ᠲᠤᠭᠤᠵᠢ
ᠴᠠᠭ ᠡᠷᠡᠨ ᠡᠴᠡ ︽ᠬᠣᠴᠤᠷᠤᠭᠰᠠᠨ︾ ᠵᠠᠯᠠᠭᠤ ᠬᠡᠤᠬᠡᠨ
ᠬᠠᠪᠤᠷ ᠤᠨ ᠨᠢᠭᠡᠨ ᠲᠤᠩᠭᠠᠯᠠᠭ ᠰᠠᠢᠬᠠᠨ ᠭᠠᠷᠠᠭ ᠤᠨ ᠨᠢᠭᠡᠨ ᠦ ᠡᠳᠦᠷ ᠪᠠᠢᠵᠤ ᠪᠢᠯᠡ ᠃ ᠪᠢ ᠬᠦᠬᠡᠬᠤᠳᠠ ᠶᠢᠨ ᠭᠣᠸᠠᠩ ᠮᠢᠩ ᠶᠡᠬᠡ ᠵᠡᠭᠡᠯᠢ ᠶᠢᠨ ︽ ᠰᠢ ᠵᠢᠢ ᠦ᠋ ᠳ᠋ᠣᠸᠠᠨ︾ ᠦᠷᠳᠡᠭᠡ ᠡᠴᠡ ᠨᠡᠡᠢᠲᠡ ᠶᠢᠨ ᠮᠠᠰᠢᠨ ᠲᠡᠷᠭᠡᠨ ᠳᠦ ᠰᠠᠭᠣᠵᠤ ᠂ ︽ ᠣᠯᠠᠨ ᠤᠯᠤᠰ ᠤᠨ ᠮᠣᠩᠭᠤᠯ ᠡᠮᠨᠡᠯᠭᠡ ᠶᠢᠨ ᠬᠣᠷᠢᠶ᠎ᠠ ︾ ᠬᠦᠷᠬᠦ ᠪᠡᠷ ᠵᠠᠮᠨᠠᠯ᠎ᠠ ᠃
327
2025-02-19 14:14
发表于:内蒙古
ᠴᠠᠭ ᠡᠷᠡᠨ ᠡᠴᠡ ︽ᠬᠣᠴᠤᠷᠤᠭᠰᠠᠨ︾ ᠵᠠᠯᠠᠭᠤ ᠬᠡᠤᠬᠡᠨ
ᠪ ᠂ ᠠᠯᠲᠠᠨᠪᠠᠭᠠᠨ᠎ᠠ
ᠬᠠᠪᠤᠷ ᠤᠨ ᠨᠢᠭᠡᠨ ᠲᠤᠩᠭᠠᠯᠠᠭ ᠰᠠᠢᠬᠠᠨ ᠭᠠᠷᠠᠭ ᠤᠨ ᠨᠢᠭᠡᠨ ᠦ ᠡᠳᠦᠷ ᠪᠠᠢᠵᠤ ᠪᠢᠯᠡ ᠃ ᠪᠢ ᠬᠦᠬᠡᠬᠤᠳᠠ ᠶᠢᠨ ᠭᠣᠸᠠᠩ ᠮᠢᠩ ᠶᠡᠬᠡ ᠵᠡᠭᠡᠯᠢ ᠶᠢᠨ ︽ ᠰᠢ ᠵᠢᠢ ᠦ᠋ ᠳ᠋ᠣᠸᠠᠨ︾ ᠦᠷᠳᠡᠭᠡ ᠡᠴᠡ ᠨᠡᠡᠢᠲᠡ ᠶᠢᠨ ᠮᠠᠰᠢᠨ ᠲᠡᠷᠭᠡᠨ ᠳᠦ ᠰᠠᠭᠣᠵᠤ ᠂ ︽ ᠣᠯᠠᠨ ᠤᠯᠤᠰ ᠤᠨ ᠮᠣᠩᠭᠤᠯ ᠡᠮᠨᠡᠯᠭᠡ ᠶᠢᠨ ᠬᠣᠷᠢᠶ᠎ᠠ ︾ ᠬᠦᠷᠬᠦ ᠪᠡᠷ ᠵᠠᠮᠨᠠᠯ᠎ᠠ ᠃
ᠪᠢ ᠲᠡᠷᠭᠡᠨ ᠡᠭᠦᠳᠡ ᠶᠢ ᠠᠯᠬᠤᠨ ᠣᠷᠤᠵᠤ ᠂ ᠡᠰᠢ ᠲᠡᠰᠢ ᠰᠠᠭᠣᠳᠠᠯ ᠠᠵᠢᠶᠠᠷᠠᠨ ᠪᠠᠷᠠᠯᠠᠨ ᠵᠣᠭᠰᠤᠲᠠᠯᠠ ᠨᠢᠭᠡᠨ ᠬᠣᠷᠢᠨ ᠬᠡᠳᠦᠨ ᠨᠠᠰᠣᠲᠠᠢ ᠬᠡᠤᠬᠡᠨ ᠣᠷᠤ ᠠᠴᠠ ᠪᠠᠨ ᠪᠣᠰᠤᠭᠠᠳ ᠄ ︽ ᠠᠪᠠᠭ᠎ᠠ ᠲᠠ ᠡᠨᠳᠡ ᠰᠠᠭᠤᠴᠢᠬ᠎ᠠ ︾ ᠭᠡᠵᠦ ᠮᠠᠰᠢ ᠡᠶᠡᠯᠳᠡᠭ ᠲᠣᠲᠤᠨᠤ ᠪᠠᠷ ᠶᠠᠷᠢᠵᠤ ᠂ ᠤᠷᠤ ᠵᠦᠭ ᠢᠶᠡᠨ ᠲᠣᠬᠢᠪᠠ ᠃ ︽ ᠬᠠᠮᠢᠶ᠎ᠠ ᠦᠭᠡᠢ ᠂ ᠬᠡᠤᠬᠡᠨ ᠲᠠ ᠦᠪᠡᠷ ᠢᠶᠡᠨ ᠰᠠᠭᠤᠴᠢᠬ᠎ᠠ ᠂ ᠪᠢ ᠵᠣᠭᠰᠣᠴᠢᠬᠠᠶᠠ︾ ᠭᠡᠵᠦ ᠬᠠᠷᠢᠭᠤ ᠦᠴᠢᠬᠦ ᠳᠦ ᠂ ᠲᠡᠷᠡ ᠬᠡᠤᠬᠡᠨ ᠨᠠᠳᠠ ᠶᠢ ᠬᠠᠨᠴᠤᠢ ᠠᠴᠠ ᠲᠠᠲᠠᠵᠤ ᠂ ᠡᠵᠡᠨ ᠲᠣᠯᠤᠭᠠᠢ ᠮᠡᠳᠡᠭᠦᠯᠦᠯ ᠦᠭᠡᠢ ᠣᠷᠤᠨ ᠳᠤ ᠪᠠᠨ ᠰᠠᠭᠤᠯᠭᠠᠪᠠ ᠃ ᠪᠢ ᠬᠡᠤᠬᠡᠨ ᠢ ᠰᠡᠮᠡᠬᠡᠷ ᠠᠵᠢᠬᠤ ᠳᠤ ᠂ ᠰᠠᠭᠰᠠᠭᠠᠷ ᠭᠡᠵᠢᠭᠡ ᠲᠠᠢ ᠰᠠᠷᠠᠨ ᠳᠤ ᠠᠳᠠᠯᠢ ᠲᠦᠭᠦᠷᠢᠭ ᠰᠠᠢᠬᠠᠨ ᠴᠠᠭᠠᠨ ᠭᠡᠭᠡᠪᠲᠦᠷ ᠴᠢᠷᠠᠢ ᠲᠠᠢ ᠂ ᠡᠩ ᠦᠨ ᠬᠣᠪᠴᠠᠰᠤ ᠬᠤᠨᠠᠷ ᠬᠡᠳᠦᠷᠡᠭᠰᠡᠨ ᠴᠤ ᠦᠩᠭᠡ ᠵᠢᠰᠦ ᠭᠣᠶᠤ ᠂ ᠦᠷᠦᠴᠡ ᠰᠡᠳᠭᠢᠯ ᠭᠣᠤ᠎ᠠ ᠂ ᠦᠵᠡᠰᠭᠦᠯᠡᠩᠲᠦ ᠰᠠᠢᠬᠠᠨ ᠡᠷᠡᠨ ᠴᠠᠭ ᠤᠨ ᠣᠶᠤᠳᠠᠨ ᠬᠡᠤᠬᠡᠨ ᠪᠣᠯᠬᠤ ᠨᠢ ᠮᠡᠳᠡᠭᠳᠡᠮ᠎ᠡ ᠪᠠᠠᠢᠯᠠ᠃ ᠶᠠᠭᠠᠬᠢᠭᠰᠠᠨ ᠰᠠᠠᠢᠬᠠᠨ ᠡᠶᠡᠯᠳᠡᠭ ᠲᠣᠲᠤᠨᠤ ᠂ ᠶᠠᠮᠠᠷ ᠯᠠ ᠰᠠᠠᠢᠬᠠᠨ ᠶᠣᠰᠤ ᠮᠤᠷᠠᠯ ᠲᠠᠶ ᠬᠡᠤᠬᠡᠨ ᠪᠢᠯᠡ ᠭᠡᠵᠦ ᠬᠡᠤᠬᠡᠨ ᠢ ᠲᠣᠲᠤᠭᠠᠲᠤ ᠰᠡᠳᠭᠢᠯ ᠡᠴᠡ ᠪᠡᠨ ᠪᠢᠰᠢᠷᠡᠬᠦ ᠳᠦ ᠪᠡᠨ ᠲᠦᠷᠦᠭᠰᠡᠨ ᠬᠡᠤᠬᠡᠨ ᠲᠦᠷᠦᠯ ᠦᠨ ᠠᠴᠢ ᠲᠠᠶ ᠪᠠᠨ ᠣᠴᠠᠷᠠᠨ ᠵᠣᠯᠭᠠᠭᠰᠠᠨ ᠰᠢᠭ᠋ ᠬᠠᠯᠠᠭᠤᠬᠠᠨ ᠰᠠᠨᠠᠭᠳᠠᠵᠤ ᠂ ᠬᠡᠤᠬᠡᠨ ᠲᠠᠢ ᠵᠠᠪᠠᠯ ᠬᠡᠳᠦᠨ ᠦᠭᠡ ᠶᠠᠷᠢᠯᠴᠠᠨ ᠲᠠᠨᠢᠯᠴᠠᠰᠣᠭᠠᠢ ᠬᠡᠮᠡᠨ ᠪᠣᠳᠤᠯᠭ᠎ᠠ ᠪᠣᠯᠵᠤ ᠲᠣᠭᠤᠢ ᠰᠠᠭᠤᠵᠤ ᠶᠠᠪᠤᠲᠠᠯ᠎ᠠ ᠲᠡᠷᠭᠡ ᠵᠣᠭᠰᠤᠵᠤ ᠂ ᠮᠢᠨᠦ ᠬᠠᠵᠠᠭᠤ ᠳᠤ ᠰᠠᠭᠤᠭᠰᠠᠨ ᠨᠢᠭᠡᠨ ᠬᠦᠭᠰᠢᠨ ᠡᠵᠢ ᠲᠡᠷᠭᠡᠨ ᠡᠴᠡ ᠪᠠᠭᠣᠵᠤ ᠂ ᠦᠨᠦᠬᠢ ᠬᠡᠤᠬᠡᠨ ᠬᠠᠵᠠᠭᠤ ᠳᠤ ᠰᠠᠭᠤᠭᠠᠳ ᠨᠡᠢᠳᠡ ᠶᠢᠨ ᠮᠠᠰᠢᠨ ᠦᠷᠬᠦᠯᠵᠢᠯᠡᠨ ᠣᠷᠤᠭᠰᠢᠯᠠᠪᠠ ᠃ ᠪᠢ ᠮᠠᠰᠢ ᠪᠠᠶᠠᠷᠯᠠᠵᠤ ᠂ ᠬᠡᠤᠬᠡᠨ ᠲᠠᠢ ᠵᠣᠭᠤᠭᠳᠠᠬᠤ ᠬᠡᠳᠡᠯ᠎ᠡ ᠬᠡᠤᠬᠡᠨ ᠭᠠᠷ ᠤᠲᠠᠰᠤ ᠲᠣᠰᠴᠤ ᠴᠢᠯᠦᠭᠡ ᠦᠭᠡᠢ ᠪᠣᠯᠪᠠ ᠃
ᠲᠡᠮᠡᠢ ᠤᠳᠠᠯ ᠦᠭᠡᠢ ᠨᠡᠢᠳᠡ ᠶᠢᠨ ᠮᠠᠰᠢᠨ ᠲᠡᠷᠭᠡ ᠪᠠᠰᠠ ᠨᠢᠭᠡᠨ ᠦᠷᠳᠡᠭᠡ ᠬᠦᠷᠴᠦ ᠵᠤᠭᠰᠤᠯ᠎ᠠ ᠃ ᠨᠢᠭᠡᠨ ᠵᠠᠵᠢᠨ ᠦᠰᠦ ᠨᠢ ᠴᠠᠢᠭᠰᠠᠨ ᠵᠢᠷᠠ ᠭᠠᠷᠤᠢ ᠨᠠᠰᠤ ᠲᠠᠶ ᠂ ᠵᠢᠷᠲᠡᠭᠡᠷ ᠨᠢᠳᠦ ᠲᠡᠶ ᠂ ᠵᠣᠷᠠᠢᠭᠰᠠ ᠰᠠᠬᠠᠯ ᠲᠠᠶ ᠡᠪᠦᠭᠡᠨ ᠡᠭᠦᠳᠡ ᠲᠦᠯᠬᠢᠨ ᠣᠷᠤᠵᠤ ᠢᠷᠡᠪᠡ ᠃ ᠦᠨᠦᠬᠢ ᠬᠡᠤᠬᠡᠨ ᠲᠡᠷᠡ ᠲᠠᠷᠤᠢ ᠭᠦᠶᠦᠨ ᠪᠣᠰᠴᠤ ᠄ ︽ ᠡᠪᠦᠭᠡ ᠠᠪᠤ ᠡ ᠡᠨᠳᠡ ᠰᠠᠭᠤᠴᠢᠬ᠎ᠠ ︾ ᠭᠡᠳ ᠣᠷᠤ ᠪᠠᠨ ᠬᠠᠢᠷᠠᠯᠠᠨ ᠭᠠᠷ ᠢᠶᠠᠨ ᠲᠣᠬᠢᠪᠠ ᠃ ᠡᠭᠦᠨ ᠳᠦ ᠡᠪᠦᠭᠡᠨ ᠶᠠᠭᠤ ᠴᠣ ᠶᠠᠷᠢᠯ ᠦᠭᠡᠢ ᠪᠡᠷ ᠬᠡᠤᠬᠡᠨ ᠦ ᠣᠷᠤᠨ
ᠳᠦ ᠯᠠᠭᠬᠢᠲᠠᠯ᠎ᠠ ᠰᠠᠭᠤᠴᠢᠬᠠᠭᠠᠳ ᠄
︱ ᠬᠡᠤᠬᠡ ᠡ ᠂ ᠲᠠ ᠴᠢᠨᠢ ᠬᠣᠷᠢᠨ ᠬᠡᠳᠦᠨ ᠨᠠᠰᠤᠯᠠᠴᠢᠬᠠᠪᠠ ︖
︱ ᠪᠢ ᠡᠨᠡ ᠵᠢᠯ ᠬᠤᠷᠢᠨ ᠨᠠᠢᠮᠠᠲᠠᠢ ᠪᠣᠯᠪᠠ ᠃
︱ ᠬᠡᠤᠬᠡᠨ ᠲᠠ ᠂ ᠴᠠᠭ ᠡᠷᠡᠨ ᠡᠴᠡ ᠶᠡᠬᠡ ᠯᠠ ᠬᠣᠴᠣᠷᠠᠯᠠ ᠰᠢᠦ ︕ ᠮᠢᠨᠦ ᠬᠦᠦ ᠬᠣᠷᠢᠨ ᠭᠤᠷᠪᠠᠨ ᠨᠠᠰᠤᠲᠠᠢ ︽ ᠪᠣᠤ ᠮᠠ︾ ᠲᠡᠷᠭᠡ ᠵᠢᠯᠤᠭᠤᠳᠤᠭᠠᠳ ᠠᠵᠢᠯ ᠳᠤ ᠪᠠᠨ ᠭᠠᠷᠤᠭᠰᠠᠨ ᠃ ᠣᠳᠤ ᠴᠢᠨᠢ ᠲᠠᠨ ᠤ ᠮᠡᠳᠦᠰ ᠦᠨ ᠵᠠᠯᠠᠭᠤ ᠨᠡᠢᠳᠡ ᠶᠢᠨ ᠮᠠᠰᠢᠨ ᠲᠡᠷᠭᠡᠨ ᠳᠦ ᠰᠠᠭᠤᠵᠤ ᠪᠠᠢᠭ᠎ᠠ ᠨᠢ ᠮᠠᠰᠢ ᠴᠦᠬᠡᠨ ᠪᠣᠯᠤᠭᠰᠠᠨ ᠪᠢᠰᠢ ᠦᠦ ᠬᠡᠤᠬᠡ ᠡ ︕
︱ ᠲᠡᠢᠮᠦ ᠡ ᠲᠡᠢᠮᠦ ᠂ ᠲᠠᠨ ᠤ ᠬᠡᠤᠬᠡᠳ ᠨᠡᠬᠡᠷᠡᠨ ᠴᠢᠳᠠᠯ ᠲᠠᠢ ᠪᠠᠢᠨ᠎ᠠ ᠳ᠋ᠠ ︕ ᠰᠠᠷ᠎ᠠ ᠶᠢᠨ ᠴᠠᠯᠢᠩ ᠵᠢᠯ ᠦᠨ ᠣᠷᠤᠯᠭ᠎ᠠ ᠨᠢ ᠮᠠᠰᠢ ᠦᠨᠳᠦᠷ ᠪᠠᠢᠭ᠎ᠠ ᠪᠢᠵᠡ ︖
︱ ᠦᠭᠡᠢ ᠂ ᠦᠭᠡᠢ ᠂ ᠬᠡᠳᠦᠨ ᠮᠢᠩᠭᠠᠬᠠᠨ ᠲᠦᠭᠦᠷᠢᠭ ᠃ ᠪᠣᠤ ᠮᠠ ᠲᠡᠷᠭᠡ ᠴᠢᠨᠢ ᠦᠨ᠎ᠡ ᠲᠡᠶ ᠯᠠ ᠶᠠᠭᠤᠮ᠎ᠠ ᠂ ᠮᠠᠨ ᠤ ᠬᠡᠳᠦᠢ ᠵᠢᠯ ᠢᠶᠡᠷ ᠬᠠᠳᠠᠭᠠᠯᠠᠵᠤ ᠢᠷᠡᠭᠰᠡᠨ ᠵᠣᠭᠤᠰ ᠢᠶᠠᠨ ᠪᠦᠬᠦᠨ ᠢ ᠭᠠᠷᠭᠠᠭᠠᠳ ᠭᠦᠢᠴᠡᠭᠰᠡᠨ ᠦᠭᠡᠢ ᠃ ᠲᠡᠭᠡᠷ᠎ᠡ ᠨᠢ ᠪᠠᠰᠠ ᠬᠡᠳᠦᠨ ᠠᠷᠪᠠᠨ ᠲᠦᠮᠡᠨ ᠲᠦᠭᠦᠷᠢᠭ ᠦᠨ ᠬᠦᠦ ᠲᠠᠢ ᠵᠣᠭᠤᠰ ᠵᠠᠷᠤᠭᠰᠠᠨ ᠃ ᠲᠡᠭᠦᠨ ᠦ ᠴᠠᠯᠢᠩ ᠭᠡᠵᠦ ᠲᠡᠷᠭᠡᠨ ᠲᠣᠰᠣ ᠂ ᠢᠳᠡᠵᠦ ᠣᠤᠭᠤᠬᠤ ᠂ ᠡᠮᠦᠰᠴᠤ ᠵᠡᠭᠦᠬᠦ ᠪᠡᠨ ᠭᠠᠷᠭᠠᠪᠠᠯ ᠲᠡᠮᠡᠢ ᠯᠠ ᠦᠯᠡᠳᠡᠬᠦ ᠶᠠᠭᠤᠮ᠎ᠠ ᠦᠭᠡᠢ ᠂ ᠬᠠᠶᠠ ᠵᠠᠷᠢᠮ ᠰᠠᠷ᠎ᠠ ᠳᠤ ᠪᠠᠨ ᠪᠠᠰᠠ ᠭᠦᠢᠴᠡᠬᠦ ᠪᠡᠨ ᠪᠣᠯᠢᠴᠢᠬᠠᠳᠠᠭ ᠃
︱ ᠲᠠ ᠴᠢᠨᠢ ᠦᠷ᠎ᠡ ᠶᠢᠨ ᠢᠶᠡᠨ ᠲᠦᠯᠦᠭᠡ ᠦᠰᠦ ᠪᠠᠨ ᠴᠠᠢᠯᠭᠠᠵᠤ ᠂ ᠰᠢᠳᠦ ᠪᠡᠨ ᠣᠨᠠᠲᠠᠯᠠ ᠲᠡᠮᠡᠴᠡᠭᠰᠡᠨ ᠦᠷᠦᠰᠢᠶᠡᠯ ᠡᠨᠡᠷᠢᠯ ᠶᠡᠬᠡ ᠲᠡᠶ ᠬᠦᠮᠦᠨ ᠪᠠᠢᠨ᠎ᠠ ᠳ᠋ᠠ ︕ ᠲᠠᠨ ᠤ ᠬᠦᠦ ᠬᠡᠴᠢᠨᠡᠨ ᠶᠡᠬᠡ ᠪᠣᠶᠠᠨ ᠲᠠᠶ ᠪᠢᠯᠡ ⁈
︱ ᠬᠡᠤᠬᠡᠨ ᠲᠠᠨ ᠤ ᠴᠠᠯᠢᠩ ᠮᠦᠨ ᠯᠠ ᠬᠡᠳᠦᠬᠡᠨ ᠮᠢᠩᠭᠠᠨ ᠲᠦᠭᠦᠷᠢᠭ ᠦᠦ ︖ ᠶᠠᠭᠤᠨ ᠳᠤ ᠲᠡᠷᠭᠡ ᠵᠢᠯᠤᠭᠤᠳᠬᠤ ᠦᠭᠡᠢ ᠪᠠᠢᠭ᠎ᠠ ᠪᠣᠢ ︖
︱ ᠦᠭᠡᠢ ᠂ ᠪᠢ ᠳ᠋ᠣᠭ᠍ᠲ᠋ᠣᠷ ᠢᠶᠠᠨ ᠲᠡᠭᠦᠰᠴᠤ ᠠᠵᠢᠯ ᠳᠤ ᠭᠠᠷᠤᠭᠰᠠᠨ ᠡᠴᠡ ᠰᠠᠷ᠎ᠠ ᠶᠢᠨ ᠴᠠᠯᠢᠩ ᠲᠦᠮᠡ ᠶᠢ ᠬᠡᠳᠦᠷᠡᠴᠢᠬᠡᠭᠰᠡᠨ ᠂ ᠡᠮᠦᠨ᠎ᠡ ᠭᠣᠷᠪᠠᠨ ᠵᠢᠯ ᠦᠨ ᠴᠠᠯᠢᠩ ᠢᠶᠠᠨ ᠪᠦᠬᠦᠨ ᠢ ᠬᠠᠳᠠᠭᠠᠯᠠᠨ ᠵᠠᠷᠣᠴᠠᠭᠤᠯᠵᠤ ᠂ ᠠᠪᠤ ᠳᠤ ᠪᠠᠨ ᠨᠢᠭᠡᠨ ︽ᠣᠤ ᠳ᠋ᠢ ︾ ᠲᠡᠷᠭᠡ ᠬᠤᠳᠠᠯᠳᠤᠨ ᠠᠪᠴᠤ ᠦᠭᠭᠦᠭᠰᠡᠨ ᠃ ᠠᠢ ᠂ ᠠᠪᠤ ᠮᠢᠨᠢ ᠂ ᠮᠢᠨᠦ ᠲᠦᠯᠦᠭᠡ ᠬᠦᠴᠦᠨ ᠢᠶᠠᠨ ᠰᠢᠪᠬᠠᠭᠰᠠᠭᠠᠷ ᠪᠠᠢᠵᠤ ᠲᠠᠪᠢ ᠭᠠᠷᠴᠤ ᠲᠠᠯ᠎ᠠ ᠵᠠᠵᠢ ᠨᠢ ᠴᠠᠢᠴᠢᠬᠠᠯᠠ ᠃ ᠪᠢ ᠡᠷᠬᠡᠪᠡᠰᠢ ᠠᠪᠤ ᠡᠵᠢ ᠪᠡᠨ ᠤᠷᠢᠳᠠᠪᠡᠷ ᠨᠡᠢᠭᠡᠮ ᠦᠨ ᠰᠠᠢᠨ ᠰᠠᠢᠬᠠᠨ ᠢ ᠡᠳ᠋ᠯᠡᠭᠦᠯᠪᠡᠯ ᠵᠣᠬᠢᠨ᠎ᠠ ᠃ ᠪᠢ ᠵᠠᠯᠠᠭᠤ ᠪᠠᠢᠭᠰᠠᠭᠠᠷ ᠂ ᠮᠢᠨᠦ ᠨᠡᠢᠭᠡᠮ ᠦᠨ ᠰᠠᠢᠨ ᠰᠠᠢᠬᠠᠨ ᠢ ᠡᠳ᠋ᠯᠡᠬᠦ ᠬᠤᠭᠣᠴᠠᠭᠠ ᠤᠷᠳᠤ ᠯᠠ ᠪᠠᠢᠨ᠎ᠠ ᠳ᠋ᠠ︕ ᠡᠪᠦᠭᠡ ᠡ᠂ ᠲᠡᠢᠮᠦ ᠪᠢᠰᠢᠦ︖
ᠦᠨᠦᠬᠢ ᠡᠪᠦᠭᠡᠨ ᠲᠣᠤᠭᠠᠷᠬᠤ ᠦᠭᠡ ᠦᠭᠡᠢ ᠪᠣᠯᠵᠤ ᠭᠣᠬᠢᠨ ᠰᠠᠭᠤᠲᠠᠯ᠎ᠠ ᠂ ᠲᠡᠷᠭᠡ ᠣᠯᠠᠨ ᠤᠯᠤᠰ ᠤᠨ ᠮᠣᠩᠭᠤᠯ ᠡᠮᠨᠡᠯᠭᠡ ᠶᠢᠨ ᠬᠣᠷᠢᠶ᠎ᠠ ᠬᠦᠷᠴᠦ ᠵᠣᠭᠰᠤᠪᠠ ᠃ ᠲᠡᠷᠭᠡᠨ ᠡᠴᠡ ᠪᠠᠭᠣᠬᠤ ᠪᠣᠯᠤᠭᠰᠠᠨ ᠳᠤ ᠪᠠᠨ ᠪᠢ ᠮᠠᠰᠢ ᠰᠠᠳᠤᠷᠴᠤ ᠂ ᠲᠡᠷᠭᠡᠨ ᠦ ᠬᠣᠢᠳᠤ ᠡᠭᠦᠳᠡ ᠶᠢ ᠴᠢᠭᠯᠡᠨ ᠶᠠᠪᠣᠬᠤ ᠶᠢᠨ ᠲᠠᠭᠠᠤ ︽ ᠬᠡᠤᠬᠡ ᠡ ᠂ ᠲᠠᠨ ᠤ ᠠᠯᠳᠠᠷ ᠬᠡᠨ ᠪᠣᠯᠬᠤ ᠪᠢᠯᠡ ︖ ︾ ᠭᠡᠵᠦ ᠠᠰᠠᠭᠤᠬᠤ ᠳᠤ ᠬᠡᠤᠬᠡᠨ ᠄ ︽ ᠠᠪᠠᠭ᠎ᠠ ᠡ ᠂ ᠮᠢᠨᠦ ᠨᠡᠷ᠎ᠡ ᠪᠣᠯ ᠴᠠᠭ ᠡᠷᠡᠨ ᠡᠴᠡ ᠬᠣᠴᠤᠷᠤᠭᠰᠠᠨ
ᠬᠡᠤᠬᠡᠨ ︕ ︾ ᠭᠡᠵᠦ ᠢᠨᠢᠶᠡᠮᠰᠦᠭᠯᠡᠨ ᠬᠡᠯᠡᠭᠡᠳ ᠡᠰᠡᠷᠭᠦ ᠡᠴᠡ ᠶᠠᠭ ︽ ᠠᠭᠠᠵᠢᠮ ᠶᠠᠪᠤᠭᠠᠷᠠᠢ ︕ ︾ ᠭᠡᠵᠦ ᠬᠡᠯᠡᠵᠦ ᠪᠠᠢᠭ᠎ᠠ ᠰᠢᠬ ᠭᠠᠷ ᠢᠶᠠᠨ ᠬᠤᠷᠤᠢᠯᠠᠵᠤ ᠯᠠ ᠪᠠᠢᠯ᠎ᠠ ︕
12
0