ᠨᠠᠰᠤᠨ ᠤ ᠨᠠᠮᠤᠷ
ᠨᠠᠷᠠᠨ ᠢᠶᠡᠷ ᠢᠯᠪᠢᠭᠦᠯᠦᠭᠰᠡᠨ ᠨᠠᠯᠠᠭᠠᠷ ᠨᠠᠮᠤᠷ ᠲᠦ ᠪᠡᠨ ᠨᠢᠮᠪᠡᠢᠯᠡᠵᠦ ᠲᠡᠮᠡᠴᠡᠭᠡᠳ ᠠᠮᠵᠢᠯᠲᠠ ᠭᠠᠷᠭᠠᠶ᠎ᠠ ︕ ᠨᠢᠷᠠᠢ ᠡᠴᠡ ᠪᠣᠢᠵᠢᠭᠰᠠᠨ ᠨᠠᠰᠤᠨ ᠤ ᠨᠠᠮᠤᠷ ᠲᠦ ᠪᠡᠨ ᠨᠠᠮ ᠤᠨ ᠢᠶᠡᠨ ᠦᠢᠯᠡᠰ ᠲᠦ ᠵᠢᠳᠬᠦᠯ ᠦᠵᠡᠭᠦᠯᠦᠶ᠎ᠡ︕
293
2025-08-16 13:06
发表于:内蒙古
ᠪ᠂ ᠠᠯᠲᠠᠨᠪᠠᠭᠠᠨ᠎ᠠ
ᠰᠡᠷᠴᠢᠭᠢᠨᠡᠨ ᠰᠡᠷᠢᠬᠢᠨᠡᠨ ᠬᠥᠳᠡᠯᠬᠦ ᠰᠠᠯᠬᠢ ᠨᠢ
ᠰᠡᠷᠢᠭᠦᠬᠡᠨ ᠨᠠᠮᠤᠷ ᠤᠨ ᠤᠭᠲᠤᠯᠭ᠎ᠠ ᠪᠠᠢᠨᠠᠮ
ᠪᠣᠭᠤᠷᠠᠯᠳᠤᠨ ᠪᠣᠭᠤᠷᠠᠯᠳᠤᠨ ᠴᠠᠢᠬᠤ ᠰᠠᠨᠴᠢᠭ ᠨᠢ
ᠪᠣᠳᠣᠯ ᠤᠨ ᠨᠠᠮᠤᠷ ᠤᠨ ᠪᠡᠯᠭᠡᠳᠡᠯ ᠪᠠᠢᠨᠠᠮ
ᠣᠷᠢ ᠵᠠᠯᠠᠭᠤ ᠨᠠᠰᠤ ᠶᠢ ᠬᠠᠪᠤᠷ ᠰᠢᠭ᠋ ᠭᠡᠬᠦᠯᠡᠷ
ᠢᠳᠡᠷ ᠬᠦᠳᠡᠷ ᠦᠶ᠎ᠡ ᠨᠢ ᠨᠠᠮᠤᠷ ᠰᠢᠭ᠋ ᠪᠠᠢᠨᠠᠮ
ᠨᠠᠷᠠᠯᠬᠠᠭ ᠭᠡᠷᠡᠯᠲᠦ ᠨᠠᠷᠮᠠᠢ ᠳᠡᠯᠡᠬᠡᠢ ᠳᠦ
ᠨᠠᠨᠳᠢᠩᠨᠠᠨ ᠡᠷᠬᠢᠮᠯᠡᠬᠦ ᠨᠠᠰᠤᠨ ᠤ ᠨᠠᠮᠤᠷ ᠡ︕
ᠱᠠᠷᠴᠢᠭᠢᠨᠠᠨ ᠪᠠᠭᠤᠬᠤ ᠨᠠᠪᠴᠢᠰ ᠨᠢ
ᠰᠠᠨᠰᠠᠷ ᠬᠣᠷᠸ᠎ᠠ ᠶᠢ ᠭᠣᠶᠣᠯᠠᠨ᠎ᠠ ᠳ᠋ᠠ
ᠰᠤᠨᠲᠠᠯ᠎ᠠ ᠵᠢᠳᠬᠦᠬᠦ ᠦᠢᠯᠡᠰ ᠨᠢ
ᠰᠡᠳᠬᠢᠯ ᠤᠨ ᠨᠠᠮᠤᠷ ᠢ ᠪᠠᠶᠠᠰᠬᠠᠨ᠎ᠠ ᠳ᠋ᠠ︕
ᠰᠢᠵᠢᠷ ᠲᠤᠶᠠᠭᠠᠲᠤ ᠠᠯᠲᠠᠨ ᠨᠠᠮᠤᠷ
ᠰᠡᠳᠬᠢᠯ ᠵᠢᠷᠦᠬᠡᠨ ᠤ ᠮᠢᠨᠢ ᠬᠦᠰᠡᠯᠲᠦ ᠨᠠᠮᠤᠷ
ᠡᠷᠭᠢᠵᠦ ᠪᠤᠴᠠᠰᠢ ᠦᠭᠡᠢ ᠡᠷᠬᠢᠮ ᠨᠠᠮᠤᠷ
ᠡᠨᠡ ᠨᠠᠰᠤᠨ ᠤ ᠮᠢᠨᠢ ᠬᠣᠪᠤᠷᠬᠠᠨ ᠨᠠᠮᠤᠷ ᠡ᠃
ᠪᠤᠯᠪᠠᠰᠤᠷᠠᠯ ᠰᠠᠶᠢᠲᠠᠢ ᠲᠠᠩᠰᠣᠭ ᠨᠠᠮᠤᠷ ᠡ
ᠪᠦᠲᠦᠮᠵᠢ ᠰᠠᠶᠢᠲᠠᠢ ᠪᠠᠶᠠᠨ ᠨᠠᠮᠤᠷ ᠡ
ᠪᠦᠮᠪᠦᠷᠴᠡᠭ ᠲᠡᠯᠡᠬᠡᠢ ᠴᠢᠮᠠᠢ ᠪᠠᠨ ᠬᠦᠷᠢᠶᠡᠯᠡᠨ᠎ᠡ
ᠪᠦᠭᠦᠳᠡ ᠤᠯᠠᠨ ᠴᠢᠮᠠᠢ ᠪᠠᠨ ᠪᠦᠪᠡᠶᠢᠯᠡᠨᠡ᠃
ᠨᠠᠷᠠᠨ ᠢᠶᠡᠷ ᠢᠯᠪᠢᠭᠦᠯᠦᠭᠰᠡᠨ ᠨᠠᠯᠠᠭᠠᠷ ᠨᠠᠮᠤᠷ ᠲᠦ ᠪᠡᠨ
ᠨᠢᠮᠪᠡᠢᠯᠡᠵᠦ ᠲᠡᠮᠡᠴᠡᠭᠡᠳ ᠠᠮᠵᠢᠯᠲᠠ ᠭᠠᠷᠭᠠᠶ᠎ᠠ ︕
ᠨᠢᠷᠠᠢ ᠡᠴᠡ ᠪᠣᠢᠵᠢᠭᠰᠠᠨ ᠨᠠᠰᠤᠨ ᠤ ᠨᠠᠮᠤᠷ ᠲᠦ ᠪᠡᠨ
ᠨᠠᠮ ᠤᠨ ᠢᠶᠡᠨ ᠦᠢᠯᠡᠰ ᠲᠦ ᠵᠢᠳᠬᠦᠯ ᠦᠵᠡᠭᠦᠯᠦᠶ᠎ᠡ︕
6
0