ᠭᠠᠳᠠᠭᠠᠳᠤ ᠤᠷᠴᠢᠯᠠᠩ ᠳ᠋ᠦ ᠭᠠᠷᠬᠤ ᠭᠠᠢᠢᠬᠠᠮᠰᠢᠭᠲᠤ ᠡᠭᠦᠳᠡ ᠭᠠᠩ ᠷᠸᠨ ᠪᠦᠸ᠋ᠸ ᠴᠢ ᠠᠭᠤᠯᠠᠨ ᠳ᠋ᠦ ᠭᠤᠷᠠᠭᠠᠨ ᠵᠠᠮ ᠵᠢᠡᠷ ᠳᠤᠭᠤᠷᠢᠬᠤ ᠲᠤᠬᠠᠢ ᠮᠦᠴᠡᠳ ᠦᠭᠦᠯᠡᠬᠦ ᠨᠢ ︵ 3 ︶
ᠭᠠᠳᠠᠭᠠᠳᠤ ᠤᠷᠴᠢᠯᠠᠩ ᠳ᠋ᠦ ᠭᠠᠷᠬᠤ ᠭᠠᠢᠢᠬᠠᠮᠰᠢᠭᠲᠤ ᠡᠭᠦᠳᠡ ᠭᠠᠩ ᠷᠸᠨ ᠪᠦᠸ᠋ᠸ ᠴᠢ ᠠᠭᠤᠯᠠᠨ ᠳ᠋ᠦ ᠭᠤᠷᠠᠭᠠᠨ ᠵᠠᠮ ᠵᠢᠡᠷ ᠳᠤᠭᠤᠷᠢᠬᠤ ᠲᠤᠬᠠᠢ ᠮᠦᠴᠡᠳ ᠦᠭᠦᠯᠡᠬᠦ ᠨᠢ
372
2024-08-23 18:55
发表于:内蒙古
ᠭᠠᠩ ᠷᠸᠨ ᠪᠦᠸ᠋ᠸ ᠴᠢ ᠠᠭᠤᠯᠠᠨ ᠳ᠋ᠦ ᠵᠤᠭᠠᠴᠠᠭᠰᠠᠳ ᠤᠨ ᠳᠤᠲᠤᠷ᠎ᠠ ᠬᠦᠴᠢᠯᠳᠦᠷᠦᠭᠴᠢ ᠲᠤᠲᠠᠭᠳᠠᠭᠰᠠᠨ ᠡᠴᠡ ᠪᠤᠯᠵᠤ ᠦᠨᠳᠦᠷᠯᠢᠭ ᠤᠨ ᠲᠤᠰᠬᠠᠯ ᠡᠭᠦᠰᠴᠤ ᠂ ᠡᠳ᠋ᠦᠷ ᠪᠦᠷᠢ ᠠᠳᠠᠭ ᠲᠤ ᠪᠡᠨ ᠨᠢᠭᠡ ᠬᠦᠮᠦᠨ ᠮᠠᠨᠠᠷᠠᠵᠤ ᠪᠠᠢᠢᠨ᠎ᠠ︕ ᠰᠠᠷ᠎ᠠ ᠪᠦᠷᠢ ᠠᠳᠠᠭ ᠲᠤ ᠪᠡᠨ ᠨᠢᠭᠡ ᠬᠦᠮᠦᠨ ᠠᠮᠢ ᠨᠠᠰᠤ ᠪᠡᠨ ᠠᠯᠳᠠᠵᠤ ᠪᠠᠢᠢᠨ᠎ᠠ ᠰᠢᠦ︕ ᠭᠡᠪᠡᠴᠦ ᠬᠦᠮᠦᠰ ᠶᠠᠭᠤᠨ ᠳ᠋ᠦ ᠲᠡᠷᠡ ᠵᠦᠭ ᠲᠡᠮᠡᠦᠯᠡᠭᠡᠳ ᠪᠠᠢᠢᠳᠠᠭ ᠪᠤᠢ︖ ᠬᠠᠷᠢᠭᠤᠯᠲᠠ ᠵᠢ ᠨᠢ ᠪᠢ ᠡᠨᠳ᠋ᠡ ᠬᠡᠯᠡᠬᠦ ᠦᠭᠡᠢ ᠴᠦ ᠭᠡᠰᠡᠨ ᠲᠠ ᠨᠠᠷ ᠪᠦᠷ ᠮᠡᠳᠡᠨ᠎ᠡ ᠃ ᠰᠦᠰᠦᠭ ᠪᠢᠰᠢᠷᠡᠯ ᠂ ᠬᠠᠳᠠᠭᠤ ᠵᠤᠷᠢᠭ ᠪᠡᠢᠢᠪᠡᠯ ᠶᠠᠮᠠᠷᠪᠠ ᠶᠠᠭᠤᠮ᠎ᠠ ᠵᠢ ᠢᠯᠠᠨ ᠳᠠᠪᠠᠵᠤ ᠂ ᠬᠦᠰᠡᠯ ᠡᠷᠡᠮᠡᠯᠵᠡᠯ ᠵᠢᠡᠨ ᠪᠡᠶᠡᠯᠡᠭᠦᠯᠵᠦ ᠴᠢᠳᠠᠨ᠎ᠠ ᠃
ᠲᠠ ᠪᠠᠰᠠ ᠨᠢᠭᠡᠨ ᠬᠢᠷᠢ ᠲᠡᠩᠴᠡᠭᠰᠡᠨ ᠵᠤᠭᠠᠴᠠᠭᠴᠢ ᠪᠤᠯᠤᠶ᠎ᠠ ᠭᠡᠪᠡᠯ ᠶᠠᠭᠤᠨ ᠤ ᠤᠷᠢᠳ ᠬᠠᠮᠢᠭ᠎ᠠ ᠤᠴᠢᠪᠠᠯ ᠲᠡᠷᠡ ᠭᠠᠵᠠᠷ ᠤᠨ ᠰᠤᠶᠤᠯ ᠤᠨ ᠠᠭᠤᠯᠤᠭᠳᠠᠬᠤᠨ ᠢ ᠨᠢ ᠮᠡᠳᠡᠬᠦ ᠴᠢᠬᠤᠯᠠ ᠲᠠᠢ ᠃ ᠵᠢᠱᠢᠶᠡᠯᠡᠪᠡᠯ ᠽᠢ ᠵᠢᠢ ᠯᠠ ᠱᠠᠨ ᠠᠭᠤᠯᠠᠨ ᠠᠮᠠ ᠪᠤᠶᠤ ᠵᠦᠸ᠋ᠸ ᠮᠠ ᠯᠠ ᠶᠠ ᠠᠭᠤᠯᠠᠨ ᠠᠮᠠᠨ ᠳ᠋ᠦ ᠮᠠᠰᠢ ᠤᠯᠠᠨ ᠲᠠᠷᠨᠢ ᠵᠢᠨ ᠲᠠᠷᠴᠠᠭ ᠬᠡᠢᠢᠰᠭᠡᠵᠦ ᠪᠠᠢᠢᠳᠠᠭ ᠃ ᠲᠡᠷᠡ ᠪᠤᠯ ᠡᠨᠳ᠋ᠡ ᠢᠷᠡᠭᠰᠡᠳ ᠤᠨ ᠬᠦᠰᠡᠯ ᠵᠦᠩᠨᠡᠯ ᠤᠨ ᠪᠡᠯᠭᠡᠳᠡᠯ ᠶᠤᠮ ᠃ ᠲᠡᠭᠦᠨ ᠢ ᠤᠷᠴᠢᠨ ᠲᠤᠭᠤᠷᠢᠨ ᠢ ᠪᠤᠬᠢᠷᠳᠠᠭᠤᠯᠵᠠᠢ ᠬᠡᠮᠡᠨ ᠲᠤᠷᠠᠪᠠᠷ ᠬᠦᠳᠡᠯᠭᠡᠵᠦ ᠪᠤᠯᠬᠤ ᠦᠭᠡᠢ ᠃ ᠲᠡᠭᠡᠪᠡᠯ ᠵᠠᠮ ᠵᠠᠭᠤᠷ᠎ᠠ ᠲᠡᠷᠡ ᠵᠦᠸ᠋ᠸ ᠮᠠ ᠯᠠ ᠶᠠ ᠤᠷᠭᠢᠯ ᠤᠨ ᠤᠷᠤᠢ ᠳᠡᠭᠡᠷ᠎ᠡ ᠨᠢᠭᠡᠨ ᠲᠤᠮᠤ ᠬᠠᠳ᠋ᠠ ᠪᠠᠢᠢᠳᠠᠭ ᠃ ᠡᠨᠡ ᠬᠠᠳᠠᠨ ᠳᠤᠤᠷ᠎ᠠ ᠦᠪᠡᠷ ᠤᠨ ᠪᠡᠶ᠎ᠡ ᠳ᠋ᠦ ᠠᠪᠴᠤ ᠶᠠᠪᠤᠵᠤ ᠪᠠᠢᠢᠭ᠎ᠠ ᠵᠤᠭᠤᠰ ᠂ ᠰᠡᠭᠦᠳᠡᠷ ᠂ ᠪᠢᠴᠢᠭᠡᠰᠦ ᠡᠰᠡᠭᠦᠯ᠎ᠡ ᠨᠡᠷ᠎ᠡ ᠪᠤᠶᠤ ᠲᠤᠪᠴᠢ ᠵᠡᠷᠭᠡ ᠵᠢ ᠲᠠᠷᠤᠵᠤ ᠲᠠᠯᠪᠢᠨ ᠭᠠᠩ ᠷᠸᠨ ᠪᠦᠸ᠋ᠸ ᠴᠢ ᠳ᠋ᠦ ᠢᠷᠡᠭᠰᠡᠨ ᠵᠢᠡᠨ ᠭᠡᠷᠡᠴᠢᠯᠡᠳᠡᠭ ᠃ ᠡᠭᠦᠨ ᠡᠴᠡ ᠭᠠᠳᠠᠨ᠎ᠠ ᠽᠢ ᠵᠢᠢ ᠯᠠ ᠱᠠᠨ ᠠᠭᠤᠯᠠᠨ ᠤ ᠲᠡᠭᠡᠷ᠎ᠡ ᠨᠢᠭᠡᠨ ᠬᠤᠩᠬ᠎ᠠ ᠪᠠᠢᠢᠳᠠᠭ ᠃ ᠲᠡᠷᠡ ᠬᠤᠩᠬ᠎ᠠ ᠵᠢ ᠴᠦ ᠨᠢᠭᠡ ᠪᠤᠶᠤ ᠭᠤᠷᠪᠠ ᠤᠳᠠᠭ᠎ᠠ ᠯᠠ ᠲᠤᠭᠰᠢᠵᠤ ᠪᠢ ᠲᠦᠪᠡᠳ ᠤᠷᠤᠨ ᠳ᠋ᠦ ᠢᠷᠡᠯ᠎ᠡ ᠭᠡᠰᠡᠨ ᠵᠢᠡᠨ ᠮᠡᠳᠡᠭᠳᠡᠪᠡᠯ ᠪᠤᠯᠴᠢᠬᠠᠨ᠎ᠠ ᠃ ᠤᠯᠠᠨ ᠤᠳᠠᠭ᠎ᠠ ᠲᠠᠬᠢᠨ ᠲᠠᠪᠳᠠᠨ ᠲᠤᠭᠰᠢᠬᠤ ᠵᠢ ᠴᠡᠭᠡᠷᠯᠡᠳᠡᠭ ᠃ ᠡᠨᠡ ᠪᠦᠭᠦᠳ᠋ᠡ ᠲᠦᠪᠡᠳ ᠤᠷᠤᠨ ᠲᠤᠬᠠᠢᠢᠯᠠᠪᠠᠯ ᠭᠠᠩ ᠷᠸᠨ ᠪᠦᠸ᠋ᠸ ᠴᠢ ᠠᠭᠤᠯᠠᠨ ᠤ ᠰᠤᠶᠤᠯ ᠤᠨ ᠠᠭᠤᠯᠤᠭᠳᠠᠬᠤᠨ ᠶᠤᠮ ᠃ ᠲᠠ ᠤᠯᠠᠨ ᠮᠢᠨᠢ ᠪᠤᠤ ᠯᠠ ᠶᠠᠭᠤ ᠴᠦ ᠮᠡᠳᠡᠬᠦ ᠦᠭᠡᠢ ᠬᠦᠬᠡ ᠲᠡᠮᠦᠷ ᠰᠢᠭ ᠯᠦᠭ ᠪᠠᠭ ᠭᠡᠳ ᠪᠠᠢ︕ ᠢᠯᠡᠭᠦᠬᠡᠨ ᠲᠠᠷᠢᠬᠢ ᠲᠤᠯᠤᠭᠠᠢ ᠪᠡᠨ ᠬᠦᠳᠡᠯᠭᠡᠵᠦ ᠂ ᠮᠡᠳ᠋ᠡᠯᠭᠡ ᠵᠢᠨ ᠰᠠᠩ ᠡᠴᠡ ᠮᠦᠷᠳᠡᠬᠦ ᠪᠤᠶᠤ ᠠᠰᠠᠭᠤᠵᠤ ᠰᠤᠷᠠᠨ ᠰᠤᠶᠤᠯ ᠪᠤᠯᠪᠠᠰᠤᠷᠠᠯ ᠲᠠᠢ ᠂ ᠤᠬᠠᠮᠰᠠᠷᠳᠤ ᠠᠷᠠᠳ ᠪᠤᠯᠵᠤ ᠶᠠᠪᠤᠭᠠᠷᠠᠢ ᠁
0
0