  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1791620
   1251

ᠠᠷᠪᠠᠭᠠᠯᠵᠢ

ᠭᠠᠨᠪᠢᠨ᠎ᠠ ᠶᠢᠨ ᠣᠷᠴᠢᠭᠤᠯᠤᠭᠰᠠᠨ ᠪᠠᠰᠠ ᠨᠢᠭᠡ ᠵᠢᠪᠡᠭᠦᠨ ᠥᠭᠦᠯᠡᠯᠭᠡ᠃ ᠨᠠᠳᠠ ᠳᠤ ᠪᠣᠯ ᠪᠣᠳᠠᠲᠤ ᠶᠠᠪᠤᠳᠠᠯ᠂ ᠰᠡᠳᠬᠢᠯ ᠵᠦᠢ ᠶᠢᠨ ᠲᠷᠢᠯᠯᠧᠷ ᠰᠢᠭ ᠰᠠᠨᠠᠭᠳᠠᠭᠰᠠᠨ᠃ ᠵᠣᠬᠢᠶᠠᠯᠴᠢ ᠨᠢ ᠬᠢᠲᠠᠳ ᠤᠨ ᠲᠡᠷᠰ ᠦᠵᠡᠯᠲᠡ ᠨᠢᠭᠡᠨ ᠭᠡᠨ᠎ᠡ᠃ ᠮᠤᠬᠤᠷ ᠰᠦᠰᠦᠭ ᠪᠠ ᠵᠡᠷᠯᠢᠭᠰᠢᠯ ᠭᠡᠮᠡᠷ ᠴᠤ ᠶᠤᠮ ᠤᠤ᠃ ︵ ᠬᠥᠬᠡ ᠲᠣᠯᠪᠣᠲᠤ ᠳ᠋ ᠊ ᠲᠡᠮᠦᠷᠸᠴᠢᠷ ︶ ᠵᠣᠬᠢᠶᠠᠯᠴᠢ ᠮᠠ ᠵᠢᠶᠠᠨ ᠠᠷᠪᠠᠭᠠᠯᠵᠢ
        4966     
2018-11-30 15:42    
发表于:内蒙古
ᠭᠠᠨᠪᠢᠨ᠎ᠠ ᠶᠢᠨ ᠣᠷᠴᠢᠭᠤᠯᠤᠭᠰᠠᠨ ᠪᠠᠰᠠ ᠨᠢᠭᠡ ᠵᠢᠪᠡᠭᠦᠨ ᠥᠭᠦᠯᠡᠯᠭᠡ᠃ ᠨᠠᠳᠠ ᠳᠤ ᠪᠣᠯ ᠪᠣᠳᠠᠲᠤ ᠶᠠᠪᠤᠳᠠᠯ᠂ ᠰᠡᠳᠬᠢᠯ ᠵᠦᠢ ᠶᠢᠨ ᠲᠷᠢᠯᠯᠧᠷ ᠰᠢᠭ ᠰᠠᠨᠠᠭᠳᠠᠭᠰᠠᠨ᠃ ᠵᠣᠬᠢᠶᠠᠯᠴᠢ ᠨᠢ ᠬᠢᠲᠠᠳ ᠤᠨ ᠲᠡᠷᠰ ᠦᠵᠡᠯᠲᠡ ᠨᠢᠭᠡᠨ ᠭᠡᠨ᠎ᠡ᠃ ᠮᠤᠬᠤᠷ ᠰᠦᠰᠦᠭ ᠪᠠ ᠵᠡᠷᠯᠢᠭᠰᠢᠯ ᠭᠡᠮᠡᠷ ᠴᠤ ᠶᠤᠮ ᠤᠤ᠃ ︵ ᠬᠥᠬᠡ ᠲᠣᠯᠪᠣᠲᠤ ᠳ᠋ ᠊ ᠲᠡᠮᠦᠷᠸᠴᠢᠷ ︶ ᠵᠣᠬᠢᠶᠠᠯᠴᠢ ᠮᠠ ᠵᠢᠶᠠᠨ ᠠᠷᠪᠠᠭᠠᠯᠵᠢ ᠡᠨᠳᠡᠬᠢ ᠶᠢᠨ ᠨᠠᠷᠠ ᠦᠵᠡᠰᠬᠦᠯᠡᠩ ᠲᠡᠢ ᠵᠢᠷᠭᠠᠳᠠᠭ᠃ ᠥᠨᠥᠳᠥᠷ ᠯᠠ ᠭᠡᠬᠦ ᠳᠦ ᠮᠤᠰᠬᠢᠷᠠᠭᠰᠠᠨ ᠴᠠᠭᠠᠨ ᠡᠭᠦᠯᠡ ᠲᠩᠷᠢ ᠶᠢᠨ ᠬᠠᠶᠠᠭ᠎ᠠ ᠤᠷᠤᠭᠤ ᠨᠡᠭᠦᠨ ᠣᠳᠬᠤ ᠲᠠᠢ ᠵᠡᠷᠭᠡᠴᠡᠨ ᠨᠠᠷᠠ ᠤᠯᠠᠨ ᠲᠤᠶᠠᠭ᠎ᠠ ᠰᠠᠴᠤᠷᠠᠭᠤᠯᠤᠨ ᠪᠠᠷᠠᠭᠤᠨ ᠳ᠋ᠤ ᠬᠡᠪᠡᠶᠢᠪᠡ᠃ ᠪᠢ ᠵᠢᠷᠤᠭ ᠤᠨ ᠠᠫᠫᠠᠷᠠᠲ ᠤᠨ ᠬᠢ ᠪᠠᠨ ᠳᠤᠷᠠᠨ ᠢᠶᠠᠷ ᠡᠷᠭᠢᠨ ᠲᠣᠭᠣᠷᠢᠨ ᠢᠶᠠᠨ ᠲᠣᠯᠢᠳᠠᠨ ᠰᠠᠭᠤᠯ᠎ᠠ᠃ ᠳᠣᠷᠣᠨ᠎ᠠ ᠵᠦᠭ ᠲᠦ ᠠᠭᠤᠯᠠᠰ ᠳᠦᠩᠬᠦᠶᠢᠵᠦ᠂ ᠡᠮᠦᠨ᠎ᠡ ᠬᠥᠪᠦᠷᠡᠯᠳᠦᠬᠦ ᠲᠣᠯᠣᠭᠠᠳ ᠡᠪ ᠬᠠᠪᠤ ᠦᠭᠡᠢ ᠰᠡᠭᠦᠳᠡᠷᠲᠡᠨ᠎ᠡ᠃ ᠰᠠᠶᠢᠨ ᠵᠢᠷᠤᠭ ᠠᠪᠬᠤ ᠶᠢᠨ ᠲᠤᠯᠠᠳᠠ ᠤᠯᠠᠮ ᠥᠭᠡᠳᠡ ᠪᠡᠨ ᠠᠪᠠᠷᠢᠬᠤ ᠬᠡᠷᠡᠭᠲᠡᠢ ᠶᠤᠮ ᠪᠠᠶᠢᠨ᠎ᠠ ᠭᠡᠵᠦ ᠨᠠᠳᠠ ᠳᠤ ᠪᠣᠳᠣᠭᠳᠠᠯ᠎ᠠ᠃ ᠲᠥᠪᠡᠳ ᠦᠨ ᠪᠠᠷᠠᠭᠤᠨ ᠬᠢᠵᠠᠭᠠᠷ ᠪᠣᠯᠬᠤ ᠤᠰᠤ ᠲᠠᠢ ᠪᠣᠯ ᠤᠰᠤ ᠲᠠᠢ᠂ ᠠᠭᠤᠯᠠ ᠲᠠᠢ ᠪᠣᠯ ᠠᠭᠤᠯᠠ ᠲᠠᠢ ᠴᠠᠩᠲᠠᠨ ᠤ ᠥᠨᠳᠥᠷ ᠠᠭᠤᠯᠠᠰ ᠤᠨ ᠪᠥᠰᠡ ᠳᠦ ᠪᠢ ᠢᠷᠡᠭᠡᠳ ᠪᠠᠶᠢᠭ᠎ᠠ ᠪᠢᠯᠡ᠃ ᠤᠭ ᠨᠢ ᠵᠢᠷᠤᠭ ᠠᠪᠬᠤ ᠳᠤ ᠰᠠᠶᠢᠬᠠᠨ ᠭᠠᠵᠠᠷ ᠶᠤᠮ᠃ ᠭᠡᠪᠡᠴᠦ ᠬᠣᠭᠣᠷᠣᠨᠳᠣ ᠪᠠᠨ ᠣᠭᠲᠣᠯᠤᠯᠴᠠᠭᠰᠠᠨ ᠲᠦᠷᠭᠡᠨ ᠤᠷᠤᠰᠬᠠᠯᠲᠤ ᠭᠣᠣᠯ ᠤᠳ᠂ ᠤᠷᠳᠤ ᠬᠥᠨᠳᠡᠯᠢᠳᠬᠦ ᠠᠭᠤᠯᠠᠰ ᠠᠴᠠ ᠪᠣᠯᠤᠭᠠᠳ ᠠᠮᠠᠷᠬᠠᠨ ᠭᠡᠭᠴᠢ ᠨᠢ ᠲᠥᠭᠡᠷᠡᠴᠢᠬᠡᠵᠦ ᠮᠡᠳᠡᠬᠦ ᠪᠡᠷ ᠶᠤᠮ᠃ ᠨᠠᠮ᠎ᠠ ᠶᠢ ᠲᠣᠯᠣᠭᠠᠢ ᠶᠢᠨ ᠪᠡᠯ ᠳᠦ ᠭᠠᠷᠬᠤ ᠳᠤ ᠨᠠᠷᠠ ᠪᠠᠷᠤᠭ ᠰᠢᠩᠭᠡᠵᠦ ᠪᠠᠶᠢᠯ᠎ᠠ᠃ ᠪᠦᠷᠦᠩᠬᠡᠢ ᠶᠢᠨ ᠳᠤᠮᠳᠠ ᠵᠣᠭᠰᠣᠭᠠᠳ ᠡᠷᠭᠢᠨ ᠲᠣᠭᠣᠷᠢᠨ ᠢᠶᠠᠨ ᠬᠠᠷᠠᠵᠤ ᠪᠠᠶᠢᠬᠤ ᠳᠤ ᠪᠠᠨ ᠮᠢᠨᠦ ᠢᠷᠡᠭᠰᠡᠨ ᠵᠠᠮ ᠬᠠᠷᠠᠩᠭᠤᠢ ᠶᠢᠨ ᠳᠤᠮᠳᠠ ᠠᠭᠤᠰᠤᠭᠰᠠᠨ ᠪᠠᠶᠢᠬᠤ ᠶᠢ ᠠᠵᠢᠭᠯᠠᠯ᠎ᠠ᠃ ᠥᠭᠡᠳᠡ ᠡᠴᠡ ᠲᠠᠰ ᠬᠠᠷᠠᠩᠭᠤᠢ ᠭᠦᠪᠡᠭᠡ᠂ ᠲᠣᠯᠣᠭᠠᠳ ᠲᠠᠢ ᠲᠠᠯ᠎ᠠ ᠴᠡᠯᠡᠶᠢᠵᠦ᠂ ᠨᠡᠭᠦᠳᠡᠯᠴᠢᠳ ᠦᠨ ᠪᠠᠭᠤᠳᠠᠯ ᠦᠯᠦ ᠦᠵᠡᠭᠳᠡᠨ᠎ᠡ᠃ ᠡᠶᠢᠨᠬᠦᠦ ᠪᠢ ᠳᠠᠬᠢᠨ ᠨᠢᠭᠡ ᠰᠥᠨᠢ ᠵᠠᠳᠠᠭᠠᠢ ᠲᠩᠷᠢ ᠶᠢᠨ ᠳᠣᠣᠷ᠎ᠠ ᠣᠳᠣᠳ ᠲᠠᠢ ᠬᠠᠨᠢᠰᠠᠨ ᠬᠣᠨᠣᠬᠤ ᠪᠠᠷ ᠪᠣᠯᠵᠠᠢ᠃ ᠰᠡᠪᠰᠢᠶ᠎ᠡ ᠰᠠᠯᠬᠢ ᠦᠯᠢᠶᠡᠭᠰᠡᠨ ᠲᠣᠯᠣᠭᠠᠢ ᠶᠢᠨ ᠪᠡᠯ ᠳᠦ ᠰᠠᠭᠤᠭᠠᠳ ᠪᠠᠶᠢᠩᠭᠣᠶᠢᠨ᠎ᠠ ᠠᠴᠠ ᠠᠪᠤᠭᠰᠠᠨ ᠵᠢᠩᠨᠡᠮᠡᠭ ᠢᠶᠡᠨ ᠢᠳᠡᠵᠦ ᠳᠠᠭᠤᠰᠬᠠᠯ᠎ᠠ᠃ ᠳᠠᠷᠠᠭ᠎ᠠ ᠨᠢ ᠬᠠᠯᠠᠭᠠᠰᠤ ᠪᠠᠨ ᠠᠭᠤᠳᠠᠯᠤᠨ ᠵᠠᠬ᠎ᠠ ᠳᠡᠭᠡᠷ᠎ᠡ ᠡᠴᠡ ᠬᠢᠮᠤᠰᠤᠯᠠᠭᠰᠠᠨ ᠰᠠᠷᠯᠤᠭ ᠤᠨ ᠠᠭᠠᠷᠤᠤᠯ ᠢᠶᠠᠨ ᠭᠠᠷᠭᠠᠨ ᠬᠦᠯᠬᠦᠪᠡ᠃ ᠡᠬᠢᠨ ᠳᠦ ᠪᠡᠨ ᠢᠰᠬᠦᠯᠡᠩ ᠠᠮᠲᠠᠭᠳᠠᠬᠤ ᠪᠠᠷ ᠨᠢ ᠬᠠᠷᠢᠭᠤ ᠦᠭᠡᠢ ᠨᠤᠯᠮᠤᠬᠤ ᠳᠥᠬᠦᠭᠰᠡᠨ ᠪᠣᠯᠪᠠᠴᠤ ᠠᠭᠠᠵᠢᠮ ᠢᠶᠠᠷ ᠠᠭᠠᠷᠤᠤᠯ ᠵᠥᠭᠡᠯᠡᠷᠡᠵᠦ᠂ ᠰᠦᠨ ᠦ ᠲᠠᠨᠢᠯ ᠠᠮᠲᠠ ᠠᠮᠲᠠᠭᠳᠠᠬᠤ ᠨᠢ ᠲᠠᠭᠠᠲᠠᠢ᠃ ᠬᠠᠷᠠᠩᠭᠤᠢ ᠨᠥᠮᠥᠷᠬᠦ ᠶᠢᠨ ᠡᠮᠦᠨ᠎ᠡ ᠰᠠᠯᠬᠢ ᠤᠯᠠᠮ ᠰᠢᠷᠦᠭᠦᠰᠬᠦ ᠳᠦ᠂ ᠪᠢ ᠬᠥᠨᠵᠢᠯᠡ ᠫᠦᠦᠭᠡᠭᠡ ᠪᠡᠨ ᠭᠠᠵᠠᠷ ᠳᠡᠪᠢᠰᠦᠭᠡᠳ ᠭᠤᠲᠤᠯ ᠲᠠᠢ ᠪᠠᠨ ᠣᠷᠣᠭᠠᠳ ᠬᠡᠪᠲᠡᠴᠢᠬᠡᠪᠡ᠃ ᠳᠡᠭᠡᠭᠰᠢ ᠪᠡᠨ ᠬᠠᠷᠠᠨ ᠬᠡᠪᠲᠡᠵᠦ ᠪᠠᠶᠢᠬᠤ ᠳᠤ ᠪᠠᠨ ᠪᠢ ᠠᠮᠢᠳᠤᠷᠠᠯ᠂ ᠦᠬᠦᠯ ᠦᠨ ᠲᠤᠬᠠᠢ ᠪᠣᠳᠣᠯ᠎ᠠ᠃ ᠲᠥᠪᠡᠳ ᠦᠳ ᠦᠬᠦᠯ ᠢ ᠠᠮᠢᠳᠤᠷᠠᠯ ᠤᠨ ᠨᠢᠭᠡ ᠦᠶ᠎ᠡ ᠭᠡᠵᠦ ᠦᠵᠡᠳᠡᠭ ᠪᠣᠯᠬᠣᠷ ᠲᠡᠳᠦᠶᠢᠯᠡᠨ ᠭᠤᠨᠢᠵᠤ᠂ ᠭᠤᠲᠤᠷᠠᠭᠠᠳ ᠪᠠᠶᠢᠬᠤ ᠵᠦᠢᠯ ᠪᠢᠰᠢ ᠭᠡᠳ ᠣᠭᠲᠣ ᠲᠣᠭᠤᠳᠠᠭ ᠦᠭᠡᠢ᠃ ᠲᠡᠭᠡᠭᠰᠡᠨ ᠮᠥᠷᠲᠡᠯ᠎ᠡ ᠮᠥᠷᠭᠥᠯᠴᠢᠳ ᠰᠦᠮ᠎ᠡ ᠬᠡᠢᠳ ᠦᠨ ᠲᠥᠪ ᠬᠠᠭᠠᠯᠭᠠᠨ ᠳᠡᠭᠡᠷ᠎ᠡ ᠢᠷᠡᠭᠡᠳ ᠲᠡᠷᠢᠭᠦᠨ ᠢᠶᠡᠨ ᠭᠠᠵᠠᠷ ᠲᠤ ᠬᠦᠷᠭᠡᠨ ᠬᠡᠳᠦᠨ ᠴᠠᠭ ᠢᠶᠠᠷ ᠴᠤ ᠬᠠᠮᠢᠶ᠎ᠠ ᠦᠭᠡᠢ ᠰᠤᠨᠵᠤ ᠮᠥᠷᠭᠥᠬᠦ ᠨᠢ ᠬᠠᠴᠢᠷᠬᠠᠯᠲᠠᠢ᠃ ᠬᠦᠮᠦᠰ ᠶᠠᠭᠤᠨ ᠳᠤ ᠢᠩᠭᠢᠲᠡᠯ᠎ᠡ ᠪᠡᠨ ᠰᠢᠳᠬᠡᠯ ᠡᠴᠡ ᠠᠶᠤᠨ᠎ᠠ ᠪᠤᠢ︖ ᠬᠣᠭᠣᠰᠣᠨ ᠬᠣᠳᠣᠭᠣᠳᠣ ᠲᠠᠢ ᠪᠢ ᠮᠠᠰᠢ ᠶᠡᠬᠡ ᠥᠯᠥᠰᠴᠦ ᠪᠠᠶᠢᠯ᠎ᠠ᠃ ᠥᠯᠥᠨ ᠬᠣᠳᠣᠭᠣᠳᠣᠨ ᠳᠤ ᠮᠢᠨᠢ ᠬᠡᠢ ᠬᠤᠷᠠᠯᠳᠤᠨ ᠰᠦᠷᠲᠡᠢ ᠨᠢ ᠠᠷᠭ᠎ᠠ ᠦᠭᠡᠢ ᠬᠦᠷᠴᠢᠭᠢᠨᠡᠲᠡᠯ᠎ᠡ ᠳᠤᠤᠭᠠᠷᠤᠨ᠎ᠠ᠃ ᠪᠢ ᠥᠯᠥᠰᠬᠦᠯᠡᠩ ᠭᠡᠳᠡᠰᠦᠨ ᠦ ᠬᠢ ᠪᠡᠨ ᠡᠪᠡᠳᠦᠯᠲᠡ ᠶᠢ ᠪᠠᠭᠤᠯᠭᠠᠬᠤ ᠭᠡᠵᠦ ᠬᠠᠵᠠᠭᠤ ᠲᠡᠰᠢ ᠪᠡᠨ ᠬᠠᠷᠠᠵᠤ ᠬᠡᠪᠲᠡᠯ᠎ᠡ᠃ ᠤᠯᠠᠮ ᠬᠦᠢᠲᠡᠨ ᠪᠣᠯᠵᠤ᠂ ᠪᠢ ᠳᠠᠭᠠᠷᠠᠵᠤ ᠡᠬᠢᠯᠡᠪᠡ᠃ ᠰᠠᠯᠬᠢᠨ ᠦ ᠴᠢᠭ ᠢ ᠮᠡᠳᠡᠬᠦ ᠭᠡᠵᠦ ᠥᠨᠳᠡᠶᠢᠨ ᠰᠠᠭᠤᠭᠠᠳ ᠳᠣᠷᠣᠨ᠎ᠠ ᠠᠴᠠ ᠥᠷᠥᠨ᠎ᠡ ᠤᠷᠤᠭᠤ ᠦᠯᠢᠶᠡᠵᠦ ᠪᠠᠶᠢᠭ᠎ᠠ ᠶᠢ ᠲᠣᠭᠲᠠᠭᠠᠪᠠ᠃ ᠪᠠᠷᠠᠭᠤᠨ ᠲᠠᠯ᠎ᠠ ᠳᠤ ᠭᠣᠣᠯ᠂ ᠴᠠᠭᠠᠨ᠎ᠠ ᠨᠢ ᠡᠵᠡᠭᠦᠢ ᠲᠠᠯ᠎ᠠ ᠪᠠᠶᠢᠭ᠎ᠠ ᠪᠣᠯᠬᠣᠷ ᠮᠢᠨᠦ ᠦᠨᠦᠷ ᠢ ᠰᠠᠯᠬᠢ ᠪᠠᠷ ᠠᠪᠤᠭᠰᠠᠨ ᠵᠡᠷᠯᠢᠭ ᠨᠣᠬᠠᠳ ᠳᠣᠣᠷᠠᠬᠠᠨ ᠢᠶᠠᠨ ᠨᠠᠳᠠ ᠤᠷᠤᠭᠤ ᠢᠷᠡᠬᠦ ᠨᠢ ᠣᠶᠢᠯᠠᠭᠠᠮᠵᠢᠲᠠᠢ᠃ ᠴᠦᠩᠬᠦ ᠡᠴᠡ ᠪᠡᠨ ᠬᠢᠲᠤᠭ᠎ᠠ ᠪᠠᠨ ᠭᠠᠷᠭᠠᠨ ᠠᠳᠬᠤᠭᠠᠳ ᠤᠨᠲᠠᠬᠤ ᠪᠠᠷ ᠡᠷᠭᠢᠨ ᠬᠡᠪᠲᠡᠪᠡ᠃ ᠨᠢᠳᠦ ᠪᠡᠨ ᠳᠥᠩᠭᠡᠵᠢ ᠠᠨᠢᠩᠭᠤᠲᠠ ᠠᠶᠤᠮᠰᠢᠭᠲᠠᠢ ᠵᠢᠷᠤᠭ ᠬᠠᠷᠠᠭᠳᠠᠬᠤ ᠨᠢ ᠲᠡᠷᠡ᠃ ᠵᠡᠷᠯᠢᠭ ᠰᠠᠷᠯᠤᠭ ᠤᠨ ᠰᠦᠷᠦᠭ ᠨᠠᠳᠠ ᠤᠷᠤᠭᠤ ᠬᠤᠶᠢᠯᠠᠷᠠᠨ ᠳᠠᠪᠬᠢᠵᠤ᠂ ᠵᠣᠯᠪᠢᠩ ᠨᠣᠬᠠᠢ ᠡᠭᠦᠷᠭᠡᠪᠴᠢ ᠶᠢ ᠮᠠᠨᠢ ᠠᠪᠴᠤ ᠵᠢᠭᠤᠳᠠᠪᠠ᠃ ᠴᠢᠨᠣ᠎ᠠ ᠠᠷᠤ ᠠᠴᠠ ᠮᠢᠨᠢ ᠭᠡᠲᠡᠭᠰᠡᠭᠡᠷ ᠰᠢᠯᠢᠨ ᠬᠦᠵᠦᠭᠦᠨ ᠡᠴᠡ ᠮᠢᠨᠢ ᠴᠢᠩᠭ᠎ᠠ ᠵᠠᠭᠤᠬᠤ ᠳᠤ᠂ ᠪᠠᠬᠠᠨ ᠥᠯᠥᠰᠬᠦᠯᠡᠩ ᠰᠦᠨᠡᠰᠦ ᠨᠦᠭᠦᠳ ᠨᠠᠮ᠎ᠠ ᠶᠢ ᠲᠣᠭᠣᠷᠢᠨ ᠡᠷᠭᠢᠯᠳᠦᠭᠰᠡᠭᠡᠷ ᠴᠢᠬᠢ᠂ ᠬᠠᠮᠠᠷ᠂ ᠭᠠᠷ᠂ ᠬᠥᠯ ᠡᠴᠡ ᠮᠢᠨᠢ ᠯᠤᠤᠪᠠᠩ ᠢᠳᠡᠬᠦ ᠮᠡᠲᠦ ᠰᠢᠳᠦ ᠪᠡᠷ ᠢᠶᠡᠨ ᠵᠤᠯᠭᠠᠭᠠᠵᠤ ᠭᠠᠷᠪᠠ᠃ ᠲᠡᠭᠡᠭᠰᠡᠨ ᠢᠶᠡᠨ ᠮᠢᠨᠦ ᠪᠣᠳᠣᠯ ᠳᠤ ᠬᠡᠦᠬᠡᠨ ᠨᠦᠭᠦᠳ᠂ ᠬᠥᠬᠥᠪᠴᠢᠨ ᠦ ᠬᠢ ᠪᠡᠨ ᠪᠦᠯᠢᠶᠡᠨ ᠦᠨᠦᠷ ᠢ ᠦᠨᠦᠷᠲᠦᠭᠦᠯᠦᠭᠰᠡᠭᠡᠷ ᠣᠷᠣᠭᠠᠳ ᠢᠷᠡᠯ᠎ᠡ᠃ ᠪᠢ ᠠᠩᠬ᠎ᠠ ᠢᠷᠡᠭᠰᠡᠨ ᠵᠦᠭ ᠤᠷᠤᠭᠣ ᠪᠡᠨ ᠬᠠᠷᠠᠵᠤ ᠬᠡᠪᠲᠡᠭᠡᠳ ᠪᠦᠳᠡᠭᠢᠬᠡᠨ ᠭᠡᠷᠡᠯ ᠪᠠᠶᠢᠬᠤ ᠶᠢ ᠣᠯᠵᠤ ᠬᠠᠷᠠᠪᠠ᠃ ᠭᠡᠷᠡᠯ ᠵᠢᠷᠤᠭ ᠤᠨ ᠠᠫᠫᠠᠷᠠᠲ ᠢᠶᠠᠨ ᠭᠠᠷᠭᠠᠭᠠᠳ ᠳᠤᠷᠠᠨ ᠢᠶᠠᠷ ᠨᠢ ᠲᠡᠷᠡ ᠵᠦᠭ ᠬᠠᠷᠠᠪᠠᠯ ᠮᠠᠶᠢᠬᠠᠨ ᠤ ᠣᠷᠣᠢ ᠪᠠᠷ ᠭᠠᠯ ᠤᠨ ᠭᠡᠷᠡᠯ ᠰᠦᠮᠡᠯᠵᠡᠬᠦ ᠠᠵᠡᠢ᠃ ᠬᠡᠷᠪᠡ ᠶᠠᠪᠤᠭᠠᠳ ᠣᠴᠢᠪᠠᠯ ᠲᠡᠨᠳᠡ ᠪᠠᠶᠢᠭ᠎ᠠ ᠬᠦᠮᠦᠰ ᠨᠢᠭᠡ ᠮᠤᠬᠤᠷ ᠲᠤ ᠪᠠᠨ ᠨᠠᠮ᠎ᠠ ᠶᠢ ᠬᠣᠨᠣᠭᠤᠯᠬᠤ ᠪᠠᠶᠢᠬᠤ ᠭᠡᠰᠡᠨ ᠢᠲᠡᠭᠡᠯ ᠲᠦᠷᠦᠭᠰᠡᠨ ᠳᠠᠷᠤᠢ ᠪᠢ ᠫᠦᠦᠭᠡᠭᠡᠨ ᠡᠴᠡ ᠪᠡᠨ ᠰᠤᠭᠤᠷᠠᠨ ᠭᠠᠷᠤᠭᠠᠳ᠂ ᠬᠠᠮ ᠬᠤᠮ ᠪᠣᠭᠣᠭᠰᠠᠨ ᠪᠣᠯᠵᠤ ᠲᠡᠪᠡᠷᠢᠨ᠂ ᠲᠡᠷᠡ ᠵᠦᠭ ᠤᠨ ᠪᠡᠯ ᠤᠷᠤᠭᠤᠳᠠᠨ ᠠᠯᠬᠤᠯ᠎ᠠ᠃ ᠬᠣᠶᠠᠷ ᠴᠠᠭ ᠭᠠᠷᠤᠢ ᠶᠠᠪᠤᠭᠰᠠᠨ ᠤ ᠳᠠᠷᠠᠭ᠎ᠠ ᠪᠢ ᠮᠥᠨᠥᠬᠢ ᠮᠠᠶᠢᠬᠠᠨ ᠳᠡᠭᠡᠷ᠎ᠡ ᠢᠷᠡᠭᠡᠳ ᠬᠡᠢ ᠬᠠᠨᠢᠶᠠᠯᠭᠠᠨ ᠳᠠᠭᠤ ᠥᠭᠴᠦ ᠨᠣᠬᠠᠢ ᠪᠠᠶᠢᠭ᠎ᠠ ᠡᠰᠡᠬᠦ ᠶᠢ ᠰᠢᠯᠭᠠᠪᠠ᠃ ᠠᠵᠠ ᠪᠣᠯᠬᠤ ᠳᠤ ᠨᠣᠬᠠᠢ ᠪᠠᠶᠢᠭᠰᠠᠨ ᠦᠭᠡᠢ᠃ ᠪᠢ ᠮᠠᠶᠢᠬᠠᠨ ᠤ ᠠᠮᠠ ᠪᠠᠷ ᠵᠠᠢ ᠭᠠᠷᠭᠠᠨ ᠣᠷᠣᠭᠠᠳ ᠶᠠᠪᠤᠴᠢᠬᠠᠯ᠎ᠠ᠃ ᠭᠠᠯ ᠤᠨ ᠳᠡᠷᠭᠡᠳᠡ ᠨᠢᠭᠡᠨ ᠨᠠᠰᠤᠲᠠᠶᠢᠪᠲᠤᠷ ᠡᠷ᠎ᠡ ᠬᠥᠳᠡᠯᠬᠦ ᠦᠭᠡᠢ ᠰᠠᠭᠤᠵᠤ ᠪᠠᠶᠢᠬᠤ ᠶᠤᠮ᠃ ᠨᠠᠮ᠎ᠠ ᠶᠢ ᠲᠥᠪᠡᠳ ᠢᠶᠡᠷ ᠮᠡᠨᠳᠦᠴᠢᠯᠡᠨ ᠠᠮᠤᠷ ᠢ ᠨᠢ ᠡᠷᠢᠬᠦ ᠳᠦ ᠡᠬᠢᠨ ᠳᠦ ᠪᠡᠨ ᠲᠡᠷᠡ ᠣᠯᠵᠤ ᠬᠠᠷᠠᠭᠰᠠᠨ ᠦᠭᠡᠢ᠂ ᠪᠣᠳᠣᠪᠠᠯ ᠭᠠᠯ ᠤᠷᠤᠭᠤ ᠶᠡᠬᠡ ᠤᠳᠠᠭᠠᠨ ᠰᠢᠷᠲᠡᠭᠰᠡᠨ ᠪᠣᠯᠤᠯᠲᠠᠢ᠃ ᠲᠡᠷᠡ ᠨᠠᠮ᠎ᠠ ᠶᠢ ᠭᠠᠯ ᠤᠷᠤᠭᠤ ᠣᠶᠢᠷᠠᠳᠤᠨ ᠰᠠᠭᠤᠬᠤ ᠳᠤ ᠯᠠ ᠬᠠᠨ ᠦᠨᠳᠦᠰᠦᠲᠡᠨ ᠪᠣᠯᠬᠤ ᠶᠢ ᠮᠢᠨᠢ ᠮᠡᠳᠡᠬᠦ ᠰᠢᠭ ᠪᠣᠯᠤᠯ᠎ᠠ᠃ ᠲᠡᠭᠡᠭᠰᠡᠨ ᠢᠶᠡᠨ ᠬᠠᠮᠢᠭ᠎ᠠ ᠠᠴᠠ ᠢᠷᠡᠭᠰᠡᠨ ᠪᠣᠯᠬᠤ ᠶᠢ ᠬᠢᠲᠠᠳ ᠢᠶᠠᠷ ᠠᠰᠠᠭᠤᠭᠠᠳ ᠢᠨᠢᠶᠡᠮᠰᠦᠭᠯᠡᠪᠡ᠃ ᠪᠢ ᠠᠭᠤᠯᠠ᠂ ᠲᠣᠯᠣᠭᠠᠳ ᠤᠨ ᠭᠡᠷᠡᠯ ᠵᠢᠷᠤᠭ ᠠᠪᠴᠤ ᠶᠠᠪᠤᠭ᠎ᠠ ᠪᠠᠨ᠂ ᠤᠷᠢᠳᠤ ᠰᠥᠨᠢ ᠳᠤᠸᠠ ᠰᠠᠭᠤᠷᠢᠨ ᠳᠤ ᠬᠣᠨᠣᠭᠰᠠᠨ ᠢᠶᠠᠨ ᠬᠡᠯᠡᠯ᠎ᠡ᠃ ᠭᠡᠷᠡᠯ ᠵᠢᠷᠤᠭ ᠤᠨ ᠠᠫᠫᠠᠷᠠᠲ ᠭᠡᠵᠦ ᠶᠠᠭᠤ ᠪᠣᠯᠬᠤ ᠶᠢ ᠮᠠᠨᠢ ᠡᠷ᠎ᠡ ᠮᠡᠳᠡᠳᠡᠭ ᠭᠡᠨ᠎ᠡ᠃ ᠵᠠᠯᠠᠭᠤ ᠳᠤ ᠪᠠᠨ ᠬᠡᠳᠦᠨ ᠵᠢᠯ ᠰᠧᠷᠠ ᠬᠡᠶᠢᠳ ᠳ᠋ᠡᠬᠢ ᠪᠤᠷᠬᠠᠨ ᠪᠠᠭᠰᠢ ᠶᠢᠨ ᠬᠦᠷᠡᠯ ᠳᠦᠷᠢ ᠶᠢ ᠵᠠᠰᠠᠬᠤ ᠳᠤ ᠣᠷᠣᠯᠴᠠᠵᠤ ᠪᠠᠶᠢᠬᠤ ᠳᠤ ᠪᠠᠨ ᠭᠠᠳᠠᠭᠠᠳᠤ᠂ ᠳᠣᠲᠣᠭᠠᠳᠤ ᠶᠢᠨ ᠵᠢᠭᠤᠯᠴᠢᠳ ᠭᠡᠷᠡᠯ ᠵᠢᠷᠤᠭ ᠠᠪᠴᠤ ᠪᠠᠶᠢᠬᠤ ᠶᠢ ᠬᠠᠷᠠᠭᠰᠠᠨ ᠭᠡᠳᠡᠭ ᠢᠶᠡᠨ ᠬᠥᠭᠡᠷᠦᠯ᠎ᠡ᠃ ᠪᠢ ᠡᠭᠦᠷᠭᠡᠪᠴᠢ ᠪᠡᠨ ᠪᠠᠭᠤᠯᠭᠠᠭᠠᠳ ᠮᠠᠶᠢᠬᠠᠨ ᠳᠣᠲᠣᠷᠠᠬᠢ ᠶᠢ ᠲᠣᠭᠣᠷᠢᠭᠤᠯᠤᠨ ᠬᠠᠷᠠᠭᠰᠠᠨ ᠪᠣᠯᠪᠠᠴᠤ ᠲᠡᠨᠳᠡ ᠶᠠᠭᠤ ᠴᠤ ᠪᠠᠶᠢᠭᠰᠠᠨ ᠦᠭᠡᠢ᠃ ᠲᠤᠯᠭ᠎ᠠ ᠶᠢᠨ ᠴᠢᠯᠠᠭᠤ ᠨᠤᠭᠤᠳ ᠭᠠᠯ ᠳᠤ ᠤᠯᠠᠶᠢᠵᠠᠢ᠃ ᠨᠡᠭᠦᠳᠡᠯᠴᠢᠳ ᠡᠶᠢᠮᠦᠷᠬᠡᠦ ᠪᠠᠶᠢᠳᠠᠯ ᠢᠶᠠᠷ ᠠᠶᠠᠯᠠᠳᠠᠭ ᠨᠢ ᠮᠡᠳᠡᠭᠡᠵᠢ ᠶᠢᠨ ᠬᠡᠷᠡᠭ ᠰᠢᠦ ᠳ᠋ᠡ᠃ ᠮᠠᠨᠢ ᠡᠷ᠎ᠡ ᠡᠨᠳᠡ ᠥᠷᠯᠥᠭᠡ ᠶᠤᠮ ᠤᠤ ᠡᠰᠡᠪᠡᠯ ᠥᠴᠥᠭᠡᠳᠦᠷ ᠢᠷᠡᠵᠦ ᠪᠠᠭᠤᠭᠰᠠᠨ ᠪᠠᠶᠢᠬᠤ᠃ ᠪᠢ ᠨᠢᠳᠦ ᠪᠡᠨ ᠠᠷᠴᠢᠨ ᠢᠳᠡᠬᠦ ᠶᠠᠭᠤᠮ᠎ᠠ ᠬᠠᠶᠢᠵᠤ ᠮᠠᠶᠢᠬᠠᠨ ᠢ ᠳᠠᠬᠢᠨ ᠲᠣᠭᠣᠷᠢᠭᠤᠯᠵᠤ ᠬᠠᠷᠠᠴᠠ ᠪᠠᠷ ᠢᠶᠠᠨ ᠨᠡᠩᠵᠢᠭᠡᠳ᠂ ᠮᠥᠨᠥᠬᠢ ᠡᠷ᠎ᠡ ᠶᠢᠨ ᠳᠡᠭᠡᠷ᠎ᠡ ᠨᠢ ᠰᠠᠭᠤᠵᠤ ᠪᠠᠶᠢᠭ᠎ᠠ ᠬᠣᠨᠢᠨ ᠦ ᠨᠡᠬᠡᠢ᠂ ᠡᠮᠡᠭᠡᠯ᠂ ᠬᠥᠩᠭᠡᠨ ᠴᠠᠭᠠᠨ ᠠᠶᠠᠭᠠᠨ ᠠᠴᠠ ᠥᠭᠡᠷ᠎ᠡ ᠶᠠᠭᠤ ᠴᠤ ᠣᠯᠵᠤ ᠬᠠᠷᠠᠭᠰᠠᠨ ᠦᠭᠡᠢ᠃ ᠲᠡᠭᠦᠨ ᠡᠴᠡ ᠢᠳᠡᠴᠢᠬᠡᠬᠦ ᠶᠠᠭᠤᠮ᠎ᠠ ᠪᠠᠶᠢᠭ᠎ᠠ ᠡᠰᠡᠬᠦ ᠶᠢ ᠠᠰᠠᠭᠤᠬᠤ ᠳᠤ ᠶᠠᠭᠤ ᠴᠤ ᠪᠠᠶᠢᠬᠤ ᠦᠭᠡᠢ ᠭᠡᠯ᠎ᠡ᠃ ᠨᠠᠳᠠ ᠳᠤ ᠭᠠᠯ ᠳᠤ ᠭᠠᠷ ᠢᠶᠠᠨ ᠡᠭᠡᠭᠡᠬᠦ ᠡᠴᠡ ᠥᠭᠡᠷ᠎ᠡ ᠬᠢᠴᠢᠬᠡᠬᠦ ᠪᠡᠷ ᠶᠠᠭᠤᠮ᠎ᠠ ᠣᠯᠳᠠᠭᠰᠠᠨ ᠦᠭᠡᠢ᠃ ᠲᠡᠷᠡ ᠭᠠᠷ ᠢᠶᠠᠨ ᠰᠤᠩᠭᠠᠨ ᠠᠷᠤ ᠠᠴᠠ ᠪᠠᠨ ᠬᠡᠰᠡᠭ ᠬᠠᠭᠤᠷᠠᠢ ᠡᠪᠡᠰᠦ᠂ ᠪᠤᠲᠠ ᠠᠪᠴᠤ ᠭᠠᠯ ᠳᠤ ᠪᠠᠨ ᠨᠡᠮᠡᠭᠡᠳ᠂ ᠦᠷᠭᠦᠯᠵᠢᠯᠡᠭᠦᠯᠦᠨ ᠴᠠᠯᠴᠢᠵᠤ ᠭᠠᠷᠪᠠ᠃ ᠥᠯᠦᠰᠦᠭᠰᠡᠨ ᠡᠴᠡ ᠪᠡᠨ ᠪᠣᠯᠤᠭᠠᠳ ᠲᠡᠭᠦᠨ ᠦ ᠶᠠᠷᠢᠶ᠎ᠠ ᠶᠢ ᠰᠤᠨᠤᠰᠬᠤ ᠴᠤ ᠲᠡᠩᠬᠡᠯ ᠨᠠᠳᠠ ᠳᠤ ᠪᠠᠶᠢᠭᠰᠠᠨ ᠦᠭᠡᠢ᠂ ᠲᠡᠭᠦᠨ ᠦ ᠦᠭᠡᠨ ᠳᠦ ᠬᠠᠶᠠ ᠨᠢᠭᠡ ᠪᠤᠪᠲᠤᠨᠠᠨ ᠬᠠᠷᠢᠭᠤᠯᠵᠤ ᠰᠠᠭᠤᠯ᠎ᠠ᠃ ᠮᠢᠨᠦ ᠤᠬᠠᠭᠠᠨ ᠪᠠᠯᠠᠷᠲᠠᠬᠤ ᠶᠢ ᠬᠠᠷᠠᠭᠰᠠᠨ ᠪᠣᠯᠤᠯᠲᠠᠢ ᠮᠠᠨᠢ ᠡᠷ᠎ᠡ ᠪᠣᠰᠤᠭᠠᠳ᠂ ᠳᠡᠪᠡᠯ ᠢᠶᠡᠨ ᠪᠥᠰᠡᠯᠡᠨ ᠮᠠᠶᠢᠬᠠᠨ ᠠᠴᠠ ᠭᠠᠷᠪᠠ᠃ ᠪᠢ ᠴᠤ ᠫᠦᠦᠭᠡᠭᠡ ᠪᠡᠨ ᠳᠡᠯᠭᠡᠨ ᠳᠣᠲᠣᠷ᠎ᠠ ᠨᠢ ᠣᠷᠣᠵᠤ ᠬᠡᠪᠲᠡᠭᠡᠳ ᠤᠨᠲᠠᠬᠤ ᠪᠠᠷ ᠨᠢᠳᠦ ᠪᠡᠨ ᠠᠨᠢᠪᠠ᠃ ᠳᠥᠩᠭᠡᠵᠢ ᠵᠡᠭᠦᠷᠮᠡᠭᠯᠡᠵᠦ ᠪᠠᠶᠢᠲᠠᠯ᠎ᠠ ᠭᠠᠳᠠᠭ᠎ᠠ ᠵᠢᠭᠲᠡᠢ ᠴᠢᠮᠡᠭᠡ ᠭᠠᠷᠬᠤ ᠶᠢ ᠰᠣᠨᠣᠰᠤᠯ᠎ᠠ᠃ ᠵᠡᠷᠯᠢᠭ ᠠᠳᠤᠭᠤᠰᠤ ᠲᠠᠪᠠᠬᠠᠢ ᠪᠠᠷ ᠢᠶᠠᠨ ᠭᠠᠵᠠᠷ ᠳᠡᠪᠰᠡᠭᠡᠳ ᠪᠠᠶᠢᠬᠤ ᠰᠢᠭ ᠪᠣᠯᠬᠣᠷ ᠨᠢ ᠪᠢ ᠬᠢᠲᠤᠭ᠎ᠠ ᠪᠠᠨ ᠰᠢᠭᠦᠷᠡᠨ ᠪᠣᠰᠤᠭᠠᠳ ᠮᠠᠶᠢᠬᠠᠨ ᠤ ᠠᠮᠠ ᠶᠢ ᠰᠡᠬᠦᠨ ᠬᠠᠷᠠᠪᠠ᠃ ᠭᠡᠲᠡᠯ᠎ᠡ ᠮᠥᠨᠥᠬᠢ ᠡᠷ᠎ᠡ ᠰᠠᠷᠯᠤᠭ ᠬᠥᠲᠥᠯᠦᠨ ᠢᠷᠡᠵᠦ ᠶᠠᠪᠤᠬᠤ ᠶᠤᠮ᠃ ᠲᠡᠭᠡᠭᠰᠡᠨ ᠢᠶᠡᠨ ᠨᠢᠭᠡ ᠭᠠᠷ ᠢᠶᠠᠷ ᠢᠶᠠᠨ ᠡᠪᠡᠷ ᠡᠴᠡ ᠨᠢ ᠪᠠᠷᠢᠭᠠᠳ᠂ ᠨᠥᠭᠥᠭᠡ ᠭᠠᠷ ᠢᠶᠠᠷ ᠢᠶᠠᠨ ᠠᠮᠠ ᠶᠢ ᠨᠢ ᠪᠠᠷᠢᠯ᠎ᠠ᠃ ᠰᠠᠷᠯᠤᠭ ᠴᠤ ᠥᠪᠡᠷ ᠢ ᠪᠡᠨ ᠲᠠᠯᠪᠢᠭᠤᠯᠬᠤ ᠭᠡᠵᠦ ᠲᠣᠩᠭᠣᠴᠢᠵᠤ ᠡᠬᠢᠯᠡᠪᠡ᠃ 《ᠲᠤᠰᠯᠠᠬᠤ ᠤᠤ︖》 ᠭᠡᠵᠦ ᠠᠰᠠᠭᠤᠲᠠᠯ᠎ᠠ ᠲᠡᠷᠡ ᠨᠠᠮ᠎ᠠ ᠶᠢ ᠴᠠᠰᠢ ᠪᠠᠨ ᠪᠣᠯ ᠭᠡᠵᠦ ᠭᠠᠷ ᠢᠶᠠᠷ ᠢᠶᠠᠨ ᠳᠣᠬᠢᠵᠤ ᠪᠠᠶᠢᠬᠤ ᠶᠤᠮ᠃ ᠮᠤᠨᠳᠠᠭ ᠴᠢᠳᠠᠯ ᠲᠠᠢ ᠡᠷ᠎ᠡ ᠪᠠᠶᠢᠬᠤ ᠨᠢ ᠬᠡᠮᠡᠨ ᠪᠣᠳᠣᠵᠤ ᠠᠮᠵᠢᠭ᠎ᠠ ᠦᠭᠡᠢ ᠪᠠᠶᠢᠲᠠᠯ᠎ᠠ ᠨᠥᠭᠥᠭᠡ ᠰᠠᠷᠯᠣᠭ ᠢᠶᠠᠨ ᠤᠭᠵᠠ ᠲᠠᠲᠠᠨ ᠲᠣᠩᠭᠣᠶᠢᠯᠭᠠᠭᠠᠳ᠂ ᠶᠠᠭᠠᠬᠢᠬᠤ ᠡᠶᠢ᠍ᠬᠦ ᠶᠢᠨ ᠵᠠᠭᠤᠷ᠎ᠠ ᠦᠭᠡᠢ ᠬᠢᠲᠤᠭ᠎ᠠ ᠪᠠᠨ ᠪᠥᠰᠡᠨ ᠡᠴᠡ ᠪᠡᠨ ᠰᠤᠭᠤᠯᠤᠨ ᠬᠥᠵᠦᠭᠦᠦ ᠤᠷᠤᠭᠤ ᠨᠢ ᠵᠣᠭᠣᠯ᠎ᠠ᠃ ᠳᠠᠷᠠᠭ᠎ᠠ ᠨᠢ ᠮᠠᠯᠠᠭᠠᠢ ᠪᠠᠨ ᠠᠪᠴᠤ ᠰᠠᠷᠯᠤᠭ ᠤᠨ ᠴᠢᠰᠤ ᠲᠣᠰᠬᠤ ᠨᠢ ᠲᠡᠷᠡ᠃ ᠰᠠᠷᠯᠤᠭ ᠮᠠᠭᠤᠬᠠᠢ ᠣᠷᠢᠯᠠᠨ᠂ ᠲᠣᠩᠭᠣᠴᠢᠨ᠎ᠠ᠃ ᠤᠳᠠᠯ ᠦᠭᠡᠢ ᠮᠠᠨᠢ ᠡᠷ᠎ᠡ ᠪᠠᠷᠢᠴᠠ ᠪᠠᠨ ᠲᠠᠯᠪᠢᠨ᠂ ᠰᠠᠷᠯᠣᠭ ᠢᠶᠠᠨ ᠦᠷᠭᠦᠭᠡᠵᠦ᠂ ᠬᠠᠷᠠᠩᠭᠤᠢ ᠤᠷᠤᠭᠤ ᠭᠤᠶᠢᠪᠢᠨ ᠣᠳᠬᠤ ᠶᠢ ᠨᠢ ᠬᠡᠰᠡᠭ ᠬᠠᠷᠠᠵᠤ ᠵᠣᠭᠰᠣᠪᠠ᠃ ᠮᠠᠶᠢᠬᠠᠨ ᠳᠤ ᠪᠠᠨ ᠣᠷᠣᠵᠤ ᠢᠷᠡᠭᠡᠳ ᠮᠠᠯᠠᠭᠠᠢ ᠳᠦᠭᠦᠷᠡᠩ ᠴᠢᠰᠤ ᠨᠠᠳᠠ ᠤᠷᠤᠭᠤ ᠰᠠᠷᠪᠠᠶᠢᠨ 《ᠤᠤᠭᠤᠴᠢᠬ᠎ᠠ︕》ᠭᠡᠰᠡᠨ ᠢᠶᠡᠨ ᠡᠷᠭᠢᠭᠡᠳ ᠰᠠᠭᠤᠵᠤ ᠪᠠᠶᠢᠭᠰᠠᠨ ᠨᠡᠬᠡᠢ ᠶᠢᠨ ᠳᠡᠭᠡᠷ᠎ᠡ ᠪᠡᠨ ᠵᠠᠪᠢᠯᠠᠨ ᠲᠤᠬᠠᠯᠠᠪᠠ᠃ ᠶᠠᠩᠵᠤᠤᠷ ᠢᠶᠠᠨ ᠲᠡᠮᠲᠡᠴᠢᠨ ᠠᠰᠠᠭᠠᠵᠤ᠂ ᠬᠤᠷᠤᠭᠤᠨ ᠠᠴᠠ ᠪᠠᠨ ᠳᠤᠰᠬᠤ ᠴᠢᠰᠤ ᠶᠢ ᠠᠮᠲᠠᠷᠬᠠᠨ ᠳᠣᠯᠢᠶᠠᠬᠤ ᠨᠢ ᠳᠣᠲᠣᠷ᠎ᠠ ᠡᠪᠭᠦᠶᠢᠴᠡᠮ᠎ᠡ᠃ ᠮᠠᠯᠠᠭᠠᠢ ᠲᠠᠢ ᠴᠢᠰᠤ ᠶᠢ ᠨᠢ ᠠᠪᠤᠭᠠᠳ ᠪᠢ ᠡᠮᠦᠨ᠎ᠡ ᠪᠡᠨ ᠲᠠᠯᠪᠢᠵᠤ ᠠᠭᠠᠵᠢᠮ ᠢᠶᠠᠷ ᠳᠡᠭᠳᠡᠬᠦ ᠠᠭᠤᠷ᠂ ᠬᠠᠭᠠᠷᠠᠨ ᠠᠯᠠᠭ᠎ᠠ ᠪᠣᠯᠬᠤ ᠬᠥᠭᠡᠰᠦ ᠨᠦᠭᠦᠳ ᠢ ᠨᠢ ᠠᠵᠢᠭᠯᠠᠪᠠ᠃ ᠴᠢᠰᠤ ᠪᠦᠯᠦᠩᠨᠡᠬᠦ ᠶᠢ ᠬᠦᠯᠢᠶᠡᠬᠦ ᠵᠠᠭᠤᠷ᠎ᠠ ᠮᠢᠨᠦ ᠨᠣᠶᠢᠷ ᠬᠡᠶᠢᠰᠦᠨ ᠣᠳᠴᠤ᠂ ᠮᠥᠨᠥᠬᠢ ᠡᠷ᠎ᠡ ᠲᠡᠢ ᠶᠠᠷᠢᠯᠴᠠᠬᠤ ᠬᠦᠰᠡᠯ ᠣᠷᠭᠢᠯᠣᠯ᠎ᠠ᠃ ᠲᠡᠷᠡ ᠥᠪᠡᠷ ᠢ ᠪᠡᠨ ᠴᠢᠭᠤ ᠲᠣᠰᠬᠣᠨ ᠤ ᠣᠶᠢᠷᠠᠯᠴᠠᠭᠠᠬᠢ ᠪᠡᠯᠴᠢᠭᠡᠷ ᠪᠠᠷᠠᠳᠠᠨ ᠠᠮᠢᠳᠤᠷᠠᠳᠠᠭ ᠨᠡᠭᠦᠳᠡᠯᠴᠢᠨ ᠭᠡᠵᠦ ᠲᠠᠨᠢᠯᠴᠠᠭᠤᠯᠪᠠ᠃ ᠵᠢᠷᠭᠤᠭᠠᠨ ᠰᠠᠷ᠎ᠠ ᠶᠢᠨ ᠡᠮᠦᠨ᠎ᠡ ᠥᠪᠡᠷ ᠲᠦ ᠪᠠᠶᠢᠭᠰᠠᠨ ᠪᠦᠬᠦ ᠰᠠᠷᠯᠤᠭ᠂ ᠬᠣᠨᠢᠨ ᠰᠦᠷᠦᠭ ᠢᠶᠡᠨ ᠵᠠᠷᠤᠵᠤ ᠮᠥᠩᠭᠥ ᠪᠣᠯᠭᠠᠭᠠᠳ᠂ ᠳᠠᠰᡀᠦᠮᠪᠦ ᠬᠡᠶᠢᠳ ᠲᠦ ᠡᠷᠭᠦᠵᠡᠢ᠃ ᠪᠢ ᠲᠡᠭᠦᠨ ᠢ ᠴᠢᠨᠠᠭᠰᠢᠳᠠ ᠶᠠᠭᠠᠬᠢᠬᠤ ᠭᠡᠵᠦ ᠪᠠᠶᠢᠭ᠎ᠠ ᠶᠢ ᠨᠢ ᠰᠣᠨᠢᠷᠬᠠᠲᠠᠯ᠎ᠠ ᠲᠡᠷᠡ ᠥᠪᠡᠷ ᠢ ᠪᠡᠨ ᠭᠠᠨᠳᠢᠷᠰ ᠬᠠᠶᠢᠷᠬᠠᠨ ᠤᠷᠤᠭᠤ ᠣᠴᠢᠵᠤ᠂ ᠪᠤᠷᠬᠠᠨ ᠳᠤ ᠮᠥᠷᠭᠥᠭᠡᠳ ᠮᠠᠨᠰᠠᠷᠣᠪᠠᠷ ᠨᠠᠭᠤᠷ ᠤᠨ ᠠᠷᠢᠭᠤᠨ ᠤᠰᠤᠨ ᠳᠤ ᠨᠢᠭᠦᠯ ᠢᠶᠡᠨ ᠤᠭᠢᠶᠠᠬᠤ ᠪᠠᠷ ᠶᠠᠪᠤᠵᠤ ᠪᠠᠶᠢᠨ᠎ᠠ ᠭᠡᠯ᠎ᠡ᠃ ᠲᠡᠭᠦᠨ ᠢ ᠨᠢᠭᠡ ᠥᠬᠢᠨ ᠲᠠᠢ ᠭᠡᠳᠡᠭ ᠢᠶᠡᠨ ᠬᠡᠯᠡᠬᠦ ᠳᠦ ᠪᠢ ᠢᠯᠡᠭᠦᠦ ᠦᠭᠡᠨ ᠳᠦ ᠳᠤᠷᠠᠯᠠᠨ ᠬᠠᠮᠢᠭ᠎ᠠ ᠪᠠᠶᠢᠭ᠎ᠠ ᠶᠢ ᠨᠢ ᠠᠰᠠᠭᠤᠯ᠎ᠠ᠃ ᠮᠠᠨᠢ ᠡᠷ᠎ᠡ ᠥᠬᠢᠨ ᠢᠶᠡᠨ ᠬᠠᠮᠢᠭ᠎ᠠ ᠪᠠᠶᠢᠭ᠎ᠠ ᠶᠢ ᠮᠡᠳᠡᠬᠦ ᠦᠭᠡᠢ ᠪᠠᠶᠢᠭ᠎ᠠ ᠪᠣᠯᠤᠯᠲᠠᠢ ᠬᠠᠷᠢᠭᠤ ᠬᠡᠯᠡᠭᠰᠡᠨ ᠦᠭᠡᠢ᠃ ᠵᠥᠪᠬᠡᠨ ᠨᠢᠳᠦ ᠨᠢ ᠬᠣᠶᠠᠷ ᠲᠡᠰᠢ ᠪᠡᠨ ᠬᠢᠯᠠᠯᠵᠠᠨ᠎ᠠ᠃ ᠪᠢ ᠲᠡᠭᠦᠨ ᠢ ᠴᠢᠰᠤ ᠤᠭᠤᠬᠤ ᠦᠭᠡᠢ ᠪᠣᠯ ᠤᠬᠠᠭᠠᠨ ᠲᠠᠯᠪᠢᠬᠤ ᠨᠢ ᠭᠡᠮᠡᠷ ᠪᠣᠯᠤᠭᠠᠳ ᠢᠷᠡᠬᠦ ᠪᠡᠷ ᠨᠢ ᠲᠠᠮᠠᠬᠢ ᠪᠠᠨ ᠭᠠᠷᠭᠠᠵᠤ ᠰᠠᠷᠪᠠᠶᠢᠨ ᠠᠩᠬᠠᠷᠤᠯ ᠢ ᠨᠢ ᠥᠪᠡᠷ ᠳᠡᠭᠡᠷ᠎ᠡ ᠪᠡᠨ ᠲᠠᠲᠠᠯ᠎ᠠ᠃ ᠡᠨᠡ ᠵᠢᠭᠲᠡᠢ ᠡᠷ᠎ᠡ ᠶᠢ ᠶᠠᠷᠢᠶ᠎ᠠ ᠪᠠᠨ ᠳᠠᠭᠤᠰᠤᠮᠠᠭᠴᠠ ᠪᠢ ᡀᠠᠰᠠ ᠳᠤ ᠬᠠᠷᠠᠭᠰᠠᠨ ᠨᠢᠭᠡᠨ ᠥᠬᠢᠨ ᠢ ᠲᠡᠭᠦᠨ ᠳᠦ ᠬᠡᠯᠡᠬᠦ ᠦᠦ ᠪᠠᠶᠢᠬᠤ ᠤᠤ ᠭᠡᠵᠦ ᠬᠡᠰᠡᠭ ᠲᠡᠭᠡᠨᠡᠭᠡᠯᠵᠡᠯ᠎ᠡ᠃ ᠶᠡᠷᠦ ᠨᠢ ᠬᠡᠯᠡᠭᠡᠳ ᠬᠡᠷᠡᠭ ᠦᠭᠡᠢ ᠶᠤᠮ ᠪᠠᠶᠢᠨ᠎ᠠ ᠭᠡᠵᠦ ᠡᠴᠦᠰ ᠲᠦ ᠨᠢ ᠰᠢᠢᠳᠥᠭᠰᠡᠨ ᠶᠤᠮ᠃ ᠬᠡᠷᠪᠡ ᠲᠡᠷᠡ ᠥᠬᠢᠨ ᠤ ᠲᠤᠬᠠᠢ ᠨᠢᠭᠡ ᠯᠠ ᠦᠭᠡ ᠴᠤᠬᠤᠶᠢᠯᠭᠠᠴᠢᠬᠠᠬᠤ ᠶᠤᠮ ᠪᠣᠯ ᠮᠠᠨᠢ ᠡᠷ᠎ᠡ᠂ ᠮᠢᠨᠦ ᠬᠡᠯᠡ ᠠᠮᠠ ᠶᠢ ᠰᠤᠭᠤᠯᠬᠤ ᠰᠢᠬᠠᠨ ᠰᠢᠯᠭᠠᠭᠠᠬᠤ ᠨᠢ ᠣᠶᠢᠯᠠᠭᠠᠮᠵᠢᠲᠠᠢ᠃ ᠥᠬᠢᠨ ᠤ ᠬᠢ ᠪᠠᠨ ᠶᠠᠮᠠᠷᠬᠠᠤ ᠶᠠᠩᠵᠤ ᠲᠠᠢ ᠪᠠᠶᠢᠭᠰᠠᠨ ᠢ ᠳᠤᠭᠤᠯᠤᠭᠠᠳ ᠲᠡᠭᠦᠨ ᠦ ᠤᠬᠠᠭᠠᠨ ᠬᠣᠣᠳᠤᠷᠤᠭᠤᠯᠬᠤ ᠴᠤ ᠶᠤᠮ ᠪᠢᠯᠡ ᠦᠦ ᠬᠡᠨ ᠮᠡᠳᠡᠯ᠎ᠡ᠃ ᠲᠡᠷᠡ ᠨᠠᠳᠠ ᠳᠤ ᠡᠶᠢᠨᠬᠦᠦ ᠦᠭᠦᠯᠡᠭᠰᠡᠨ ᠶᠤᠮ᠄ 《ᠪᠢ ᠬᠠᠮᠤᠭ ᠮᠠᠯ᠂ ᠰᠦᠷᠦᠭ ᠢᠶᠡᠨ ᠵᠠᠷᠣᠴᠢᠬᠠᠭᠠᠳ ᠳᠠᠰᡀᠦᠮᠪᠦ ᠬᠡᠶᠢᠳ ᠤᠷᠤᠭᠤ ᠣᠴᠢᠨ᠂ ᠪᠤᠷᠬᠠᠨ ᠳᠤ ᠮᠥᠷᠭᠥᠬᠦ ᠪᠡᠷ ᠶᠠᠪᠤᠭᠰᠠᠨ ᠶᠤᠮ᠃ ᠲᠡᠨᠳᠡ ᠣᠴᠢᠭᠠᠳ ᠪᠤᠷᠬᠠᠨ ᠪᠠᠭᠰᠢ ᠠᠴᠠ ᠥᠬᠢᠨ ᠢ ᠮᠢᠨᠢ ᠬᠠᠷᠠᠵᠤ ᠬᠠᠮᠠᠭᠠᠯᠠᠵᠤ ᠶᠠᠪᠤᠬᠤ ᠶᠢ ᠭᠤᠶᠤᠭᠠᠳ᠂ ᠨᠠᠮ᠎ᠠ ᠶᠢ ᠦᠬᠦᠭᠰᠡᠨ ᠦ ᠬᠢ ᠪᠡᠨ ᠳᠠᠷᠠᠭ᠎ᠠ ᠥᠬᠢᠨ ᠲᠠᠢ ᠮᠢᠨᠢ ᠳ᠋ᠧᠪᠠᠵᠠᠨ ᠳᠤ ᠠᠭᠤᠯᠵᠠᠭᠤᠯᠵᠤ ᠥᠭᠭᠦᠭᠡᠴᠢ ᠭᠡᠵᠦ ᠵᠠᠯᠪᠠᠷᠢᠪᠠ᠃ ᠬᠠᠶᠢᠯᠠᠰᠤ ᠠᠭᠤᠯᠠ ᠶᠢ ᠠᠷᠪᠠᠨ ᠶᠢᠰᠦᠨ ᠤᠳᠠᠭ᠎ᠠ ᠭᠣᠷᠣᠭᠠᠯᠠᠬᠤ ᠳᠤ ᠮᠢᠨᠢ ᠲᠤᠰᠯᠠᠭᠠᠴᠢ᠂ ᠳᠠᠷᠠᠭ᠎ᠠ ᠨᠢ ᠳ᠋ᠢᠸᠠᠵᠠᠨ ᠳᠤ ᠪᠠᠨ ᠠᠪᠤᠭᠠᠴᠢ ᠭᠡᠵᠦ ᠪᠢ ᠡᠴᠦᠰ ᠲᠦ ᠨᠢ ᠵᠠᠯᠪᠠᠷᠢᠭᠰᠠᠨ ᠮᠢᠨᠢ ᠬᠠᠮᠤᠭ ᠤᠨ ᠲᠣᠮᠣ ᠠᠯᠳᠠᠭ᠎ᠠ ᠪᠣᠯᠵᠤ ᠪᠢᠯᠡ ᠁》 《ᠪᠢ ᠴᠢᠨᠢ ᠡᠵᠢ ᠶᠢᠨ ᠢᠶᠡᠨ ᠮᠥᠮᠦ ᠶᠢ ᠠᠷᠪᠠᠨ ᠳᠥᠷᠪᠡ ᠬᠦᠷᠲᠡᠯ᠎ᠡ ᠬᠥᠬᠥᠭᠰᠡᠨ ᠬᠦᠮᠦᠨ ᠳ᠋ᠡ᠃ ᠡᠵᠢ ᠶᠢᠨ ᠰᠥ᠋ ᠲᠡᠷᠡ ᠣᠯᠠᠨ ᠵᠢᠯ ᠲᠠᠲᠠᠷᠠᠭ᠎ᠠ ᠦᠭᠡᠢ ᠨᠢ ᠬᠠᠴᠢᠷᠬᠠᠯᠲᠠᠢ ᠰᠢᠦ᠃ ᠮᠢᠨᠦ ᠠᠪᠤ 1959 ᠣᠨ ᠤ ᠲᠥᠪᠡᠳ ᠦᠨ ᠪᠣᠰᠤᠯᠭ᠎ᠠ ᠶᠢᠨ ᠦᠶ᠎ᠡ ᠳᠦ ᠠᠯᠠᠭᠳᠠᠭᠰᠠᠨ ᠶᠤᠮ᠃ ᠴᠢᠭᠤ ᠨᠤᠲᠤᠭ ᠤᠨ ᠮᠠᠨᠢ ᠪᠡᠯᠴᠢᠭᠡᠷ ᠴᠤ ᠣᠳᠣ ᠡᠵᠡᠨ ᠦᠭᠡᠢ ᠪᠣᠯᠵᠤ ᠳ᠋ᠡ᠃ ᠴᠢ ᠲᠡᠷᠡᠦᠭᠡᠷ ᠶᠠᠪᠤᠬᠤ ᠳᠤ ᠪᠠᠨ ᠬᠠᠷᠠᠬᠤ ᠪᠣᠯᠣᠨ᠎ᠠ᠃ ᠪᠢ ᠠᠷᠪᠠᠨ ᠵᠢᠷᠭᠤᠭᠠᠨ ᠨᠠᠰᠤᠲᠠᠢ ᠳᠤ ᠪᠠᠨ ᠠᠩᠬ᠎ᠠ ᠤᠳᠠᠭ᠎ᠠ ᠪᠠᠨ ᠡᠵᠢ ᠲᠡᠢ ᠪᠡᠨ ᠡᠩᠭᠡᠷ ᠵᠥᠷᠢᠭᠦᠯᠵᠦ ᠦᠵᠡᠯ᠎ᠡ᠃ ᠪᠠᠰᠠ ᠥᠭᠡᠷ᠎ᠡ ᠬᠡᠦᠬᠡᠨ ᠨᠦᠭᠦᠳ ᠲᠡᠢ ᠴᠤ ᠴᠢᠭᠤ ᠲᠣᠰᠬᠣᠨ ᠳᠤ ᠪᠠᠶᠠᠷ ᠢᠶᠠᠷ ᠣᠴᠢᠬᠤ ᠳᠤ ᠪᠠᠨ ᠠᠮᠠᠷᠠᠭᠯᠠᠭᠠᠳ ᠠᠮᠵᠢᠳᠠᠭ ᠪᠠᠶᠢᠪᠠ᠃ ᠭᠡᠬᠦ ᠳᠦ ᠪᠡᠨ ᠶᠠᠭᠠᠬᠢᠭᠠᠳ ᠴᠤ ᠶᠤᠮ ᠪᠤᠤ ᠮᠡᠳᠡ ᠪᠢ ᠡᠵᠢ ᠡᠴᠡ ᠪᠡᠨ ᠬᠣᠯᠠᠳᠠᠵᠤ ᠴᠢᠳᠠᠳᠠᠭ ᠦᠭᠡᠢ ᠪᠠᠶᠢᠭᠰᠠᠨ ᠶᠤᠮ᠃ ᠵᠠᠷᠢᠮ ᠳᠤ ᠪᠠᠨ ᠡᠵᠢ ᠶᠢ ᠴᠥᠬᠥᠷᠡᠨ ᠬᠠᠰᠬᠢᠷᠬᠤ ᠳᠤ ᠪᠢ ᠶᠠᠭᠤ ᠴᠤ ᠬᠢᠵᠦ ᠴᠢᠳᠠᠬᠤ ᠦᠭᠡᠢ ᠥᠩᠭᠡᠷᠡᠭᠡᠬᠦ ᠦᠶ᠎ᠡ ᠣᠯᠠᠨ ᠤᠳᠠᠭ᠎ᠠ ᠭᠠᠷᠴᠤ ᠪᠠᠶᠢᠪᠠ᠃ ᠵᠠᠶᠢᠯᠠᠭᠤᠯ ᠨᠠᠮ᠎ᠠ ᠶᠢ ᠭᠠᠭᠴᠠᠭᠠᠷ ᠢᠶᠠᠨ ᠬᠦᠮᠦᠨ ᠪᠣᠯᠭᠠᠭᠰᠠᠨ ᠳ᠋ᠠ᠃ ᠠᠪᠤ ᠶᠢ ᠪᠤᠷᠬᠠᠨ ᠪᠣᠯᠣᠰᠣᠨ ᠤ ᠳᠠᠷᠠᠭ᠎ᠠ ᠲᠡᠷᠡ ᠵᠥᠪᠬᠡᠨ ᠨᠠᠮ᠎ᠠ ᠶᠢ ᠭᠡᠭᠰᠡᠭᠡᠷ ᠪᠤᠰᠤᠳ ᠠᠶᠢᠯ᠂ ᠬᠤᠨᠠᠷ ᠲᠠᠢ ᠴᠤ ᠣᠶᠢᠷᠠᠳᠴᠤ ᠪᠠᠭᠤᠬᠤ ᠪᠠᠨ ᠪᠣᠯᠢᠵᠤ ᠪᠢᠯᠡ᠃ ᠭᠡᠲᠡᠯ᠎ᠡ ᠨᠢᠭᠡ ᠤᠳᠠᠭ᠎ᠠ ᡀᠠᠰᠠ ᠳᠤ ᠪᠠᠶᠢᠳᠠᠭ ᠰᠧᠷᠠ ᠬᠡᠶᠢᠳ ᠦᠨ ᠬᠦᠷᠡᠯ ᠪᠤᠷᠬᠠᠨ ᠢ ᠵᠠᠰᠠᠪᠤᠷᠢᠯᠠᠬᠤ ᠠᠵᠢᠯ ᠳᠤ ᠬᠦᠮᠦᠨ ᠠᠪᠴᠤ ᠪᠠᠶᠢᠨ᠎ᠠ ᠭᠡᠳᠡᠭ ᠢ ᠪᠢ ᠳᠤᠭᠤᠯᠤᠭᠠᠳ ᠭᠡᠷ ᠡᠴᠡ ᠪᠡᠨ᠂ ᠡᠵᠢ ᠡᠴᠡ ᠪᠡᠨ ᠬᠣᠯᠠᠳᠬᠤ ᠰᠠᠶᠢᠬᠠᠨ ᠪᠣᠯᠤᠮᠵᠢ ᠭᠠᠷᠤᠯ᠎ᠠ ᠭᠡᠵᠦ ᠪᠣᠳᠣᠭᠠᠳ ᡀᠠᠰᠠ ᠤᠷᠤᠭᠤ ᠭᠠᠷᠤᠭᠠᠳ ᠭᠢᠰᠬᠢᠯ᠎ᠡ᠃ ᠮᠠᠨ ᠤ ᠥᠬᠢᠨ ᠮᠢᠳᠤᠭ ᠲᠡᠭᠡᠬᠦ ᠳᠦ ᠶᠢᠰᠦᠨ ᠨᠠᠰᠤᠲᠠᠢ ᠪᠠᠶᠢ᠍ᠯ᠎ᠠ ᠦᠦ ᠳ᠋ᠠ᠃ ᠬᠡᠷᠪᠡ ᠥᠬᠢᠨ ᠮᠠᠨᠢ ᠥᠪᠡᠷ ᠢ ᠪᠡᠨ ᠮᠢᠨᠦ ᠡᠵᠢ ᠡᠴᠡ ᠲᠦᠷᠦᠭᠰᠡᠨ ᠭᠡᠳᠡᠭ ᠢᠶᠡᠨ ᠮᠡᠳᠡᠪᠡᠯ ᠶᠠᠭᠠᠬᠢᠵᠤ ᠲᠡᠭᠦᠨ ᠲᠡᠢ ᠬᠠᠮᠲᠤ ᠠᠮᠢᠳᠤᠷᠠᠬᠤ ᠪᠠᠶᠢᠭᠰᠠᠨ ᠪᠣᠯ︖》 《 ᠰᠠᠷ᠎ᠠ ᠳᠤ ᠪᠠᠶᠢᠬᠤ ᠳᠤ ᠪᠠᠨ ᠪᠢ ᠵᠥᠩᠳᠡᠭᠡᠨ ᠣᠯᠠᠨ ᠶᠠᠩᠵᠤ ᠶᠢᠨ ᠶᠠᠭᠤᠮ᠎ᠠ ᠰᠤᠷᠤᠯ᠎ᠠ᠂ ᠭᠡᠬᠦ ᠳᠦ ᠪᠡᠨ ᠥᠪᠡᠷ ᠤᠨ ᠬᠢ ᠪᠡᠨ ᠬᠢᠭᠰᠡᠨ ᠨᠢᠭᠦᠯ ᠢᠶᠡᠨ ᠬᠡᠨ ᠳᠦ ᠴᠤ ᠬᠡᠯᠡᠭᠰᠡᠨ ᠦᠭᠡᠢ᠃ ᠪᠢ ᠡᠳᠦᠷ ᠪᠣᠯᠭᠠᠨ ᠠᠵᠢᠯ ᠢᠶᠠᠨ ᠳᠠᠭᠤᠰᠬᠠᠭᠠᠳ᠂ ᠰᠦᠮ᠎ᠡ ᠶᠢᠨ ᠭᠣᠣᠯ ᠬᠠᠭᠠᠯᠭᠠᠨ ᠤ ᠡᠮᠦᠨ᠎ᠡ ᠰᠥᠬᠦᠷᠡᠵᠦ ᠮᠥᠷᠭᠥᠨ ᠨᠢᠭᠦᠯ ᠢᠶᠡᠨ ᠨᠠᠮᠢᠨᠴᠢᠯᠠᠳᠠᠭ ᠪᠠᠶᠢᠪᠠ᠃ ᠭᠡᠬᠦ ᠳᠦ ᠪᠡᠨ ᠪᠢ ᠡᠵᠢ ᠶᠢᠨ ᠢᠶᠡᠨ ᠬᠥᠬᠥ ᠶᠢ ᠦᠯᠭᠥᠵᠦ ᠥᠰᠦᠭᠰᠡᠨ ᠪᠣᠯᠬᠣᠷ ᠲᠡᠨᠳᠡ ᠪᠠᠶᠢᠬᠤ ᠳᠤ ᠪᠠᠨ ᠬᠤᠷᠤᠭᠤ ᠪᠠᠨ ᠬᠥᠬᠥᠳᠡᠭ ᠪᠣᠯᠤᠭᠰᠠᠨ ᠶᠤᠮ᠃》 ᠬᠡᠳᠦᠬᠡᠨ ᠬᠣᠷᠤᠮ ᠤᠨ ᠡᠮᠦᠨ᠎ᠡ ᠬᠤᠷᠤᠭᠤᠨ ᠠᠴᠠ ᠪᠠᠨ ᠤᠷᠤᠰᠬᠤ ᠴᠢᠰᠤ ᠶᠢ ᠬᠥᠬᠥᠵᠦ ᠪᠠᠶᠢᠭᠰᠠᠨ ᠢ ᠨᠢ ᠰᠠᠨᠠᠭᠠᠳ ᠪᠢ ᠲᠡᠭᠦᠨ ᠢ ᠶᠠᠮᠠᠷᠬᠠᠤ ᠰᠤᠪᠳᠠᠭ ᠵᠢᠭᠠᠯ ᠪᠠᠶᠢᠭᠰᠠᠨ ᠪᠣᠯ ᠭᠡᠵᠦ ᠪᠣᠳᠣᠯ᠎ᠠ᠃ ᠡᠨᠡ ᠬᠠᠴᠢᠨ ᠡᠷ᠎ᠡ ᠪᠠᠷᠠᠭᠠᠨ ᠠᠷᠠᠰᠤ ᠲᠠᠢ᠂ ᠠᠷᠵᠠᠶᠢᠨ ᠤᠷᠭᠤᠭᠰᠠᠨ ᠦᠰᠦ ᠪᠡᠨ ᠳᠠᠭᠵᠠ ᠤᠷᠤᠭᠤ ᠪᠠᠨ ᠨᠠᠯᠠᠭᠤᠯᠵᠤ᠂ ᠶᠠᠭᠠᠨ ᠪᠥᠰ ᠢᠶᠡᠷ ᠪᠣᠭᠣᠵᠠᠢ᠃ ᠭᠠᠯ ᠤᠨ ᠤᠯᠠᠭᠠᠨ ᠭᠡᠷᠡᠯ ᠳᠦ ᠳᠤᠬᠤᠨ ᠤ ᠬᠢ ᠨᠢ ᠰᠤᠳᠠᠰᠤ ᠨᠤᠭᠤᠳ ᠭᠦᠷᠪᠡᠯᠵᠡᠨ ᠲᠣᠳᠣᠷᠠᠨ᠎ᠠ᠃ ᠶᠠᠷᠢᠬᠤ ᠳᠤ ᠪᠠᠨ ᠭᠠᠷ ᠢᠶᠠᠨ ᠵᠠᠩᠭᠠᠨ᠂ ᠨᠢᠳᠦ ᠤᠷᠤᠭᠤ ᠪᠡᠨ ᠤᠨᠠᠭᠰᠠᠨ ᠦᠰᠦ ᠶᠢ ᠬᠣᠶᠢᠰᠢ ᠰᠡᠭᠰᠦᠷᠬᠦ ᠨᠢ ᠮᠠᠩᠭᠤᠰ ᠮᠡᠲᠦ᠃ 《ᡀᠠᠰᠠ ᠳᠤ ᠲᠠᠪᠤᠨ ᠵᠢᠯ ᠪᠣᠯᠤᠭᠠᠳ ᠮᠢᠨᠦ ᠬᠢᠭᠰᠡᠨ ᠨᠢᠭᠦᠯ ᠠᠷᠢᠭᠤᠰᠤᠭᠰᠠᠨ ᠪᠠᠶᠢᠬᠤ ᠭᠡᠵᠦ ᠪᠣᠳᠣᠨ ᠭᠡᠷ ᠦᠨ ᠵᠦᠭ ᠶᠠᠪᠤᠯ᠎ᠠ᠃ ᠮᠢᠳᠤᠭ ᠠᠷᠪᠠᠨ ᠳᠥᠷᠪᠡ ᠬᠦᠷᠦᠭᠰᠡᠨ ᠪᠠᠶᠢᠪᠠ᠃ ᠪᠢ ᠲᠡᠨᠳᠡ ᠡᠴᠡ ᠥᠬᠢᠨ ᠳᠤ ᠪᠠᠨ ᠬᠡᠳᠦᠨ ᠰᠣᠯᠢᠬᠤ ᠬᠤᠪᠴᠠᠰᠤ᠂ ᠢᠰᠡᠭᠡᠢ ᠭᠤᠲᠤᠯ ᠠᠪᠠᠴᠢᠵᠤ ᠥᠭᠭᠦᠭᠰᠡᠨ ᠶᠤᠮ᠃ ᠮᠢᠳᠤᠭ ᠥᠪᠡᠷᠲᠡᠭᠡᠨ ᠬᠤᠪᠴᠠᠰᠤ ᠣᠶᠣᠵᠤ ᠡᠮᠦᠰᠳᠡᠭ ᠪᠣᠯᠤᠭᠰᠠᠨ ᠪᠠᠶᠢᠯ᠎ᠠ᠃ ᠵᠠᠷᠢᠮ ᠳᠤ ᠪᠠᠨ ᠮᠢᠨᠦ ᠡᠪᠦᠷ ᠳᠡᠭᠡᠷ᠎ᠡ ᠭᠠᠷᠴᠤ ᠰᠠᠭᠤᠭᠠᠳ ᠦᠰᠦ ᠪᠡᠨ ᡀᠠᠰᠠ ᠶᠢᠨ ᠬᠡᠦᠬᠡᠨ ᠨᠦᠭᠦᠳ ᠦᠨ ᠮᠠᠶ᠋ᠢᠭ ᠢᠶᠠᠷ ᠰᠦᠯᠵᠢᠭᠦᠯᠳᠡᠭ ᠪᠠᠶᠢᠪᠠ᠃ ᠬᠣᠶᠠᠷ ᠵᠢᠯ ᠦᠨ ᠳᠠᠷᠠᠭ᠎ᠠ ᠭᠡᠬᠦ ᠳᠦ ᠲᠡᠷᠡ ᠨᠠᠰᠤᠨ ᠳᠤ ᠬᠦᠷᠴᠦ᠂ ᠡᠵᠢ ᠲᠡᠢ ᠪᠡᠨ ᠤᠯᠠᠮ ᠠᠳᠠᠯᠢᠬᠠᠨ ᠪᠣᠯᠤᠯ᠎ᠠ᠃ ᠮᠠᠨ ᠤ ᠨᠤᠲᠤᠭ ᠲᠤ ᠬᠡᠦᠬᠡᠨ ᠨᠦᠭᠦᠳ ᠦᠳᠡ ᠶᠢᠨ ᠢᠳᠡ ᠬᠠᠯᠠᠭᠤᠨ ᠢᠶᠠᠷ ᠳᠡᠪᠡᠯ ᠢᠶᠡᠨ ᠡᠷ᠎ᠡ ᠬᠦᠮᠦᠨ ᠰᠢᠭ ᠰᠤᠭᠤᠯᠳᠤᠷᠭᠠᠯᠠᠳᠠᠭ ᠢ ᠴᠢ ᠬᠠᠷᠠᠭᠰᠠᠨ ᠯᠠ ᠪᠠᠶᠢᠬᠤ᠃》 ᠪᠢ ᠠᠶᠠᠯᠠᠵᠤ ᠶᠠᠪᠤᠬᠤ ᠵᠠᠭᠤᠷ᠎ᠠ ᠪᠠᠨ ᠳᠡᠪᠡᠯ ᠤᠨ ᠬᠢ ᠪᠡᠨ ᠡᠩᠭᠡᠷ ᠢ ᠲᠠᠶᠢᠯᠤᠭᠰᠠᠨ ᠬᠡᠦᠬᠡᠨ ᠨᠦᠭᠦᠳ ᠢ ᠬᠠᠷᠠᠭᠰᠠᠨ ᠭᠡᠳᠡᠭ ᠢᠶᠡᠨ ᠬᠡᠯᠡᠵᠦ᠂ ᠡᠵᠢ ᠨᠢ ᠶᠠᠭᠠᠬᠢᠭᠰᠠᠨ ᠢ ᠠᠰᠠᠭᠤᠯ᠎ᠠ᠃ 《ᡀᠠᠰᠠ ᠠᠴᠠ ᠨᠠᠮ᠎ᠠ ᠶᠢ ᠢᠷᠡᠭᠡᠳ ᠬᠣᠶᠠᠷ ᠵᠢᠯ ᠪᠣᠯᠣᠭᠰᠠᠨ ᠤ ᠳᠠᠷᠠᠭ᠎ᠠ ᠡᠵᠢ ᠨᠠᠰᠤ ᠪᠠᠷᠠᠭᠰᠠᠨ ᠶᠤᠮ᠃ ᠮᠢᠳᠤᠭ ᠨᠠᠳᠠ ᠲᠠᠢ ᠮᠠᠯ ᠳᠤ ᠶᠠᠪᠤᠬᠤ ᠳᠤ ᠪᠠᠨ ᠳᠡᠪᠡᠯ ᠢᠶᠡᠨ ᠰᠤᠭᠤᠯᠳᠤᠷᠭᠠᠯᠠᠨ᠂ ᠨᠢᠴᠦᠭᠦᠨ ᠬᠥᠬᠥ ᠪᠠᠨ ᠭᠠᠷᠭᠠᠬᠤ ᠨᠢ ᠨᠠᠮ᠎ᠠ ᠶᠢ ᠪᠠᠶᠢᠵᠤ ᠰᠠᠭᠤᠬᠤ ᠠᠷᠭ᠎ᠠ ᠦᠭᠡᠢ ᠪᠣᠯᠭᠠᠳᠠᠭ ᠪᠠᠶᠢᠯ᠎ᠠ᠃ ᠨᠢᠭᠡ ᠡᠳᠦᠷ ᠪᠦᠷ ᠲᠡᠰᠬᠦ ᠪᠡᠨ ᠪᠠᠶᠢᠭᠠᠳ ᠡᠮ᠎ᠡ ᠬᠣᠨᠢ ᠪᠠᠷᠢᠵᠤ ᠠᠪᠤᠭᠠᠳ ᠳᠡᠯᠡᠩ ᠬᠥᠬᠥ ᠶᠢ ᠨᠢ ᠬᠥᠬᠥᠵᠦ ᠬᠦᠷᠲᠡᠯ᠎ᠡ ᠦᠵᠡᠪᠡ᠃ ᠨᠠᠮ᠎ᠠ ᠶᠢ ᠢᠩᠭᠢᠵᠦ ᠮᠤᠨᠳᠠᠷ ᠢᠶᠠᠨ ᠬᠤᠳᠬᠤᠵᠤ ᠪᠠᠶᠢᠬᠤ ᠶᠢ ᠮᠢᠳᠤᠭ ᠬᠠᠷᠠᠴᠢᠬᠠᠭᠠᠳ ᠤᠨᠲᠠᠬᠤ ᠳᠤ ᠪᠠᠨ ᠥᠪᠡᠷ ᠢ ᠪᠡᠨ ᠪᠢᠲᠡᠭᠦᠦ ᠬᠤᠯᠳᠠᠵᠤ᠂ ᠨᠠᠳᠠ ᠠᠴᠠ ᠠᠯᠢ ᠪᠣᠯᠬᠤ ᠬᠣᠯᠠ ᠤᠨᠲᠠᠳᠠᠭ ᠪᠣᠯᠵᠠᠢ᠃ ᠲᠡᠷᠡ ᠦᠶ᠎ᠡ ᠡᠴᠡ ᠡᠬᠢᠯᠡᠨ ᠪᠢ ᠠᠷᠢᠬᠢ ᠤᠤᠭᠤᠵᠤ ᠡᠬᠢᠯᠡᠭᠰᠡᠨ ᠶᠤᠮ᠃ ᠬᠠᠭᠤᠴᠢᠨ ᠵᠤᠷᠰᠢᠯ ᠮᠠᠨᠢ ᠡᠷᠭᠢᠵᠦ ᠢᠷᠡᠬᠦ ᠨᠢ ᠭᠡᠳᠡᠭ ᠠᠶᠢᠳᠠᠰ ᠲᠤ ᠪᠢ ᠠᠪᠲᠠᠯ᠎ᠠ᠃》 《ᠨᠢᠳᠤᠨᠤᠨ ᠮᠠᠨ ᠤ ᠡᠨᠡ ᠬᠠᠪᠢ ᠪᠡᠷ ᠨᠢᠭᠡ ᠬᠤᠳᠠᠯᠳᠤᠭᠠᠴᠢᠨ ᠠᠶᠢᠯ ᠠᠴᠠ᠂ ᠠᠶᠢᠯ ᠬᠡᠰᠦᠨ ᠢᠷᠪᠡᠰ ᠤᠨ ᠠᠷᠠᠰᠤ᠂ ᠬᠠᠭᠤᠴᠢᠨ ᠤ ᠡᠳ᠋ ᠵᠦᠢᠯᠡᠰ ᠬᠤᠳᠠᠯᠳᠤᠵᠤ ᠠᠪᠤᠭᠰᠠᠭᠠᠷ ᠮᠠᠨ ᠤ ᠳᠤ ᠢᠷᠡᠳᠡᠭ ᠶᠤᠮ ᠪᠠᠶᠢᠨ᠎ᠠ᠃ ᠳᠣᠩᠷᠣᠪ ᠭᠡᠭᠴᠢ ᠲᠡᠷᠡ ᠡᠷ᠎ᠡ ᠣᠪᠣᠭ᠎ᠠ ᠪᠣᠯᠪᠠᠰᠤᠷᠠᠯᠲᠠᠢ᠂ ᠬᠢᠲᠠᠳ ᠢᠶᠠᠷ ᠭᠠᠶᠢᠭᠤᠢ ᠶᠠᠷᠢᠴᠢᠬᠠᠨ᠎ᠠ᠃ ᡀᠠᠰᠠ ᠳᠤ ᠴᠠᠯᠢᠩ ᠲᠠᠢ ᠠᠯᠪᠠ ᠬᠠᠰᠢᠳᠠᠭ ᠭᠡᠵᠦ ᠪᠠᠶᠢᠭᠰᠠᠨ᠃ ᠦᠨᠡᠨ ᠳᠦ ᠪᠡᠨ ᠲᠡᠷᠡ ᠮᠠᠰᠢ ᠮᠠᠭᠤ ᠬᠦᠮᠦᠨ ᠪᠠᠶᠢᠪᠠ᠃ ᠲᠩᠷᠢ ᠳᠦ ᠨᠢᠷᠭᠡᠭᠦᠯᠵᠦ᠂ ᠲᠠᠮᠤ ᠳᠤ ᠲᠥᠷᠦᠭᠡᠰᠡᠢ︕ ᠵᠠᠷᠤᠵᠤ ᠪᠠᠶᠢᠭᠰᠠᠨ ᠪᠠᠷᠠᠭ᠎ᠠ ᠨᠤᠭᠤᠳ ᠨᠢ ᠭᠡᠬᠦ ᠳᠦ ᠬᠥᠩᠭᠡᠨ ᠴᠠᠭᠠᠨ ᠲᠣᠭᠤᠭ᠎ᠠ᠂ ᠬᠤᠪᠠᠨᠴᠠᠷ ᠳᠠᠩᠬ᠎ᠠ᠂ ᠭᠡᠵᠢᠭᠡᠨ ᠦ ᠪᠣᠭᠣᠯᠲᠠ ᠰᠢᠦ᠃》 《ᠲᠡᠷᠡ ᠲᠡᠭᠡᠭᠡᠳ ᠥᠬᠢᠨ ᠳᠦ ᠴᠢᠨᠢ ᠳᠤᠷᠠᠯᠠᠵᠤ ᠣᠷᠬᠢᠭᠰᠠᠨ ᠤᠤ︖》 ᠭᠡᠵᠦ ᠪᠢ ᠲᠡᠭᠦᠨ ᠦ ᠶᠠᠷᠢᠶ᠎ᠠ ᠶᠢ ᠲᠠᠰᠤᠯᠪᠠ᠃ 《ᠪᠢ ᠲᠡᠷᠡ ᠮᠠᠭᠤ ᠬᠣᠭ ᠢ ᠮᠠᠶᠢᠬᠠᠨ ᠳᠤ ᠪᠠᠨ ᠬᠣᠨᠣᠬᠤ ᠶᠢ ᠵᠥᠪᠰᠢᠶᠡᠷᠡᠭᠰᠡᠨ ᠳᠠᠷᠤᠢ ᠭᠤᠳᠤᠰ ᠢᠶᠠᠨ ᠴᠢᠷᠴᠥ ᠢᠷᠡᠭᠡᠳ ᠥᠬᠢᠨ ᠤ ᠣᠷᠣᠨ ᠤ ᠤᠷᠳᠤᠭᠤᠷ ᠳᠡᠪᠢᠰᠦᠨ᠂ ᠲᠡᠷᠡ ᠰᠥᠨᠢ ᠳᠦ ᠪᠡᠨ ᠥᠬᠢᠨ ᠲᠠᠢ ᠮᠢᠨᠢ ᠤᠨᠲᠠᠴᠢᠬᠠᠯ᠎ᠠ᠃ ᠮᠢᠳᠤᠭ ᠤᠨ ᠵᠥᠭᠡᠯᠡᠨ ᠭᠢᠩᠰᠢᠬᠦ ᠨᠢ ᠨᠠᠳᠠ ᠳᠤ ᠰᠣᠨᠣᠰᠤᠭᠳᠠᠭᠰᠠᠭᠠᠷ ᠪᠠᠶᠢᠪᠠ᠃ ᠨᠠᠮ᠎ᠠ ᠶᠢ ᠳᠣᠷᠣᠮᠵᠢᠯᠠᠭᠠᠳ ᠪᠠᠶᠢᠭ᠎ᠠ ᠶᠤᠮ ᠰᠢᠭ ᠰᠠᠨᠠᠭᠳᠠᠭᠰᠠᠨ ᠴᠤ ᠪᠢ ᠥᠬᠢᠨ ᠢᠶᠡᠨ ᠳᠣᠩᠷᠣᠪ ᠲᠠᠢ ᠭᠡᠷᠯᠡᠭᠦᠯᠵᠦ ᠶᠠᠪᠤᠭᠤᠯᠤᠭᠠᠳ᠂ ᠬᠠᠭᠤᠴᠢᠨ ᠤᠨᠠᠭᠰᠠᠨ ᠨᠢᠭᠦᠯ ᠳᠦ ᠪᠡᠨ ᠤᠷᠤᠬᠤ ᠠᠶᠤᠯ ᠠᠴᠠ ᠠᠩᠭᠢᠵᠢᠷᠠᠵᠤ ᠪᠣᠯᠤᠮᠠᠷ ᠰᠠᠨᠠᠭᠳᠠᠯ᠎ᠠ᠃ ᠲᠡᠷᠡ ᠰᠥᠨᠢ ᠡᠴᠡ ᠡᠬᠢᠯᠡᠭᠡᠳ ᠪᠢ ᠳᠠᠬᠢᠨ ᠬᠤᠷᠤᠭᠤ ᠪᠠᠨ ᠬᠥᠬᠥᠳᠡᠭ ᠪᠣᠯᠪᠠ᠃》 《ᠳᠣᠩᠷᠣᠪ ᠮᠠᠨ ᠤ ᠳᠤ ᠬᠣᠶᠠᠷ ᠳᠣᠯᠣᠭ᠎ᠠ ᠬᠣᠨᠣᠭ ᠬᠢᠷᠢ ᠲᠡᠢ ᠪᠣᠯᠤᠯ᠎ᠠ᠃ ᠮᠢᠳᠤᠭ ᠡᠳᠦᠷ ᠪᠣᠯᠭᠠᠨ ᠲᠡᠭᠦᠨ ᠳᠦ ᠮᠢᠬ᠎ᠠ ᠰᠢᠷᠠᠵᠤ ᠥᠭᠴᠦ᠂ ᠳᠠᠷᠠᠰᠤ ᠪᠠᠷ ᠳᠠᠶᠢᠯᠳᠠᠭ ᠪᠠᠶᠢᠪᠠ᠃ ᠪᠤᠴᠠᠬᠤ ᠶᠢᠨ ᠢᠶᠠᠨ ᠡᠮᠦᠨ᠎ᠡ ᠳᠣᠩᠷᠣᠪ ᠦᠰᠦᠨ ᠦ ᠬᠠᠪᠴᠢᠶᠠᠷᠢ᠂ ᠬᠤᠪᠠᠨᠴᠠᠷ ᠪᠠᠭᠤᠪᠴᠢᠨ ᠤ ᠬᠠᠮᠲᠤ ᠮᠢᠳᠤᠭ ᠲᠤ ᠥᠭᠭᠦᠯ᠎ᠡ᠃ ᠲᠡᠷᠡ ᠡᠳᠦᠷ ᠪᠢ ᠪᠦᠲᠦᠨ ᠡᠳᠦᠷᠵᠢᠨ ᠮᠠᠯ ᠢᠶᠠᠨ ᠬᠠᠷᠢᠭᠤᠯᠤᠭᠠᠳ ᠮᠠᠶᠢᠬᠠᠨ ᠳᠤ ᠪᠠᠨ ᠲᠡᠷᠡ ᠬᠣᠶᠠᠷ ᠢ ᠳᠤᠷ᠎ᠠ ᠪᠠᠷ ᠨᠢ ᠦᠯᠡᠳᠡᠭᠡᠭᠰᠡᠨ ᠶᠤᠮ᠃ ᠠᠵᠢᠭᠯᠠᠭᠠᠳ ᠪᠠᠶᠢᠬᠤ ᠳᠤ ᠳᠣᠩᠷᠣᠪ ᠤᠨ ᠠᠭᠠᠰᠢ᠂ ᠵᠠᠩ ᠲᠤᠩ ᠲᠣᠭᠲᠠᠪᠤᠷᠢ ᠦᠭᠡᠢ᠂ ᠡᠳᠦᠷ ᠢᠷᠡᠬᠦ ᠲᠤᠰᠤᠮ ᠳᠣᠭᠰᠢᠷᠠᠬᠤ ᠶᠠᠩᠵᠤ ᠣᠷᠣᠵᠤ ᠪᠠᠶᠢᠪᠠ᠃ ᠭᠤᠴᠢ ᠬᠦᠷᠦᠭᠡ ᠦᠭᠡᠢ ᠪᠠᠶᠢᠵᠤ ᠡᠮᠡᠭᠲᠡᠢ ᠬᠦᠮᠦᠨ ᠢ ᠨᠠᠳᠠ ᠠᠴᠠ ᠴᠤ ᠳᠣᠣᠷ᠎ᠠ ᠬᠠᠷᠢᠶᠠᠵᠤ ᠪᠠᠶᠢᠬᠤ ᠶᠤᠮ᠃ ᠮᠢᠳᠤᠭ ᠢ ᠲᠡᠭᠦᠨ ᠳᠦ ᠲᠡᠭᠡᠲᠡᠯ᠎ᠡ ᠪᠡᠨ ᠶᠡᠬᠡ ᠲᠠᠲᠠᠭᠳᠠᠭ᠎ᠠ ᠦᠭᠡᠢ ᠪᠣᠯ ᠪᠢ ᠲᠡᠷᠡ ᠮᠠᠭᠤ ᠶᠢ ᠠᠯᠢ ᠬᠡᠳᠦᠶᠢᠨ ᠭᠡᠷ ᠡᠴᠡ ᠪᠡᠨ ᠵᠣᠳᠣᠭᠠᠳ ᠬᠥᠭᠡᠭᠡᠭᠡᠳ ᠶᠠᠪᠤᠭᠤᠯᠴᠢᠬᠠᠬᠤ ᠪᠠᠶᠢᠭᠰᠠᠨ ᠶᠤᠮ᠃》 ᠡᠨᠡ ᠲᠤᠬᠠᠢ ᠶᠠᠷᠢᠵᠤ ᠪᠠᠶᠢᠬᠤ ᠳᠤ ᠪᠠᠨ ᠮᠥᠨᠥᠬᠢ ᠡᠷ᠎ᠡ ᠨᠡᠯᠢᠶᠡᠨ ᠲᠡᠪᠡᠳᠡᠵᠦ᠂ ᠨᠢᠳᠦ ᠤᠷᠤᠭᠤ ᠮᠢᠨᠢ ᠨᠡᠪᠲᠡ ᠰᠢᠷᠲᠡᠪᠡ᠃ ᠰᠠᠷᠯᠤᠭ ᠤᠨ ᠴᠢᠰᠤ ᠪᠦᠯᠦᠩᠨᠡᠵᠡᠢ᠃ ᠪᠢ ᠭᠠᠷ ᠢᠶᠠᠷ ᠢᠶᠠᠨ ᠪᠦᠯᠦᠩᠨᠡᠭᠰᠡᠨ ᠴᠢᠰᠤ ᠶᠢ ᠲᠡᠷᠡ ᠴᠢᠭ ᠢᠶᠡᠷ ᠨᠢ ᠬᠠᠮᠤᠵᠤ ᠠᠪᠤᠭᠠᠳ ᠬᠣᠭᠣᠰᠣᠨ ᠮᠠᠯᠠᠭᠠᠢ ᠶᠢ ᠨᠢ ᠡᠵᠡᠨ ᠳᠦ ᠨᠢ ᠡᠷᠭᠢᠭᠦᠯᠦᠨ ᠥᠭᠪᠡ᠃ ᠳᠠᠷᠠᠭ᠎ᠠ ᠨᠢ ᠬᠢᠲᠤᠭ᠎ᠠ ᠪᠠᠨ ᠭᠠᠷᠭᠠᠵᠤ ᠴᠢᠰᠤ ᠪᠠᠨ ᠬᠣᠶᠠᠷ ᠬᠤᠪᠢᠶᠠᠭᠠᠳ ᠬᠠᠭᠠᠰ ᠢ ᠨᠢ ᠲᠡᠭᠦᠨ ᠳᠦ ᠪᠠᠷᠢᠯ᠎ᠠ᠃ 《ᠳᠣᠩᠷᠣᠪ ᠮᠢᠨᠦ ᠬᠤᠨᠳᠠᠭ᠎ᠠ ᠤᠷᠤᠭᠤ ᠲᠠᠰᠤᠷᠠᠯᠲᠠ ᠦᠭᠡᠢ ᠠᠷᠢᠬᠢ ᠬᠢᠵᠦ ᠪᠠᠶᠢᠪᠠ》 ᠭᠡᠳ ᠮᠠᠨᠢ ᠡᠷ᠎ᠡ ᠨᠠᠳᠠ ᠤᠷᠤᠭᠤ ᠨᠢᠭᠡ ᠬᠠᠷᠠᠭᠰᠠᠨ ᠢᠶᠠᠨ ᠦᠷᠭᠦᠯᠵᠢᠯᠡᠭᠦᠯᠪᠡ᠃ ᠲᠡᠷᠡ ᠭᠡᠨᠡᠳᠲᠡ ᠬᠤᠳᠠᠯ ᠶᠠᠷᠢᠭᠠᠳ ᠪᠠᠶᠢᠭ᠎ᠠ ᠶᠤᠮ ᠰᠢᠭ ᠰᠠᠨᠠᠭᠳᠠᠭᠰᠠᠨ ᠲᠤᠯᠠ ᠪᠢ ᠬᠠᠷᠠᠴᠠ ᠪᠠᠨ ᠪᠠᠭᠤᠯᠭᠠᠵᠤ᠂ ᠴᠢᠰᠤ ᠪᠣᠯᠤᠭᠰᠠᠨ ᠭᠠᠷ ᠤᠷᠤᠭᠤ ᠨᠢ ᠰᠢᠷᠲᠡᠨ ᠰᠠᠭᠤᠪᠠ᠃ ᠪᠦᠯᠦᠩᠨᠡᠭᠰᠡᠨ ᠴᠢᠰᠤᠨ ᠳᠡᠭᠡᠷ᠎ᠡ ᠭᠠᠯ ᠤᠨ ᠭᠡᠷᠡᠯ ᠭᠢᠯᠠᠯᠵᠠᠨ᠎ᠠ᠃ ᠮᠢᠨᠦ ᠬᠢᠲᠤᠭᠠᠨ ᠤ ᠢᠷ ᠳᠡᠭᠡᠷ᠎ᠡ ᠲᠤᠰᠣᠭᠰᠠᠨ ᠭᠠᠯ ᠤᠨ ᠭᠡᠷᠡᠯ ᠥᠨᠥᠬᠢ ᠡᠷ᠎ᠡ ᠶᠢᠨ ᠨᠢᠭᠤᠷ ᠳᠡᠭᠡᠷ᠎ᠡ ᠲᠤᠰᠤᠯ᠎ᠠ᠃ 《ᠳᠣᠩᠷᠣᠪ ᠴᠤ ᠶᠡᠬᠡ ᠰᠣᠭᠲᠣᠭᠤ ᠪᠠᠶᠢᠭᠰᠠᠨ ᠪᠢᠵᠡ》 ᠭᠡᠭᠰᠡᠭᠡᠷ ᠮᠥᠨᠥᠬᠢ ᠡᠷ᠎ᠡ ᠶᠠᠷᠢᠶ᠎ᠠ ᠪᠠᠨ ᠦᠷᠭᠦᠯᠵᠢᠯᠡᠭᠦᠯᠪᠡ᠃ 《ᠪᠢ ᠲᠡᠭᠦᠨ ᠡᠴᠡ ᠥᠬᠢᠨ ᠢᠶᠡᠨ ᠬᠠᠶᠢᠷᠠᠯᠠᠵᠤ᠂ ᠬᠠᠷᠠᠵᠤ ᠶᠠᠪᠤᠬᠤ ᠶᠢ ᠭᠤᠶᠤᠭᠠᠳ᠂ ᠭᠠᠭᠴᠠᠭᠠᠷ ᠢᠶᠠᠨ ᠲᠡᠭᠦᠨ ᠢ ᠥᠰᠬᠡᠬᠦ ᠠᠮᠠᠷ ᠦᠭᠡᠢ ᠪᠠᠶᠢᠭᠰᠠᠨ》 ᠭᠡᠳᠡᠭ ᠢᠶᠡᠨ ᠬᠡᠯᠡᠭᠰᠡᠨ ᠶᠤᠮ᠃ ᠲᠡᠷᠡ ᠴᠤ ᠪᠠᠰᠠ ᠥᠬᠢᠨ ᠢ ᠮᠢᠨᠢ ᠬᠠᠷᠠᠵᠤ ᠬᠠᠮᠠᠭᠠᠯᠠᠵᠤ ᠶᠠᠪᠤᠨ᠎ᠠ ᠭᠡᠵᠦ ᠲᠠᠰᠤᠷᠠᠯᠲᠠ ᠦᠭᠡᠢ ᠠᠮᠠᠯᠠᠵᠤ ᠰᠠᠭᠤᠪᠠ᠃ ᠨᠠᠮ᠎ᠠ ᠶᠢ ᠲᠡᠷᠡ 《ᠠᠪᠤ》 ᠭᠡᠵᠦ ᠳᠠᠭᠤᠳᠠᠬᠤ ᠳᠤ ᠪᠢ ᠲᠠᠴᠢᠭᠢᠨᠠᠲᠠᠯ᠎ᠠ ᠬᠥᠬᠥᠷᠡᠭᠰᠡᠨ ᠢᠶᠡᠨ ᠰᠠᠨᠠᠵᠤ ᠪᠠᠶᠢᠨ᠎ᠠ᠃ ᠮᠢᠳᠤᠭ ᠢ ᠥᠪᠡᠷ ᠦᠨ ᠢᠶᠡᠨ ᠡᠵᠢ ᠡᠴᠡ ᠲᠦᠷᠦᠭᠰᠡᠨ ᠭᠡᠵᠦ ᠥᠪᠡᠷ ᠦᠨ ᠢᠶᠡᠨ ᠬᠡᠨ ᠳᠦ ᠴᠤ ᠬᠡᠯᠡᠬᠦ ᠦᠭᠡᠢ ᠭᠡᠵᠦ ᠪᠣᠳᠣᠵᠤ ᠶᠠᠪᠤᠭᠰᠠᠨ ᠵᠦᠢᠯᠡᠰ ᠢᠶᠡᠨ ᠳᠣᠩᠷᠣᠪ ᠲᠤ ᠪᠢ ᠶᠠᠷᠢᠵᠠᠢ᠃ ᠡᠭᠦᠨ ᠢ ᠰᠣᠨᠣᠰᠤᠭᠠᠳ ᠮᠢᠳᠤᠭ ᠴᠢᠰ ᠬᠢᠲᠡᠯ᠎ᠡ ᠣᠷᠢᠯᠠᠭᠠᠳ ᠨᠠᠮ᠎ᠠ ᠶᠢ ᠬᠤᠳᠠᠯ ᠶᠠᠷᠢᠵᠤ ᠪᠠᠶᠢᠨ᠎ᠠ ᠭᠡᠵᠦ ᠳᠣᠩᠷᠣᠪ ᠲᠤ ᠬᠡᠯᠡᠭᠰᠡᠨ ᠢ ᠰᠠᠨᠠᠵᠤ ᠪᠠᠶᠢᠨ᠎ᠠ᠃ ᠮᠢᠨᠦ ᠶᠠᠷᠢᠭᠰᠠᠨ ᠵᠦᠢᠯᠡᠰ ᠳᠣᠩᠷᠣᠪ ᠢ ᠶᠡᠬᠡᠳᠡ ᠭᠠᠶᠢᠬᠠᠭᠤᠯᠤᠭᠰᠠᠨ ᠪᠣᠯᠤᠯᠲᠠᠢ᠂ ᠲᠡᠷᠡ ᠨᠠᠳᠠ ᠳᠤ ᠤᠯᠠᠮ ᠶᠡᠬᠡ ᠳᠠᠷᠠᠰᠤ ᠬᠤᠨᠳᠠᠭᠠᠯᠠᠵᠤ ᠪᠠᠶᠢᠯ᠎ᠠ᠃ ᠨᠢᠭᠡ ᠮᠡᠳᠡᠬᠦ ᠳᠦ ᠪᠢ ᠤᠬᠠᠭᠠᠨ ᠲᠠᠯᠪᠢᠵᠠᠢ᠃ ᠳᠣᠩᠷᠣᠪ ᠠᠴᠠ ᠥᠬᠢᠨ ᠲᠠᠢ ᠪᠠᠨ ᠤᠨᠲᠠᠶ᠎ᠠ ᠭᠡᠵᠦ ᠭᠤᠶᠤᠭᠰᠠᠨ ᠪᠣᠯᠤᠯᠲᠠᠢ᠃ ᠳᠣᠩᠷᠣᠪ ᠬᠡᠳᠦᠢ ᠪᠡᠷ ᠨᠠᠳᠠ ᠳᠤ ᠵᠥᠪᠰᠢᠶᠡᠷᠡᠭᠰᠡᠨ ᠴᠤ ᠮᠢᠳᠤᠭ ᠬᠢᠯᠢᠩᠨᠡᠨ ᠳᠣᠭᠰᠢᠷᠠᠵᠤ᠂ ᠨᠠᠮ᠎ᠠ ᠶᠢ ᠬᠠᠮᠢᠭ᠎ᠠ ᠲᠠᠭᠠᠷᠠᠭᠰᠠᠨ ᠭᠠᠵᠠᠷ ᠢᠶᠠᠨ ᠢᠰᠬᠦᠯᠵᠦ᠂ ᠴᠣᠬᠢᠵᠤ ᠭᠠᠷᠴᠠᠢ᠃ ᠲᠡᠭᠦᠨ ᠢ ᠡᠶᠢᠨᠬᠦᠦ ᠳᠡᠶᠢᠯᠳᠡᠬᠦ ᠦᠭᠡᠢ ᠪᠣᠯᠬᠣᠷ ᠨᠢ ᠳᠣᠩᠷᠣᠪ ᠪᠠᠷᠢᠵᠤ ᠠᠪᠤᠭᠠᠳ 《ᠡᠨᠡ ᠰᠥᠨᠢ ᠡᠴᠢᠭᠡ ᠲᠡᠢ ᠪᠡᠨ ᠡᠩᠭᠡᠷ ᠵᠥᠷᠢᠭᠦᠯᠬᠦ ᠦᠭᠡᠢ ᠪᠣᠯ ᠪᠢ ᠴᠢᠮ᠎ᠠ ᠶᠢ ᠠᠪᠴᠤ ᠶᠠᠪᠤᠬᠤ ᠦᠭᠡᠢ 》 ᠭᠡᠵᠦ ᠪᠠᠶᠢᠵᠤ ᠨᠢᠭᠡ ᠶᠠᠭᠤᠮ᠎ᠠ ᠨᠣᠮᠣᠬᠠᠷᠠᠭᠤᠯᠤᠭᠰᠠᠨ ᠪᠣᠯᠤᠯᠲᠠᠢ᠃ ᠶᠠᠮᠠᠷ ᠴᠤ ᠭᠡᠰᠡᠨ ᠮᠢᠳᠤᠭ ᠨᠢᠭᠡ ᠴᠤ ᠦᠭᠡ ᠬᠡᠯᠡᠯ ᠦᠭᠡᠢ ᠮᠢᠨᠦ ᠡᠪᠦᠷ ᠲᠦ ᠣᠷᠣᠭᠰᠠᠨ ᠁》 《ᠮᠠᠷᠭᠠᠰᠢ ᠥᠷᠯᠥᠭᠡ ᠨᠢ ᠪᠢ ᠮᠢᠳᠤᠭ ᠤᠨ ᠳᠡᠭᠡᠷ᠎ᠡ ᠰᠡᠷᠡᠯ᠎ᠡ᠃ ᠲᠡᠷᠡ ᠰᠥᠨᠢ ᠣᠯᠠᠨ ᠵᠢᠯ ᠦᠨ ᠲᠤᠷᠰᠢ ᠥᠪᠡᠷᠲᠡᠭᠡᠨ ᠬᠤᠷᠠᠮᠲᠤᠯᠠᠭᠳᠠᠭᠠᠳ ᠪᠠᠶᠢᠭᠰᠠᠨ ᠪᠦᠬᠦ ᠵᠣᠪᠠᠯᠠᠩ᠂ ᠲᠠᠷᠴᠢᠯᠠᠭᠠᠨ ᠢᠶᠡᠨ ᠳᠡᠯᠭᠡᠵᠦ ᠣᠷᠬᠢᠵᠠᠢ᠃ ᠡᠬᠢᠯᠡᠭᠡᠳ ᠪᠢ ᠥᠪᠡᠷ ᠢ ᠪᠡᠨ ᠵᠡᠭᠦᠳᠦᠯᠡᠭᠰᠡᠨ ᠪᠠᠶᠢᠬᠤ ᠭᠡᠵᠦ ᠪᠣᠳᠣᠯ᠎ᠠ᠃ ᠭᠠᠷᠴᠤ ᠰᠢᠭᠡᠭᠡᠳ᠂ ᠪᠦᠷᠢᠨ ᠰᠡᠷᠡᠲᠡᠯ᠎ᠡ ᠪᠡᠨ ᠭᠠᠳᠠᠭ᠎ᠠ ᠬᠡᠰᠡᠭ ᠵᠣᠭᠰᠣᠪᠠ᠃ ᠡᠷᠭᠢᠭᠡᠳ ᠮᠠᠶᠢᠬᠠᠨ ᠳᠤ ᠪᠠᠨ ᠣᠷᠣᠲᠠᠯ᠎ᠠ ᠮᠢᠳᠤᠭ ᠪᠠᠭᠯᠠᠵᠤ ᠲᠠᠯᠪᠢᠭᠰᠠᠨ ᠬᠤᠪᠴᠠᠰᠤ ᠨᠤᠭᠤᠳ ᠤᠨ ᠢᠶᠠᠨ ᠴᠠᠭᠠᠭᠤᠷ ᠨᠢᠭᠤᠭᠳᠠᠯ᠎ᠠ᠃ ᠪᠢ ᠴᠤ ᠲᠡᠷᠡ ᠳᠠᠷᠤᠢ ᠭᠠᠷᠤᠭᠠᠳ ᠮᠣᠷᠢ ᠪᠠᠨ ᠤᠨᠤᠵᠤ ᠲᠠᠯ᠎ᠠ ᠤᠷᠤᠭᠤ ᠳᠠᠪᠬᠢᠪᠠ᠃ ᠣᠷᠣᠢ ᠪᠣᠯᠤᠭᠰᠠᠨ ᠬᠣᠶᠢᠨ᠎ᠠ ᠡᠷᠭᠢᠭᠡᠳ ᠢᠷᠡᠲᠡᠯ᠎ᠡ ᠳᠣᠩᠷᠣᠪ᠂ ᠮᠢᠳᠤᠭ ᠬᠣᠶᠠᠷ ᠠᠯᠢ ᠬᠡᠳᠦᠶᠢᠨ ᠶᠠᠪᠤᠭᠰᠠᠨ ᠪᠠᠶᠢᠯ᠎ᠠ᠃》 《ᠲᠡᠷᠡ ᠵᠢᠯ ᠪᠢ ᠴᠠᠯ ᠳᠤ ᠣᠴᠢᠵᠤ ᠨᠠᠮᠤᠷᠵᠢᠭᠰᠠᠨ ᠶᠤᠮ᠃ ᠮᠢᠳᠤᠭ ᠨᠠᠮ᠎ᠠ ᠶᠢ ᠬᠡᠵᠢᠶ᠎ᠡ ᠴᠤ ᠳᠠᠬᠢᠵᠤ ᠡᠴᠢᠭᠡ ᠪᠡᠨ ᠭᠡᠵᠦ ᠦᠵᠡᠬᠦ ᠦᠭᠡᠢ ᠭᠡᠳᠡᠭ ᠢ ᠪᠢ ᠮᠡᠳᠡᠵᠦ ᠪᠠᠶᠢᠭᠰᠠᠨ ᠪᠣᠯᠪᠠᠴᠤ ᠲᠡᠭᠦᠨ ᠢ ᠣᠯᠵᠤ ᠠᠭᠤᠯᠵᠠᠬᠤ ᠬᠡᠷᠡᠭᠲᠡᠢ ᠭᠡᠵᠦ ᠪᠣᠳᠣᠭᠳᠠᠭᠠᠳ ᠪᠠᠶᠢᠪᠠ᠃ ᠴᠠᠯ ᠳᠤ ᠢᠷᠡᠭᠡᠳ ᠥᠬᠢᠨ ᠢᠶᠡᠨ ᠰᠤᠷᠠᠭᠯᠠᠭᠰᠠᠨ ᠪᠣᠯᠪᠠᠴᠤ ᠬᠠᠷᠠᠵᠤ ᠮᠡᠳᠡᠬᠦ ᠬᠦᠮᠦᠨ ᠣᠭᠲᠣ ᠲᠠᠭᠠᠷᠠᠭᠰᠠᠨ ᠦᠭᠡᠢ᠃ ᠶᠠᠪᠤᠭᠰᠠᠭᠠᠷ ᠪᠠᠶᠢᠭᠠᠳ ᠲᠡᠷᠭᠡᠨᠴᠢᠷᠲᠦ ᠮᠤᠬᠤᠯᠠᠭ ᠤᠨ ᠬᠤᠳᠠᠯᠳᠤᠭᠠᠴᠢᠨ ᠠᠴᠠ ᠰᠠᠷ᠎ᠠ ᠭᠠᠷᠤᠢ ᠶᠢᠨ ᠡᠮᠦᠨ᠎ᠡ ᠠᠷᠠᠰᠤ ᠰᠢᠷᠢᠨ ᠦ ᠬᠤᠳᠠᠯᠳᠤᠭᠠᠴᠢᠨ ᠡᠷ᠎ᠡ᠂ ᠵᠠᠯᠠᠭᠤ ᠡᠮᠡᠭᠲᠡᠢ ᠶᠢ ᠲᠡᠷᠭᠡᠨ ᠳᠡᠭᠡᠷ᠎ᠡ ᠪᠡᠨ ᠠᠪᠤᠭᠠᠳ ᠶᠠᠪᠤᠵᠤ ᠪᠠᠶᠢᠭᠰᠠᠨ ᠲᠤᠬᠠᠢ ᠬᠡᠯᠡᠬᠦ ᠶᠢ ᠰᠤᠨᠤᠰᠪᠠ᠃ ᠰᠢᠭᠠᠼᠡ ᠨᠤᠲᠤᠭ ᠤᠨ ᠠᠶᠠᠯᠭᠣ ᠪᠡᠷ ᠶᠠᠷᠢᠳᠠᠭ ᠲᠡᠷᠡ ᠡᠷ᠎ᠡ᠂ ᠨᠥᠭᠥᠭᠡ ᠬᠡᠦᠬᠡᠨ ᠢᠶᠡᠨ ᠬᠡᠯᠡᠬᠦ ᠬᠡᠯᠡᠬᠦ ᠦᠭᠡᠢ ᠦᠭᠡ ᠪᠡᠷ ᠬᠠᠷᠢᠶᠠᠵᠤ ᠪᠠᠶᠢᠭᠰᠠᠨ ᠭᠡᠨ᠎ᠡ᠃ ᠡᠭᠦᠨ ᠢ ᠰᠣᠨᠣᠰᠤᠭᠠᠳ ᠪᠢ ᠬᠡᠳᠦᠨ ᠰᠠᠷᠯᠣᠭ ᠢᠶᠠᠨ ᠵᠠᠬ᠎ᠠ ᠳᠡᠭᠡᠷ᠎ᠡ ᠵᠠᠷᠤᠵᠤ ᠭᠠᠷ ᠤᠨ ᠪᠡᠯᠡ ᠬᠢᠭᠡᠳ ᠰᠢᠭᠠᠼᠡ ᠤᠷᠤᠭᠤ ᠶᠠᠪᠤᠬᠤ ᠪᠠᠷ ᠰᠢᠢᠳᠦᠯ᠎ᠡ》 《ᠰᠢᠭᠠᠼ ᠲᠦ ᠢᠷᠡᠭᠡᠳ ᠪᠢ ᠥᠬᠢᠨ ᠢᠶᠡᠨ ᠬᠠᠶᠢᠵᠤ ᠪᠠᠶᠢᠨ᠎ᠠ ᠭᠡᠵᠦ ᠬᠡᠯᠡᠬᠦ ᠡᠴᠡ ᠰᠠᠨᠠᠭ᠎ᠠ ᠵᠣᠪᠠᠭᠠᠳ᠂ ᠳᠣᠩᠷᠣᠪ ᠭᠡᠳᠡᠭ ᠲᠠᠨᠢᠯ᠎ ᠢᠶᠡᠨ ᠰᠤᠷᠠᠭᠯᠠᠵᠤ ᠪᠠᠶᠢᠨ᠎ᠠ ᠭᠡᠵᠦ ᠬᠦᠮᠦᠰ ᠡᠴᠡ ᠠᠰᠠᠭᠤᠭᠰᠠᠭᠠᠷ ᠶᠠᠪᠤᠪᠠ᠃ ᠳᠣᠩᠷᠣᠪ ᠨᠡᠷ᠎ᠡ ᠲᠠᠢ ᠲᠡᠨᠡᠭ ᠦᠳ ᠡᠨᠳᠡ ᠲᠣᠭᠠᠯᠠᠵᠤ ᠪᠠᠷᠠᠮ ᠦᠭᠡᠢ ᠣᠯᠠᠨ ᠠᠵᠢ᠃ ᠪᠢ ᠶᠠᠪᠤᠭᠰᠠᠭᠠᠷ ᠪᠠᠶᠢᠭᠠᠳ ᠠᠷᠠᠰᠤ᠂ ᠰᠢᠷᠢᠨ ᠦ ᠬᠤᠳᠠᠯᠳᠤᠭᠠᠴᠢᠨ ᠨᠢᠭᠡ ᠡᠷ᠎ᠡ ᠡᠴᠡ ᠥᠪᠡᠷ ᠦᠨ ᠬᠢ ᠪᠡᠨ ᠬᠠᠶᠢᠵᠤ ᠪᠠᠶᠢᠭᠰᠠᠨ ᠳᠣᠩᠷᠣᠪ ᠢ ᠲᠥᠪ ᠤᠷᠤᠭᠤ ᠲᠠᠪᠢᠯᠭ᠎ᠠ ᠠᠪᠴᠢᠷᠠᠬᠤ ᠪᠠᠷ ᠶᠠᠪᠤᠭᠰᠠᠨ ᠭᠡᠰᠡᠨ ᠲᠠᠮ ᠲᠤᠮ ᠰᠤᠷᠠᠭ ᠭᠠᠷᠭᠠᠪᠠ᠃ ᠪᠠᠰᠠ ᠰᠢᠭᠠᠼᠧ ᠡᠴᠡ ᠬᠣᠷᠢ ᠭᠠᠷᠤᠢ ᠮᠣᠳᠣ ᠭᠠᠵᠠᠷ ᠲᠤ ᠪᠠᠶᠢᠳᠠᠭ ᠭᠡᠷ ᠢ ᠨᠢ ᠵᠢᠭᠠᠯᠭᠠᠨ ᠠᠯᠬᠤᠯ᠎ᠠ᠃ ᠨᠠᠮ᠎ᠠ ᠶᠢ ᠣᠴᠢᠬᠤ ᠳᠤ ᠮᠢᠳᠤᠭ ᠲᠡᠨᠳᠡ ᠪᠠᠶᠢᠭᠰᠠᠨ ᠦᠭᠡᠢ᠂ ᠬᠠᠷᠢᠨ ᠳᠣᠩᠷᠣᠪ ᠤᠨ ᠡᠬᠡ ᠨᠢ ᠰᠠᠭᠤᠵᠤ ᠪᠠᠶᠢᠯ᠎ᠠ᠃ ᠪᠢ ᠲᠡᠭᠦᠨ ᠳᠦ ᠥᠪᠡᠷ ᠢ ᠪᠡᠨ ᠮᠢᠳᠤᠭ ᠤᠨ ᠰᠠᠳᠤᠨ ᠤ ᠬᠦᠮᠦᠨ ᠪᠠᠶᠢᠨ᠎ᠠ᠂ ᠭᠡᠷ ᠡᠴᠡ ᠨᠢ ᠵᠠᠬᠢᠶ᠎ᠠ ᠠᠪᠴᠤ ᠢᠷᠡᠯ᠎ᠡ ᠭᠡᠪᠡ᠃ ᠮᠢᠨᠦ ᠦᠭᠡ ᠶᠢ ᠰᠣᠨᠣᠰᠤᠭᠠᠳ ᠰᠢᠮᠨᠤ ᠰᠢᠭ ᠴᠢᠷᠠᠶᠢᠯᠠᠭᠰᠠᠨ ᠡᠮᠡᠭᠡᠨ 《ᠴᠢ ᠲᠡᠷᠡ ᠵᠣᠯᠢᠭ ᠤᠨ ᠵᠤᠯᠪᠤᠰᠠᠭ᠎ᠠ ᠶᠢ ᠬᠠᠶᠢᠵᠤ ᠢᠷᠡᠭᠡ ᠤᠤ︖ ᠪᠢ ᠲᠡᠷᠡᠨ ᠢ ᠴᠢᠨᠢ ᠠᠯᠢ ᠬᠡᠳᠦᠶᠢᠨ ᠬᠥᠭᠡᠭᠡᠭᠡᠳ ᠶᠠᠪᠤᠭᠤᠯᠤᠭᠰᠠᠨ᠃ ᠮᠠᠨ ᠤ ᠬᠢᠨ ᠭᠠᠳᠠᠨ᠎ᠠ ᠶᠢᠨ ᠬᠦᠮᠦᠨ ᠲᠡᠢ ᠬᠤᠯᠢᠯᠳᠤᠭᠤᠯᠬᠤ ᠳᠤᠷ᠎ᠠ ᠦᠭᠡᠢ᠃ ᠠᠪᠤᠷᠠᠭᠴᠢ ᠪᠣᠳᠢᠰᠠᠳᠬᠸᠠ ᠰᠦᠨᠡᠰᠦ ᠶᠢ ᠨᠢ ᠲᠠᠮᠤ ᠤᠷᠤᠭᠤ ᠢᠯᠡᠭᠡᠭᠡᠰᠡᠢ》 ᠭᠡᠯ᠎ᠡ᠃ 《ᠪᠢ ᠪᠤᠴᠠᠵᠤ ᠠᠯᠬᠤᠭᠰᠠᠭᠠᠷ ᠰᠢᠭᠠᠼ ᠲᠦ ᠢᠷᠡᠭᠡᠳ ᠬᠡᠳᠦᠨ ᠡᠳᠦᠷ ᠦᠨ ᠲᠤᠷᠰᠢ ᠳᠠᠰᡀᠦᠮᠪᠦ ᠬᠡᠶᠢᠳ ᠦᠨ ᠬᠦᠷᠳᠦ ᠡᠷᠭᠢᠭᠦᠯᠦᠨ ᠭᠣᠷᠣᠭᠠᠯᠠᠬᠤ ᠪᠠᠷ ᠪᠣᠯᠪᠠ᠃ ᠮᠢᠨᠦ ᠠᠭᠤᠯᠵᠠᠭᠰᠠᠨ ᠨᠠᠰᠤᠲᠠᠶᠢᠴᠤᠳ᠂ ᠨᠠᠰᠤ ᠪᠠᠷ ᠠᠷᠠᠢ ᠬᠣᠷᠢ ᠬᠦᠷᠦᠭᠡ ᠦᠭᠡᠢ ᠭᠡᠮᠡᠷ ᠨᠢᠭᠡᠨ ᠥᠬᠢᠨ ᠡᠨᠡ ᠬᠠᠪᠢ ᠶᠢᠨ ᠪᠦᠬᠦ ᠪᠣᠯᠬᠤ ᠪᠥᠲᠥᠬᠦ ᠦᠭᠡᠢ ᠬᠦᠮᠦᠰ ᠲᠡᠢ ᠬᠠᠮᠢᠭ᠎ᠠ ᠰᠠᠶᠢᠭᠦᠢ ᠬᠤᠷᠢᠴᠠᠵᠤ ᠶᠠᠪᠤᠭ᠎ᠠ ᠲᠤᠬᠠᠢ ᠠᠮᠠ ᠮᠡᠳᠡᠨ ᠴᠠᠯᠴᠢᠵᠠᠭᠠᠬᠤ ᠶᠢ ᠴᠤ ᠣᠯᠵᠤ ᠰᠣᠨᠣᠰᠤᠯ᠎ᠠ᠃ ᠲᠡᠷᠡ ᠥᠬᠢᠨ ᠢ ᠭᠤᠳᠤᠮᠵᠢᠨ ᠳᠤ ᠠᠮᠢᠳᠤᠷᠠᠵᠤ᠂ ᠮᠥᠷᠭᠥᠯᠴᠢᠳ ᠦᠨ ᠥᠭᠭᠦᠭᠰᠡᠨ ᠶᠠᠭᠤᠮ᠎ᠠ ᠪᠠᠷ ᠬᠣᠭᠣᠯᠠᠯᠠᠳᠠᠭ ᠭᠡᠨ᠎ᠡ᠃ ᠬᠦᠮᠦᠰ ᠦᠨ ᠠᠮᠠᠨ ᠠᠴᠠ ᠲᠡᠭᠦᠨ ᠢ ᠴᠢᠭᠤ ᠨᠤᠲᠤᠭ ᠠᠴᠠ ᠢᠷᠡᠭᠰᠡᠨ ᠭᠡᠬᠦ ᠨᠢ ᠳᠤᠭᠤᠯᠳᠠᠵᠠᠢ᠃ ᠦᠶ᠎ᠡ ᠦᠶ᠎ᠡ ᠤᠬᠠᠭᠠᠨ ᠰᠠᠨᠠᠭ᠎ᠠ ᠨᠢ ᠣᠷᠣᠵᠤ ᠭᠠᠷᠤᠭᠠᠳ᠂ ᠪᠠᠷᠤᠭ ᠨᠢᠴᠦᠭᠦᠨ ᠰᠢᠬᠠᠭᠤ ᠶᠠᠪᠤᠵᠤ ᠬᠠᠷᠠᠭᠳᠠᠳᠠᠭ ᠪᠠᠶᠢᠭᠰᠠᠨ ᠭᠡᠯᠴᠡᠨ᠎ᠡ᠃ ᠭᠤᠳᠤᠮᠵᠢᠨ ᠳᠤ ᠬᠡᠳᠦᠨ ᠰᠠᠷ᠎ᠠ ᠠᠮᠢᠳᠤᠷᠠᠭᠰᠠᠨ ᠤ ᠳᠠᠷᠠᠭ᠎ᠠ ᠲᠣᠣᠷᠠᠳᠤ ᠪᠡᠶ᠎ᠡ ᠨᠢ ᠥᠮᠥᠬᠡᠶᠢᠷᠡᠭᠡᠳ᠂ ᠡᠷᠡᠴᠦᠳ ᠴᠤ ᠣᠶᠢᠷᠠᠳᠬᠤ ᠪᠠᠨ ᠪᠠᠶᠢᠭᠰᠠᠨ ᠠᠵᠢ᠃ ᠨᠠᠰᠤᠲᠠᠶᠢᠴᠤᠳ ᠲᠡᠭᠦᠨ ᠢ ᠥᠷᠥᠪᠳᠥᠬᠦ ᠶᠢᠨ ᠬᠠᠵᠠᠭᠤ ᠪᠠᠷ ᠡᠴᠢᠭᠡ ᠨᠢ ᠭᠡᠵᠦ ᠶᠠᠮᠠᠷ ᠥᠭᠡᠳᠡ ᠦᠭᠡᠢ ᠬᠣᠭ ᠪᠠᠶᠢᠳᠠᠭ ᠪᠣᠯ ᠭᠡᠵᠦ ᠭᠠᠶᠢᠬᠠᠨ ᠳᠠᠭᠤ ᠠᠯᠳᠠᠵᠠᠭᠠᠬᠤ ᠶᠢ ᠰᠣᠨᠣᠰᠤᠯ᠎ᠠ᠃ ᠲᠡᠳᠡᠨ ᠦ ᠦᠭᠡᠨ ᠡᠴᠡ ᠪᠢ ᠥᠪᠡᠷ ᠢ ᠪᠡᠨ ᠠᠷᠠᠴᠢᠭ᠎ᠠ ᠦᠭᠡᠢ ᠠᠮᠢᠲᠠᠨ᠂ ᠠᠳᠠᠭ ᠤᠨ ᠰᠢᠭᠠᠷᠤ ᠬᠡᠮᠡᠨ ᠵᠦᠭᠡᠵᠦ ᠡᠬᠢᠯᠡᠭᠰᠡᠨ ᠶᠤᠮ᠃ ᠪᠦᠲᠦᠨ ᠡᠳᠦᠷᠵᠢᠨ ᠪᠢ ᠨᠢᠭᠦᠯ ᠢᠶᠡᠨ ᠨᠠᠮᠠᠨᠴᠢᠯᠠᠬᠤ ᠭᠡᠵᠦ ᠰᠤᠨᠵᠤ ᠮᠥᠷᠭᠥᠬᠦ ᠡᠴᠡ ᠥᠭᠡᠷ᠎ᠡ ᠶᠢ ᠬᠢᠬᠦ ᠪᠡᠨ ᠪᠣᠯᠢᠯ᠎ᠠ᠃ ᠬᠥᠭᠡᠷᠦᠬᠦᠢ ᠥᠬᠢᠨ ᠢᠶᠡᠨ ᠣᠯᠵᠤ ᠠᠪᠬᠤ ᠳᠤ ᠮᠢᠨᠢ ᠲᠤᠰᠯᠠᠭᠠᠴᠢ ᠭᠡᠵᠦ ᠣᠯᠠᠨ ᠴᠤ ᠤᠳᠠᠭ᠎ᠠ ᠪᠤᠷᠬᠠᠨ ᠠᠴᠠ ᠭᠤᠶᠤᠵᠤ ᠪᠢᠯᠡ ᠁》 ᠡᠨᠡ ᠮᠡᠲᠦ ᠣᠯᠠᠨ ᠵᠦᠢᠯ ᠢ ᠮᠠᠨᠢ ᠡᠷ᠎ᠡ ᠨᠠᠳᠠ ᠳᠤ ᠶᠠᠷᠢᠭᠰᠠᠨ ᠠᠴᠠ ᠪᠢ ᠳᠡᠭᠡᠷᠡᠬᠢ ᠶᠢ ᠣᠨᠴᠠᠯᠠᠨ ᠠᠪᠤᠭᠰᠠᠨ ᠶᠤᠮ᠃ ᠲᠤᠬᠠᠢ ᠶᠢᠨ ᠦᠶ᠎ᠡ ᠳᠦ ᠲᠡᠭᠦᠨ ᠦ ᠴᠣᠷ ᠤᠨ ᠭᠠᠭᠴᠠ ᠬᠦᠰᠡᠯ 《ᠪᠤᠰᠢᠭᠤᠬᠠᠨ ᠦᠬᠦᠵᠦ ᠳᠠᠯᠳᠠ ᠤᠷᠤᠬᠤ》 ᠪᠠᠶᠢᠯ᠎ᠠ᠃ ᠬᠠᠶᠢᠯᠠᠰᠤ ᠠᠭᠤᠯᠠ ᠶᠢ ᠭᠣᠷᠣᠭᠠᠯᠠᠵᠤ ᠶᠠᠪᠤᠭᠰᠠᠨ ᠦᠢ ᠣᠯᠠᠨ ᠮᠥᠷᠭᠥᠯᠴᠢᠳ ᠦᠨ ᠶᠡᠬᠡᠩᠬᠢ ᠨᠢ ᠳᠠᠪᠠᠭᠠᠨ ᠤ ᠪᠡᠯ ᠳᠦ ᠨᠠᠰᠤ ᠡᠴᠦᠰᠯᠡᠳᠡᠭ ᠭᠡᠳᠡᠭ ᠢ ᠴᠤ ᠰᠠᠶᠢᠨ ᠮᠡᠳᠡᠵᠦ ᠪᠠᠶᠢᠵᠠᠢ᠃ ᠦᠬᠦᠬᠦ ᠡᠴᠡ ᠪᠡᠨ ᠡᠮᠦᠨ᠎ᠡ ᠬᠡᠳᠦᠢ ᠴᠢᠨᠡᠭᠡ ᠣᠯᠠᠨ ᠭᠣᠷᠣᠭ᠎ᠠ ᠬᠢᠨ᠎ᠡ᠂ ᠲᠡᠳᠦᠢ ᠴᠢᠨᠡᠭᠡᠨ ᠳᠡᠭᠡᠳᠦ ᠲᠥᠷᠥᠯ ᠠᠪᠤᠨ᠎ᠠ᠃ ᠡᠭᠦᠨ ᠢ ᠪᠣᠳᠣᠬᠤ ᠪᠠᠷ ᠲᠡᠭᠦᠨ ᠳᠦ ᠠᠮᠢᠳᠤ᠂ ᠦᠬᠦᠭᠰᠡᠨ ᠡᠷᠭᠢᠵᠦ ᠢᠷᠡᠬᠦ ᠶᠢᠨ ᠢᠯᠭᠠᠭ᠎ᠠ ᠦᠯᠦ ᠬᠠᠷᠠᠭᠳᠠᠨ᠎ᠠ᠃ ᠮᠠᠶᠢᠬᠠᠨ ᠤ ᠲᠣᠭᠣᠨᠣ ᠪᠠᠷ ᠰᠠᠪᠰᠠᠬᠤ ᠤᠲᠤᠭ᠎ᠠ ᠶᠢ ᠳᠠᠭᠠᠭᠤᠯᠤᠨ ᠬᠠᠷᠠᠪᠠᠯ ᠦᠷ ᠬᠡᠳᠦᠶᠢᠨ᠎ᠡ ᠴᠠᠶᠢᠵᠠᠢ᠃ ᠮᠢᠨᠦ ᠬᠣᠳᠣᠭᠣᠳᠣᠨ ᠳᠤ ᠣᠷᠣᠭᠰᠠᠨ ᠰᠠᠷᠯᠤᠭ ᠤᠨ ᠴᠢᠰᠤ ᠳᠣᠲᠣᠷ᠎ᠠ ᠪᠢᠯᠠᠭᠤᠷᠠᠭᠤᠯᠤᠨ᠂ ᠡᠬᠡᠭᠦᠨ ᠦᠨᠦᠷ ᠨᠢ ᠠᠮᠠᠨ ᠳᠤ ᠠᠮᠲᠠᠭᠳᠠᠨ᠎ᠠ᠃ ᠪᠢ ᠭᠠᠭᠴᠠ ᠰᠢᠷᠬᠡᠭ ᠬᠠᠳᠤᠭᠰᠠᠨ ᠰᠠᠷᠮᠢᠰᠤᠨ ᠤ ᠬᠢᠮᠤᠰᠤ ᠬᠠᠯᠠᠭᠠᠰᠤᠨ ᠠᠴᠠ ᠪᠠᠨ ᠣᠯᠤᠭᠠᠳ ᠲᠡᠷᠡ ᠬᠦ ᠵᠠᠪᠠᠭᠠᠨ ᠦᠨᠦᠷ ᠢ ᠳᠠᠷᠤᠬᠤ ᠪᠠᠷ ᠱᠠᠵᠢᠭᠢᠨᠠᠭᠤᠯᠤᠨ ᠵᠠᠵᠢᠯᠤᠯ᠎ᠠ᠃ ᠨᠢᠳᠦᠨ ᠦ ᠵᠣᠪᠬᠢ ᠬᠠᠷ᠎ᠠ ᠠᠶᠠᠨᠳᠠᠭᠠᠨ ᠤᠨᠠᠪᠠ᠃ ᠨᠥᠭᠥᠭᠡ ᠡᠷ᠎ᠡ ᠰᠠᠭᠤᠵᠤ ᠪᠠᠶᠢᠭᠰᠠᠨ ᠨᠡᠬᠡᠢ ᠶᠢᠨ ᠳᠡᠭᠡᠷ᠎ᠡ ᠪᠡᠨ ᠰᠤᠨᠠᠶᠢᠭᠠᠳ᠂ ᠬᠥᠩᠭᠡᠨ ᠴᠠᠭᠠᠨ ᠰᠠᠪᠠ ᠳᠡᠷᠡᠯᠡᠨ ᠬᠠᠵᠢᠭᠤᠯᠵᠤ᠂ ᠲᠠᠷᠨᠢ ᠤᠩᠰᠢᠬᠤ ᠳᠤ ᠲᠡᠭᠦᠨ ᠦ ᠠᠮᠠᠨ ᠠᠴᠠ ᠭᠠᠷᠬᠤ ᠥᠮᠡᠬᠡᠢ ᠦᠨᠦᠷ ᠢᠶᠡᠷ ᠮᠠᠶᠢᠬᠠᠨ ᠳᠣᠣᠷᠠᠬᠠᠨ ᠢᠶᠠᠨ ᠳᠦᠭᠦᠷᠪᠡ᠃ ᠨᠥᠭᠥᠭᠡ ᠡᠷ᠎ᠡ ᠲᠡᠢ ᠪᠢ ᠵᠡᠷᠭᠡᠴᠡᠨ ᠬᠡᠪᠲᠡᠭᠡᠳ ᡀᠠᠰᠠ ᠳᠤ ᠪᠠᠶᠢᠳᠠᠭ ᠪᠠᠷᠬ᠎ᠠ ᠵᠠᠬ᠎ᠠ ᠳᠡᠭᠡᠷ᠎ᠡ ᠬᠠᠷᠠᠭᠰᠠᠨ ᠥᠬᠢᠨ ᠢᠶᠡᠨ ᠪᠣᠳᠣᠯ᠎ᠠ᠃ ᠲᠥᠪᠡᠳ ᠦᠨ ᠥᠨᠳᠥᠷᠯᠢᠭ ᠲᠦ ᠪᠠᠶᠢᠩᠭᠤ ᠦᠯᠢᠶᠡᠵᠦ ᠪᠠᠶᠢᠳᠠᠭ ᠰᠠᠯᠬᠢᠨ ᠳᠤ ᠲᠡᠷᠡ ᠥᠬᠢᠨ ᠤ ᠳᠤᠭᠤᠢ ᠨᠢᠭᠤᠷ᠂ ᠴᠤᠯᠴᠠᠭᠠᠷ ᠬᠠᠴᠠᠷ ᠨᠢ ᠤᠯᠠᠶᠢᠭᠰᠠᠨ ᠪᠠᠶᠢᠵᠤ ᠪᠢᠯᠡ᠃ ᠦᠰᠦᠨ ᠳᠦ ᠨᠢ ᠣᠭᠶᠤ ᠰᠢᠭᠢᠳᠬᠡᠭᠡ ᠲᠡᠢ ᠵᠡᠭᠦᠯᠲᠡ ᠪᠠᠶᠢᠭᠰᠠᠨ ᠦᠭᠡᠢ᠂ ᠬᠠᠷᠢᠨ ᠰᠠᠷᠯᠤᠭ ᠤᠨ ᠰᠡᠭᠦᠯ ᠮᠡᠲᠦ ᠠᠷᠵᠠᠶᠢᠨ ᠰᠡᠭᠰᠡᠶᠢᠭᠰᠡᠨ ᠪᠠᠶᠢᠪᠠ᠃ ᠨᠢᠭᠤᠷ ᠤᠷᠤᠭᠤ ᠪᠡᠨ ᠤᠨᠵᠢᠬᠤ ᠰᠢᠷᠢᠯᠳᠦᠭᠰᠡᠨ ᠦᠰᠦ ᠪᠡᠨ ᠬᠣᠶᠢᠰᠢ ᠨᠢ ᠪᠣᠯᠭᠠᠬᠤ ᠰᠠᠨᠠᠭ᠎ᠠ ᠲᠠᠢ ᠠᠷᠤᠭᠰᠢ ᠳᠡᠮᠡᠢ ᠯᠠ ᠢᠯᠢᠨ᠎ᠡ᠃ ᠬᠡᠨ ᠨᠢᠭᠡᠨ ᠥᠪᠡᠷ ᠢ ᠨᠢ ᠬᠠᠷᠠᠵᠤ ᠪᠠᠶᠢᠭ᠎ᠠ ᠶᠢ ᠮᠡᠳᠡᠭᠡᠳ ᠲᠣᠯᠣᠭᠠᠢ ᠪᠠᠨ ᠡᠷᠭᠦᠨ ᠥᠭᠡᠳᠡ ᠡᠴᠡ ᠨᠢ ᠬᠠᠷᠠᠵᠤ ᠢᠨᠢᠶᠡᠮᠰᠦᠭᠯᠡᠨ᠎ᠡ᠃ ᠮᠥᠨᠥᠬᠢ ᠬᠦᠮᠦᠨ ᠵᠣᠭᠰᠣᠭᠠᠳ ᠥᠪᠡᠷ ᠢ ᠨᠢ ᠬᠥᠭᠡᠭᠡᠵᠦ᠂ ᠲᠠᠭᠤᠨ ᠴᠢᠯᠠᠭᠤ ᠰᠢᠭᠦᠷᠡᠨ ᠰᠢᠳᠡᠯᠡᠬᠦ ᠦᠭᠡᠢ ᠲᠠᠰᠤᠷᠠᠯᠲᠠ ᠦᠭᠡᠢ ᠬᠠᠷᠠᠬᠤ ᠠᠪᠠᠰᠤ ᠬᠡᠯᠡ ᠪᠡᠨ ᠭᠠᠷᠭᠠᠨ ᠥᠭᠡᠳᠡ ᠡᠴᠡ ᠨᠢ ᠮᠡᠨᠳᠦᠴᠢᠯᠡᠨ᠎ᠡ᠃ ᠨᠢᠳᠦᠨ ᠦ ᠬᠢ ᠨᠢ ᠳᠣᠣᠷᠠᠳᠤ ᠵᠣᠪᠬᠢ ᠦᠯᠦ ᠮᠡᠳᠡᠭ ᠪᠦᠯᠴᠦᠶᠢᠨ ᠬᠠᠷᠠᠭᠳᠠᠬᠤ ᠪᠣᠯᠪᠠᠴᠤ ᠠᠮᠠ ᠪᠠᠨ ᠲᠣᠮᠣ ᠠᠩᠭᠠᠶᠢᠯᠭᠠᠨ ᠢᠨᠢᠶᠡᠬᠦ ᠳᠦ ᠨᠢᠳᠦᠨ ᠡᠴᠡ ᠨᠢ ᠰᠠᠶᠢᠬᠠᠨ ᠰᠡᠳᠬᠢᠯ ᠢ ᠢᠯᠡᠷᠬᠡᠶᠢᠯᠡᠬᠦ ᠲᠤᠶᠠᠭ᠎ᠠ ᠰᠠᠴᠤᠷᠠᠨ᠎ᠠ᠃ ᠡᠨᠡᠬᠦ ᠢᠨᠢᠶᠡᠮᠰᠦᠭᠯᠡᠯ ᠨᠢ ᠵᠦᠯᠭᠡᠳᠦ ᠲᠠᠯ᠎ᠠ ᠶᠢᠨ ᠴᠡᠪᠡᠷ ᠠᠭᠠᠷ ᠰᠢᠭ ᠥᠨᠳᠥᠷᠯᠢᠭ ᠭᠠᠵᠠᠷ ᠤᠨ ᠬᠡᠦᠬᠡᠨ ᠨᠦᠭᠦᠳ ᠦᠨ ᠢᠨᠢᠶᠡᠮᠰᠦᠭᠯᠡᠯ ᠠᠵᠡᠢ᠃ ᠦᠢ ᠲᠦᠮᠡᠨ ᠬᠦᠮᠦᠰ ᠪᠤᠵᠢᠭᠢᠨᠠᠭᠰᠠᠨ ᠭᠤᠳᠤᠮᠵᠢᠨ ᠤ ᠲᠣᠭᠣᠰᠣ᠂ ᠳᠠᠭᠤ ᠱᠤᠤᠭᠢᠶᠠᠨ ᠲᠡᠭᠦᠨ ᠢ ᠲᠠᠪᠠᠭᠦᠶᠢᠲᠦᠭᠦᠯᠪᠡ ᠪᠣᠯᠤᠯᠲᠠᠢ᠃ ᠬᠠᠵᠠᠭᠤ ᠪᠠᠷ ᠨᠢ ᠥᠩᠭᠡᠷᠡᠬᠦ ᠬᠦᠮᠦᠰ ᠲᠡᠭᠦᠨ ᠢ ᠦᠯᠦ ᠲᠣᠭᠤᠨ᠎ᠠ᠃ ᠥᠬᠢᠨ ᠴᠤ ᠭᠡᠰᠡᠨ ᠲᠡᠳᠡᠨ ᠢ ᠦᠯᠦ ᠣᠶᠢᠰᠢᠶᠠᠨ ᠰᠠᠷᠯᠤᠭ ᠤᠨ ᠮᠢᠬ᠎ᠠ ᠵᠠᠷᠤᠵᠤ ᠪᠠᠶᠢᠭᠰᠠᠨ ᠯᠠᠩᠭᠤᠢᠨ ᠳᠣᠣᠭᠤᠷ ᠰᠢᠷᠭᠤᠨ ᠣᠷᠣᠯ᠎ᠠ᠃ ᠥᠷᠥᠰᠢᠶᠡᠯ᠂ ᠡᠨᠡᠷᠢᠯ ᠭᠤᠶᠤᠨ ᠬᠡᠳᠦᠨ ᠡᠳᠦᠷ ᠰᠠᠷ᠎ᠠ ᠪᠠᠷ ᠲᠠᠰᠤᠷᠠᠯᠲᠠ ᠦᠭᠡᠢ ᠮᠥᠷᠭᠥᠭᠰᠡᠭᠡᠷ ᠳᠤᠬᠤᠨ ᠳᠡᠭᠡᠭᠦᠷ ᠨᠢ ᠨᠠᠷᠢᠬᠠᠨ ᠦᠷᠴᠢᠯᠡᠭᠡ ᠰᠠᠭᠤᠵᠠᠢ᠃ ᠭᠤᠳᠤᠮᠵᠢ ᠪᠠᠷ ᠥᠭᠡᠳᠡ ᠰᠥᠷᠭᠥ ᠬᠣᠯᠬᠢᠭᠰᠠᠳ ᠠᠴᠠ ᠬᠡᠨ ᠨᠢᠭᠡ ᠨᠢ ᠲᠡᠭᠦᠨ ᠤᠷᠤᠭᠤ ᠥᠷᠥᠪᠳᠥᠨ ᠬᠠᠷᠠᠬᠤ ᠶᠢ ᠮᠡᠳᠡᠮᠡᠭᠴᠡ ᠪᠡᠨ᠂ ᠥᠬᠢᠨ ᠵᠡᠭᠦᠨ ᠬᠥᠬᠥ ᠪᠠᠨ ᠭᠠᠷᠭᠠᠨ ᠲᠣᠯᠣᠭᠠᠢ ᠪᠠᠨ ᠲᠣᠩᠭᠣᠶᠢᠯᠭᠠᠨ ᠬᠥᠬᠥᠵᠦ ᠪᠠᠶᠢᠭᠰᠠᠨ ᠢᠶᠠᠨ ᠳᠠᠬᠢᠨ ᠢᠨᠢᠶᠡᠮᠰᠦᠭᠯᠡᠬᠦ ᠠᠵᠢ᠃ ᠠᠮᠠᠨ ᠳᠤ ᠨᠢ ᠣᠷᠣᠳᠠᠭ ᠵᠡᠭᠦᠨ ᠬᠥᠬᠦᠨ ᠦ ᠬᠢ ᠨᠢ ᠲᠣᠪᠴᠢ ᠬᠠᠪᠤᠳᠴᠤ ᠰᠤᠨᠤᠨ ᠴᠠᠶᠢᠵᠤ ᠬᠠᠷᠠᠭᠳᠠᠨ᠎ᠠ᠃ ᠥᠬᠢᠨ ᠢ ᠯᠠᠩᠭᠤᠢᠨ ᠳᠣᠣᠭᠤᠷ ᠰᠢᠷᠭᠤᠬᠤ ᠳᠤ ᠮᠢᠬᠠᠨ ᠤ ᠬᠤᠳᠠᠯᠳᠤᠭᠠᠴᠢᠨ ᠤ ᠤᠨᠠᠭᠠᠭᠰᠠᠨ ᠥᠪᠳᠡᠯ ᠴᠥᠪᠥᠳᠡᠯ ᠣᠯᠵᠤ ᠢᠳᠡᠬᠦ ᠳᠦ ᠪᠡᠯᠡᠨ ᠵᠣᠯᠪᠢᠩ ᠨᠣᠬᠠᠳ ᠬᠥᠯ ᠬᠠᠪᠢ ᠪᠡᠷ ᠨᠢ ᠡᠷᠭᠢᠯᠳᠦᠨ᠎ᠡ᠃ ᠣᠷᠴᠢᠭᠤᠯᠤᠭᠰᠠᠨ ᠭᠠᠨᠪᠢᠨ᠎ᠠ 2016 ᠣᠨ᠃

1        0       

                             13847524386      211429899@qq.com      13847524386   QQ  211429899 蒙ICP备17002503号-1