ᠲᠤᠭᠤᠵᠢ
ᠷᠤᠮᠠᠨ
ᠬᠦᠮᠦᠨ ᠮᠦᠩᠬᠡᠷᠡᠨ᠎ᠡ
ᠮᠢᠬᠠᠨ ᠪᠡᠶ᠎ᠡ ᠴᠣᠭᠴᠠᠰ ᠵᠠᠭᠤᠷ᠎ᠠ᠎ᠶᠢᠨ ᠬᠢ
ᠰᠥᠨᠡᠰᠦ ᠮᠦᠩᠬᠡ᠎ᠶᠢᠨ ᠬᠢ
ᠲᠡᠷᠡ ᠯᠠ ᠤᠶᠤᠨ ᠰᠦᠨᠡᠰᠦ ᠳᠠᠯᠳᠠ᠎ᠶᠢᠨ ᠨᠢᠭᠡᠨ ᠬᠦᠴᠦᠷᠬᠡᠭ ᠶᠡᠬᠡ ᠬᠦᠴᠦᠨᠳᠦ᠍ ᠵᠠᠬᠢᠷᠤᠭᠳᠠᠳᠠᠭ?
ᠡᠯᠴᠢᠨ | ᠲᠠᠯᠳᠠ ᠣᠷᠤᠰᠢᠬᠤᠢ᠎ᠡᠴᠡ ᠰᠠᠯᠬᠢ ᠬᠣᠪᠢᠯ᠎ᠤᠨ ᠨᠤᠲᠤᠭ ᠪᠣᠴᠠᠵᠤ ᠦᠩᠭᠡᠷᠡᠭᠰᠡᠨ ᠴᠠᠭ᠎ᠤ᠋ᠨ ᠤᠯᠠᠭᠠᠨ ᠲᠣᠭᠤᠰᠤ ᠵᠢ ᠠᠯᠠᠭᠠᠨ ᠳᠡᠭᠡᠷ᠎ᠡ᠎ᠪᠠᠨ ᠢᠮᠡᠷᠡᠨ ᠭᠡᠷᠡᠯ᠎ᠤ᠋ᠨ ᠬᠠᠭᠤᠳᠠᠰᠤᠨᠳᠦ᠍ ᠮᠡᠳᠡᠭᠡᠯᠡᠭᠰᠡᠨᠢ ᠦᠭᠦᠯᠡᠵᠡᠢ᠃
568
2024-03-18 21:05
发表于:内蒙古
ᠡᠯᠴᠢᠨ (ᠷᠤᠮᠠᠨ)
ᠤ ᠰᠡᠴᠡᠨᠲᠦ
ᠣᠷᠤᠰᠢᠬᠤᠢ ᠶᠢᠨ ᠨᠥᠭᠦᠭᠡ ᠬᠡᠯᠪᠡᠷᠢ᠎ᠡᠴᠡ ᠬᠣᠷᠢᠨ ᠵᠢᠯ᠎ᠤ᠋ᠨ ᠡᠮᠦᠨ᠎ᠡ ᠨᠤᠲᠤᠭ᠎ᠤ᠋ᠨ ᠪᠠᠷ᠎ᠠ ᠬᠠᠷᠠᠭᠰᠠᠨ ᠳᠠᠯᠳᠠ ᠶᠢᠷᠲᠢᠨᠴᠦ᠎ᠶᠢᠨ ᠡᠯᠴᠢᠨ ᠰᠠᠨᠠᠭᠠᠨ ᠲᠠᠪᠠ᠎ᠪᠠᠷ᠎ᠢᠶᠡᠨ ᠵᠣᠷᠴᠢᠶᠠ ᠬᠡᠮᠡᠨ ᠰᠠᠯᠬᠢ ᠬᠣᠪᠢᠯᠤᠵᠠᠢ᠃
ᠬᠠᠪᠤᠷ᠎ᠤ᠋ᠨ ᠣᠷᠢ ᠴᠠᠭ ᠪᠠᠢᠭᠰᠠᠨ ᠲᠤᠯᠠ ᠲᠡᠷᠡᠪᠡᠷ ᠬᠠᠳᠠᠨᠤ᠋ ᠡᠩᠭᠡᠷᠢᠶ᠋ᠡᠷ ᠲᠤᠬᠠᠯᠠᠨ ᠰᠡᠩᠭᠢᠨᠡᠵᠦ ᠨᠤᠲᠤᠭ᠎ᠤ᠋ᠨ ᠦᠵᠡᠮᠵᠢᠳᠦ ᠰᠤᠭᠲᠤᠭᠤᠷᠠᠨ ᠬᠠᠭᠳᠠ ᠨᠣᠭᠤᠭ᠎ᠠ ᠢᠯᠪᠢᠨ ᠬᠥᠬᠡ ᠣᠭᠲᠠᠷᠭᠤᠢ᠎ᠪᠠᠷ ᠴᠢᠯᠦᠭᠡᠲᠡᠢ ᠵᠣᠷᠴᠢᠭᠰᠠᠭᠠᠷ ᠭᠡᠨᠡᠳᠲᠡ ᠦᠯᠢᠶᠡᠬᠦ ᠬᠣᠢ ᠰᠠᠯᠬᠢᠨᠳᠦ᠍ ᠲᠠᠭᠤᠭᠳᠠᠨ ᠭᠣᠩᠰᠤᠢᠵᠤ᠁ ᠬᠠᠰᠢᠷ ᠰᠠᠭᠤᠵᠤ ᠲᠣᠬᠢ ᠪᠣᠯᠤᠭᠠᠳ ᠪᠣᠴᠠᠨ ᠢᠷᠡᠬᠦ ᠵᠠᠮᠢᠶ᠋ᠡᠨ ᠡᠯᠭᠦᠨ ᠬᠣᠲᠠ ᠪᠠᠯᠭᠠᠰᠤᠤ᠋ᠳᠢ᠋ ᠲᠤᠭᠤᠯᠤᠨ ᠠᠭᠤᠯᠠ ᠤᠰᠤ ᠵᠢ ᠳᠠᠪᠠᠨ ᠲᠦᠮᠡᠨ ᠪᠡᠷᠬᠡ ᠮᠢᠩᠭᠠᠨ ᠰᠠᠭᠠᠳ᠎ᠢ ᠲᠤᠭᠤᠯᠤᠭᠰᠠᠭᠠᠷ ᠨᠥᠮᠦᠷᠢ ᠳᠠᠯᠳᠠᠯᠠᠨ ᠰᠡᠩᠭᠢᠨᠡᠭᠰᠡᠭᠡᠷ ᠳᠠᠬᠢᠨ ᠨᠤᠲᠤᠭ᠎ᠤ᠋ᠨ ᠪᠠᠷ᠎ᠠ ᠬᠠᠷᠠᠲᠠᠯ᠎ᠠ ᠪᠦᠬᠦᠯᠢ ᠬᠣᠷᠢᠨ ᠵᠢᠯ᠎ᠤ᠋ᠨ ᠴᠠᠭ ᠬᠡᠷᠡᠭᠰᠡᠵᠡᠢ᠃
ᠲᠡᠷᠡ ᠡᠨᠡ ᠤᠳᠠᠭ᠎ᠠ ᠲᠣᠢᠯᠤ᠋ᠨ ᠬᠢᠴᠢᠶᠡᠮᠵᠢᠲᠡᠢ᠎ᠪᠠᠷ ᠲᠡᠭᠷᠢ᠎ᠶᠢᠨ ᠥᠩᠭᠡ᠎ᠶ᠋ᠢ ᠪᠠᠷᠠᠯᠠᠨ᠂ ᠠᠯᠤᠰ᠎ᠤ᠋ᠨ ᠵᠡᠷᠭᠡᠯᠭᠡ᠎ᠶ᠋ᠢ ᠰᠣᠨᠢᠷᠬᠠᠨ᠂ ᠲᠤᠩᠭᠠᠯᠠᠭ ᠲᠣᠭᠲᠠᠭᠤᠨ ᠬᠠᠪᠤᠷ᠎ᠤ᠋ᠨ ᠡᠳᠦᠷ ᠪᠤᠯᠤᠭᠰᠠᠨ ᠴᠦ᠍ ᠮᠦᠨ ᠯᠠ ᠱᠣᠷᠤᠩ᠎ᠤ᠋ᠨ ᠠᠭᠤᠯᠠ᠎ᠶᠢᠨ ᠡᠩᠭᠡᠷᠢᠶ᠋ᠡᠷ ᠰᠡᠩᠭᠢᠨᠡᠵᠦ ᠶᠠᠪᠤᠭᠰᠠᠭᠠᠷ ᠭᠠᠢᠬᠠᠰᠢ ᠠᠯᠳᠠᠵᠤ᠂ ᠠᠶᠤᠵᠤ ᠰᠣᠴᠢᠵᠤ ᠵᠥᠭᠡᠷ ᠯᠠ ᠣᠷᠤᠨ᠎ᠳᠠᠭᠠᠨ ᠬᠤᠢᠯᠠᠷᠠᠬᠤᠳᠦ ᠪᠥᠭᠡᠮ ᠲᠣᠭᠤᠰᠤ ᠮᠠᠨᠠᠷᠠᠵᠠᠢ᠃ ᠲᠡᠭᠦᠨ᠎ᠤ ᠴᠠᠭᠠᠨᠠᠬᠠᠨ ᠬᠣᠨᠢᠴᠢᠨ ᠡᠪᠦᠭᠡᠨ ᠲᠦᠢ! ᠲᠦᠢ! ᠨᠢᠯᠪᠤᠯᠠᠨ《ᠴᠢᠳᠭᠦᠷ᠎ᠤ᠋ᠨ ᠰᠠᠯᠬᠢ》 ᠭᠡᠵᠦ ᠵᠥᠬᠡᠬᠦᠳᠦ ᠡᠯᠴᠢᠨ ᠭᠤᠸᠠᠢ ᠲᠣᠢᠯᠢᠶᠡᠷ ᠭᠣᠮᠤᠳᠠᠵᠠᠢ᠃
ᠴᠦᠬᠦᠷᠡᠩᠤ᠋ᠨ ᠨᠠᠮᠬᠠᠨ ᠣᠷᠤᠢ᠎ᠳᠦ ᠬᠡᠳᠦ ᠬᠡᠳᠦᠨ ᠠᠰᠠᠷ ᠲᠠᠭᠲᠤ ᠪᠣᠰᠴᠤ᠂ ᠡᠨᠳᠡ ᠲᠡᠨᠳᠡ ᠬᠦᠮᠦᠨ ᠬᠠᠷ᠎ᠠ ᠪᠣᠵᠢᠭᠢᠨᠠᠯᠳᠤᠨ ᠬᠠᠶᠠ ᠬᠠᠶᠠ ᠭᠠᠵᠠᠷ᠎ᠤ᠋ᠨ ᠭᠦᠨ᠎ᠡᠴᠡ ᠲᠡᠰᠡᠷᠡᠬᠦ ᠲᠠᠷᠢ᠎ᠶᠢᠨ ᠫᠥᠩ ᠪᠢᠲᠡᠭᠦᠤ ᠲᠠᠭᠤ ᠭᠠᠵᠠᠷ᠎ᠤ᠋ᠨ ᠬᠦᠷᠥᠰᠦᠶ᠋ᠢ ᠲᠣᠷᠭᠢᠯᠠᠭᠤᠯᠵᠤ ᠪᠠᠢᠯ᠎ᠠ᠃
(ᠦᠷᠭᠦᠯᠵᠢᠯᠡᠯ ᠪᠤᠢ)
3 3