  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1791662
   1251

ᠨᠠᠶᠢ᠍ᠷᠠᠯ ᠳᠠᠭᠤᠨ ᠤ ᠤᠳᠤᠷᠢᠳᠤᠭᠠᠴᠢᠳ ᠢᠶᠡᠷ ᠳᠡᠯᠡᠬᠡᠢ ᠳ᠋ᠤ ᠲᠠᠨᠢᠭᠳᠠᠭᠰᠠᠨ ᠢᠯᠠᠭᠤᠨᠭᠡᠷᠡᠯ

ᠪ ᠊ ᠣᠶᠢ᠍ᠳᠤᠪ : ᠨᠠᠶᠢ᠍ᠷᠠᠯ ᠳᠠᠭᠤᠨ ᠤ ᠤᠳᠤᠷᠢᠳᠤᠭᠠᠴᠢᠳ ᠢᠶᠡᠷ ᠳᠡᠯᠡᠬᠡᠢ ᠳ᠋ᠤ ᠲᠠᠨᠢᠭᠳᠠᠭᠰᠠᠨ ᠢᠯᠠᠭᠤᠨᠭᠡᠷᠡᠯ (《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-2)
        8707     
2018-12-15 18:42    
发表于:内蒙古
ᠪ ᠊ ᠣᠶᠢ᠍ᠳᠤᠪ : ᠨᠠᠶᠢ᠍ᠷᠠᠯ ᠳᠠᠭᠤᠨ ᠤ ᠤᠳᠤᠷᠢᠳᠤᠭᠠᠴᠢᠳ ᠢᠶᠡᠷ ᠳᠡᠯᠡᠬᠡᠢ ᠳ᠋ᠤ ᠲᠠᠨᠢᠭᠳᠠᠭᠰᠠᠨ ᠢᠯᠠᠭᠤᠨᠭᠡᠷᠡᠯ (《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-2) ᠥᠪᠥᠷ ᠮᠣᠩᠭᠣᠯ ᠤᠨ ᠬᠢᠩᠭᠠᠨ ᠠᠶᠢᠮᠠᠭ᠂ ᠪᠣᠷᠵᠢᠭᠢᠨ ᠣᠪᠣᠭᠲᠤ ᠰᠡᠴᠡᠨᠪᠢᠯᠢᠭᠲᠦ ᠶᠢᠨ ᠢᠯᠠᠭᠤᠨᠭᠡᠷᠡᠯ᠃ ᠠᠪᠤ ᠡᠵᠢ ᠨᠢ ᠲᠡᠭᠦᠨ ᠳᠦ ᠡᠶᠢᠮᠦ ᠢᠯᠭᠤᠨ ᠰᠠᠶᠢᠬᠠᠨ ᠰᠣᠨᠣᠰᠬᠤᠯᠠᠩᠲᠤ ᠠᠯᠳᠠᠷ ᠢ ᠬᠠᠶᠢᠷᠠᠯᠠᠵᠠᠢ᠃ ᠲᠡᠷᠡ ᠪᠡᠷ ᠥᠪᠥᠷ ᠮᠣᠩᠭᠣᠯ ᠲᠡᠳᠦᠢ ᠦᠭᠡᠢ ᠳᠤᠮᠳᠠᠳᠤ ᠤᠯᠤᠰ ᠤᠨ ᠤᠷᠠᠯᠢᠭ ᠰᠤᠶᠤᠯ ᠤᠨ ᠶᠡᠬᠡ ᠡᠷᠳᠡᠮᠲᠡᠨ ᠳ᠋ᠣᠺᠲ᠋ᠣᠷ᠂ ᠫᠷᠣᠹᠧᠰᠰᠣᠷ ᠬᠦᠮᠦᠨ᠃ ᠬᠥᠭᠵᠢᠮ ᠦᠨ ᠥᠨᠳᠥᠷ ᠪᠣᠯᠪᠠᠰᠤᠷᠠᠯᠲᠠᠢ ᠶᠢᠨ ᠳᠡᠭᠡᠷ᠎ᠡ ᠰᠤᠷᠴᠤ ᠮᠡᠳᠡᠬᠦ ᠶᠢᠨ ᠲᠥᠯᠥᠭᠡ ᠴᠠᠭᠯᠠᠰᠢ ᠦᠭᠡᠢ ᠲᠡᠮᠡᠦᠯᠡᠭᠴᠢ ᠡᠭᠡᠯ ᠳᠠᠷᠤᠤᠬᠠᠨ ᠡᠨᠡ ᠡᠮᠡᠭᠲᠡᠢ ᠲᠡᠢ ᠶᠠᠷᠢᠯᠴᠠᠵᠤ ᠰᠠᠭᠤᠬᠤ ᠳᠤ ᠶᠠᠷᠢᠶ᠎ᠠ ᠬᠥᠭᠡᠷᠦᠭᠡ ᠨᠢ ᠲᠤᠩ ᠴᠡᠭᠴᠡᠲᠡᠢ᠂ ᠡᠩ ᠦᠨ ᠳᠠᠷᠤᠤ ᠨᠢᠭᠡᠨ ᠪᠠᠶᠢᠪᠠ᠃ ᠢᠯᠠᠭᠤᠨᠭᠡᠷᠡᠯ ᠬᠠᠲᠤᠭᠲᠠᠢ ᠡᠬᠡ ᠣᠷᠣᠨ ᠢᠷᠡᠭᠡᠳᠦᠢ ᠬᠣᠶᠢᠴᠢ ᠦᠶ᠎ᠡ᠂ ᠪᠠᠭᠠᠴᠤᠳ ᠬᠡᠦᠬᠡᠳ ᠦᠨ ᠬᠥᠭᠵᠢᠮ ᠦᠨ ᠪᠣᠯᠪᠠᠰᠤᠷᠠᠯ ᠤᠨ ᠲᠥᠯᠥᠭᠡ ᠤᠷᠠᠯᠢᠭ ᠤᠨ ᠪᠤᠷᠬᠠᠨ ᠤ ᠢᠯᠡᠭᠡᠭᠰᠡᠨ ᠡᠯᠴᠢ ᠭᠡᠮᠡᠷ ᠥᠪᠡᠷ ᠢ ᠪᠡᠨ ᠴᠤ ᠮᠠᠷᠲᠠᠨ ᠵᠣᠯᠢᠵᠤ ᠬᠡᠮᠵᠢᠶᠡᠯᠡᠰᠢ ᠦᠭᠡᠢ ᠶᠡᠬᠡ ᠶᠢ ᠬᠢᠵᠦ ᠪᠦᠲᠦᠭᠡᠨ᠂ ᠦᠨᠡᠯᠡᠰᠢ ᠦᠭᠡᠢ ᠥᠨᠳᠥᠷ ᠠᠮᠵᠢᠯᠲᠠ ᠨᠤᠭᠤᠳ ᠢ ᠦᠵᠡᠭᠦᠯᠵᠡᠢ᠃ ᠲᠡᠭᠦᠨ ᠦ ᠲᠥᠷᠦᠭᠦᠯᠦᠭᠰᠡᠨ ᠮᠢᠩᠭ᠎ᠠ ᠮᠢᠩᠭᠠᠨ ᠱᠠᠪᠢ ᠨᠠᠷ ᠨᠢ ᠤᠷᠠᠯᠢᠭ ᠤᠨ ᠲᠩᠷᠢ ᠳᠦ ᠣᠳᠣ ᠪᠣᠯᠤᠨ ᠭᠢᠯᠠᠯᠵᠠᠵᠤ᠂ ᠰᠠᠶᠢᠬᠠᠨ ᠰᠡᠳᠬᠢᠯᠲᠦ ᠪᠠᠭᠰᠢ ᠶᠢᠨ ᠬᠢ ᠨᠢ ᠳᠠᠷᠤᠤᠬᠠᠨ ᠲᠥᠷᠬᠥ ᠲᠡᠳᠡᠨ ᠦ ᠬᠢ ᠪᠡᠨ ᠵᠢᠷᠦᠬᠡᠨ ᠳᠦ ᠤᠷᠠᠯᠢᠭ ᠤᠨ ᠶᠠᠩᠵᠢᠩᠯᠬᠠᠮ ᠪᠤᠷᠬᠠᠨ ᠮᠡᠲᠦ ᠬᠣᠨᠣᠭᠰᠢᠨ᠎ᠠ᠃ ᠡᠨᠡ ᠨᠢ ᠢᠯᠠᠭᠤᠨᠭᠡᠷᠡᠯ ᠦᠨ ᠤᠷᠠᠯᠢᠭ ᠲᠤ ᠲᠤᠭᠤᠯᠤᠭᠰᠠᠨ ᠠᠮᠢᠳᠤᠷᠠᠯ᠂ ᠵᠠᠮᠨᠠᠯ ᠤᠨ ᠶᠡᠬᠡ ᠦᠢᠯᠡᠰ ᠡᠴᠡ ᠲᠣᠳᠣᠬᠠᠨ ᠬᠠᠷᠠᠭᠳᠠᠨ᠎ᠠ᠃ ᠠᠪᠤ ᠨᠢ ᠬᠢᠲᠠᠳ ᠤᠨ ᠠᠷᠠᠳ ᠤᠨ ᠶᠡᠬᠡ ᠰᠤᠷᠭᠠᠭᠤᠯᠢ ᠶᠢᠨ ᠬᠠᠤᠯᠢ ᠶᠢᠨ ᠠᠩᠭᠢ ᠶᠢ ᠲᠡᠭᠦᠰᠦᠭᠰᠡᠨ ᠬᠠᠤᠯᠢᠴᠢ ᠮᠡᠷᠭᠡᠵᠢᠯ ᠲᠡᠢ᠂ ᠡᠵᠢ ᠨᠢ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠲᠡᠭᠦᠰᠦᠭᠰᠡᠨ ᠪᠠᠭᠰᠢ ᠮᠡᠷᠭᠡᠵᠢᠯ ᠲᠡᠢ᠃ ᠲᠡᠶᠢᠮᠦ ᠡᠴᠡ ᠲᠡᠦᠬᠡ᠂ ᠰᠤᠶᠤᠯ ᠤᠷᠠᠯᠢᠭ ᠢᠶᠠᠨ ᠳᠡᠭᠡᠳᠦᠯᠡᠳᠡᠭ ᠭᠡᠷ ᠪᠦᠯᠢ ᠳᠦ ᠲᠥᠷᠦᠵᠥ ᠥᠰᠦᠭᠰᠡᠨ ᠢᠯᠠᠭᠤᠨᠭᠡᠷᠡᠯ ᠪᠠᠭ᠎ᠠ ᠠᠴᠠ ᠪᠠᠨ ᠳᠠᠭᠤᠤ ᠬᠥᠭᠵᠢᠮ᠂ ᠤᠷᠠᠯᠢᠭ ᠰᠤᠶᠤᠯ ᠳᠤ ᠮᠠᠰᠢ ᠳᠤᠷᠠᠲᠠᠢ ᠨᠢᠭᠡᠨ ᠪᠣᠯᠵᠠᠢ᠃ ᠰᠡᠬᠡᠭᠡᠲᠡᠨ ᠭᠡᠷ ᠪᠦᠯᠢ ᠡᠶᠢᠨᠬᠦᠦ ᠥᠬᠢᠨ ᠢᠶᠡᠨ ᠰᠤᠷᠭᠠᠮᠵᠢᠯᠠᠨ ᠬᠥᠭᠵᠢᠭᠦᠯᠵᠦ᠂ ᠥᠪᠥᠷ ᠮᠣᠩᠭᠣᠯ ᠤᠨ ᠰᠤᠶᠤᠯ ᠤᠷᠠᠯᠢᠭ ᠤᠨ ᠰᠤᠷᠭᠠᠭᠤᠯᠢ ᠳᠤ ᠣᠷᠣᠭᠤᠯᠵᠤ᠂ ᠢᠯᠠᠭᠤᠨᠭᠡᠷᠡᠯ ᠥᠬᠢᠨ ᠴᠤ ᠡᠨᠡ ᠰᠤᠷᠭᠠᠭᠤᠯᠢ ᠪᠠᠨ ᠠᠮᠵᠢᠯᠲᠠ ᠲᠠᠢ ᠲᠡᠭᠦᠰᠦᠭᠡᠳ ᠳᠠᠭᠤᠤ ᠬᠥᠭᠵᠢᠮ ᠦᠨ ᠬᠠᠮᠤᠭ ᠤᠨ ᠰᠢᠯᠢᠳᠡᠭ ᠨᠢ ᠪᠣᠯᠵᠤ ᠮᠠᠨᠳᠤᠭᠰᠠᠨ ᠪᠠᠶᠢᠨ᠎ᠠ᠃ ᠲᠦᠳᠡᠯ ᠦᠭᠡᠢ ᠱᠠᠩᠬᠠᠢ ᠬᠣᠲᠠ ᠶᠢᠨ ᠳᠠᠭᠤᠤ ᠬᠥᠭᠵᠢᠮ ᠦᠨ ᠶᠡᠬᠡ ᠰᠤᠷᠭᠠᠭᠤᠯᠢ ᠳᠤ ᠣᠷᠣᠵᠤ ᠲᠡᠭᠦᠰᠬᠦ ᠶᠢᠨ ᠰᠠᠴᠠᠭᠤ ᠬᠢᠲᠠᠳ ᠤᠨ ᠬᠠᠮᠤᠭ ᠤᠨ ᠳᠡᠭᠡᠳᠦ ᠵᠢᠨᠳᠠ ᠶᠢᠨ ᠬᠥᠭᠵᠢᠮ ᠦᠨ ᠰᠤᠷᠭᠠᠭᠤᠯᠢ ᠪᠣᠯᠬᠤ ᠳᠤᠮᠳᠠᠳᠤ ᠤᠯᠤᠰ ᠤᠨ ᠬᠥᠭᠵᠢᠮ ᠦᠨ ᠰᠤᠷᠭᠠᠭᠤᠯᠢ ᠳᠤ ᠥᠪᠡᠷ ᠦᠨ ᠮᠡᠷᠭᠡᠵᠢᠯ ᠢᠶᠡᠨ ᠴᠢᠳᠠᠪᠤᠷᠢᠵᠢᠭᠤᠯᠵᠤ᠂ ᠡᠷᠳᠡᠮ ᠦᠨ ᠴᠣᠯᠠ ᠪᠠᠨ ᠠᠬᠢᠭᠤᠯᠵᠠᠢ᠃ ᠣᠳᠣ ᠪᠣᠯ ᠰᠤᠷᠤᠯᠴᠠᠬᠤ ᠵᠦᠢᠯᠡᠰ ᠢᠩᠭᠢᠭᠡᠳ ᠯᠠ ᠪᠣᠯᠴᠢᠬᠠᠮᠠᠷ᠃ ᠭᠡᠪᠡᠴᠦ ᠢᠯᠠᠭᠤᠨᠭᠡᠷᠡᠯ ᠦᠨ ᠴᠠᠭᠠᠰᠢᠳᠠ ᠰᠤᠷᠴᠤ ᠪᠣᠯᠪᠠᠰᠤᠷᠠᠬᠤ ᠭᠡᠰᠡᠨ ᠴᠢᠩ ᠬᠦᠰᠡᠯ ᠵᠣᠷᠢᠭ ᠰᠠᠪᠠᠨ ᠠᠴᠠ ᠪᠠᠨ ᠬᠠᠯᠢᠵᠤ ᠪᠢᠯᠬᠠᠬᠤ ᠶᠠᠭᠠᠬᠢᠭ᠎ᠠ ᠴᠤ ᠦᠭᠡᠢ ᠪᠠᠶᠢᠯ᠎ᠠ᠃ ᠪᠤᠷᠬᠠᠨ ᠪᠢᠳᠡᠨ ᠳᠦ ᠬᠡᠮᠵᠢᠶ᠎ᠡ ᠲᠡᠢ ᠤᠬᠠᠭᠠᠨ᠂ ᠬᠡᠮᠵᠢᠶ᠎ᠡ ᠦᠭᠡᠢ ᠬᠦᠰᠡᠯ ᠵᠣᠷᠢᠭ ᠬᠠᠶᠢᠷᠠᠯᠠᠭᠰᠠᠨ᠃ ᠲᠡᠶᠢᠮᠦ ᠳᠦ ᠪᠡᠨ ᠴᠤ 《ᠥᠪᠡᠷ ᠢ ᠪᠡᠨ ᠪᠣᠯᠪᠠᠰᠤᠷᠠᠯ ᠤᠨ ᠥᠨᠳᠥᠷ ᠲᠦ ᠭᠠᠷᠴᠢᠬᠠᠯ᠎ᠠ ᠭᠡᠵᠦ ᠢᠲᠡᠭᠡᠭᠰᠡᠨ ᠬᠦᠮᠦᠨ ᠳᠥᠩᠭᠡᠵᠢ ᠳᠣᠣᠷᠠᠳᠤ ᠲᠦᠪᠰᠢᠨ ᠳᠦ ᠨᠢ ᠪᠠᠶᠢᠳᠠᠭ》 ᠭᠡᠵᠦ ᠨᠢᠭᠡᠨ ᠤᠬᠠᠭᠠᠨᠲᠠᠨ ᠠᠶᠢᠯᠠᠳᠴᠠᠢ᠃ ᠡᠨᠡ ᠦᠭᠡ ᠶᠢ ᠴᠤᠬᠤᠮ ᠢᠯᠠᠭᠤᠨᠭᠡᠷᠡᠯ ᠪᠦᠰᠡᠭᠦᠢ ᠣᠯᠵᠤ ᠰᠣᠨᠣᠰᠤᠭᠰᠠᠨ ᠡᠰᠡᠬᠦ ᠶᠢ ᠪᠤᠤ ᠮᠡᠳᠡ᠃ ᠶᠠᠮᠠᠷ ᠲᠠᠢ ᠴᠤ ᠲᠡᠭᠦᠨ ᠦ ᠳᠡᠯᠡᠬᠡᠢ ᠶᠢᠨ ᠬᠡᠮᠵᠢᠶᠡᠨ ᠳᠦ ᠪᠣᠯᠪᠠᠰᠤᠷᠠᠬᠤ ᠭᠡᠰᠡᠨ ᠬᠢᠵᠠᠭᠠᠷ ᠦᠭᠡᠢ ᠬᠦᠰᠡᠯ ᠵᠣᠷᠢᠭ ᠢᠳᠡ ᠳᠦᠷᠡᠯᠵᠡᠵᠦ ᠪᠠᠶᠢᠯ᠎ᠠ᠃ ᠡᠶᠢᠮᠦ ᠡᠴᠡ ᠲᠡᠷᠡ ᠬᠠᠮᠤᠭ ᠬᠦᠴᠦ ᠪᠣᠯᠤᠯᠴᠠᠭ᠎ᠠ᠂ ᠠᠪᠢᠶᠠᠰ ᠴᠢᠳᠠᠯ ᠢᠶᠠᠨ ᠳᠠᠶᠢᠴᠢᠯᠠᠨ ᠪᠠᠶᠢᠵᠤ ᠠᠮᠧᠷᠢᠺᠠ ᠶᠢᠨ ᠬᠥᠭᠵᠢᠮ ᠦᠨ ᠶᠡᠬᠡ ᠰᠤᠷᠭᠠᠭᠤᠯᠢ ᠶᠢ ᠵᠣᠷᠢᠵᠠᠢ᠃ ᠴᠢᠩᠭᠢᠭᠡᠳ ᠡᠨᠳᠡᠬᠢ ᠶᠢᠨ ᠳᠠᠭᠤᠤ ᠬᠥᠭᠵᠢᠮ ᠦᠨ ᠲᠤᠰᠬᠠᠢ ᠮᠡᠷᠭᠡᠵᠢᠯ ᠦᠨ ᠰᠣᠯᠢᠯᠴᠠᠭ᠎ᠠ ᠪᠠᠷ ᠰᠤᠷᠤᠯᠴᠠᠵᠤ᠂ ᠰᠢᠯᠢᠳᠡᠭ ᠪᠠᠭᠰᠢ ᠨᠠᠷ ᠠᠴᠠ ᠨᠢ ᠲᠤᠷᠰᠢᠯᠭ᠎ᠠ ᠰᠤᠳᠤᠯᠵᠤ᠂ ᠨᠢᠭᠡ ᠵᠢᠯ ᠦᠨ ᠳᠣᠲᠣᠷ᠎ᠠ ᠴᠢᠮᠠᠯᠠᠬᠤ ᠪᠠᠷ ᠦᠭᠡᠢ ᠶᠡᠬᠡ ᠶᠢ ᠰᠤᠷᠣᠭᠰᠠᠨ ᠪᠠᠶᠢᠨ᠎ᠠ᠃ ᠪᠠᠭ᠎ᠠ ᠵᠠᠯᠠᠭᠤ ᠳᠤ ᠪᠠᠨ ᠲᠡᠷᠡ ᠪᠡᠷ ᠰᠢᠯᠢ ᠶᠢᠨ ᠭᠣᠣᠯ ᠠᠶᠢᠮᠠᠭ ᠤᠨ 《ᠤᠯᠠᠭᠠᠨ ᠮᠥᠴᠢᠷ》 ᠬᠡᠮᠡᠬᠦ ᠳᠠᠭᠤᠤ ᠬᠥᠭᠵᠢᠮ ᠦᠨ ᠴᠢᠭᠤᠯᠭ᠎ᠠ ᠳᠤ ᠪᠦᠵᠢᠭᠯᠡᠵᠦ᠂ ᠳᠠᠭᠤᠯᠠᠵᠤ᠂ ᠬᠦᠭᠵᠢᠮᠳᠡᠵᠦ᠂ ᠬᠥᠳᠡᠭᠡᠬᠢ ᠰᠤᠮᠤ ᠭᠠᠴᠠᠭᠠᠨ ᠤ ᠮᠠᠯᠴᠢᠳ ᠲᠤ ᠲᠣᠭᠯᠠᠯᠲᠠ ᠬᠢᠵᠦ᠂ ᠰᠡᠭᠦᠯ ᠳᠦ ᠪᠡᠨ ᠪᠦᠷ ᠡᠭᠦᠨ ᠡᠴᠡ ᠪᠡᠨ ᠵᠠᠯᠬᠠᠭᠠᠳ 《ᠡᠨᠡ ᠤᠯᠠᠭᠠᠨ ᠮᠥᠴᠢᠷ ᠡᠴᠡ ᠬᠡᠷᠬᠢᠨ ᠭᠠᠷᠬᠤ ᠪᠤᠢ》 ᠭᠡᠵᠦ ᠪᠣᠳᠣᠬᠤ ᠪᠣᠯᠤᠭᠰᠠᠨ ᠨᠢ ᠨᠢᠭᠡ ᠰᠠᠭᠤᠷᠢᠨ ᠳᠡᠭᠡᠷ᠎ᠡ ᠪᠡᠨ ᠬᠠᠳᠠᠭᠳᠠᠵᠤ ᠦᠯᠡᠳᠡᠬᠦ ᠶᠢ ᠬᠦᠰᠡᠭᠡ ᠦᠭᠡᠢ᠂ ᠮᠥᠨ ᠴᠢᠨᠠᠭᠰᠢᠳᠠ ᠡᠷᠳᠡᠮ ᠰᠤᠶᠤᠯ ᠤᠨ ᠬᠢᠵᠠᠭᠠᠷ ᠦᠭᠡᠢ ᠲᠡᠩᠭᠢᠰ ᠲᠦ ᠳᠤᠷ᠎ᠠ ᠪᠠᠷ ᠢᠶᠠᠨ ᠰᠡᠯᠢᠵᠦ ᠲᠡᠮᠡᠦᠯᠬᠦ ᠭᠡᠰᠡᠨ ᠵᠠᠯᠠᠭᠤ ᠨᠠᠰᠤᠨ ᠤ ᠡᠷᠮᠡᠭᠦᠨ ᠵᠣᠷᠢᠭ ᠨᠢ ᠢᠳᠡ ᠣᠷᠭᠢᠯᠵᠤ ᠪᠠᠶᠢᠭᠰᠠᠨ ᠢ ᠢᠯᠡᠳᠬᠡᠨ᠎ᠡ᠃ ᠲᠡᠭᠡᠲᠡᠯ᠎ᠡ ᠪᠤᠷᠬᠠᠨ ᠲᠡᠭᠦᠨ ᠤᠷᠤᠭᠦ ᠤᠳᠤᠷᠢᠳᠤᠭᠠᠴᠢ ᠬᠦᠮᠦᠨ ᠦ ᠤᠷᠠᠨ ᠭᠠᠷ᠂ ᠤᠶᠠᠨ ᠲᠠᠷᠢᠬᠢ ᠢᠯᠡᠭᠡᠵᠡᠢ᠃ ᠤᠴᠢᠷ ᠨᠢ ᠭᠡᠪᠡᠯ ᠤᠳᠤᠷᠢᠳᠤᠭᠠᠴᠢ ᠬᠦᠮᠦᠨ ᠦ ᠡᠷᠳᠡᠮ ᠨᠢ ᠭᠠᠷ ᠲᠤ ᠪᠠᠨ᠂ ᠮᠥᠨ ᠲᠠᠷᠢᠬᠢᠨ ᠳᠤ ᠪᠠᠨ ᠣᠷᠣᠰᠢᠳᠠᠭ ᠭᠡᠨᠡᠮ᠃ ᠣᠷᠺᠧᠰᠲ᠋ᠣᠷ᠂ ᠳᠠᠭᠤᠷᠢ᠂ ᠨᠠᠶᠢᠷᠠᠯ ᠬᠥᠭᠵᠢᠮ᠂ ᠨᠠᠶᠢᠷᠠᠯ ᠳᠠᠭᠤᠤ᠂ ᠴᠥᠭᠡᠭᠦᠯᠡ ᠬᠥᠭᠵᠢᠮ ᠵᠡᠷᠭᠡ ᠶᠢ ᠬᠥᠭᠵᠢᠮ ᠦᠨ ᠵᠣᠬᠢᠶᠠᠯᠴᠢ ᠶᠢᠨ ᠮᠡᠳᠡᠷᠡᠮᠵᠢ ᠰᠠᠨᠠᠭ᠎ᠠ ᠶᠢ ᠠᠮᠢᠯᠠᠭᠤᠯᠤᠨ ᠵᠢᠭᠳᠡ᠂ ᠤᠷᠠᠨ ᠰᠠᠶᠢᠬᠠᠨ ᠤ ᠦᠵᠡᠯ ᠪᠣᠳᠣᠯ ᠢ ᠢᠷᠠᠭᠤ ᠰᠠᠶᠢᠬᠠᠨ ᠢᠶᠠᠷ ᠳᠡᠯᠭᠡᠨ ᠦᠵᠡᠭᠦᠯᠳᠡᠭ ᠬᠦᠮᠦᠨ ᠪᠣᠯ ᠤᠳᠤᠷᠢᠳᠤᠭᠠᠴᠢ᠃ ᠳᠡᠯᠡᠬᠡᠢ ᠳ᠋ᠠᠬᠢᠨ ᠳᠤ ᠰᠢᠮᠹᠣᠨᠢ ᠣᠷᠺᠧᠰᠲ᠋ᠣᠷ ᠪᠥᠷᠢᠯᠳᠦᠨ ᠲᠣᠭᠲᠠᠭᠰᠠᠨ ᠲᠡᠷᠡ ᠴᠠᠭ ᠦᠶ᠎ᠡ ᠲᠡᠢ ᠵᠡᠷᠭᠡᠴᠡᠭᠡᠳ ᠤᠳᠤᠷᠢᠳᠤᠭᠠᠴᠢ ᠪᠤᠢ ᠪᠣᠯᠵᠠᠢ᠃ ᠬᠥᠭᠵᠢᠮᠴᠢᠳ ᠠᠩᠬ᠎ᠠ ᠶᠡᠷᠦ ᠳᠡᠭᠡᠨ ᠭᠠᠭᠴᠠ ᠬᠣᠶᠠᠷ ᠢᠶᠠᠷ ᠢᠶᠠᠨ ᠲᠣᠭᠯᠠᠳᠠᠭ ᠪᠠᠶᠢᠵᠡᠢ᠃ ᠬᠠᠷᠢᠨ ᠠᠷᠪᠠᠨ ᠳᠥᠷᠪᠡᠳᠦᠭᠡᠷ ᠵᠠᠭᠤᠨ ᠠᠴᠠ ᠣᠯᠠᠭᠤᠯᠠ ᠪᠠᠨ ᠬᠠᠮᠲᠤᠷᠠᠵᠤ ᠲᠣᠭᠯᠠᠬᠤ ᠱᠠᠭᠠᠷᠳᠠᠯᠭ᠎ᠠ ᠭᠠᠷᠴᠤ᠂ ᠮᠥᠨ ᠬᠥᠭᠵᠢᠮ ᠦᠨ ᠵᠢᠮᠰᠡᠭ ᠦᠨ ᠲᠥᠷᠥᠯ ᠴᠤ ᠣᠯᠠᠰᠢᠷᠠᠭᠰᠠᠨ ᠲᠤᠯᠠ ᠠᠶ᠎ᠠ ᠳᠠᠩ ᠨᠢ ᠵᠥᠷᠢᠯᠳᠦᠭᠡᠳ ᠨᠢᠭᠡ ᠯᠠ ᠪᠣᠯᠵᠤ ᠥᠭᠭᠦᠭᠰᠡᠨ ᠦᠭᠡᠢ᠃ ᠲᠡᠶᠢᠮᠦ ᠡᠴᠡ ᠡᠬᠢᠨ ᠦ ᠦᠶ᠎ᠡ ᠳᠦ ᠬᠢᠭᠢᠯᠢᠴᠢ ᠬᠦᠮᠦᠨ ᠨᠤᠮᠤ ᠪᠠᠷ ᠢᠶᠠᠨ ᠤᠳᠤᠷᠢᠳᠬᠤ ᠮᠠᠶ᠋ᠢᠭᠲᠠᠢ ᠲᠣᠭᠯᠠᠭᠤᠯᠵᠤ ᠦᠵᠡᠭᠰᠡᠨ ᠴᠤ ᠨᠢᠭᠡ ᠯᠠ ᠰᠠᠶᠢᠨ ᠪᠣᠯᠤᠭᠰᠠᠨ ᠦᠭᠡᠢ᠃ ᠰᠡᠭᠦᠯ ᠳᠦ ᠪᠡᠨ ᠭᠤᠴᠢ ᠳᠥᠴᠢᠨ ᠬᠦᠮᠦᠨ ᠲᠡᠢ ᠣᠷᠺᠧᠰᠲ᠋ᠣᠷ ᠪᠥᠷᠢᠯᠳᠦᠭᠡᠳ ᠢᠷᠡᠮᠡᠭᠴᠡ ᠨᠢᠭᠡ ᠬᠦᠮᠦᠨ ᠬᠥᠭᠵᠢᠮᠴᠢᠳ ᠦᠨ ᠢᠶᠡᠨ ᠡᠮᠦᠨ᠎ᠡ ᠭᠠᠷᠴᠤ ᠢᠷᠡᠭᠡᠳ ᠭᠠᠷ ᠲᠤ ᠪᠠᠨ ᠴᠠᠭᠠᠰᠤ ᠬᠤᠶᠢᠯᠠᠨ ᠪᠣᠭᠣᠵᠤ ᠪᠠᠷᠢᠭᠠᠳ ᠳᠣᠬᠢᠬᠤ ᠪᠣᠯᠵᠠᠢ᠃ ᠲᠡᠭᠡᠬᠦ ᠳᠦ ᠪᠡᠨ ᠤᠳᠤᠷᠢᠳᠤᠭᠠᠴᠢ ᠦᠵᠡᠭᠴᠢᠳ ᠦᠨ ᠵᠦᠭ ᠬᠠᠷᠠᠵᠤ ᠵᠣᠭᠰᠣᠭᠠᠳ ᠳᠣᠬᠢᠳᠠᠭ ᠪᠠᠶᠢᠪᠠ᠃ ᠶᠠᠭᠠᠬᠢᠭᠠᠳ ᠭᠡᠪᠡᠯ ᠬᠠᠭᠠᠳ ᠨᠣᠶᠠᠳ ᠤᠨ ᠡᠮᠦᠨ᠎ᠡ ᠪᠤᠷᠤᠭᠤ ᠬᠠᠷᠠᠵᠤ ᠵᠣᠭᠰᠣᠬᠤ ᠶᠢ ᠴᠡᠭᠡᠷᠯᠡᠭᠰᠡᠨ ᠬᠡᠷᠡᠭ ᠪᠠᠶᠢᠯ᠎ᠠ᠃ ᠲᠡᠭᠡᠪᠡᠴᠦ ᠤᠳᠤᠷᠢᠳᠤᠭᠠᠴᠢ ᠬᠦᠮᠦᠨ ᠬᠥᠭᠵᠢᠮᠴᠢᠳ ᠤᠷᠤᠭᠤ ᠪᠡᠨ ᠬᠠᠷᠠᠯ ᠦᠭᠡᠢ ᠪᠤᠷᠤᠭᠤ ᠬᠠᠷᠠᠵᠤ ᠵᠣᠭᠰᠣᠭᠠᠳ ᠬᠥᠭᠵᠢᠮ ᠤᠳᠤᠷᠢᠳᠤᠨ᠎ᠠ ᠭᠡᠳᠡᠭ ᠨᠢ ᠶᠠᠭᠠᠬᠢᠵᠤ ᠴᠤ ᠪᠣᠳᠣᠭᠰᠠᠨ ᠥᠷᠥᠭᠡᠰᠦᠭᠡᠯ᠃ ᠡᠶᠢᠮᠦ ᠲᠡᠶᠢᠮᠦ ᠠᠰᠠᠭᠤᠳᠠᠯ ᠠᠴᠠ ᠪᠣᠯᠵᠤ ᠤᠳᠤᠷᠢᠳᠤᠭᠠᠴᠢ ᠲᠦᠳᠡᠯ ᠦᠭᠡᠢ ᠬᠥᠭᠵᠢᠮᠴᠢᠳ ᠤᠷᠤᠭᠤ ᠪᠡᠨ ᠬᠠᠷᠠᠭᠠᠳ ᠳᠣᠬᠢᠳᠠᠭ ᠪᠣᠯᠤᠭᠰᠠᠨ ᠨᠢ ᠬᠠᠭᠠᠳ ᠨᠣᠶᠠᠳ ᠤᠨ ᠶᠡᠬᠡᠮᠰᠦᠭ ᠪᠠᠶᠢᠳᠠᠯ ᠢ 《ᠬᠠᠭᠠᠨ ᠬᠥᠭᠵᠢᠮ》 ᠲᠠᠰ ᠴᠣᠬᠢᠭᠰᠠᠨ ᠢ ᠢᠯᠡᠳᠬᠡᠨ᠎ᠡ᠃ ᠨᠠᠶᠢᠷᠠᠭᠤᠯᠤᠯ ᠤᠨ ᠮᠠᠨᠢ ᠭᠣᠣᠯ ᠪᠠᠭᠠᠲᠤᠷ ᠢᠯᠠᠭᠤᠨᠭᠡᠷᠡᠯ ᠱᠠᠩᠬᠠᠢ ᠶᠢᠨ ᠬᠥᠭᠵᠢᠮ ᠦᠨ ᠶᠡᠬᠡ ᠰᠤᠷᠭᠠᠭᠤᠯᠢ ᠳᠤ ᠳᠥᠷᠪᠡᠨ ᠵᠢᠯ ᠰᠤᠷᠤᠯᠴᠠᠬᠤ ᠳᠤ ᠪᠠᠨ ᠤᠳᠤᠷᠢᠳᠤᠭᠠᠴᠢ ᠶᠢᠨ ᠮᠡᠷᠭᠡᠵᠢᠯ ᠡᠵᠡᠮᠰᠢᠭᠰᠡᠨ ᠨᠢᠭᠡᠨ ᠪᠥᠭᠡᠳ ᠡᠨᠡᠬᠦ ᠬᠣᠪᠣᠷᠬᠠᠨ ᠮᠡᠷᠭᠡᠵᠢᠯ ᠢᠶᠡᠷ ᠥᠪᠥᠷ ᠮᠣᠩᠭᠣᠯ ᠠᠴᠠ ᠰᠢᠯᠭᠠᠷᠴᠣ ᠭᠠᠷᠤᠭᠰᠠᠨ ᠠᠩᠬᠠᠨ ᠤ ᠬᠦᠮᠦᠨ ᠨᠢ ᠭᠡᠳᠡᠭ ᠢᠶᠡᠷ ᠢᠶᠡᠨ ᠠᠯᠳᠠᠷᠲᠠᠢ᠃ ᠡᠨᠡ ᠦᠶ᠎ᠡ ᠪᠣᠯ 1986 ᠣᠨ ᠪᠠᠶᠢᠯ᠎ᠠ᠃ ᠴᠢᠩᠭᠢᠭᠡᠳ ᠬᠢᠲᠠᠳ ᠤᠨ ᠵᠠᠰᠠᠭ ᠤᠨ ᠭᠠᠵᠠᠷ ᠤᠨ ᠬᠦᠰᠡᠯᠲᠡ ᠶᠢᠨ ᠳᠠᠭᠠᠤ ᠥᠪᠥᠷ ᠮᠣᠩᠭᠣᠯ ᠤᠨ ᠤᠷᠠᠯᠢᠭ ᠤᠨ ᠶᠡᠬᠡ ᠰᠤᠷᠭᠠᠭᠤᠯᠢ ᠳᠤ ᠪᠠᠭᠰᠢ ᠪᠠᠷ ᠢᠷᠡᠵᠡᠢ᠃ ᠲᠡᠷᠡ ᠦᠶ᠎ᠡ ᠳᠦ ᠵᠠᠯᠠᠭᠤ ᠪᠠᠶᠢᠭᠰᠠᠨ ᠤᠴᠢᠷ ᠠᠴᠠ ᠮᠡᠷᠭᠡᠵᠢᠯ ᠢᠶᠡᠷ ᠢᠶᠡᠨ ᠤᠯᠠᠮ ᠢᠯᠡᠭᠦᠦ ᠰᠤᠷᠤᠯᠴᠠᠶ᠎ᠠ᠂ ᠰᠢᠮᠳᠠᠶ᠎ᠠ ᠭᠡᠵᠦ ᠪᠣᠳᠣᠵᠤ ᠪᠠᠶᠢᠭᠰᠠᠨ ᠲᠤᠯᠠ ᠪᠠᠭᠰᠢ ᠪᠠᠷ ᠠᠵᠢᠯᠯᠠᠨ᠎ᠠ ᠭᠡᠬᠦ ᠡᠴᠡ ᠵᠢᠭᠠᠬᠠᠨ ᠳᠤᠷ᠎ᠠ ᠦᠭᠡᠢ ᠪᠠᠶᠢᠭᠰᠠᠨ ᠴᠤ ᠵᠢᠯ ᠦᠨ ᠳᠠᠷᠠᠭ᠎ᠠ ᠯᠠ ᠥᠪᠡᠷ ᠦᠨ ᠢᠶᠡᠨ ᠢᠳᠢ ᠰᠢᠳᠢ ᠶᠢ ᠬᠠᠷᠠᠭᠤᠯᠵᠤ ᠡᠬᠢᠯᠡᠭᠰᠡᠨ ᠪᠠᠶᠢᠨ᠎ᠠ᠃ ᠲᠡᠷᠡ ᠨᠢ ᠶᠠᠭᠤ ᠭᠡᠪᠡᠯ ᠥᠪᠥᠷ ᠮᠣᠩᠭᠣᠯ ᠤᠨ ᠵᠠᠯᠠᠭᠤᠴᠤᠳ ᠤᠨ ᠨᠠᠶᠢᠷᠠᠯ ᠳᠠᠭᠤᠨ ᠤ ᠪᠦᠯᠬᠦᠮ ᠢ ᠪᠠᠶᠢᠭᠤᠯᠤᠭᠰᠠᠨ ᠶᠠᠪᠤᠳᠠᠯ ᠪᠥᠭᠡᠳ ᠡᠨᠡ ᠨᠢ ᠤᠯᠤᠰ ᠣᠷᠣᠨ ᠤ ᠪᠣᠯᠤᠠ ᠥᠪᠡᠷ ᠦᠨ ᠬᠢ ᠨᠢ ᠠᠮᠢᠳᠤᠷᠠᠯ ᠳᠤ ᠮᠠᠰᠢ ᠴᠢᠬᠤᠯᠠ ᠠᠯᠬᠤᠮ ᠪᠣᠯᠵᠠᠢ᠃ ᠨᠠᠶᠢᠷᠠᠯ ᠳᠠᠭᠤᠴᠢᠳ ᠢ ᠤᠳᠤᠷᠢᠳᠤᠨ ᠳᠡᠯᠡᠬᠡᠢ ᠶᠢ ᠲᠤᠭᠤᠷᠢᠬᠤ ᠠᠩᠬᠠᠨ ᠤ ᠠᠶᠠᠯᠠᠯ ᠴᠤᠬᠤᠮ ᠯᠠ ᠡᠨᠳᠡ ᠡᠴᠡ ᠡᠬᠢᠯᠡᠵᠡᠢ᠃ ᠲᠡᠷᠡ ᠪᠡᠷ ᠪᠠᠭᠰᠢ ᠪᠣᠯᠴᠢᠬᠠᠯ᠎ᠠ ᠭᠡᠳ ᠲᠠᠶᠢᠪᠤᠰᠢᠷᠠᠵᠤ ᠲᠦᠪᠳᠡᠯ ᠦᠭᠡᠢ ᠳᠠᠬᠢᠨ ᠳᠠᠪᠲᠠᠨ ᠰᠢᠮᠳᠠᠨ ᠰᠤᠷᠤᠯᠴᠠᠵᠤ᠂ ᠠᠮᠵᠢᠯᠲᠠ ᠴᠢᠳᠠᠪᠤᠷᠢ ᠪᠠᠨ ᠤᠯᠠᠮ ᠠᠬᠢᠭᠤᠯᠤᠭᠰᠠᠭᠠᠷ 1995 ᠣᠨ ᠳᠤ ᠳᠤᠮᠳᠠᠳᠤ ᠤᠯᠤᠰ ᠤᠨ ᠬᠠᠮᠤᠭ ᠠᠴᠠ ᠥᠨᠳᠥᠷ ᠳᠡᠰ ᠦᠨ ᠳᠠᠭᠤᠤ ᠬᠥᠭᠵᠢᠮ ᠦᠨ ᠤᠷᠠᠯᠢᠭ ᠤᠨ ᠶᠡᠬᠡ ᠰᠤᠷᠭᠠᠭᠤᠯᠢ ᠳᠤ ᠮᠠᠭᠢᠰᠲ᠋ᠷ ᠲᠤ ᠰᠤᠷᠤᠯᠴᠠᠬᠤ ᠪᠠᠷ ᠪᠣᠯᠤᠭᠰᠠᠨ ᠪᠥᠭᠡᠳ ᠲᠡᠭᠦᠨ ᠳᠦ ᠨᠢᠭᠡᠨ ᠰᠠᠶᠢᠬᠠᠨ ᠪᠠᠭᠰᠢ ᠵᠠᠶᠠᠭᠠᠭᠰᠠᠨ ᠨᠢ ᠮᠣᠰᠺᠸᠠ ᠶᠢᠨ ᠳᠠᠭᠤᠤ ᠬᠥᠭᠵᠢᠮ ᠦᠨ ᠶᠡᠬᠡ ᠰᠤᠷᠭᠠᠭᠤᠯᠢ ᠲᠡᠭᠦᠰᠦᠭᠰᠡᠨ᠂ ᠨᠠᠶᠢᠷᠠᠯ ᠳᠠᠭᠤᠨ ᠤ ᠵᠢᠯᠣᠭᠣᠳᠤᠭᠴᠢ ᠯᠢᠩ ᠯᠢᠩ ᠺᠥᠩ ᠪᠠᠶᠢᠯ᠎ᠠ᠃ ᠢᠯᠠᠭᠤᠨᠭᠡᠷᠡᠯ ᠡᠨᠡ ᠮᠤᠨᠳᠠᠭ ᠪᠠᠭᠰᠢ ᠶᠢ ᠳᠠᠭᠠᠭᠠᠳ ᠭᠤᠷᠪᠠᠨ ᠵᠢᠯ ᠦᠨ ᠬᠤᠭᠤᠴᠠᠭᠠᠨ ᠳᠤ ᠶᠡᠬᠡ ᠵᠦᠢᠯ ᠢ ᠰᠤᠷᠴᠤ᠂ ᠤᠯᠠᠮ ᠢᠶᠠᠷ ᠮᠡᠷᠭᠡᠵᠢᠯ ᠦᠨ ᠮᠠᠭᠢᠰᠲ᠋ᠷ ᠢᠶᠠᠨ ᠠᠮᠵᠢᠯᠲᠠᠲᠠᠢ ᠬᠠᠮᠠᠭᠠᠯᠠᠵᠠᠢ᠃ ᠲᠡᠭᠡᠭᠡᠳ ᠴᠤ ᠵᠣᠭᠰᠣᠭᠰᠠᠨ ᠦᠭᠡᠢ 2000 ᠣᠨ ᠳᠤ ᠪᠡᠭᠡᠵᠢᠩ ᠳᠦ ᠣᠴᠢᠵᠤ ᠳ᠋ᠣᠺᠲ᠋ᠣᠷᠠᠨᠲ ᠪᠣᠯᠵᠤ᠂ ᠳᠤᠮᠳᠠᠳᠤ ᠤᠯᠤᠰ ᠤᠨ ᠳᠠᠭᠤᠤ ᠬᠥᠭᠵᠢᠮ ᠦᠨ ᠶᠡᠬᠡ ᠰᠤᠷᠭᠠᠭᠤᠯᠢ ᠳᠤ ᠪᠠᠭᠰᠢᠯᠠᠨ᠂ ᠨᠠᠶᠢᠷᠠᠯ ᠳᠠᠭᠤᠨ ᠤ ᠤᠳᠤᠷᠢᠳᠤᠭᠠᠴᠢ ᠶᠢᠨ ᠴᠢᠭᠯᠡᠯ ᠢᠶᠡᠷ ᠳ᠋ᠣᠺᠲ᠋ᠣᠷ ᠴᠣᠯᠠ ᠬᠠᠮᠠᠭᠠᠯᠠᠭᠰᠠᠨ ᠨᠢ ᠠᠭᠤᠤ ᠶᠡᠬᠡ ᠬᠢᠲᠠᠳ ᠭᠦᠷᠦᠨ ᠳᠦ ᠡᠨᠡ ᠮᠡᠷᠭᠡᠵᠢᠯ ᠢᠶᠡᠷ ᠢᠶᠡᠨ ᠠᠩᠬᠠᠳᠠᠭᠴᠢ ᠨᠢ ᠪᠣᠯᠤᠭᠰᠠᠨ ᠲᠡᠦᠬᠡ ᠲᠡᠢ᠃ ᠤᠯᠠᠮ ᠢᠶᠠᠷ 2010 ᠣᠨ ᠳᠤ ᠫᠷᠣᠹᠧᠰᠰᠣᠷ ᠪᠠᠭᠰᠢ ᠪᠣᠯᠵᠤ ᠳ᠋ᠣᠺᠲ᠋ᠣᠷ ᠤᠳ ᠲᠤ ᠬᠢᠴᠢᠶᠡᠯ ᠵᠢᠭᠠᠵᠤ ᠡᠬᠢᠯᠡᠪᠡ᠃ ᠲᠡᠭᠦᠨ ᠦ ᠡᠨᠡ ᠮᠡᠲᠦ ᠬᠥᠳᠡᠯᠮᠦᠷᠢ ᠵᠢᠳᠬᠦᠯ ᠡᠵᠡᠨ ᠳᠦ ᠪᠡᠨ ᠳᠠᠷᠠᠭᠠᠬᠢ ᠱᠠᠩᠨᠠᠯ ᠤᠳ ᠢ ᠠᠪᠴᠢᠷᠠᠭᠰᠠᠨ ᠪᠠᠶᠢᠨ᠎ᠠ᠃ -ᠳᠡᠯᠡᠬᠡᠢ ᠶᠢᠨ ᠣᠯᠠᠨ ᠤᠯᠤᠰ ᠤᠨ ᠨᠠᠶᠢᠷᠠᠯ ᠳᠠᠭᠤᠨ ᠤ ᠤᠷᠤᠯᠳᠤᠭᠠᠨ ᠳᠤ ᠲᠡᠷᠢᠭᠦᠨ ᠪᠠᠶᠢᠷᠢ ᠶᠢᠨ ᠱᠠᠩᠨᠠᠯ᠃ -ᠢᠰᠫᠠᠨᠢ ᠶᠢᠨ ᠨᠠᠶᠢᠷᠠᠯ ᠳᠠᠭᠤᠨ ᠤ ᠤᠷᠤᠯᠳᠤᠭᠠᠨ ᠳᠤ ᠭᠤᠷᠪᠠᠳᠤᠭᠠᠷ ᠪᠠᠶᠢᠷᠢ ᠶᠢᠨ ᠱᠠᠩᠨᠠᠯ᠃ -ᠯᠢᠩᠰᠡ ᠬᠣᠲᠠ ᠳ᠋ᠤ ᠶᠠᠪᠤᠭᠳᠠᠭᠰᠠᠨ ᠳᠡᠯᠡᠬᠡᠢ ᠶᠢᠨ ᠨᠠᠶᠢᠷᠠᠯ ᠳᠠᠭᠤᠨ ᠤ ᠤᠷᠤᠯᠳᠤᠭᠠᠨ ᠳᠤ ᠠᠯᠲᠠᠨ ᠮᠧᠳᠠᠯ᠃ -ᠳᠤᠮᠳᠠᠳᠤ ᠤᠯᠤᠰ ᠤᠨ ᠳᠡᠯᠡᠬᠡᠢ ᠶᠢᠨ ᠨᠠᠶᠢᠷᠠᠯ ᠳᠠᠭᠤᠨ ᠤ ᠤᠷᠤᠯᠳᠤᠭᠠᠨ ᠳᠤ ᠲᠡᠷᠢᠭᠦᠨ ᠪᠠᠶᠢᠷᠢ ᠶᠢᠨ ᠱᠠᠩᠨᠠᠯ᠃ ᠲᠡᠭᠦᠨᠴᠢᠯᠡᠨ ᠣᠯᠠᠨ ᠤᠯᠤᠰ ᠤᠨ ᠴᠢᠨᠠᠷᠲᠠᠢ ᠤᠷᠤᠯᠳᠤᠭᠠᠨ ᠲᠡᠮᠡᠴᠡᠭᠡᠨ ᠳᠦ ᠠᠮᠵᠢᠯᠲᠠᠲᠠᠢ ᠣᠷᠣᠯᠴᠠᠵᠤ᠂ ᠤᠷ᠎ᠠ ᠴᠢᠳᠠᠪᠤᠷᠢ ᠮᠡᠷᠭᠡᠵᠢᠯ ᠠᠪᠢᠶᠠᠰ ᠢᠶᠠᠷ ᠢᠶᠠᠨ ᠳᠡᠯᠡᠬᠡᠢ ᠶᠢᠨ ᠣᠯᠠᠨ ᠤᠯᠤᠰ ᠣᠷᠣᠨ ᠢᠶᠠᠷ ᠠᠶᠠᠯᠠᠨ ᠲᠣᠭᠯᠠᠯᠲᠠ ᠬᠢᠵᠡᠢ᠃ ᠪᠢ ᠪᠡᠷ᠎ ᠲᠡᠭᠦᠨ ᠡᠴᠡ 《ᠳᠡᠯᠡᠬᠡᠢ ᠶᠢᠨ ᠶᠠᠮᠠᠷ ᠤᠯᠤᠰ ᠣᠷᠣᠨ ᠨᠤᠭᠤᠳ ᠢᠶᠠᠷ ᠶᠠᠪᠤᠵᠤ ᠲᠣᠭᠯᠠᠯᠲᠠ ᠬᠢᠭᠰᠡᠨ ᠪᠤᠢ︖》 ᠭᠡᠵᠦ ᠠᠰᠠᠭᠤᠬᠤ ᠳᠤ 《ᠣᠴᠢᠭᠰᠠᠨ ᠭᠠᠵᠠᠷ ᠤᠳ ᠢᠶᠠᠨ ᠲᠣᠭᠠᠴᠢᠭᠰᠠᠨ ᠠᠴᠠ ᠣᠴᠢᠭ᠎ᠠ ᠦᠭᠡᠢ ᠭᠠᠵᠠᠷ ᠢᠶᠠᠨ ᠲᠣᠭᠠᠴᠢᠪᠠᠯ ᠠᠷᠠᠢ ᠳᠥᠬᠥᠮ ᠲᠡᠢ ᠪᠠᠶᠢᠬᠤ ᠪᠣᠯᠪᠠ ᠤᠤ᠃ ᠪᠢ ᠠᠹᠷᠢᠺᠠ ᠳᠤ ᠣᠴᠢᠵᠤ ᠲᠣᠭᠯᠠᠯᠲᠠ ᠬᠢᠵᠦ ᠪᠠᠶᠢᠭᠰᠠᠨ ᠦᠭᠡᠢ᠂ ᠮᠥᠨ ᠡᠮᠦᠨᠡᠲᠦ ᠠᠮᠧᠷᠢᠺᠠ ᠳᠤ ᠣᠴᠢᠭ᠎ᠠ ᠦᠭᠡᠢ᠂ ᠪᠠᠰᠠ ᠶᠠᠫᠣᠨ ᠳᠤ ᠣᠴᠢᠭ᠎ᠠ ᠦᠭᠡᠢ᠃ ᠳᠡᠯᠡᠬᠡᠢ ᠶᠢᠨ ᠪᠤᠰᠤᠳ ᠪᠦᠬᠦ ᠣᠷᠣᠨ ᠢᠶᠠᠷ ᠶᠠᠪᠤᠵᠤ ᠲᠣᠭᠯᠠᠭᠰᠠᠨ》 ᠭᠡᠵᠦ ᠬᠡᠯᠡᠭᠰᠡᠨ ᠶᠤᠮ᠃ ᠠᠹᠷᠢᠺᠠ ᠲᠢᠪ ᠦᠨ ᠭᠤᠴᠢᠭᠠᠳ ᠣᠷᠣᠨ᠂ ᠡᠮᠦᠨᠡᠲᠦ ᠠᠮᠧᠷᠢᠺᠠ ᠶᠢᠨ 14 ᠣᠷᠣᠨ᠂ ᠲᠡᠭᠡᠭᠡᠳ ᠶᠠᠫᠣᠨ᠂ ᠨᠡᠶᠢᠲᠡ ᠳᠦ ᠪᠡᠨ 45 ᠤᠯᠤᠰ᠃ ᠳᠡᠯᠡᠬᠡᠢ ᠳᠦ 200 ᠭᠠᠷᠤᠢ ᠤᠯᠤᠰ ᠪᠤᠢ ᠭᠡᠬᠦ ᠪᠡᠷ 150 ᠭᠠᠷᠤᠢ ᠤᠯᠤᠰ ᠣᠷᠣᠨ ᠳᠤ ᠬᠥᠯ ᠲᠠᠯᠪᠢᠴᠢᠬᠠᠵᠠᠢ᠃ ᠡᠶᠢᠮᠦ ᠣᠯᠠᠨ ᠤᠯᠤᠰ ᠣᠷᠣᠨ ᠢᠶᠠᠷ ᠵᠢᠭᠤᠯᠴᠢᠯᠠᠬᠤ ᠮᠠᠶ᠋ᠢᠭ ᠢᠶᠠᠷ ᠶᠠᠪᠤᠯ᠎ᠠ ᠭᠡᠬᠦ ᠳᠦ ᠶᠠᠮᠠᠷ ᠨᠢᠭᠡᠨ ᠶᠠᠪᠤᠳᠠᠯ ᠴᠢᠷᠦᠭᠳᠡᠯ ᠦᠭᠡᠢ᠂ ᠳᠠᠷᠤᠮᠲᠠ ᠰᠢᠬᠠᠯᠲᠠ ᠦᠭᠡᠢ ᠠᠮᠠᠷᠬᠠᠨ ᠪᠠᠶᠢᠬᠤ᠃ ᠬᠠᠷᠢᠨ ᠥᠴᠢ ᠲᠥᠴᠢᠨᠡᠨ ᠬᠡᠦᠬᠡᠳ ᠤᠳᠤᠷᠢᠳᠤᠭᠠᠳ᠂ ᠣᠴᠢᠭᠰᠠᠨ ᠤᠯᠤᠰ ᠪᠣᠯᠭᠠᠨ ᠳᠤ ᠪᠠᠨ ᠨᠠᠶᠢᠷᠠᠯ ᠳᠠᠭᠤᠨ ᠤ ᠲᠣᠭᠯᠠᠯᠲᠠ ᠬᠢᠨ᠎ᠡ ᠭᠡᠳᠡᠭ ᠪᠣᠯ ᠠᠮᠠᠷ ᠦᠭᠡᠢ ᠳᠠᠪᠠᠭ᠎ᠠ᠃ ᠲᠡᠶᠢᠮᠦ ᠳᠦ ᠪᠡᠨ ᠴᠤ ᠢᠯᠠᠭᠤᠨᠭᠡᠷᠡᠯ ᠬᠠᠲᠤᠭᠲᠠᠢ ᠳᠤ ᠨᠥᠬᠥᠷ ᠲᠦ ᠭᠠᠷᠴᠤ ᠠᠮᠢᠳᠤᠷᠠᠯ ᠢᠶᠠᠨ ᠵᠣᠬᠢᠶᠠᠬᠤ ᠵᠠᠪ ᠵᠠᠢ ᠴᠤ ᠪᠠᠶᠢᠭᠰᠠᠨ ᠦᠭᠡᠢ᠃ ᠬᠡᠦᠬᠡᠳ ᠦᠨ ᠨᠠᠶᠢᠷᠠᠯ ᠳᠠᠭᠤᠨ ᠤ ᠪᠦᠯᠬᠦᠮ ᠪᠠᠶᠢᠭᠤᠯᠤᠭᠰᠠᠨ ᠤ ᠬᠢ ᠪᠠᠨ ᠳᠠᠷᠠᠭ᠎ᠠ ᠬᠥᠬᠡᠬᠣᠲᠠ ᠠᠴᠠ ᠪᠡᠭᠡᠵᠢᠩ ᠳᠦ ᠰᠢᠯᠵᠢᠵᠦ ᠣᠴᠢᠭᠠᠳ ᠬᠡᠦᠬᠡᠳ ᠦᠳ ᠲᠦ ᠳᠠᠭᠤᠤ ᠬᠥᠭᠵᠢᠮ ᠵᠢᠭᠠᠵᠤ᠂ ᠲᠠᠪᠤᠨ ᠡᠳᠦᠷ ᠠᠵᠢᠯᠯᠠᠴᠢᠬᠠᠭᠠᠳ ᠬᠥᠬᠡᠬᠣᠲᠠ ᠶᠢᠨ ᠪᠦᠯᠬᠦᠮ ᠤᠷᠤᠭᠤ ᠪᠡᠨ ᠣᠴᠢᠨ᠎ᠠ᠂ ᠡᠷᠭᠢᠭᠡᠳ ᠪᠡᠭᠡᠵᠢᠩ ᠤᠷᠤᠭᠤ ᠠᠵᠢᠯ ᠳᠤ ᠪᠠᠨ ᠭᠦᠶᠦᠨ᠎ᠡ᠂ ᠡᠰᠢ ᠲᠡᠰᠢ ᠪᠡᠨ ᠪᠠᠶᠢᠩᠭᠤ ᠶᠠᠪᠤᠨ᠎ᠠ᠂ ᠲᠣᠭᠲᠠᠪᠤᠷᠢᠲᠠᠢ ᠨᠥᠬᠥᠴᠡᠯ ᠲᠠᠭᠠᠷᠠᠤᠬᠠᠨ ᠴᠠᠭ ᠨᠠᠷᠠ ᠦᠭᠡᠢ ᠠᠵᠢᠯᠯᠠᠨ᠎ᠠ᠃ ᠡᠶᠢᠮᠦ ᠵᠠᠪ ᠦᠭᠡᠢ ᠠᠵᠢᠯ ᠤᠨ ᠶᠡᠬᠡ ᠠᠴᠢᠶᠠᠯᠠᠯ ᠠᠴᠠ ᠪᠠᠨ ᠪᠣᠯᠤᠭᠠᠳ ᠬᠢᠩᠭᠠᠨ ᠠᠶᠢᠮᠠᠭ ᠲᠤ ᠰᠠᠭᠤᠭ᠎ᠠ ᠰᠠᠳᠤᠨ ᠲᠥᠷᠥᠯ ᠦᠳ ᠲᠡᠢ ᠪᠡᠨ ᠴᠤ ᠲᠡᠷᠡ ᠪᠣᠯᠭᠠᠨ ᠬᠠᠷᠢᠯᠴᠠᠵᠤ ᠴᠢᠳᠠᠬᠤ ᠦᠭᠡᠢ ᠪᠣᠯᠵᠠᠢ᠃ ᠨᠢᠭᠡᠨ ᠨᠠᠰᠤ ᠪᠠᠨ ᠤᠷᠠᠯᠢᠭ ᠲᠤ ᠵᠣᠯᠢᠨ᠎ᠠ ᠭᠡᠳᠡᠭ ᠯᠠ ᠡᠨᠡ ᠪᠠᠶᠢᠬᠤ᠃ ᠥᠪᠥᠷ ᠮᠣᠩᠭᠣᠯ ᠤᠨ ᠵᠠᠯᠠᠭᠤᠴᠤᠳ ᠤᠨ ᠨᠠᠶᠢᠷᠠᠯ ᠳᠠᠭᠤᠨ ᠤ ᠪᠦᠯᠬᠦᠮ ᠦᠳ ᠲᠦ ᠬᠢᠲᠠᠳ ᠳᠠᠭᠤᠤ ᠴᠥᠭᠡᠬᠡᠨ᠂ ᠬᠠᠷᠢᠨ ᠮᠣᠩᠭᠣᠯ ᠳᠠᠭᠤᠤ ᠢᠯᠡᠭᠦᠦ ᠣᠨᠴᠠᠯᠢᠭ ᠲᠠᠢ ᠲᠤᠯᠠ ᠮᠣᠩᠭᠣᠯ ᠳᠠᠭᠤᠤ ᠪᠠᠷ ᠭᠣᠣᠯᠯᠠᠵᠤ᠂ ᠵᠠᠷᠢᠮ ᠳᠤ ᠪᠠᠨ ᠧᠦ᠋ᠷᠣᠫᠠ ᠳᠠᠭᠤᠤ ᠳᠠᠭᠤᠯᠠᠳᠠᠭ ᠪᠠᠶᠢᠨ᠎ᠠ᠃ ᠮᠥᠨ ᠬᠦ ᠳᠠᠭᠤᠨ ᠤ ᠪᠦᠯᠬᠦᠮ ᠦᠨ ᠳᠠᠭᠤᠴᠢᠳ ᠤᠨ ᠶᠡᠬᠡᠩᠬᠢ ᠨᠢ ᠬᠥᠳᠡᠭᠡᠨ ᠡᠴᠡ ᠢᠷᠡᠭᠰᠡᠨ᠂ ᠬᠢᠲᠠᠳ ᠤᠨ ᠰᠤᠶᠤᠯ ᠰᠠᠶᠢᠨ ᠮᠡᠳᠡᠬᠦ ᠦᠭᠡᠢ ᠲᠤᠯᠠ ᠢᠯᠠᠭᠤᠨᠭᠡᠷᠡᠯ ᠤᠳᠤᠷᠢᠳᠤᠭᠠᠴᠢ 《ᠡᠭᠦᠨ ᠢ ᠪᠢ ᠯᠠ ᠵᠠᠰᠠᠵᠤ᠂ ᠬᠢᠬᠦ ᠶᠣᠰᠣᠲᠠᠢ》 ᠭᠡᠳ ᠵᠢᠳᠬᠦᠴᠢᠬᠡᠨ᠎ᠡ᠃ ᠲᠡᠭᠦᠨ ᠦ ᠪᠠᠶᠢᠭᠤᠯᠤᠭᠰᠠᠨ ᠨᠠᠶᠢᠷᠠᠯ ᠳᠠᠭᠤᠨ ᠤ ᠪᠦᠯᠬᠦᠮ ᠳᠡᠯᠡᠬᠡᠢ ᠳᠦ ᠠᠯᠳᠠᠷᠲᠠᠢ ᠳᠠᠭᠤᠤ ᠨᠤᠭᠤᠳ ᠢ ᠳᠠᠭᠤᠯᠠᠨ᠎ᠠ᠃ ᠮᠥᠨ ᠮᠣᠩᠭᠣᠯ ᠳᠠᠭᠤᠤ ᠨᠤᠭᠤᠳ᠂ ᠬᠢᠲᠠᠳ ᠤᠨ ᠨᠠᠶᠢᠷᠠᠯ ᠳᠠᠭᠤᠤ᠂ ᠪᠠᠰᠠ ᠧᠦ᠋ᠷᠣᠫᠠ ᠶᠢᠨ ᠨᠠᠶᠢᠷᠠᠯ ᠳᠠᠭᠤᠤ ᠨᠤᠭᠤᠳ ᠢ ᠳᠠᠭᠤᠯᠠᠵᠤ ᠪᠠᠶᠢᠨ᠎ᠠ᠃ ᠢᠯᠠᠭᠤᠨᠭᠡᠷᠡᠯ ᠤᠳᠤᠷᠢᠳᠤᠭᠠᠴᠢ ᠪᠠᠭᠠᠴᠤᠳ ᠤᠨ ᠨᠠᠶᠢᠷᠠᠯ ᠳᠠᠭᠤᠨ ᠤ ᠪᠦᠯᠬᠦᠮ ᠪᠠᠶᠢᠭᠤᠯᠤᠭᠰᠠᠨ ᠰᠢᠯᠲᠠᠭᠠᠨ ᠨᠢ ᠮᠣᠩᠭᠣᠯ ᠬᠡᠦᠬᠡᠳ ᠦᠳ ᠥᠪᠥᠷ ᠮᠣᠩᠭᠣᠯ ᠤᠨ ᠳᠠᠭᠤᠤ ᠬᠥᠭᠵᠢᠮ ᠦᠨ ᠶᠡᠬᠡ ᠰᠤᠷᠭᠠᠭᠤᠯᠢ ᠳᠤ ᠮᠣᠩᠭᠣᠯ ᠰᠤᠶᠤᠯ ᠳᠤ ᠰᠤᠷᠤᠯᠴᠠᠬᠤ ᠠᠴᠠ ᠭᠠᠳᠠᠨ᠎ᠠ ᠬᠢᠲᠠᠳ ᠰᠤᠶᠤᠯ᠂ ᠧᠦ᠋ᠷᠣᠫᠠ ᠳᠠᠭᠤᠤ ᠬᠥᠭᠵᠢᠮ ᠰᠤᠶᠤᠯ ᠢ ᠰᠤᠷᠴᠤ᠂ ᠥᠨᠳᠥᠷ ᠠᠮᠵᠢᠯᠲᠠ ᠭᠠᠷᠭᠠᠬᠤ ᠵᠣᠷᠢᠯᠭ᠎ᠠ ᠲᠠᠢ᠃ 《ᠮᠣᠩᠭᠣᠯ ᠬᠡᠦᠬᠡᠳ ᠦᠳ ᠦᠨ ᠰᠤᠶᠤᠯ ᠤᠷᠠᠯᠢᠭ ᠤᠨ ᠰᠠᠭᠤᠷᠢ ᠪᠣᠯᠪᠠᠰᠤᠷᠠᠯ ᠢ ᠰᠠᠶᠢᠨ ᠲᠠᠯᠪᠢᠵᠤ᠂ ᠠᠵᠢᠯ ᠦᠢᠯᠡᠰ ᠦᠨ ᠵᠠᠮ ᠢ ᠨᠢ ᠠᠶᠠᠲᠠᠢ ᠰᠠᠶᠢᠬᠠᠨ ᠢᠶᠠᠷ ᠵᠠᠰᠠᠬᠤ ᠨᠢ ᠮᠢᠨᠦ ᠵᠣᠷᠢᠯᠲᠠ ᠶᠤᠮ》 ᠭᠡᠵᠦ ᠢᠯᠠᠭᠤᠨᠭᠡᠷᠡᠯ ᠶᠠᠷᠢᠵᠤ ᠰᠠᠭᠤᠨ᠎ᠠ᠃ ᠣᠳᠣᠬᠠᠨ ᠳᠤ ᠪᠠᠨ ᠠᠷᠤ ᠮᠣᠩᠭᠣᠯ ᠢᠶᠠᠷ ᠨᠠᠶᠢᠷᠠᠯ ᠳᠠᠭᠤᠤ ᠬᠢᠭᠡ ᠦᠭᠡᠢ ᠪᠠᠶᠢᠭ᠎ᠠ ᠴᠤ ᠲᠡᠷᠡ ᠪᠡᠷ 《ᠮᠢᠨᠦ ᠡᠵᠢ》 ᠭᠡᠳᠡᠭ ᠳᠥᠷᠪᠡᠨ ᠬᠣᠭᠣᠯᠠᠢ ᠶᠢᠨ ᠳᠠᠭᠤᠤ ᠶᠢ᠂ ᠮᠥᠨ ᠠᠷᠠᠳ ᠤᠨ ᠵᠦᠴᠦᠭᠡᠴᠢᠨ ᠨ ∙ ᠵᠠᠩᠴᠠᠨᠨᠣᠷᠪᠤ ᠶᠢᠨ ᠠᠷᠪᠠᠨ ᠬᠡᠳᠦᠨ ᠬᠣᠭᠣᠯᠠᠢ ᠪᠠᠷ ᠳᠠᠭᠤᠯᠠᠳᠠᠭ ᠠᠮᠠᠷ ᠦᠭᠡᠢ ᠨᠢᠭᠡᠨ ᠨᠠᠶᠢᠷᠠᠯ ᠳᠠᠭᠤᠤ ᠪᠠᠶᠢᠭ᠎ᠠ ᠶᠢ ᠰᠤᠳᠤᠯᠵᠤ ᠮᠡᠳᠡᠭᠰᠡᠨ ᠢ ᠬᠠᠷᠠᠬᠤ ᠳᠤ ᠲᠡᠭᠦᠨ ᠳᠦ ᠪᠠᠰᠠ ᠨᠢᠭᠡᠨ ᠵᠣᠷᠢᠯᠭ᠎ᠠ ᠪᠠᠶᠢᠵᠤ ᠮᠡᠳᠡᠨ᠎ᠡ᠃ ᠨᠠᠶᠢᠷᠠᠯ ᠳᠠᠭᠤᠨ ᠤ ᠤᠳᠤᠷᠢᠳᠤᠭᠠᠴᠢ ᠭᠡᠳᠡᠭ ᠨᠢᠭᠡ ᠶᠣᠰᠣᠨ ᠳᠤ ᠪᠠᠨ ᠵᠢᠯᠣᠭᠣᠳᠤᠭᠴᠢ ᠶᠢᠨ ᠠᠵᠢᠯ ᠪᠥᠭᠡᠳ ᠣᠯᠠᠨ ᠬᠦᠮᠦᠨ ᠢ ᠨᠢᠭᠡ ᠬᠦᠮᠦᠨ ᠰᠢᠭ ᠵᠠᠩᠭᠢᠳᠴᠤ᠂ ᠣᠯᠠᠨ ᠥᠩᠭᠡ ᠠᠶᠠᠰ ᠰᠠᠯᠭᠠᠨ ᠳᠠᠭᠤᠯᠠᠭᠤᠯᠤᠨ᠎ᠠ ᠭᠡᠳᠡᠭ ᠲᠤᠩ ᠴᠤ ᠠᠮᠠᠷ ᠦᠭᠡᠢ ᠬᠥᠳᠡᠯᠮᠦᠷᠢ᠃ ᠲᠡᠷᠡ ᠳᠤᠮᠳᠠ ᠪᠠᠨ ᠬᠡᠦᠬᠡᠳ ᠦᠨ ᠨᠠᠶᠢᠷᠠᠯ ᠳᠠᠭᠤᠤ ᠶᠢ ᠤᠳᠤᠷᠢᠳᠬᠤ ᠨᠢ ᠬᠠᠮᠤᠭ ᠤᠨ ᠶᠠᠷᠪᠢᠭ ᠲᠠᠢ ᠠᠵᠡᠢ᠃ ᠳᠡᠯᠡᠬᠡᠢ ᠳᠦ ᠭᠤᠷᠪᠠᠨ ᠬᠦᠨᠳᠦ ᠬᠡᠴᠡᠭᠦᠦ ᠮᠡᠷᠭᠡᠵᠢᠯ ᠦᠨ ᠨᠢᠭᠡ ᠨᠢ ᠤᠳᠤᠷᠢᠳᠤᠭᠠᠴᠢ ᠶᠤᠮ ᠭᠡᠳᠡᠭ᠃ ᠡᠬᠢᠨ ᠦ ᠬᠢ ᠨᠢ ᠭᠠᠵᠠᠷ ᠤᠨ ᠭᠦᠨ ᠳ᠋ᠤ ᠠᠵᠢᠯᠯᠠᠳᠠᠭ ᠠᠭᠤᠷᠬᠠᠶᠢᠴᠢᠨ᠃ ᠬᠣᠶᠠᠷ ᠳᠠᠬᠢ ᠨᠢ ᠬᠦᠮᠦᠨ ᠦ ᠠᠮᠢ ᠨᠠᠰᠤᠨ ᠤ ᠲᠥᠯᠥᠭᠡ ᠲᠡᠮᠡᠴᠡᠵᠦ ᠪᠤᠢ ᠮᠡᠰᠡ ᠵᠠᠰᠠᠯ ᠤᠨ ᠡᠮᠴᠢ᠃ ᠭᠤᠷᠪᠠ ᠳᠠᠬᠢ ᠨᠢ ᠤᠳᠤᠷᠢᠳᠤᠭᠠᠴᠢ᠃ ᠶᠠᠭᠠᠬᠢᠭᠠᠳ ᠲᠡᠷᠡ ᠪᠢᠯᠡ︖ ᠤᠴᠢᠷ ᠨᠢ ᠤᠳᠤᠷᠢᠳᠤᠭᠠᠴᠢ ᠬᠦᠮᠦᠨ ᠪᠣᠯ ᠰᠡᠳᠬᠢᠯ ᠵᠦᠢ ᠪᠡᠷ ᠪᠠᠶᠢᠩᠭᠤ ᠶᠢᠨ ᠳᠠᠷᠤᠮᠲᠠ᠂ ᠰᠲᠷᠧᠧᠰ ᠳᠤᠮᠳᠠ ᠠᠮᠢᠳᠤᠷᠠᠳᠠᠭ ᠶᠤᠮᠰᠠᠨᠵᠢ᠃ ᠬᠥᠭᠵᠢᠮᠴᠢᠳ ᠪᠡᠯᠡᠨ ᠦᠦ︖ ᠳᠠᠭᠤᠴᠢᠳ ᠪᠡᠯᠡᠨ ᠦᠦ︖ ᠬᠥᠭᠵᠢᠮ ᠦᠨ ᠵᠢᠮᠰᠡᠭ ᠬᠥᠭ ᠲᠡᠢ ᠤᠤ︖ ᠳᠠᠭᠤᠴᠢᠨ ᠤ ᠬᠣᠭᠣᠯᠠᠢ ᠰᠠᠭᠠᠳ ᠦᠭᠡᠢ ᠤᠤ︖ ᠵᠠᠷᠢᠮ ᠤᠨ ᠬᠢ ᠨᠢ ᠬᠣᠭᠣᠯᠠᠢ ᠰᠥᠭᠡᠴᠢᠬᠡᠭᠡ ᠦᠭᠡᠢ ᠪᠠᠶᠢᠭ᠎ᠠ ᠳ᠋ᠠ︖ ᠲᠣᠭᠯᠠᠯᠲᠠ ᠶᠢᠨ ᠪᠡᠯᠡᠳᠬᠡᠯ ᠬᠠᠩᠭᠠᠭᠳᠠᠪᠠ ᠤᠤ︖ ᠶᠠᠭᠠᠬᠢᠵᠤ ᠳᠤᠤᠭᠠᠷᠬᠤ ᠪᠣᠯ︖ ᠭᠡᠬᠦ ᠮᠡᠲᠦ ᠲᠦᠮᠡᠨ ᠠᠰᠠᠭᠤᠳᠠᠯ ᠳᠤ ᠡᠭᠡᠷᠡᠭᠳᠡᠨ᠂ ᠰᠡᠳᠬᠢᠯ ᠨᠢ ᠪᠠᠶᠢᠩᠭᠤ ᠲᠦᠭᠰᠢᠭᠡᠰᠦᠲᠡᠢ᠂ ᠲᠠᠷᠢᠬᠢ ᠨᠢ ᠮᠢᠨᠦ᠋ᠲ᠂ ᠰᠧᠺᠦᠶᠢᠨᠳ᠋ ᠲᠤᠲᠤᠮ ᠳᠤ ᠥᠭᠡᠷᠡᠴᠢᠯᠡᠯᠲᠡ ᠶᠢ ᠮᠡᠳᠡᠷᠡᠵᠥ ᠪᠠᠶᠢᠳᠠᠭ ᠪᠠᠶᠢᠨ᠎ᠠ᠃ ᠬᠠᠷᠢᠨ ᠳᠠᠭᠤᠴᠢᠨ᠂ ᠵᠦᠴᠦᠭᠡᠴᠢᠨ ᠬᠦᠮᠦᠨ ᠪᠣᠯ ᠵᠥᠪᠬᠡᠨ ᠥᠪᠡᠷ ᠢ ᠪᠡᠨ ᠤᠳᠤᠷᠢᠳᠤᠭᠠᠳ ᠠᠪᠤᠭᠠᠳ ᠶᠠᠪᠤᠴᠢᠬᠠᠬᠤ ᠳᠤ ᠯᠠ ᠬᠠᠩᠭᠠᠯᠲᠠ ᠲᠠᠢ᠃ ᠰᠠᠶᠢᠨ ᠤᠳᠤᠷᠢᠳᠤᠭᠠᠴᠢ ᠶᠢᠨ ᠭᠣᠣᠯ ᠰᠢᠯᠭᠠᠭᠤᠷ ᠨᠢ ᠬᠥᠭᠵᠢᠮᠴᠢᠳ ᠪᠣᠯᠤᠨ ᠳᠠᠭᠤᠴᠢᠳ ᠠᠴᠠ ᠪᠠᠨ ᠢᠯᠡᠭᠦᠦ ᠶᠢ ᠮᠡᠳᠡᠵᠦ᠂ ᠬᠥᠭᠵᠢᠮ ᠦᠨ ᠪᠦᠬᠦ ᠳᠤᠤᠭᠠᠷᠤᠯᠲᠠ ᠶᠢ ᠮᠡᠳᠡᠷᠡᠵᠥ ᠴᠢᠳᠠᠳᠠᠭ ᠪᠠᠶᠢᠭᠠᠳ ᠵᠣᠭᠰᠣᠬᠤ ᠦᠭᠡᠢ ᠣᠯᠠᠨ ᠶᠠᠩᠵᠤ ᠶᠢᠨ ᠬᠣᠭᠣᠯᠠᠢ ᠶᠢᠨ ᠥᠩᠭᠡ ᠰᠠᠯᠭᠠᠯᠲᠠ ᠶᠢ ᠭᠢᠷᠠᠬᠠᠢ ᠴᠢᠩᠨᠠᠵᠤ ᠮᠡᠳᠡᠳᠡᠭ ᠬᠣᠪᠣᠷᠬᠠᠨ ᠠᠪᠢᠶᠠᠰ ᠴᠢᠳᠠᠪᠤᠷᠢ ᠵᠠᠶᠠᠭᠠᠭᠰᠠᠨ ᠪᠠᠶᠢᠬᠤ ᠶᠣᠰᠣᠲᠠᠢ᠃ ᠵᠢᠷ ᠦᠨ ᠬᠦᠮᠦᠨ ᠶᠠᠭᠤᠮ᠎ᠠ ᠤᠩᠰᠢᠬᠤ ᠳᠤ ᠪᠠᠨ ᠮᠥᠷ ᠮᠥᠷ ᠢᠶᠡᠷ ᠨᠢ ᠤᠩᠰᠢᠳᠠᠭ ᠪᠣᠯ ᠤᠳᠤᠷᠢᠳᠤᠭᠠᠴᠢ ᠬᠦᠮᠦᠨ ᠲᠠᠪᠢ ᠠᠴᠠ ᠳᠠᠯᠠᠨ ᠮᠥᠷ ᠨᠣᠲ ᠢ ᠨᠢᠭᠡ ᠬᠠᠷᠠᠯᠲᠠ ᠪᠠᠷ ᠤᠩᠰᠢᠳᠠᠭ ᠶᠤᠮᠰᠠᠨᠵᠢ᠃ ᠡᠨᠡ ᠨᠢ ᠳᠥᠷᠪᠡᠨ ᠬᠤᠷᠤᠭᠤ ᠵᠤᠵᠠᠭᠠᠨ ᠨᠣᠮ ᠢ ᠭᠠᠭᠴᠠ ᠬᠣᠶᠠᠷᠬᠠᠨ ᠴᠠᠭ ᠤᠨ ᠳᠣᠲᠣᠷ᠎ᠠ ᠤᠩᠰᠢᠴᠢᠬᠠᠵᠤ ᠪᠠᠶᠢᠨ᠎ᠠ ᠭᠡᠰᠡᠨ ᠦᠭᠡ᠃ ᠨᠠᠶᠢᠷᠠᠯ ᠳᠠᠭᠤᠨ ᠤ ᠬᠡᠦᠬᠡᠳ ᠦᠳ ᠦᠨ ᠬᠥᠭᠵᠢᠮ ᠦᠨ ᠰᠠᠭᠤᠷᠢ ᠪᠣᠯᠪᠠᠰᠤᠷᠠᠯ ᠨᠢᠮᠭᠡᠨ᠂ ᠳᠠᠭᠤᠨ ᠤ ᠬᠦᠴᠦ ᠨᠢ ᠰᠤᠯᠠᠬᠠᠨ ᠴᠤ ᠳᠠᠭᠤᠤ ᠰᠤᠷᠬᠤ ᠨᠢ ᠬᠤᠷᠳᠤᠨ᠂ ᠬᠠᠷᠢᠨ ᠲᠣᠮᠣ ᠬᠦᠮᠦᠨ ᠦ ᠬᠣᠭᠣᠯᠠᠢ ᠰᠠᠶᠢᠨ ᠬᠡᠳᠦᠢ ᠴᠤ ᠳᠠᠭᠤᠤ ᠰᠤᠷᠬᠤ ᠨᠢ ᠤᠳᠠᠭᠠᠨ ᠭᠡᠬᠦ ᠮᠡᠲᠦ ᠶᠢᠨ ᠪᠡᠷᠬᠡᠰᠢᠶᠡᠯ ᠦᠳ ᠪᠠᠶᠢᠳᠠᠭ ᠪᠣᠯᠤᠯᠲᠠᠢ᠃ ᠵᠠᠷᠢᠮ ᠳᠤ ᠪᠠᠨ ᠶᠠᠳᠠᠷᠠᠵᠤ ᠰᠢᠨᠲᠠᠷᠠᠬᠤ ᠦᠶ᠎ᠡ ᠭᠠᠷᠬᠤ ᠴᠤ ᠠᠵᠢᠯ ᠳᠤ ᠪᠠᠨ ᠬᠠᠮᠤᠭ ᠰᠡᠳᠬᠢᠯ ᠢᠶᠡᠨ ᠵᠣᠷᠢᠭᠤᠯᠵᠤ ᠵᠢᠳᠬᠦᠭᠰᠡᠭᠡᠷ ᠡᠳᠦᠷ ᠲᠦ ᠠᠷᠪᠠᠨ ᠬᠡᠳᠦᠨ ᠴᠠᠭ ᠢᠶᠠᠷ ᠠᠵᠢᠯᠯᠠᠵᠤ᠂ ᠶᠠᠳᠠᠷᠠᠭᠰᠠᠨ ᠢᠶᠠᠨ ᠴᠤ ᠮᠠᠷᠲᠠᠴᠢᠬᠠᠭᠰᠠᠨ ᠪᠠᠶᠢᠳᠠᠭ ᠨᠢ ᠢᠯᠠᠭᠤᠨᠭᠡᠷᠡᠯ ᠬᠠᠲᠤᠭᠲᠠᠢ ᠶᠢᠨ ᠭᠡᠮ ᠪᠢᠰᠢ ᠵᠠᠩ ᠪᠣᠯᠵᠠᠢ᠃ ᠨᠠᠶᠢᠷᠠᠯ ᠳᠠᠭᠤᠨ ᠤ ᠪᠦᠯᠬᠦᠮ ᠪᠠᠶᠢᠭᠤᠯᠵᠤ᠂ ᠨᠠᠶᠢᠷᠠᠯ ᠳᠠᠭᠤᠨ ᠤ ᠤᠳᠤᠷᠢᠳᠤᠭᠠᠴᠢ ᠶᠢᠨ ᠬᠤᠪᠢ ᠳᠤ ᠡᠶᠢᠮᠦ ᠥᠨᠳᠥᠷ ᠠᠮᠵᠢᠯᠲᠠ ᠭᠠᠷᠭᠠᠭᠰᠠᠨ ᠬᠦᠮᠦᠨ ᠳᠤᠮᠳᠠᠳᠤ ᠤᠯᠤᠰ ᠲᠤ ᠬᠣᠪᠣᠷᠬᠠᠨ ᠪᠠᠶᠢᠳᠠᠭ ᠶᠤᠮ ᠪᠠᠶᠢᠨ᠎ᠠ᠃ ᠥᠪᠥᠷ ᠮᠣᠩᠭᠣᠯ ᠳᠤ ᠪᠠᠨ ᠴᠤ ᠲᠡᠷᠡ᠂ ᠳᠤᠮᠳᠠᠳᠤ ᠤᠯᠤᠰ ᠲᠤ ᠪᠠᠨ ᠴᠤ ᠲᠡᠷᠡ ᠨᠠᠶᠢᠷᠠᠯ ᠳᠠᠭᠤᠨ ᠤ ᠴᠢᠭᠯᠡᠯ ᠢᠶᠡᠷ ᠲᠦᠷᠦᠭᠰᠡᠨ ᠠᠩᠬᠠᠨ ᠤ ᠳ᠋ᠣᠺᠲ᠋ᠣᠷ ᠪᠦᠰᠡᠭᠦᠢ ᠲᠡᠢ ᠶᠠᠷᠢᠯᠴᠠᠵᠤ ᠰᠠᠭᠤᠬᠤ ᠳᠤ ᠪᠠᠨ 《ᠮᠠᠨ ᠤ ᠠᠷᠤ ᠮᠣᠩᠭᠣᠯ ᠳᠤ ᠪᠣᠯ ᠡᠨᠡ ᠬᠦᠮᠦᠨ ᠤᠷᠠᠯᠢᠭ ᠤᠨ ᠥᠨᠳᠥᠷ ᠳᠡᠭᠡᠳᠦ ᠴᠣᠯᠠ ᠤᠳ ᠢ ᠠᠯᠢ ᠬᠡᠳᠦᠶᠢᠨ᠎ᠡ ᠬᠠᠮᠤᠴᠢᠬᠠᠭᠰᠠᠨ ᠪᠠᠶᠢᠬᠤ ᠪᠠᠶᠢᠵᠤ ᠳ᠋ᠡ ᠁》 ᠭᠡᠬᠦ ᠪᠠᠬᠠᠷᠬᠠᠯ ᠲᠥᠷᠦᠵᠥ ᠪᠠᠶᠢᠭᠰᠠᠨ ᠢᠶᠠᠨ ᠨᠢᠭᠤᠬᠤ ᠶᠠᠭᠤᠨ᠃ ᠲᠦᠮᠡᠲᠦ ᠰᠢᠨ᠎ᠡ ᠬᠥᠷᠪᠡᠭᠦᠯᠪᠡ

7        0       

               370       2023-11-23 11:03
       1992       2023-09-07 08:40
            2215       2023-07-05 21:05
ᠬᠥᠬᠡ ᠲᠣᠯᠪᠤᠲᠤ ᠳ᠋ ᠊ ᠲᠡᠮᠦᠷᠸᠴᠢᠷ : ᠱᠠᠮᠪᠠᠯ ᠠᠴᠠ ᠵᠢᠭᠤᠲᠠᠭᠰᠠᠨ 《ᠨᠢᠭᠦᠯᠲᠡᠨ ᠨᠦᠭᠦᠳ》  5442       2018-12-05 20:04
ᠮᠣᠩᠭᠤᠯᠴᠤᠳ ᠤᠨ ᠥᠪᠡᠷᠰᠡᠳ ᠲᠡᠭᠡᠨ ᠵᠣᠷᠢᠭᠤᠯᠵᠤ ᠵᠣᠬᠢᠶᠠᠭᠰᠠᠨ ᠦᠯᠢᠭᠡᠷ  4831       2018-12-05 19:33
ᠲᠥᠷᠦ ᠡᠴᠡ ᠲᠥᠷᠥᠭ᠍ᠰᠡᠨ ᠲᠡᠷᠪᠤᠮᠲᠠᠨ  3692       2018-11-30 16:11
                             13847524386      211429899@qq.com      13847524386   QQ  211429899 蒙ICP备17002503号-1