠤᠷᠳᠤᠰ ᠢᠶᠠᠷ ᠲᠠᠭᠠᠷᠢᠨ ᠪᠠᠷᠠᠭᠤᠨᠰᠢ ᠴᠡᠷᠢᠭᠯᠡᠨ ᠶᠠᠪᠤᠬᠤ ᠳᠠᠭᠠᠨ ᠤᠷᠳᠤᠰ ᠤᠨ ᠡᠷᠢᠨᠴᠢᠨ ᠵᠢᠨᠤᠩ ᠤᠨ ᠵᠢᠨᠤᠩ ᠴᠤᠯᠠ ᠶ᠋ᠢ ᠲᠠᠳᠠᠵᠤ ᠲᠠᠭᠠᠭᠤᠯᠤᠨ ᠶᠠᠪᠤᠪᠠ ᠃ 1632 ᠤᠨ ᠳ᠋ᠤ ᠂ ᠯᠢᠭᠳᠡᠨ ᠬᠤᠳᠤᠭᠳᠤ ᠬᠠᠭᠠᠨ ᠵᠦᠷᠴᠢᠨ ᠤ ᠬᠤᠩ ᠲᠠᠶ᠋ᠢᠵᠢ ᠳ᠋ᠤ ᠢᠯᠠᠭᠳᠠᠭᠠᠳ ᠬᠦᠬᠡᠨᠡᠭᠤᠷ ᠵᠦᠭ ᠤᠬᠤᠷᠢᠨ ᠶᠠᠪᠤᠭᠠᠳ ᠂ 1634 ᠤᠨ ᠳ᠋ᠤ ᠬᠦᠬᠡᠨᠡᠭᠤᠷ ᠤᠨ ᠰᠢᠷ᠎ᠠ ᠲᠠᠯ᠎ᠠ ᠬᠡᠮᠡᠬᠦ ᠭᠠᠵᠠᠷ ᠡᠪᠡᠳᠴᠢᠨ ᠢᠶᠠᠷ ᠨᠠᠰᠤ ᠨᠦᠭᠴᠢᠭᠰᠡᠨ ᠳ᠋ᠤ ᠤᠷᠳᠤᠰ ᠤᠨ ᠡᠷᠢᠨᠴᠢᠨ ᠲᠡᠬᠢᠨ ᠪᠤᠴᠠᠵᠤ ᠢᠷᠠᠬᠡᠳ 1635 ᠤᠨ ᠳ᠋ᠤ ᠮᠠᠨᠵᠤ ᠶ᠋ᠢ ᠲᠠᠭᠠᠭᠰᠠᠨ ᠳ᠋ᠤ ᠮᠠᠨᠵᠤ ᠴᠢᠩ ᠤᠨ ᠲᠠᠶ᠋ᠢᠯᠠᠨ ᠲᠠᠭᠠᠭᠤᠯᠬᠤ ᠲᠦᠷᠦ ᠶ᠋ᠢᠨ ᠪᠤᠳᠤᠯᠭ᠎ᠠ ᠶ᠋ᠢ ᠡᠰᠡᠷᠬᠦᠴᠡᠬᠦ ᠪᠠᠷ ᠭᠤᠤᠯ ᠵᠤᠷᠢᠯᠳᠠ ᠪᠠᠨ ᠪᠤᠯᠭᠠᠭᠰᠠᠨ ᠶᠡᠬᠡ ᠵᠠᠮᠰᠤ ᠂ ᠲᠤᠷᠵᠢ ᠨᠠᠷ ᠤᠨ ᠤᠳᠤᠷᠢᠳᠤᠭᠰᠠᠨ ᠪᠤᠰᠤᠯᠭ᠎ᠠ ᠭᠠᠷᠴᠠᠢ ᠃ ᠬᠡᠪᠡᠴᠦ ᠡᠷᠢᠨᠴᠢᠨ ᠵᠢᠨᠤᠩ ᠲᠡᠷᠢᠬᠦᠳᠡᠢ ᠤᠷᠳᠤᠰ ᠤᠨ ᠨᠤᠶᠠᠳ ᠲᠦᠰᠢᠮᠡᠳ ᠭᠤᠶ᠋ᠢᠪᠠᠯᠵᠠᠨ ᠲᠠᠳᠠᠭᠠᠯᠵᠠᠵᠤ ᠂ ᠮᠠᠨᠵᠤ ᠴᠢᠩ ᠤᠨ ᠲᠠᠯ᠎ᠠ ᠳ᠋ᠤ ᠵᠤᠭᠰᠤᠨ ᠂ ᠮᠠᠨᠵᠤ ᠶ᠋ᠢᠨ ᠴᠡᠷᠢᠭ ᠢ ᠬᠠᠪᠰᠤᠷᠴᠤ ᠪᠤᠰᠤᠯᠭ᠎ᠠ ᠶ᠋ᠢ ᠲᠠᠷᠤᠩᠭᠤᠶ᠋ᠢᠯᠠᠬᠤ ᠳ᠋ᠤ ᠤᠷᠤᠯᠴᠠᠭᠠᠳ ᠭᠠᠪᠢᠶ᠎ᠠ ᠪᠠᠶ᠋ᠢᠭᠤᠯᠤᠭᠰᠠᠨ ᠡᠴᠠ ᠮᠠᠨᠵᠤ ᠶ᠋ᠢᠨ ᠬᠠᠭᠠᠨ ᠡᠷᠢᠨᠴᠢᠨ ᠤ ᠵᠢᠨᠤᠩ ᠤᠨ ᠴᠤᠯᠠ ᠶ᠋ᠢ ᠲᠠᠬᠢᠨ ᠰᠡᠷᠬᠦᠬᠡᠵᠦ ᠦᠭᠪᠡ ᠃ ᠪᠤᠰᠤᠳ ᠭᠠᠪᠢᠶ᠎ᠠ ᠵᠢᠳᠬᠦᠯ ᠲᠠᠢ ᠨᠤᠶᠠᠳ ᠲᠦᠰᠢᠮᠠᠳ ᠨᠢ ᠸᠠᠩ ᠂ ᠬᠦᠩ ᠂ ᠪᠠᠶ᠋ᠢᠯᠠ ᠂ ᠪᠠᠶ᠋ᠢᠰᠠ ᠶ᠋ᠢᠨ ᠵᠡᠷᠬᠡ ᠬᠡᠷᠬᠡᠮ ᠢ ᠬᠦᠷᠳᠡᠵᠦ ᠭᠠᠪᠢᠶ᠎ᠠ ᠵᠢᠳᠬᠦᠯ ᠢᠶᠡᠨ ᠲᠡᠮᠳᠡᠭᠯᠡᠬᠦᠯᠦᠭᠰᠡᠨ ᠡᠴᠠ ᠤᠷᠳᠤᠰ ᠲᠦᠮᠡᠨ ᠪᠦᠷᠢᠮᠦᠰᠦᠨ ᠴᠢᠩ ᠤᠯᠤᠰ ᠤᠨ ᠵᠠᠰᠠᠭ ᠲᠤ ᠬᠠᠷᠢᠶᠠᠯᠠᠭᠳᠠᠨ ᠲᠠᠭᠠᠭᠰᠠᠨ ᠪᠠᠶ᠋ᠢᠨ᠎ᠠ ᠃ ᠮᠠᠨᠵᠤ ᠴᠢᠩ ᠤᠨ ᠡᠶᠡᠪᠡᠷ ᠵᠠᠰᠠᠭᠴᠢ ᠶ᠋ᠢᠨ ᠵᠢᠷᠭᠤᠳᠤᠭᠠᠷ ᠤᠨ ︵ 1649 ᠤᠨ ︶ ᠳ᠋ᠤ ᠴᠢᠩ ᠤᠯᠤᠰ ᠤᠨ ᠲᠦᠷᠦ ᠶ᠋ᠢᠨ ᠲᠦᠰᠢᠮᠠᠳ ᠲᠠᠯᠠᠳ ᠤᠨ ᠬᠠᠳᠤᠨ ᠭᠤᠤᠯ ᠤᠨ ᠡᠮᠤᠨ᠎ᠡ ᠡᠷᠬᠢ ᠶ᠋ᠢᠨ ᠶᠡᠬᠡ ᠵᠤᠤ ︵ ᠭᠤᠤᠯ ᠤᠨ ᠵᠤᠤ ︶ ᠳ᠋ᠤ ᠴᠢᠭᠤᠯᠭᠠᠨ ᠴᠢᠭᠤᠯᠵᠤ ᠤᠷᠳᠤᠰ ᠢ ᠨᠢᠬᠡ ᠴᠢᠭᠤᠯᠭᠠᠨ ᠵᠢᠷᠭᠤᠭᠠᠨ ᠬᠤᠰᠢᠭᠤ ᠪᠤᠯᠭᠠᠵᠠᠢ ᠃ ᠠᠩᠬ᠎ᠠ ᠪᠠᠶ᠋ᠢᠭᠤᠯᠤᠭᠰᠠᠨ ᠵᠢᠷᠭᠤᠭᠠᠨ ᠬᠤᠰᠢᠭᠤ ᠪᠤᠯ ᠤᠷᠳᠤᠰ ᠪᠠᠷᠠᠭᠤᠨ ᠭᠠᠷ ᠤᠨ ᠬᠤᠶ᠋ᠢᠳᠤ ᠬᠤᠰᠢᠭᠤ ︵ ᠬᠠᠩᠬᠢᠨ ︶ ᠂ ᠤᠷᠳᠤᠰ ᠪᠠᠷᠠᠭᠤᠨ ᠭᠠᠷ ᠤᠨ ᠲᠤᠮᠳᠠᠳᠤ ᠬᠤᠰᠢᠭᠤ ︵ ᠤᠳᠤᠭ ︶ ᠂ ᠤᠷᠳᠤᠰ ᠪᠠᠷᠠᠭᠤᠨ ᠭᠠᠷ ᠤᠨ ᠡᠮᠤᠨᠡᠳᠦ ᠬᠤᠰᠢᠭᠤ ︵ ᠦᠤᠰᠢᠨ ︶ ᠂ ᠤᠷᠳᠤᠰ ᠵᠠᠬᠦᠨ ᠭᠠᠷ ᠤᠨ ᠬᠤᠶ᠋ᠢᠳᠤ ᠬᠤᠰᠢᠭᠤ ︵ ᠲᠠᠯᠠᠳ ︶ ᠂ ᠤᠷᠳᠤᠰ ᠵᠡᠬᠦᠨ ᠭᠠᠷ ᠤᠨ ᠲᠤᠮᠳᠠᠳᠤ ᠬᠤᠰᠢᠭᠤ ︵ ᠵᠢᠶᠦ᠋ᠨ ᠸᠠᠩ ︶ ᠂ ᠤᠷᠳᠤᠰ ᠵᠡᠬᠦᠨ ᠭᠠᠷ ᠤᠨ ᠡᠮᠤᠨᠡᠳᠦ ᠬᠤᠰᠢᠭᠤ ︵ ᠵᠡᠬᠦᠩᠠᠷ ︶ ᠪᠤᠯᠤᠨ᠎ᠠ ᠃ ᠤᠷᠳᠤᠰ ᠪᠠᠷᠠᠭᠤᠨ ᠭᠠᠷ ᠤᠨ ᠲᠤᠮᠳᠠᠳᠤ ᠬᠤᠰᠢᠭᠤ ᠪᠤᠯ ᠤᠳᠤ ᠶ᠋ᠢᠨ ᠤᠳᠤᠭ ᠬᠤᠰᠢᠭᠤ ᠪᠤᠯᠤᠨ᠎ᠠ ᠃ ᠤᠳᠤᠭ ᠬᠤᠰᠢᠭᠤ ᠨᠢ ᠲᠤᠤᠷ᠎ᠠ ᠪᠠᠨ ᠠᠷᠪᠠᠨ ᠲᠠᠪᠤᠨ ᠬᠠᠷᠢᠶ᠎ᠠ ᠂ ᠨᠠᠶᠠᠨ ᠭᠤᠷᠪᠠᠨ ᠰᠤᠮᠤ ᠪᠠᠶ᠋ᠢᠭᠤᠯᠵᠠᠢ ᠃ ᠠᠷᠪᠠᠨ ᠲᠠᠪᠤᠨ ᠬᠠᠷᠢᠶ᠎ᠠ ᠨᠢ ᠶᠡᠬᠡ ᠬᠠᠷᠢᠶ᠎ᠠ ᠂ ᠬᠤᠶᠠᠳᠤᠭᠠᠷ ᠬᠠᠷᠢᠶ᠎ᠠ ᠂ ᠲᠤᠯᠤᠨ ᠰᠤᠮᠤ ᠬᠠᠷᠢᠶ᠎ᠠ ᠂ ᠪᠠᠭ᠎ᠠ ᠬᠤᠰᠢᠭᠤ ᠭᠤᠷᠪᠠᠨ ᠬᠠᠷᠢᠶ᠎ᠠ ᠂ ᠤᠷᠠᠳ ᠬᠠᠷᠢᠶ᠎ᠠ ᠂ ᠬᠠᠷᠬᠠᠳᠠᠨ ᠬᠤᠶᠠᠷ ᠬᠠᠷᠢᠶ᠎ᠠ ᠂ ᠬᠦᠬᠡ ᠰᠢᠪᠠᠭᠤᠴᠢᠨ ᠬᠠᠷᠢᠶ᠎ᠠ ᠂ ᠬᠠᠳᠠᠬᠢᠨ ᠬᠠᠷᠢᠶ᠎ᠠ ᠂ ᠬᠠᠷᠢᠶᠠᠨ ᠵᠠᠯᠠᠨ ᠤ ᠨᠠᠷ᠎ᠠ ᠪᠠᠷ ᠲᠠᠭᠤᠳᠠᠳᠠᠭ ᠬᠤᠶᠠᠷ ᠬᠠᠷᠢᠶ᠎ᠠ ᠪᠠᠶ᠋ᠢᠵᠠᠢ ᠃ ᠴᠢᠡᠭ ᠤᠯᠤᠰ ᠤᠨ ᠡᠶᠡᠪᠡᠷ ᠵᠠᠰᠠᠭᠴᠢ ᠬᠠᠭᠠᠨ ᠡᠴᠠ 1650 ᠤᠨ ᠳ᠋ᠤ ᠪᠠᠶ᠋ᠢᠰᠢᠩᠬᠤᠷ ᠯᠡᠩ ᠨᠤᠶᠠᠨ ᠤ ᠬᠤᠶ᠋ᠢᠴᠢᠰ ᠪᠤᠯᠬᠤ ᠱᠠᠨᠳᠠ ᠳ᠋ᠤ ᠦᠶ᠎ᠡ ᠤᠯᠠᠷᠢᠨ ᠵᠠᠯᠭᠠᠮᠵᠢᠯᠠᠬᠤ ᠲᠦᠷᠦ ᠶ᠋ᠢᠨ ᠪᠠᠶ᠋ᠢᠯᠨ ᠶ᠋ᠢᠨ ᠴᠤᠯᠨ ᠬᠡᠷᠬᠡᠮ ᠱᠠᠡᠭᠨᠠᠵᠤ ᠂ ᠱᠠᠨᠳᠠ ᠶ᠋ᠢ ᠤᠳᠤᠭ ᠬᠤᠰᠢᠭᠤᠨ ᠤ ᠵᠠᠰᠠᠭ ᠨᠤᠶᠠᠨ ᠢᠶᠠᠷ ᠡᠷᠭᠦᠮᠵᠢᠯᠡᠵᠡᠢ ᠃ ᠡ᠊ ‍ᠨᠳᠡ ᠤᠷᠳᠤᠰ ᠤᠨ ᠤᠭ ᠤᠨ ︽ ᠤᠳᠤᠭ ︾ ᠤᠨ ᠵᠤᠭᠢᠶᠠᠨ ᠪᠠᠶ᠋ᠢᠭᠤᠯᠤᠯᠳᠠ ︵ ᠲᠦᠮᠡᠨ ᠤ ᠲᠤᠳᠤᠷᠠᠭᠢ ᠮᠢᠡᠭᠭᠠᠨ ᠤ ᠴᠡᠷᠢᠭ ᠤᠨ ᠵᠤᠭᠢᠶᠠᠨ ᠪᠠᠶ᠋ᠢᠭᠤᠯᠤᠯᠳᠠ ︶ ᠪᠠᠶ᠋ᠢᠷᠢᠯᠠᠵᠤ ᠪᠠᠶ᠋ᠢᠭᠰᠠᠨ ᠢᠶᠠᠷ ︽ ᠤᠳᠤᠭ ᠬᠤᠰᠢᠭᠤ ︾ ᠭᠡᠮᠡᠨ ᠲᠠᠭᠤᠳᠠᠬᠤ ᠪᠤᠯᠵᠠᠢ ᠃ ᠡᠩᠬᠡ ᠠᠮᠤᠭᠤᠯᠠᠡᠭ ᠤᠨ ᠬᠤᠷᠢᠨ ᠨᠢᠬᠡᠳᠦᠬᠡᠷ ᠤᠨ ︵ 1682 ᠤᠨ ︶ ᠳ᠋ᠤ ᠴᠢᠡᠭ ᠤᠯᠤᠰ ᠤᠨ ᠵᠠᠰᠠᠭ ᠤᠨ ᠭᠠᠵᠠᠷ ᠡᠴᠠ ᠤᠳᠤᠭ ᠬᠤᠰᠢᠭᠤᠨ ᠤ ᠵᠠᠰᠠᠭ ᠲᠦᠷᠦ ᠶ᠋ᠢᠨ ᠪᠠᠶ᠋ᠢᠯᠨ ᠰᠤᠡᠭᠷᠤᠪ ᠲᠤ ︽ ᠤᠷᠳᠤᠰ ᠤᠨ ᠪᠠᠷᠠᠭᠤᠨ ᠭᠠᠷ ᠤᠨ ᠲᠤᠮᠳᠠᠳᠤ ᠬᠤᠰᠢᠭᠤ ᠶ᠋ᠢ ᠵᠠᠭᠢᠷᠬᠤ ᠲᠠᠮᠠᠭ᠎ᠠ ︾ ᠭᠡᠰᠡᠨ ᠮᠤᠡᠭᠭᠤᠯ ᠮᠠᠨᠵᠤ ᠦᠰᠦᠭ ᠲᠠᠢ ᠲᠠᠪᠢᠨ ᠬᠤᠶᠠᠷ ᠯᠠᠡᠭ ᠭᠦᠨᠳᠦ ᠪᠠᠷᠰ ᠤᠨ ᠰᠠᠭᠤᠳᠠᠯᠳᠤ ᠮᠦᠡᠭᠭᠦᠨ ᠲᠠᠮᠠᠭ᠎ᠠ ᠭᠠᠷᠳᠠᠭᠤᠯᠵᠠᠢ ᠃ ︵ ᠴᠢ᠊ · ᠲᠠᠯᠠᠢ ︶

2        0       

                             13847524386      211429899@qq.com      13847524386   QQ  211429899 蒙ICP备17002503号-1