ᠬᠤᠶᠠᠷ ᠮᠢᠨᠭᠭᠠ ᠪᠦᠭᠡᠳ ᠬᠤᠷᠢᠨ ᠲᠠᠪᠤᠨ ᠣᠨ ᠤ ᠠᠩᠬᠠᠨ ᠤ ᠴᠠᠰᠤ
ᠬᠠᠭᠤᠴᠢᠨ ᠵᠢᠯ ᠦᠨ ᠵᠦᠩ ᠦᠨ ᠳᠠᠭᠤᠨ ᠢ ᠴᠤᠤᠷᠢᠶᠠᠳᠤᠭᠤᠯᠤᠭᠰᠠᠨ
ᠬᠤᠶᠠᠷ ᠮᠢᠨᠭᠭᠠ ᠪᠦᠭᠡᠳ ᠬᠤᠷᠢᠨ ᠲᠠᠪᠤᠨ ᠤᠨ ᠤ ᠠᠩᠬᠠᠨ ᠤ ᠴᠠᠰᠤ
ᠠᠭᠠᠷ ᠲᠩᠷᠢ ᠡᠴᠡ ᠢᠷᠡᠭᠦᠯᠦᠭᠰᠡᠨ ᠴᠠᠭᠠᠨ ᠵᠠᠬᠢᠳᠠᠯ ᠤᠨ ᠴᠠᠭᠠᠰᠤ ᠰᠢᠭ
ᠠᠨᠢᠷ ᠴᠢᠮᠡᠭᠡ ᠦᠭᠡᠢᠬᠡᠨ ᠠᠯᠲᠠᠨ ᠲᠡᠯᠡᠬᠡᠢ ᠶᠢ ᠪᠦᠷᠬᠦᠵᠦ ᠯᠠᠪᠰᠠᠨᠠ᠃
149
2025-10-16 08:05
发表于:内蒙古
ᠬᠤᠶᠠᠷ ᠮᠢᠨᠭᠭᠠ ᠪᠦᠭᠡᠳ ᠬᠤᠷᠢᠨ
ᠲᠠᠪᠤᠨ ᠣᠨ ᠤ ᠠᠩᠬᠠᠨ ᠤ ᠴᠠᠰᠤ
ᠪ ᠂ ᠠᠯᠳᠠᠨᠪᠠᠭᠠᠨ᠎ᠠ
ᠬᠠᠭᠤᠴᠢᠨ ᠵᠢᠯ ᠦᠨ ᠵᠦᠩ ᠦᠨ ᠳᠠᠭᠤᠨ ᠢ ᠴᠤᠤᠷᠢᠶᠠᠳᠤᠭᠤᠯᠤᠭᠰᠠᠨ
ᠬᠤᠶᠠᠷ ᠮᠢᠨᠭᠭᠠ ᠪᠦᠭᠡᠳ ᠬᠤᠷᠢᠨ ᠲᠠᠪᠤᠨ ᠤᠨ ᠤ ᠠᠩᠬᠠᠨ ᠤ ᠴᠠᠰᠤ
ᠠᠭᠠᠷ ᠲᠩᠷᠢ ᠡᠴᠡ ᠢᠷᠡᠭᠦᠯᠦᠭᠰᠡᠨ ᠴᠠᠭᠠᠨ ᠵᠠᠬᠢᠳᠠᠯ ᠤᠨ ᠴᠠᠭᠠᠰᠤ ᠰᠢᠭ
ᠠᠨᠢᠷ ᠴᠢᠮᠡᠭᠡ ᠦᠭᠡᠢᠬᠡᠨ ᠠᠯᠲᠠᠨ ᠲᠡᠯᠡᠬᠡᠢ ᠶᠢ ᠪᠦᠷᠬᠦᠵᠦ ᠯᠠᠪᠰᠠᠨᠠ᠃
ᠡᠪᠦᠯ ᠦᠨ ᠨᠢᠭᠤᠴᠠ ᠦᠭᠡ ᠪᠢᠴᠢᠭᠯᠡᠨ ᠰᠢᠯᠦᠭᠯᠡᠬᠦ
ᠡᠶᠡᠪᠡᠷᠭᠦ ᠵᠦᠭᠡᠯᠡᠨ ᠬᠥᠩᠭᠡᠪᠲᠦᠷ ᠪᠠᠶᠢᠳᠠᠯ ᠢᠶᠠᠷ
ᠡᠴᠢᠨ᠎ᠡ ᠬᠣᠲᠠ ᠶᠢᠨ ᠬᠥᠮᠥᠰᠬᠡ ᠪᠡᠷ ᠥᠩᠭᠡᠷᠡᠨ
ᠡᠷᠲᠡᠨ ᠦ ᠭᠡᠷ ᠦᠨ ᠰᠠᠷᠠᠪᠴᠢᠨ ᠳᠤ ᠤᠨᠠᠨᠠᠮ ︕
ᠬᠦᠨᠭᠭᠡᠨ ᠬᠦᠨᠭᠭᠡᠨ ᠠᠶᠠᠷᠯᠠᠨ ᠪᠠᠭᠤᠬᠤ ᠯᠠᠪᠰᠠ ᠪᠦᠷᠢ ᠨᠢ
ᠬᠡᠳᠦᠷᠡᠨ ᠦᠨᠭᠭᠡᠷᠡᠬᠦ ᠴᠠᠭ ᠮᠦᠴᠡ ᠶᠢᠨ ᠲᠠᠮᠳᠤᠭ ᠪᠤᠯᠤᠨᠠᠮ
ᠲᠣᠭᠣᠰᠣᠲᠤ ᠶᠢᠷᠲᠢᠨᠴᠦ ᠶᠢᠨ ᠦᠢᠮᠡᠭᠡᠨ ᠢ ᠬᠥᠩᠭᠡᠬᠡᠨ ᠪᠤᠯᠭᠠᠨ
ᠲᠠᠯ᠎ᠠ ᠨᠤᠳᠤᠭ ᠠᠢᠯ ᠲᠤᠰᠬᠤᠨ ᠤ ᠨᠠᠮ ᠵᠢᠮ ᠵᠢᠷᠤᠭ ᠢ ᠲᠡᠯᠭᠡᠨᠠᠮ ᠃
ᠰᠥᠨᠢ ᠶᠢᠨ ᠣᠭᠲᠠᠷᠭᠤᠶ ᠳᠤ ᠤᠨᠠᠭᠰᠠᠨ ᠣᠳᠣᠨ ᠮᠡᠴᠢᠳ ᠰᠢᠭ
ᠰᠦᠮᠡᠯᠵᠡᠨ ᠠᠶᠠᠯᠠᠬᠤ ᠶᠠᠪᠠᠭᠠᠨ ᠬᠦᠮᠦᠨ ᠦ ᠮᠦᠷᠦᠨ ᠳᠦ ᠯᠠᠪᠰᠠᠨᠠ
ᠬᠦᠯᠦᠰᠦᠷᠡᠭᠰᠡᠨ ᠢᠷᠭᠡᠳ ᠢ ᠵᠥᠭᠡᠯᠡᠨ ᠢᠶᠡᠷ ᠰᠡᠷᠢᠭᠦᠴᠡᠬᠦᠯᠬᠦ ᠪᠡᠷ
ᠬᠤᠳᠠ ᠵᠡᠭᠡᠯᠢ ᠶᠢᠨ ᠳ᠋ᠧᠨᠭ ᠦᠨ ᠲᠤᠤᠷ᠎ᠠ ᠭᠡᠷᠡᠯ ᠰᠠᠴᠤᠷᠠᠨ ᠯᠠᠪᠰᠠᠨᠠ ᠃
ᠬᠡᠭᠡᠷ᠎ᠡ ᠲᠠᠯ᠎ᠠ ᠬᠤᠳᠠ ᠬᠦᠳᠡᠭᠡ ᠪᠡᠷ ᠴᠠᠰᠤᠨ ᠯᠠᠪᠰᠠ ᠪᠦᠷᠬᠦᠬᠦ ᠳᠦ
ᠬᠡᠦᠬᠡᠳ ᠦᠨ ᠢᠨᠢᠶᠡᠬᠦ ᠳᠠᠭᠤᠨ ᠴᠠᠰᠤᠨ ᠳᠤᠮᠳᠠ ᠲᠤᠭᠤᠯᠳᠠᠨ᠎ᠠ
ᠡᠯᠢᠭᠡ ᠵᠢᠷᠦᠬᠡ ᠶᠢ ᠲᠤᠭᠳᠤᠯᠤᠭᠤᠯᠬᠤ ᠪᠠᠶᠠᠷ ᠤᠨ ᠨᠣᠲ ᠰᠢᠭ᠋
ᠢᠷᠡᠵᠦ ᠮᠤᠷᠢᠯᠠᠬᠤᠢ ᠡᠪᠦᠯ ᠦᠨ ᠡᠳᠦᠷ ᠦᠨ ᠬᠥᠭᠵᠢᠮ ᠢ ᠴᠢᠪᠬᠠᠳᠠᠨ᠎ᠠ ᠃
ᠨᠣᠶᠢᠷᠮᠣᠭᠯᠠᠭᠰᠠᠨ ᠬᠦᠷᠦᠰᠦᠨ ᠳᠦ ᠬᠥᠪᠥᠩ ᠬᠥᠨᠵᠢᠯᠡ ᠬᠤᠴᠢᠵᠤ
ᠨᠦᠬᠡᠴᠡ ᠦᠷ᠎ᠡ ᠪᠣᠯᠭᠠᠨ ᠤ ᠬᠠᠳᠠᠭᠠᠯᠠᠮᠵᠢ ᠰᠡᠨᠭ ᠪᠤᠯᠵᠤ ᠯᠠᠪᠰᠠᠨᠠ
ᠨᠠᠯᠠᠭᠠᠷ ᠬᠠᠢᠯᠠᠰᠤᠨ ᠤ ᠬᠠᠪᠤᠷ ᠤᠨ ᠵᠡᠭᠦᠳᠦ ᠬᠦᠰᠡᠯ ᠢ ᠰᠤᠶᠤᠯᠠᠭᠤᠯᠵᠤ
ᠨᠢᠷᠠᠢ ᠪᠠᠯᠴᠢᠷ ᠨᠠᠮᠠᠭ᠎ᠠ ᠰᠠᠯᠠᠭᠠᠨ ᠳᠤ ᠨᠢ ᠭᠤᠶᠤᠯᠠᠯ ᠪᠤᠯᠵᠤ ᠯᠠᠪᠰᠠᠨᠠ ᠃
ᠬᠤᠪᠠᠬᠠᠶ ᠮᠣᠳᠣ ᠶᠢ ᠮᠥᠩᠭᠥᠨ ᠥᠩᠭᠡ ᠲᠡᠶ ᠰᠢᠯᠦᠭ ᠪᠤᠯᠭᠠᠵᠤ ᠯᠠᠪᠰᠠᠨᠠ
ᠬᠦᠢᠲᠡᠨ ᠰᠠᠯᠬᠢ ᠪᠠᠷ ᠠᠶᠢᠵᠠᠮ ᠴᠣᠬᠢᠯᠭ᠎ᠠ ᠲᠠᠶ ᠤᠩᠰᠢᠭᠤᠯᠵᠤ ᠯᠠᠪᠰᠠᠨᠠ
ᠬᠥᠮᠦᠰ ᠦᠨ ᠰᠡᠳᠭᠢᠯ ᠰᠠᠨᠠᠭᠠᠨ ᠤ ᠲᠩᠷᠢ ᠶᠢᠨ ᠨᠢᠯᠪᠤᠰᠤ ᠪᠤᠯᠵᠤ ᠯᠠᠪᠰᠠᠨᠠ
ᠬᠠᠬᠢᠷ ᠬᠦᠢᠲᠡᠨ ᠤᠯᠠᠷᠢᠯ ᠳᠤ ᠴᠠᠷᠴᠠᠵᠤ ᠬᠦᠯᠳᠡᠭᠡᠳ ᠴᠡᠴᠡᠭ ᠪᠣᠯᠵᠤ ᠯᠠᠪᠰᠠᠨᠠ ᠃
ᠦᠨᠭᠭᠡᠳᠦ ᠶᠢᠷᠳᠢᠨᠴᠦ ᠶᠢᠨ ᠡᠪᠦᠯ ᠦᠨ ᠡᠯᠴᠢ ᠪᠤᠯᠵᠤ ᠯᠠᠪᠰᠠᠨᠠ
ᠠᠯᠲᠠᠨ ᠲᠡᠯᠡᠬᠡᠢ ᠶᠢᠨ ᠠᠮᠤᠷ ᠠᠮᠤᠭᠤᠯᠡᠨᠭ ᠪᠤᠯᠵᠤ ᠯᠠᠪᠰᠠᠨᠠ
ᠠᠯᠤᠰ ᠤᠨ ᠬᠤᠯᠠ ᠠᠭᠤᠯᠠ ᠤᠰᠤ ᠶᠢ ᠭᠡᠳᠦᠯᠡᠨ ᠯᠠᠪᠰᠠᠨᠠ
ᠠᠷᠢᠭᠤᠨ ᠴᠡᠪᠡᠷ ᠪᠠ ᠬᠦᠰᠡᠯ ᠡᠷᠡᠮᠡᠯᠵᠡᠯᠡᠯ ᠪᠤᠯᠵᠤ ᠯᠠᠪᠰᠠᠨᠠ ᠃
ᠬᠤᠷᠸ᠎ᠠ ᠶᠢᠷᠳᠢᠨᠴᠦ ᠶᠢᠨ ᠦᠨᠭᠭᠡ ᠪᠤᠳᠤᠭ ᠢ ᠲᠤᠳᠤᠯᠠᠨ
ᠬᠠᠷ᠎ᠠ ᠴᠠᠭᠠᠨ ᠦᠨᠡᠨ ᠮᠦᠨ ᠢ ᠢᠯᠭᠠᠷᠠᠭᠤᠯᠵᠤ ᠯᠠᠪᠰᠠᠨᠠ
ᠰᠠᠨᠰᠠᠷ ᠲᠡᠯᠡᠬᠡᠢ ᠶᠢᠨ ᠰᠠᠢᠬᠠᠨ ᠮᠠᠭᠤᠬᠠᠢ ᠶᠢ ᠢᠯᠭᠠᠨ
ᠰᠡᠳᠭᠢᠯ ᠰᠠᠨᠠᠭ᠎ᠠ ᠶᠢ ᠴᠡᠪᠡᠷ ᠲᠤᠨᠭᠭᠠᠯᠠᠭ ᠪᠤᠯᠭᠠᠨ ᠯᠠᠪᠰᠠᠨᠠ ᠃
ᠬᠤᠶᠠᠷ ᠮᠢᠨᠭᠭᠠ ᠪᠦᠭᠡᠳ ᠬᠤᠷᠢᠨ ᠲᠠᠪᠤᠨ ᠤᠨ ᠤ
ᠬᠤᠷᠠᠵᠤ ᠯᠠᠪᠰᠠᠬᠤ ᠶᠢᠨ ᠠᠩᠬᠠᠨ ᠤ ᠴᠠᠰᠤ ᠡ
ᠴᠢ ᠵᠥᠪᠬᠡᠨ ᠡᠬᠡ ᠪᠠᠶᠢᠭᠠᠯᠢ ᠶᠢᠨ ᠪᠡᠯᠡᠭ ᠪᠢᠰᠢ
ᠨᠡᠩ ᠴᠤ ᠰᠡᠳᠬᠢᠯ ᠦᠨ ᠤᠬᠢᠶᠠᠯ ᠪᠤᠯᠬᠤ ᠨᠢ ᠡ ︕
ᠥᠷᠯᠥᠭᠡ ᠶᠢᠨ ᠲᠤᠶᠠᠭ᠎ᠠ ᠲᠣᠳᠣᠷᠠᠬᠤ ᠦᠶ᠎ᠡ ᠳᠦ
ᠠᠭᠠᠵᠢᠮ ᠢᠶᠠᠷ ᠴᠢ ᠳᠤᠯᠠᠭᠠᠴᠠ ᠳᠤ ᠠᠭᠤᠰᠤᠯ᠎ᠠ
ᠠᠶᠤᠰᠢ ᠦᠭᠡᠢ ᠠᠯᠤᠰ ᠤᠨ ᠪᠣᠳᠣᠯ ᠢᠶᠠᠨ ᠦᠯᠡᠳᠡᠭᠡᠯ᠎ᠡ
ᠢᠷᠡᠭᠡᠳᠦᠶ ᠶᠢᠨ ᠲᠤᠬᠠᠶ ᠬᠦᠰᠡᠯ ᠡᠷᠡᠮᠡᠯᠵᠡᠯ ︕
ᠴᠢ ᠪᠠᠰᠠ ᠢᠷᠡᠨ᠎ᠡ ᠭᠡᠳᠡᠭ ᠢ ᠪᠢ ᠮᠡᠳᠡᠨ᠎ᠡ
ᠶᠠᠮᠠᠷ ᠨᠢᠭᠡᠨ ᠰᠠᠨᠠᠭᠠᠨ ᠳᠤ ᠦᠭᠡᠢ ᠭᠱᠠᠨ ᠳᠤ
ᠳᠡᠯᠡᠬᠡᠶ ᠶᠢ ᠳᠠᠬᠢᠨᠲᠠ ᠴᠢᠮᠡᠭᠯᠡᠬᠦ ᠨᠢ ᠯᠠᠪᠳᠠᠢ
ᠵᠡᠭᠦᠳᠦ ᠵᠡᠷᠭᠡᠯᠭᠡᠨ ᠦ ᠬᠡᠦᠬᠡᠳ ᠦᠨ ᠦᠯᠢᠭᠡᠷ ︕
3
0