ᠠᠷᠪᠠᠠᠭᠡᠷ ᠭᠣᠤᠯ ᠰᠣᠷᠭᠠᠭᠣᠯᠢ ᠶᠢᠨ ᠬᠢᠨᠢ ᠰᠠᠷ᠎ᠠ ᠶᠢᠨ ᠠᠵᠢᠯᠯᠠᠭ᠎ᠠ ᠦᠷᠨᠢᠭᠦᠯᠪᠡ
ᠠᠷᠪᠠᠠᠭᠡᠷ ᠭᠣᠤᠯ ᠰᠣᠷᠭᠠᠭᠣᠯᠢ ᠶᠢᠨ ᠬᠢᠨᠢ ᠰᠠᠷ᠎ᠠ ᠶᠢᠨ ᠠᠵᠢᠯᠯᠠᠭ᠎ᠠ ᠦᠷᠨᠢᠭᠦᠯᠪᠡ
308
2025-07-28 16:59
发表于:内蒙古
ᠪ᠂ ᠠᠯᠲᠠᠨᠪᠠᠭᠠᠨ᠎ᠠ
ᠵᠠᠯᠠᠶᠢᠳ ᠬᠣᠰᠢᠭᠣᠨ ᠤ ᠠᠷᠪᠠᠠᠭᠡᠷ ᠭᠣᠤᠯ ᠰᠤᠷᠭᠠᠭᠤᠯᠢ ᠰᠢᠨ᠎ᠡ ᠴᠠᠭ ᠡᠷᠡᠨ ᠦ ᠬᠡᠤᠬᠡᠳ ᠪᠠᠭᠠᠴᠣᠳ ᠤᠨ ᠡᠷᠡᠭᠦᠯ ᠴᠢᠬᠢᠷᠠᠭ ᠦᠰᠦᠯᠲᠡ ᠪᠤᠶᠢᠵᠢᠯᠲᠠ ᠳᠤ ᠵᠤᠬᠢᠴᠠᠭᠤᠯᠤᠨ᠂ ᠰᠤᠷᠣᠭᠴᠢᠳ ᠢᠶᠠᠨ ᠰᠠᠶᠢᠨ ᠰᠠᠶᠢᠬᠠᠨ ᠵᠠᠩ ᠲᠠᠳᠬᠠᠯ᠂ ᠪᠣᠯᠪᠠᠰᠣᠨ ᠮᠣᠷᠠᠯ ᠲᠠᠢ ᠪᠣᠯᠭᠠᠨ ᠬᠦᠮᠦᠵᠢᠭᠦᠯᠬᠦ ᠪᠡᠷ ᠲᠠᠪᠣᠳᠤᠭᠠᠷ ᠰᠠᠷ᠎ᠠ ᠶᠢ ᠰᠤᠷᠣᠭᠴᠢᠳ ᠤᠨ ᠮᠤᠷᠠᠯ ᠰᠤᠷᠲᠠᠯ ᠤᠨ ᠬᠦᠮᠦᠵᠢᠯ ᠦᠨ ᠰᠠᠷ᠎ᠠ ᠪᠠᠷ ᠲᠣᠭᠲᠠᠭᠠᠵᠤ᠂᠂ ᠠᠵᠢᠯᠯᠠᠭ᠎ᠠ ᠪᠠᠨ ᠡᠮᠬᠢ ᠲᠠᠷᠠᠭ᠎ᠠ ᠲᠠᠢ ᠶᠠᠪᠣᠭᠳᠠᠭᠤᠯᠵᠤ ᠪᠠᠶᠢᠨ᠎ᠠ᠃
ᠲᠣᠰ ᠰᠤᠷᠭᠠᠭᠤᠯᠢ ᠨᠢᠭᠡ ᠰᠠᠷ᠎ᠠ ᠶᠢᠨ ᠬᠤᠭᠣᠴᠠᠭᠠ ᠬᠡᠷᠡᠭᠰᠡᠵᠦ᠂ ᠡᠷᠡᠭᠦᠯ ᠬᠠᠮᠠᠭᠠᠯᠠᠯ᠂ ᠪᠣᠯᠪᠠᠰᠣᠨ ᠶᠣᠰᠣ ᠮᠤᠷᠠᠯ ᠠᠮᠣᠷ ᠲᠦᠪᠰᠢᠨ᠂ ᠰᠣᠷᠤᠯᠴᠠᠯᠭ᠎ᠠ ᠶᠢᠨ ᠵᠠᠩ ᠲᠠᠳᠬᠠᠯ ᠤᠨ ᠬᠦᠮᠦᠵᠢᠭᠦᠯᠦᠯ ᠵᠡᠷᠭᠡ ᠪᠡᠷ ᠭᠣᠤᠯ ᠪᠣᠯᠭᠠᠵᠤ᠂ ᠰᠣᠷᠭᠠᠭᠣᠯᠢ ᠶᠢᠨ ᠬᠡᠪ ᠰᠣᠷᠲᠠᠯ᠂ ᠦᠩᠭᠡ ᠲᠦᠷᠰᠦ᠂ ᠰᠠᠬᠢᠯᠭ᠎ᠠ ᠪᠠᠲᠤ ᠶᠢᠨ ᠲᠠᠯ᠎ᠠ ᠪᠠᠷ ᠨᠡᠯᠢᠶᠡᠳ ᠶᠡᠬᠡ ᠦᠭᠡᠷᠡᠴᠢᠯᠡᠯᠲᠠ ᠬᠣᠪᠢᠷᠠᠯᠲᠠ ᠪᠣᠯᠭᠠᠬᠤ ᠪᠠᠷ ᠠᠯᠢ ᠪᠣᠯᠬᠤᠶᠢᠴᠠ ᠠᠷᠭ᠎ᠠ ᠬᠡᠮᠵᠢᠶ᠎ᠡ ᠠᠪᠴᠤ᠂ ᠲᠦᠷᠢᠮ ᠲᠣᠭᠲᠠᠭᠠᠯ ᠢᠶᠠᠨ ᠰᠢᠨᠡᠳᠭᠡᠨ ᠲᠡᠭᠦᠯᠳᠡᠷᠵᠢᠭᠦᠯᠦᠭᠰᠡᠨ ᠪᠠᠶᠢᠨ᠎ᠠ᠃
ᠡᠷᠡᠭᠦᠯ ᠬᠠᠮᠠᠭᠠᠯᠠᠯ ᠤᠨ ᠲᠠᠯ᠎ᠠ ᠪᠠᠷ ᠂ ᠴᠡᠪᠡᠷᠯᠡᠭᠡ ᠶᠢᠨ ᠬᠣᠪᠢᠶᠠᠷᠢ ᠣᠷᠤᠨ ᠪᠣᠯᠤᠨ ᠠᠩᠭᠢ ᠶᠢᠨ ᠭᠡᠷ ᠢᠶᠡᠨ ᠲᠤᠭᠲᠠᠭᠰᠠᠨ ᠴᠠᠭ ᠲᠤ ᠪᠠᠨ ᠱᠦᠭᠦᠳᠡᠨ ᠴᠡᠪᠡᠷᠯᠡᠵᠦ᠂ ᠡᠳᠦᠷᠵᠢᠨ ᠴᠡᠪᠡᠷ ᠲᠡᠭᠰᠢ ᠪᠠᠶᠢᠯᠭᠠᠬᠤ᠂ ᠭᠡᠷ ᠲᠣᠲᠤᠷᠠᠬᠢ ᠰᠢᠷᠡᠭᠡ ᠰᠠᠨᠳᠠᠯᠢ ᠡᠳ᠋ ᠪᠣᠳᠠᠰ ᠢᠶᠠᠨ ᠴᠠᠭ ᠢᠮᠠᠭᠲᠠ ᠲᠡᠷᠢ ᠲᠡᠭᠰᠢ ᠪᠠᠶᠢᠯᠭᠠᠬᠤ᠂ ᠦᠷᠬᠦᠯᠵᠢ ᠴᠤᠩᠬᠤ ᠪᠠᠨ ᠨᠡᠭᠡᠭᠡᠵᠦ ᠰᠠᠯᠬᠢ ᠨᠡᠪᠲᠡᠷᠡᠭᠦᠯᠬᠦ᠂ ᠦᠷᠬᠦᠯᠵᠢ ᠶᠢᠨ ᠴᠢᠨᠠᠷ ᠲᠠᠢ ᠡᠷᠡᠭᠦᠯ ᠬᠠᠮᠠᠭᠠᠯᠠᠯ ᠤᠨ ᠠᠷᠢᠭᠤᠳᠬᠠᠬᠣ ᠠᠵᠢᠯ ᠢ ᠴᠠᠭ ᠲᠣᠬᠠᠢ ᠳᠤ ᠨᠢ ᠬᠢᠬᠦ᠂ ᠬᠡᠷᠡᠮ ᠬᠠᠨ᠎ᠠ ᠂ ᠰᠢᠷᠡᠭᠡ ᠰᠠᠨᠳᠠᠯᠢ ᠲᠡᠭᠡᠷ᠎ᠡ ᠲᠣᠷ᠎ᠠ ᠪᠠᠷ ᠡᠷᠢᠶᠡᠴᠡᠬᠦ ᠵᠢᠴᠢ ᠰᠤᠯᠠ ᠢᠳᠡᠭᠡᠨ ᠨᠠᠭᠠᠳᠤᠮ ᠤᠨ ᠪᠠᠭᠠᠵᠢ ᠶᠢ ᠰᠤᠷᠭᠠᠭᠤᠯᠢ ᠶᠢᠨ ᠬᠦᠷᠢᠶᠡᠨ ᠳᠦ ᠠᠪᠴᠤ ᠣᠷᠤᠵᠣ ᠢᠷᠡᠬᠦ ᠶᠢ ᠡᠷᠡᠰ ᠬᠤᠷᠢᠭᠯᠠᠵᠤ᠂ ᠭᠠᠵᠠᠷ ᠲᠤ ᠲᠣᠷ᠎ᠠ ᠪᠠᠷ ᠢᠶᠠᠨ ᠨᠢᠯᠪᠤᠬᠣ ᠦᠭᠡᠢ᠂ ᠲᠣᠷ᠎ᠠ ᠪᠠᠷ ᠶᠠᠭᠣᠮ᠎ᠠ ᠬᠠᠶᠠᠬᠤ ᠦᠭᠡᠢ ᠮᠦᠷᠲᠡᠭᠡᠨ ᠭᠠᠵᠠᠷ ᠲᠡᠬᠢ ᠬᠣᠭ ᠨᠣᠪᠰᠢ ᠶᠢ ᠦᠵᠡᠭᠰᠡᠭᠡᠷ ᠲᠡᠭᠦᠨ ᠠᠪᠴᠤ ᠬᠣᠭ ᠤᠨ ᠣᠪᠤᠭᠠᠨ ᠳᠤ ᠬᠠᠶᠠᠬᠤ ᠰᠠᠶᠢᠨ ᠰᠠᠶᠢᠬᠠᠨ ᠵᠠᠩ ᠳᠠᠳᠬᠠᠯ ᠤᠨ ᠬᠦᠮᠦᠵᠢᠭᠦᠯᠦᠯ ᠬᠢᠵᠦ᠂ ᠣᠷᠴᠢᠨ ᠲᠣᠭᠤᠷᠢᠨ ᠤ ᠠᠷᠢᠭᠣᠨ ᠴᠡᠪᠡᠷ ᠤᠨ ᠡᠷᠬᠢᠮᠯᠡᠯ ᠢ ᠴᠢᠬᠤᠯᠠᠴᠢᠯᠠᠵᠠᠢ ᠃ ᠪᠣᠯᠪᠠᠰᠣᠨ ᠶᠠᠰᠣ ᠮᠤᠷᠠᠯ ᠤᠨ ᠬᠦᠮᠦᠵᠢᠭᠦᠯᠦᠯ ᠦᠨ ᠲᠠᠯ᠎ᠠ ᠪᠠᠷ᠂ ᠪᠠᠭᠰᠢ ᠪᠠᠨ ᠬᠦᠳᠦᠳᠭᠡᠵᠦ᠂ ᠪᠠᠭᠰᠢ ᠠᠬᠠᠮᠠᠳ ᠲᠠᠢ ᠣᠨᠴᠠᠷᠠᠪᠠᠯ ᠭᠠᠷ ᠡᠷᠭᠦᠨ ᠶᠣᠰᠤᠯᠠᠨᠠ᠃ ᠪᠠᠭᠰᠢ ᠶᠢᠨ ᠠᠵᠢᠯᠯᠠᠬᠤ ᠭᠡᠷ ᠲᠦ ᠣᠷᠤᠬᠣ ᠦᠶᠡᠰ ᠣᠷᠢᠳᠠᠪᠡᠷ ᠡᠭᠦᠳᠡ ᠲᠣᠭᠰᠢᠵᠤ᠂ ᠵᠦᠪᠰᠢᠶᠡᠷᠡᠯ ᠣᠯᠤᠭᠰᠠᠨ ᠤ ᠲᠠᠷᠠᠭ᠎ᠠ ᠰᠠᠶ᠋ᠢ ᠣᠷᠤᠬᠣ᠃ ᠬᠠᠮᠲᠣ ᠨᠦᠬᠦᠳ ᠲᠠᠢ ᠪᠠᠨ ᠪᠦᠯᠬᠦᠮᠳᠡᠵᠦ᠂ ᠪᠣᠯᠪᠠᠰᠣᠨ ᠶᠣᠰᠤᠷᠬᠠᠭ ᠢᠶᠠᠷ ᠬᠠᠷᠢᠯᠴᠠᠨ ᠬᠠᠶᠢᠷᠠᠯᠠᠯᠴᠠᠵᠣ᠂ ᠬᠠᠷᠢᠯᠴᠠᠨ ᠬᠦᠨᠳᠦᠳᠭᠡᠵᠦ᠂ ᠬᠠᠷᠢᠯᠴᠠᠨ ᠤᠶᠢᠯᠠᠭᠠᠯᠴᠠᠨ᠂ ᠬᠠᠷᠢᠯᠴᠠᠨ ᠬᠠᠪᠰᠤᠷᠠᠯᠴᠠᠬᠤ ᠬᠡᠷᠡᠭᠳᠡᠢ᠃ ᠡᠮᠦᠰᠴᠦ ᠵᠡᠭᠦᠬᠦ ᠪᠡᠨ ᠴᠡᠪᠡᠷ ᠲᠡᠭᠰᠢ ᠠᠷᠢᠭᠤᠨ ᠴᠡᠪᠡᠷ ᠪᠠᠶᠢᠯᠭᠠᠬᠤ ᠬᠡᠷᠡᠭᠳᠡᠢ᠃ ᠣᠯᠠᠨ ᠨᠡᠶᠢᠲᠡ ᠶᠢᠨ ᠡᠮᠬᠢ ᠵᠢᠷᠦᠮ ᠢ ᠡᠷᠬᠢᠮᠯᠡᠵᠦ᠂ ᠵᠠᠪᠰᠠᠷᠯᠠᠭ᠎ᠠ ᠶᠢᠨ ᠲᠠᠮᠢᠷ ᠤᠨ ᠲᠣᠭ ᠭᠠᠷᠭᠠᠬᠣ ᠶᠣᠰᠣᠯᠠᠯ ᠳᠤ ᠣᠷᠤᠯᠴᠠᠬᠤ ᠳᠤ ᠪᠠᠨ ᠨᠠᠮ ᠵᠢᠮ ᠲᠡᠷᠢ ᠲᠡᠭᠰᠢ᠂ ᠰᠠᠬᠢᠯᠭ᠎ᠠ ᠪᠠᠲᠤ ᠶᠢ ᠴᠢᠩᠭ᠎ᠠ ᠰᠠᠬᠢᠬᠣ᠂ ᠬᠤᠸᠠᠷ ᠴᠡᠴᠡᠭ ᠡᠪᠡᠰᠦ ᠮᠣᠳᠤ᠂ ᠰᠤᠷᠭᠠᠭᠤᠯᠢ ᠶᠢᠨ ᠡᠳ᠋ ᠬᠣᠭᠰᠢᠯ ᠢ ᠬᠠᠶᠢᠷᠠᠯᠠᠵᠣ᠂ ᠲᠣᠷ᠎ᠠ ᠪᠠᠷ ᠡᠪᠳᠡᠯᠡᠵᠦ ᠰᠦᠢᠳᠭᠡᠪᠡᠯ ᠦᠨ᠎ᠡ ᠬᠠᠩᠰᠢ ᠪᠠᠷ ᠨᠢ ᠲᠦᠯᠦᠬᠦ ᠬᠡᠷᠡᠭᠳᠡᠢ ᠭᠡᠵᠦ ᠲᠤᠭᠳᠠᠭᠠᠯ ᠭᠠᠷᠭᠠᠨ ᠬᠡᠷᠡᠭᠵᠢᠭᠦᠯᠵᠦ ᠪᠠᠶᠢᠨ᠎ᠠ᠃
ᠠᠮᠤᠷ ᠲᠦᠪᠰᠢᠨ ᠪᠣᠯ ᠠᠯᠢᠪᠠ ᠬᠦᠳᠡᠯᠭᠡᠭᠡᠨ ᠦ ᠣᠷᠢᠳᠠᠯ ᠮᠦᠨ᠃ ᠠᠮᠣᠷ ᠲᠦᠪᠰᠢᠨ ᠦ ᠲᠠᠯ᠎ᠠ ᠪᠠᠷ᠂ ᠭᠣᠷᠪᠠᠳᠣᠭᠠᠷ ᠣᠨ ᠠᠴᠠ ᠲᠣᠭᠤᠭᠰᠢ ᠣᠨ ᠤ ᠰᠣᠷᠤᠭᠴᠢ ᠲᠤᠭᠤᠢ ᠣᠨᠤᠵᠣ ᠰᠤᠷᠭᠠᠭᠣᠯᠢ ᠳᠤ ᠢᠷᠡᠬᠦ ᠶᠢ ᠡᠷᠡᠰ ᠬᠣᠷᠢᠭᠯᠠᠵᠤ᠂ ᠰᠣᠷᠭᠠᠭᠣᠯᠢ ᠶᠢᠨ ᠡᠭᠦᠳᠡ ᠪᠡᠷ ᠣᠷᠤᠵᠣ ᠭᠠᠷᠬᠣ ᠳᠤ ᠪᠠᠨ ᠮᠦᠷᠯᠡᠨ ᠵᠢᠭᠰᠠᠵᠣ ᠶᠠᠪᠣᠬᠤ ᠶᠢ ᠪᠠᠷᠢᠮᠳᠠᠯᠠᠵᠣ ᠪᠠᠶᠢᠨ᠎ᠠ᠃ ᠬᠡᠷᠡᠮ᠂ ᠡᠭᠦᠳᠡ ᠴᠣᠩᠬᠤᠨ ᠲᠡᠭᠡᠷ᠎ᠡ ᠠᠪᠠᠷᠢᠨ ᠨᠠᠭᠠᠳᠬᠤ ᠶᠢ ᠡᠷᠡᠰ ᠬᠣᠷᠢᠭᠯᠠᠵᠣ ᠪᠤᠢ᠃ ᠰᠣᠷᠤᠭᠴᠢᠳ ᠤᠨ ᠢᠳᠡᠭᠡᠡᠨ ᠣᠮᠳᠠᠭᠠᠨ ᠤ ᠠᠷᠢᠭᠤᠨ ᠴᠡᠪᠡᠷ ᠢ ᠴᠤ ᠲᠤᠩ ᠶᠡᠬᠡ ᠡᠷᠬᠢᠮᠯᠡᠵᠦ ᠪᠤᠢ᠃
ᠰᠣᠷᠤᠭᠴᠢᠳ ᠤᠨ ᠰᠠᠶᠢᠨ ᠰᠠᠶᠢᠬᠠᠨ ᠰᠣᠷᠤᠯᠴᠠᠯᠭ᠎ᠠ ᠶᠢᠨ ᠵᠠᠩ ᠳᠠᠳᠬᠠᠯ ᠢ ᠬᠦᠮᠦᠵᠢᠭᠦᠯᠬᠦ ᠳᠦ ᠪᠡᠨ ᠰᠣᠷᠤᠭᠴᠢᠳ ᠢ ᠡᠳᠦᠷ ᠪᠦᠷᠢ ᠴᠠᠭ ᠲᠤ ᠪᠠᠨ ᠰᠣᠷᠭᠠᠭᠣᠯᠢ ᠳᠤ ᠪᠠᠨ ᠢᠷᠡᠵᠦ᠂ᠬᠣᠵᠢᠮᠳᠠᠬᠤ ᠪᠤᠶᠤ ᠡᠷᠲᠡ ᠬᠠᠷᠢᠵᠤ ᠪᠣᠯᠬᠤ ᠦᠭᠡᠢ ᠬᠡᠮᠡᠨ ᠱᠠᠭᠠᠷᠳᠠᠨ᠂ ᠣᠴᠢᠷ ᠲᠠᠢ ᠪᠣᠯ ᠠᠩᠭᠢ ᠶᠢᠨ ᠪᠠᠭᠰᠢ ᠠᠴᠠ ᠪᠠᠨ ᠴᠢᠯᠦᠭᠡ ᠭᠤᠶᠣᠬᠤ ᠬᠡᠷᠡᠭᠳᠡᠢ ᠭᠡᠵᠦ ᠴᠢᠩᠳᠠᠯᠠᠵᠤ ᠪᠤᠢ᠃ ᠬᠢᠴᠢᠶᠡᠯ ᠡᠴᠡ ᠡᠮᠦᠨ᠎ᠡ ᠭᠦᠢᠴᠡᠳ ᠪᠡᠯᠡᠳᠭᠡᠯ ᠬᠢᠬᠦ ᠶᠢ ᠴᠢᠩᠭ᠎ᠠ ᠱᠠᠭᠠᠷᠳᠠᠵᠤ᠂ ᠬᠢᠴᠢᠶᠡᠯ ᠡᠬᠢᠯᠡᠭᠡᠭᠡᠷ ᠠᠩᠭᠢ ᠶᠢᠨ ᠲᠠᠷᠤᠭ᠎ᠠ ᠶᠢᠨ ᠠᠮᠠᠨ ᠲᠤᠬᠢᠶ᠎ᠠ ᠪᠠᠷ︽ ᠪᠠᠭᠰᠢ ᠰᠠᠶᠢᠨ︾ ᠬᠡᠮᠡᠨ ᠪᠠᠭᠰᠢ ᠶᠢᠨ ᠠᠮᠣᠷ ᠢ ᠠᠰᠣᠭᠤᠨ ᠪᠠᠭᠰᠢ ᠰᠣᠷᠣᠭᠴᠢ ᠬᠠᠷᠢᠯᠴᠠᠨ ᠮᠡᠨᠳᠦᠴᠢᠯᠡᠭᠡᠳ ᠰᠢᠨ᠎ᠡ ᠬᠢᠴᠢᠶᠡᠯ ᠳᠦ ᠪᠡᠨ ᠣᠷᠤᠵᠣ᠂ ᠬᠢᠴᠢᠶᠡᠯ ᠪᠠᠭᠣᠬᠤ ᠳᠤ ᠪᠠᠭᠰᠢ ᠠᠩᠭᠢ ᠶᠢᠨ ᠭᠡᠷ ᠡᠴᠡ ᠰᠠᠯᠬᠣ ᠠᠴᠠ ᠡᠮᠦᠨ᠎ᠡ ᠰᠣᠷᠣᠭᠴᠢ ᠣᠷᠢᠳᠠᠪᠡᠷ ᠭᠠᠷᠴᠤ ᠪᠣᠯᠬᠤ ᠦᠭᠡᠢ᠃ ᠬᠢᠴᠢᠶᠡᠯ ᠢ ᠰᠡᠳᠭᠢᠯ ᠲᠠᠯᠪᠨ ᠰᠤᠨᠣᠰᠴᠤ᠂ ᠢᠳᠡᠪᠬᠢᠳᠡᠢ ᠠᠰᠠᠭᠣᠯᠳᠠ ᠬᠠᠷᠢᠭᠤᠯᠣᠨ ᠶᠠᠷᠢᠵᠣ᠂ ᠲᠠᠰᠬᠠᠯ ᠲᠠᠭᠠᠭᠠᠯᠭᠠᠪᠦᠷᠢ ᠪᠠᠨ ᠴᠠᠭ ᠲᠣᠬᠠᠢ ᠳᠤ ᠨᠢ ᠪᠡᠶᠡᠯᠡᠭᠦᠯᠵᠦ ᠲᠤᠰᠢᠶᠠᠬᠤ ᠬᠡᠷᠡᠭᠳᠡᠢ ᠭᠡᠵᠦ ᠴᠢᠩᠭ᠎ᠠ ᠱᠠᠭᠠᠷᠳᠠᠵᠤ ᠪᠠᠶᠢᠨ᠎ᠠ᠃
ᠲᠣᠰ ᠰᠣᠷᠭᠠᠭᠤᠯᠢ ᠪᠠᠰᠠ ᠡᠨᠡᠬᠦ ᠲᠦᠷᠢᠮ ᠲᠣᠭᠳᠠᠭᠠᠯ ᠬᠤᠷᠢᠭ᠎ᠠ ᠱᠠᠭᠠᠷᠳᠠᠯᠭ᠎ᠠ ᠪᠠᠨ ᠦᠨᠡᠩᠬᠦ ᠨᠠᠶᠢᠳᠠᠪᠦᠷᠢᠵᠢᠭᠤᠯᠬᠣ ᠪᠠᠷ ᠪᠣᠳᠠᠳᠠᠢ ᠠᠷᠭ᠎ᠠ ᠬᠡᠮᠵᠢᠶ᠎ᠡ ᠠᠪᠴᠤ ᠪᠤᠢ᠃ ᠠᠩᠭᠢ ᠨᠢᠭᠡᠴᠢ ᠪᠦᠷᠢ ᠡᠴᠡ ᠬᠢᠨᠠᠨ ᠪᠠᠶᠢᠴᠠᠭᠠᠭᠴᠢ ᠰᠣᠷᠤᠭᠴᠢ ᠶᠢ ᠰᠣᠩᠭᠤᠨ ᠭᠠᠷᠭᠠᠵᠤ᠂ ᠡᠷᠡᠭᠦᠯ ᠪᠤᠰᠣ ᠠᠵᠢᠯᠯᠠᠭ᠎ᠠ ᠳᠤ ᠨᠡᠶᠢᠳᠡᠮ ᠦᠨ ᠴᠢᠨᠠᠷ ᠲᠠᠢ ᠬᠢᠨᠠᠯᠳᠠ ᠪᠠᠶᠢᠴᠠᠭᠠᠯᠳᠠ ᠬᠢᠯᠭᠡᠨ ᠲᠡᠮᠳᠡᠭᠯᠡᠭᠦᠯᠦᠨ᠎ᠡ᠃ ᠵᠢᠵᠢᠭᠦᠷ ᠪᠠᠭᠰᠢ᠂ ᠵᠢᠵᠢᠭᠦᠷ ᠰᠣᠷᠤᠭᠴᠢ ᠠᠴᠠ ᠪᠠᠶᠢᠴᠠᠭᠠᠯᠳᠠ ᠶᠢᠨ ᠳ᠋ᠦᠩ ᠢ ᠲᠡᠷᠡ ᠲᠠᠷᠤᠢ ᠳᠤ ᠨᠢ ᠣᠯᠠᠨ ᠳᠤ ᠨᠡᠶᠢᠲᠡᠯᠡᠵᠦ᠂ ᠡᠷᠡᠭᠦᠯ ᠪᠣᠰᠤ ᠦᠢᠯᠡ ᠠᠵᠢᠯᠯᠠᠭ᠎ᠠ ᠶᠢ ᠰᠢᠭᠦᠮᠵᠢᠯᠡᠵᠦ᠂ ᠲᠡᠷᠢᠭᠦᠨ ᠦ ᠦᠢᠯᠡ ᠠᠵᠢᠯᠯᠠᠭ᠎ᠠ ᠶᠢ ᠮᠠᠭᠤᠳᠠᠨ ᠰᠠᠶᠢᠰᠢᠶᠠᠳᠠᠭ᠃ ᠰᠣᠷᠣᠭᠴᠢᠳ ᠤᠨ ᠰᠠᠶᠢᠨ ᠰᠠᠶᠢᠬᠠᠨ ᠵᠠᠩ ᠳᠠᠳᠬᠠᠯ ᠤᠨ ᠬᠦᠮᠦᠵᠢᠭᠦᠯᠦᠯ ᠢᠶᠡᠨ ᠠᠩᠭᠢ ᠨᠢᠭᠡᠴᠢ ᠶᠢᠨ ᠡᠳᠦᠷ ᠲᠤᠳᠣᠮ ᠤᠨ ᠠᠵᠢᠯ ᠤᠨ ᠴᠢᠬᠤᠯᠠ ᠨᠢᠭᠡ ᠵᠦᠢᠯ ᠪᠤᠯᠠᠭᠠᠨ ᠠᠳᠬᠤᠵᠤ᠂ ᠠᠩᠭᠢ ᠶᠢᠨ ᠡᠷᠬᠢᠯᠡᠭᠴᠢ ᠪᠠᠭᠰᠢ ᠶᠢ ᠰᠢᠯᠭᠠᠨ ᠪᠠᠶᠢᠴᠠᠭᠠᠬᠤ ᠨᠢᠭᠡ ᠵᠦᠢᠯ ᠴᠠ ᠪᠠᠷᠢᠮᠵᠢᠶ᠎ᠠ ᠪᠣᠯᠭᠠᠵᠠᠢ᠃ ᠡᠳᠡᠭᠡᠷ ᠲᠦᠷᠢᠮ ᠲᠤᠭᠳᠠᠭᠠᠯ ᠢ ᠬᠡᠷᠡᠭᠵᠢᠭᠦᠯᠦᠨ ᠶᠠᠪᠤᠭᠳᠠᠭᠤᠯᠬᠤ ᠳᠤ᠂ ᠰᠣᠷᠭᠠᠭᠤᠯᠢ ᠪᠠ ᠭᠡᠷ ᠪᠦᠯᠢ ᠬᠠᠷᠢᠯᠴᠠᠨ ᠬᠠᠮᠵᠢᠯᠴᠠᠨ ᠬᠡᠤᠬᠡᠳ ᠢ ᠪᠦᠬᠦ ᠲᠠᠯ᠎ᠠ ᠪᠠᠷ ᠬᠦᠮᠦᠵᠢᠭᠦᠯᠦᠨ ᠬᠦᠭᠵᠢᠭᠦᠯᠬᠦ ᠪᠡᠷ ᠴᠢᠷᠮᠠᠶᠢᠵᠤ ᠪᠠᠶᠢᠨ᠎ᠠ᠃
︵ 2012ᠣᠨ ᠤ 5 ᠰᠠᠷ᠎ᠠ ᠶᠢᠨ20 ᠦ ᠡᠳᠦᠷ ᠦᠨ ᠰᠤᠨᠢᠨ ᠳᠤ ᠨᠡᠶᠢᠲᠡᠯᠡᠭᠳᠡᠪᠡ ︶
2
0