
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠪ ᠂ ᠠᠯᠳᠠᠨᠪᠠᠭᠠᠨ᠎ᠠ
ᠪᠤᠰᠤᠭ᠎ᠠ ᠮᠤᠨᠭᠭᠤᠯ ᠦᠰᠦᠭ ᠦᠨ ᠢᠶᠡᠨ
ᠪᠤᠯᠪᠠᠷᠠᠢ ᠠᠪᠢᠶ᠎ᠠ ᠶᠢ ᠨᠢ ᠪᠬᠠᠷᠬᠠᠨ
ᠪᠤᠯᠪᠠᠰᠤᠨ ᠰᠠᠢᠬᠠᠨ ᠲᠡᠤᠬᠡᠨ ᠦ ᠪᠡᠨ
ᠪᠠᠳᠠᠷᠠᠯᠳᠤ ᠠᠯᠳᠠᠷ ᠢ ᠨᠢ ᠡᠷᠭᠦᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠡᠬᠡ ᠮᠤᠨᠭᠭᠤᠯ ᠬᠡᠯᠡᠨ ᠦ ᠪᠡᠨ
ᠡᠭᠡᠰᠢᠭ ᠲᠠᠭᠤᠨ ᠢ ᠨᠢ ᠭᠠᠢᠬᠠᠭᠤᠯᠤᠨ
ᠡᠷᠡᠯᠬᠡᠭ ᠮᠤᠨᠭᠭᠤᠯ ᠲᠦᠮᠡᠨ ᠦ ᠪᠡᠨ
ᠡᠷᠴᠢ ᠵᠣᠷᠢᠭ ᠢ ᠨᠢ ᠬᠦᠪᠴᠢᠯᠡᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠦᠨᠭᠭᠡᠷᠡᠨ ᠤᠳᠬᠤ ᠲᠡᠤᠬᠡ ᠶᠢ
ᠦᠵᠦᠭ ᠪᠢᠷ ᠢᠶᠡᠷ ᠪᠠᠳᠠᠭᠯᠠᠨ
ᠡᠷᠡᠨ ᠴᠠᠭ ᠤᠨ ᠪᠠᠢᠳᠠᠯ ᠢ
ᠦᠨᠳᠦᠰᠦ ᠬᠡᠯᠡ ᠪᠡᠷ ᠢᠶᠡᠨ ᠢᠯᠡᠳᠭᠡᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠮᠤᠨᠭᠭᠤᠯ ᠤᠨ ᠰᠦᠯᠳᠡ ᠶᠢ ᠡᠷᠭᠦᠭᠰᠡᠨ
ᠮᠤᠷᠢᠳᠠᠨ ᠦᠨᠳᠦᠰᠦᠳᠡᠨ ᠢᠶᠡᠨ ᠮᠠᠭᠳᠠᠨ
ᠮᠤᠨᠭᠭᠤᠯ ᠤᠨ ᠠᠯᠳᠠᠷ ᠢ ᠮᠠᠨᠳᠤᠭᠤᠯᠤᠭᠰᠠᠨ
ᠪᠦᠬᠡᠴᠢᠨ ᠦᠨᠳᠦᠰᠦᠳᠡᠨ ᠢᠶᠡᠨ ᠲᠠᠭᠤᠯᠠᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠬᠤᠪᠴᠠᠰᠤ ᠵᠠᠰᠠᠯ ᠤᠨ ᠭᠤᠶᠤᠯᠠᠯ ᠢᠶᠠᠨ
ᠬᠤᠷᠸ᠎ᠠ ᠳᠤ ᠲᠠᠨᠢᠭᠤᠯᠵᠤ ᠪᠠᠬᠠᠷᠠᠭᠤᠯᠤᠨ
ᠡᠪᠦᠭᠡ ᠲᠡᠭᠡᠳᠦᠰ ᠦᠨ ᠰᠤᠶᠤᠯ ᠢᠶᠠᠨ
ᠡᠨᠭ᠌ ᠶᠢᠷᠳᠢᠨᠴᠤ ᠳᠤ ᠠᠯᠳᠠᠷᠰᠢᠭᠤᠯᠤᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠲᠠᠪᠬᠢᠬᠤ ᠮᠤᠷᠢᠨ ᠤ ᠲᠤᠪᠳᠤᠯᠭᠠ ᠪᠠᠷ
ᠲᠡᠯᠡᠬᠡᠢ ᠶᠢᠷᠳᠢᠨᠴᠤ ᠶᠢ ᠨᠢᠭᠡᠳᠭᠡᠭᠰᠡᠨ
ᠲᠠᠪᠰᠢᠵᠤ ᠶᠠᠪᠤᠭᠰᠠᠨ ᠮᠤᠨᠭᠭᠤᠯ ᠢᠶᠠᠨ
ᠲᠠᠶᠠᠨᠭ᠌ ᠲᠡᠯᠡᠬᠡᠢ ᠳᠦ ᠤᠬᠭᠤᠯᠤᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠲᠦᠷᠡᠯᠵᠡᠭᠰᠡᠨ ᠭᠠᠯ ᠤᠨ ᠲᠦᠯᠦ ᠪᠡᠷ
ᠠᠮᠢ ᠭᠤᠯᠤᠮᠳᠠ ᠪᠠᠨ ᠪᠠᠳᠠᠷᠠᠭᠠᠨ
ᠮᠡᠯᠮᠡᠯᠵᠡᠭᠰᠡᠨ ᠰᠦ᠋ ᠶᠢᠨ ᠬᠦᠭᠡᠰᠦ ᠪᠡᠷ
ᠦᠷᠦᠮ᠎ᠡ ᠲᠠᠷᠠᠭ ᠢ ᠢᠯᠭᠠᠷᠠᠭᠤᠯᠤᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠡᠯᠦᠨᠴᠡ ᠬᠤᠯᠤᠨᠴᠠ ᠶᠢᠨ ᠢᠶᠡᠨ
ᠢᠷᠦᠭᠡᠯ ᠵᠦᠨᠭᠨᠡᠯ ᠢ ᠲᠤᠰᠤᠨ
ᠢᠷᠡᠬᠦ ᠮᠠᠷᠭᠠᠰᠢ ᠶᠢᠨ ᠢᠶᠡᠨ
ᠢᠳᠡᠭᠡᠯ ᠬᠦᠰᠡᠯ ᠳᠦ ᠲᠡᠮᠡᠤᠯᠡᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠲᠠᠪᠤᠨ ᠬᠤᠰᠢᠭᠤ ᠮᠠᠯ ᠤᠨ ᠢᠶᠠᠨ
ᠬᠡᠰᠢᠭ ᠪᠤᠶᠠᠨ ᠢ ᠬᠤᠷᠤᠢᠯᠠᠨ
ᠲᠠᠨᠠᠨ ᠴᠠᠭᠠᠨ ᠭᠡᠷ ᠦᠨ ᠢᠶᠡᠨ
ᠬᠡᠢ ᠮᠤᠷᠢ ᠶᠢ ᠲᠡᠭᠳᠡᠭᠡᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠬᠤᠷ᠎ᠠ ᠲᠠᠢ ᠰᠠᠢᠬᠠᠨ ᠵᠤᠨ ᠤ
ᠬᠤᠸᠠᠷ ᠴᠡᠴᠡᠭ ᠢ ᠲᠡᠯᠭᠡᠷᠡᠭᠦᠯᠦᠨ
ᠬᠤᠨᠢᠨ ᠰᠦᠷᠦᠭ ᠦᠨ ᠢᠶᠡᠨ ᠲᠡᠷᠭᠡᠳᠡ
ᠬᠦᠭᠵᠢᠮ ᠠᠶ᠎ᠠ ᠡᠭᠦᠰᠭᠡᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠦᠷᠭᠡᠨ ᠰᠢᠮᠡᠯᠢᠭ ᠲᠠᠯ᠎ᠠ ᠶᠢᠨ ᠢᠶᠡᠨ
ᠦᠵᠡᠮᠵᠢ ᠪᠠᠢᠳᠠᠯ ᠢ ᠪᠬᠠᠷᠬᠠᠨ
ᠦᠨᠳᠦᠷ ᠰᠦᠷᠯᠢᠭ ᠠᠭᠤᠯᠠᠰ ᠤᠨ ᠢᠶᠠᠨ
ᠦᠵᠡᠰᠭᠦᠯᠡᠩ ᠰᠠᠢᠬᠠᠨ ᠢ ᠭᠠᠢᠬᠠᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
ᠦᠳᠡᠰᠢ ᠤᠷᠤᠢ ᠶᠢᠨ ᠪᠦᠷᠬᠦᠭ ᠢ
ᠦᠵᠦᠭ ᠪᠢᠷ ᠢᠶᠡᠷ ᠭᠡᠷᠡᠯᠳᠦᠭᠦᠯᠦᠨ
ᠦᠷ ᠦᠨ ᠴᠤᠯᠮᠤᠨ ᠤ ᠲᠤᠶᠠᠭ᠎ᠠ ᠶᠢ
ᠤᠶᠠᠨᠭᠭᠠ ᠡᠭᠡᠰᠢᠭ ᠢᠶᠡᠷ ᠤᠭᠳᠤᠨ
ᠮᠤᠯᠤᠷ ᠪᠢᠷ ᠢᠶᠡᠨ ᠬᠤᠷᠤᠢᠯᠠᠵᠤ
ᠮᠤᠨᠭᠭᠤᠯ ᠰᠢᠯᠦᠭ ᠢᠶᠡᠨ ᠪᠢᠴᠢᠶ᠎ᠡ
5
0



























































