  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1774760
   1251

ᠰᠡᠴᠡᠨ ᠪᠡᠷᠢ ᠶᠢᠨ ᠦᠯᠢᠭᠡᠷ

ᠰᠡᠴᠡᠨ ᠪᠡᠷᠢ ᠶᠢᠨ ᠦᠯᠢᠭᠡᠷ
        6261     
2018-11-20 10:12    
发表于:内蒙古
ᠰᠡᠴᠡᠨ ᠪᠡᠷᠢ ᠶᠢᠨ ᠦᠯᠢᠭᠡᠷ ᠤᠷᠢᠳᠤ ᠲᠡᠨᠡᠭ ᠬᠦᠦ ᠲᠡᠢ ᠨᠢᠭᠡ ᠬᠠᠭᠠᠨ ᠪᠠᠶᠢᠵᠠᠢ᠃ ᠮᠥᠨ ᠲᠡᠷᠡ ᠤᠯᠤᠰ ᠲᠤ ᠰᠡᠴᠡᠨ ᠥᠬᠢᠨ ᠲᠠᠢ ᠨᠢᠭᠡᠨ ᠬᠥᠭᠰᠢᠨ ᠪᠠᠶᠢᠵᠠᠢ᠃ ᠲᠡᠷᠡ ᠬᠡᠦᠬᠡᠨ ᠢ ᠮᠤᠩᠬᠠᠭ ᠲᠠᠶᠢᠵᠢ ᠳᠤ ᠪᠠᠨ ᠠᠪᠴᠤ ᠥᠭᠭᠦᠶ᠎ᠡ ᠭᠡᠵᠦ ᠬᠠᠭᠠᠨ ᠪᠣᠳᠣᠭᠠᠳ ᠡᠪᠦᠭᠡᠨ ᠢ ᠳᠠᠭᠤᠳᠠᠵᠤ ᠢᠷᠡᠭᠦᠯᠦᠨ᠂ - ᠡᠪᠦᠭᠡᠨ ᠴᠢ ᠮᠠᠷᠭᠠᠰᠢ ᠦᠨᠡᠰᠦᠨ ᠴᠢᠳᠦᠷ ᠵᠠᠩᠭᠢᠳᠤᠭᠠᠳ ᠡᠳᠦᠷ ᠴᠤ ᠪᠢᠰᠢ᠂ ᠰᠥᠨᠢ ᠴᠤ ᠪᠢᠰᠢ ᠴᠠᠭ ᠢᠶᠠᠷ᠂ ᠵᠠᠮ ᠲᠠᠢ ᠴᠤ ᠪᠢᠰᠢ᠂ ᠵᠠᠮ ᠦᠭᠡᠢ ᠴᠤ ᠪᠢᠰᠢ ᠭᠠᠵᠠᠷ ᠢᠶᠠᠷ᠂ ᠬᠤᠪᠴᠠᠰᠤ ᠲᠠᠢ ᠴᠤ ᠪᠢᠰᠢ ᠬᠤᠪᠴᠠᠰᠤ ᠦᠭᠡᠢ ᠴᠤ ᠪᠢᠰᠢ ᠶᠠᠪᠤᠵᠤ ᠢᠷᠡᠭᠡᠳ᠂ ᠭᠡᠷ ᠲᠦ ᠴᠤ ᠪᠢᠰᠢ ᠭᠠᠳᠠᠭ᠎ᠠ ᠴᠤ ᠪᠢᠰᠢ ᠭᠠᠵᠠᠷ ᠠᠴᠠ ᠨᠠᠳᠠ ᠥᠭᠭᠦᠭᠡᠷᠡᠢ᠃ ᠣᠰᠣᠯᠳᠠᠪᠠᠯ ᠲᠣᠯᠣᠭᠠᠢ ᠶᠢ ᠴᠢᠨᠢ ᠠᠪᠤᠨ᠎ᠠ ᠰᠢᠦ︕ ᠭᠡᠵᠦ ᠵᠠᠷᠯᠢᠭ ᠪᠠᠭᠤᠯᠭᠠᠵᠠᠢ᠃ ᠡᠪᠦᠭᠡᠨ ᠬᠡᠷᠬᠢᠬᠦ ᠤᠴᠢᠷ ᠢᠶᠠᠨ ᠣᠯᠬᠤ ᠦᠭᠡᠢ ᠶᠡᠬᠡ ᠯᠠ ᠠᠶᠤᠵᠤ᠂ 《 ᠶᠠᠭᠠᠬᠢᠨ᠎ᠠ ᠡᠶᠢ᠍ᠨ᠎᠎ᠡ》 ᠭᠡᠵᠦ ᠭᠠᠶᠢᠬᠠᠰᠢ ᠲᠠᠰᠤᠷᠠᠨ ᠬᠠᠷᠢᠭᠰᠠᠨ ᠳᠤ ᠥᠬᠢᠨ ᠨᠢ᠂ - ᠲᠡᠷᠡ ᠶᠠᠭᠤᠬᠠᠨ ᠪᠠᠶᠢᠬᠤ ᠪᠤᠢ⁈ ᠠᠪᠤ ᠰᠠᠨᠠᠭ᠎ᠠ ᠵᠣᠪᠠᠯᠲᠠ ᠦᠭᠡᠢ ᠭᠡᠳ ᠠᠷᠭ᠎ᠠ ᠵᠢᠭᠠᠵᠤ ᠥᠭᠴᠡᠢ᠃ ᠮᠠᠷᠭᠠᠰᠢ ᠥᠷᠯᠥᠭᠡ ᠨᠢ ᠡᠪᠦᠭᠡᠨ ᠥᠬᠢᠨ ᠤ ᠵᠢᠭᠠᠭᠰᠠᠨ ᠶᠣᠰᠣᠭᠠᠷ ᠬᠠᠭᠠᠨ ᠤ ᠳᠤ ᠣᠴᠢᠭᠠᠳ᠂ - ᠬᠠᠭᠠᠨᠲᠠᠨ ᠮᠢᠨᠢ ᠡ᠂ ᠵᠠᠷᠯᠢᠭ ᠶᠣᠰᠣᠭᠠᠷ ᠦᠨᠡᠰᠦᠨ ᠴᠢᠳᠦᠷ ᠵᠠᠩᠭᠢᠳᠴᠤ ᠠᠪᠴᠢᠷᠠᠪᠠ᠃ ᠠᠪᠴᠤ ᠰᠣᠶᠣᠷᠬᠠᠨ᠎ᠠ ᠤᠤ︖ ᠭᠡᠵᠦ ᠬᠠᠰᠬᠢᠷᠤᠭᠰᠠᠨ ᠳᠤ ᠬᠠᠭᠠᠨ᠂ - ᠴᠢ ᠬᠠᠮᠢᠭ᠎ᠠ ᠪᠠᠶᠢᠨ᠎ᠠ︖ ᠭᠡᠵᠦ ᠠᠰᠠᠭᠤᠬᠤ ᠳᠤ ᠡᠪᠦᠭᠡᠨ᠂ - ᠪᠢ ᠭᠡᠷ ᠲᠦ ᠴᠤ ᠪᠢᠰᠢ᠂ ᠭᠠᠳᠠᠭ᠎ᠠ ᠴᠤ ᠪᠢᠰᠢ᠂ ᠬᠠᠨ᠎ᠠ ᠲᠤᠭᠤᠷᠭ᠎ᠠ ᠬᠣᠶᠠᠷ ᠤᠨ ᠲᠠᠨᠢ ᠵᠠᠪᠰᠠᠷ ᠪᠠᠶᠢᠨ᠎ᠠ ᠭᠡᠪᠡ᠃ - ᠴᠢ ᠬᠡᠵᠢᠶ᠎ᠡ ᠢᠷᠡᠪᠡ︖ ᠭᠡᠰᠡᠨ ᠳᠦ ᠡᠪᠦᠭᠡᠨ᠂ - ᠡᠳᠦᠷ ᠴᠤ ᠪᠢᠰᠢ᠂ ᠰᠥᠨᠢ ᠴᠤ ᠪᠢᠰᠢ᠂ ᠦᠦᠷ ᠢᠶᠡᠷ ᠢᠷᠡᠯ᠎ᠡ ᠭᠡᠵᠡᠢ᠃ - ᠬᠠᠮᠢᠭᠠᠭᠤᠷ ᠶᠠᠪᠤᠵᠤ ᠢᠷᠡᠪᠡ︖ ᠭᠡᠰᠡᠨ ᠳᠦ᠂ - ᠪᠢ ᠵᠠᠮ ᠲᠠᠢ ᠭᠠᠵᠠᠷ ᠢᠶᠠᠷ ᠴᠤ ᠪᠢᠰᠢ᠂ ᠵᠠᠮ ᠦᠭᠡᠢ ᠭᠠᠵᠠᠷ ᠢᠶᠠᠷ ᠴᠤ ᠪᠢᠰᠢ᠂ ᠵᠠᠮ ᠤᠨ ᠳᠠᠯᠠᠩ ᠢᠶᠠᠷ ᠶᠠᠪᠤᠵᠤ ᠢᠷᠡᠪᠡ ᠭᠡᠵᠡᠢ᠃ - ᠶᠠᠭᠤ ᠡᠮᠦᠰᠴᠦ ᠢᠷᠡᠪᠡ︖ ᠭᠡᠬᠦ ᠳᠦ᠂ - ᠬᠤᠪᠴᠠᠰᠤ ᠲᠠᠢ ᠴᠤ ᠪᠢᠰᠢ᠂ ᠬᠤᠪᠴᠠᠰᠤ ᠦᠭᠡᠢ ᠴᠤ ᠪᠢᠰᠢ᠂ ᠲᠣᠤᠷ ᠤᠨ ᠨᠥᠮᠥᠷᠭᠡ ᠲᠡᠢ ᠢᠷᠡᠯ᠎ᠡ ᠭᠡᠪᠡ᠃ - ᠦᠨᠡᠰᠦᠨ ᠴᠢᠳᠦᠷ ᠶᠠᠭᠠᠬᠢᠵᠤ ᠵᠠᠩᠭᠢᠳᠪᠠ ᠭᠡᠰᠡᠨ ᠳᠦ ᠡᠪᠦᠭᠡᠨ᠂ - ᠥᠯᠥᠩ ᠡᠪᠡᠰᠦ ᠪᠡᠷ ᠴᠢᠳᠦᠷ ᠵᠠᠩᠭᠢᠳᠤᠭᠠᠳ ᠬᠠᠪᠲᠠᠭᠠᠢ ᠴᠢᠯᠠᠭᠤᠨ ᠳᠡᠭᠡᠷ᠎ᠡ ᠲᠠᠯᠪᠢᠵᠤ ᠭᠠᠯ ᠣᠷᠣᠭᠤᠯᠤᠭᠠᠳ ᠦᠨᠡᠰᠦᠨ ᠴᠢᠳᠦᠷ ᠵᠠᠩᠭᠢᠳᠬᠤ ᠶᠢ ᠴᠤ ᠵᠠᠩᠭᠢᠳᠤᠯ᠎ᠠ᠃ ᠬᠠᠭᠠᠨ ᠭᠤᠸᠠᠢ ᠰᠣᠶᠣᠷᠬᠠᠪᠠᠯ ᠠᠪᠴᠤ ᠮᠣᠷᠢ ᠪᠠᠨ ᠴᠢᠳᠦᠷᠯᠡ ᠳ᠋ᠡ ᠭᠡᠰᠡᠨ ᠳᠦ ᠬᠠᠭᠠᠨ᠂ - ᠵᠠ ᠬᠥᠭᠰᠢᠨ︕ ᠮᠠᠷᠭᠠᠰᠢ ᠲᠠᠨ ᠤ ᠳᠤ ᠣᠴᠢᠨ᠎ᠠ᠃ ᠴᠢ ᠨᠠᠳᠠ ᠳᠤ ᠡᠷ᠎ᠡ ᠦᠬᠡᠷ ᠦᠨ ᠰᠥ᠋ ᠪᠡᠷ ᠡᠯᠢᠭᠡᠨ ᠲᠠᠷᠠᠭ ᠪᠥᠷᠢᠭᠡᠳ ᠲᠠᠯᠪᠢ᠃ ᠣᠰᠣᠯᠳᠠᠪᠠᠯ ᠲᠣᠯᠣᠭᠠᠢ ᠦᠭᠡᠢ ᠭᠡᠵᠦ ᠮᠡᠳᠡ︕ ᠭᠡᠵᠡᠢ᠃ ᠡᠪᠦᠭᠡᠨ 《ᠮᠠᠨ ᠤ ᠬᠠᠭᠠᠨ ᠪᠣᠯᠬᠤ ᠪᠠᠨ ᠪᠠᠶᠢᠵᠠᠢ᠃ ᠣᠳᠣ ᠶᠠᠭᠠᠬᠢᠨ᠎ᠠ ᠡᠶᠢ᠍ᠨ᠎ᠡ ᠪᠢᠯᠡ︖》 ᠭᠡᠵᠦ ᠴᠥᠬᠥᠷᠡᠨ᠂ ᠥᠬᠢᠨ ᠳᠤ ᠪᠠᠨ ᠣᠴᠢᠵᠤ ᠬᠠᠭᠠᠨ ᠤ ᠵᠠᠷᠯᠢᠭ ᠢ ᠬᠡᠯᠡᠪᠡᠯ ᠥᠬᠢᠨ ᠨᠢ᠂ - ᠲᠡᠷᠡ ᠭᠠᠶᠢᠭᠤᠢ᠃ ᠠᠪᠤ ᠲᠠ ᠰᠠᠨᠠᠭ᠎ᠠ ᠪᠤᠤ ᠵᠣᠪᠠ᠃ ᠪᠢ ᠠᠷᠭᠠᠯᠠᠶ᠎ᠠ ᠭᠡᠵᠦ ᠭᠡᠨ᠎ᠡ᠃ ᠮᠠᠷᠭᠠᠰᠢ ᠥᠬᠢᠨ ᠠᠪᠤ ᠪᠠᠨ ᠠᠷᠤᠭ ᠲᠦᠰᠢᠭᠦᠯᠦᠨ ᠨᠥᠮᠥᠭᠡᠨ ᠰᠠᠭᠤᠯᠭᠠᠵᠤ᠂ ᠬᠠᠶᠠᠭ᠎ᠠ ᠬᠠᠲᠠᠪᠴᠢ ᠪᠠᠨ ᠮᠠᠨᠠᠵᠤ ᠪᠥᠭᠯᠡᠭᠡᠳ ᠪᠠᠶᠢᠵᠤ ᠪᠠᠶᠢᠲᠠᠯ᠎ᠠ ᠬᠠᠭᠠᠨ ᠢᠷᠡᠵᠦ 《ᠨᠣᠬᠠᠢ ᠬᠣᠷᠢ︕》 ᠭᠡᠰᠡᠨ ᠳᠦ ᠬᠡᠦᠬᠡᠨ ᠲᠣᠭᠣᠨᠣ ᠪᠠᠷ ᠢᠶᠠᠨ ᠪᠠᠭᠠᠨ᠎ᠠ ᠭᠠᠷᠭᠠᠭᠠᠳ ᠭᠠᠷᠴᠤ ᠢᠷᠡᠨ᠂ - ᠮᠠᠨ ᠤ ᠳᠤ ᠮᠣᠷᠢᠯᠠᠵᠤ ᠪᠣᠯᠳᠠᠭ ᠦᠭᠡᠢ︕ ᠭᠡᠪᠡ᠃ - ᠲᠠᠨ ᠤ ᠬᠢ ᠬᠦᠮᠦᠨ ᠣᠷᠣᠵᠤ ᠪᠣᠯᠳᠠᠭ ᠦᠭᠡᠢ ᠶᠠᠭᠠᠬᠢᠭᠰᠠᠨ ᠶᠤᠮ ᠪᠤᠢ︖ ᠭᠡᠵᠦ ᠬᠠᠭᠠᠨ ᠢ ᠠᠰᠠᠭᠤᠬᠤ ᠳᠤ᠂ - ᠮᠠᠨ ᠤ ᠠᠪᠤ ᠨᠢᠷᠠᠶᠢᠯᠠᠭᠰᠠᠨ ᠭᠡᠵᠡᠢ᠃ - ᠡᠷ᠎ᠡ ᠬᠦᠮᠦᠨ ᠡᠴᠡ ᠬᠡᠦᠬᠡᠳ ᠭᠠᠷᠳᠠᠭ ᠶᠤᠮ ᠤᠤ︖ ᠭᠡᠰᠡᠨ ᠳᠦ᠂ - ᠡᠷ᠎ᠡ ᠦᠬᠡᠷ ᠡᠴᠡ ᠰᠥ᠋ ᠭᠠᠷᠳᠠᠭ ᠶᠤᠮ ᠤᠤ︖ ᠭᠡᠵᠦ ᠬᠡᠦᠬᠡᠨ ᠠᠰᠠᠭᠤᠪᠠ᠃ ᠬᠠᠭᠠᠨ ᠦᠭᠡ ᠳᠠᠭᠤ ᠦᠭᠡᠢ ᠡᠷᠭᠢᠭᠡᠳ ᠶᠠᠪᠤᠵᠠᠢ᠃ ᠬᠠᠭᠠᠨ 《 ᠶᠠᠭᠠᠬᠢᠭᠰᠠᠨ ᠰᠡᠴᠡᠨ ᠬᠡᠦᠬᠡᠨ ᠪᠤᠢ︖ ᠭᠡᠵᠦ ᠮᠤᠩᠬᠠᠭ ᠲᠠᠶᠢᠵᠢ ᠬᠦᠦ ᠳᠦ ᠪᠡᠨ ᠠᠪᠴᠤ ᠥᠭᠪᠡ᠃ ᠢᠩᠭᠢᠭᠡᠳ ᠬᠠᠭᠠᠨ ᠬᠡᠳᠦᠨ ᠰᠠᠷ᠎ᠠ ᠶᠢᠨ ᠳᠠᠷᠠᠭ᠎ᠠ ᠬᠦᠦ ᠪᠡᠨ ᠰᠡᠴᠡᠨ ᠬᠡᠦᠬᠡᠨ ᠠᠪᠤᠭᠠᠳ ᠤᠬᠠᠭᠠᠨ ᠣᠷᠣᠵᠤ ᠪᠠᠶᠢᠭ᠎ᠠ ᠪᠣᠯᠪᠠ ᠤᠤ ᠭᠡᠵᠦ ᠪᠣᠳᠣᠭᠠᠳ ᠳᠠᠭᠤᠳᠠᠨ ᠬᠡᠯᠡᠪᠡ᠂ - ᠵᠠ ᠬᠦᠦ ᠮᠢᠨᠢ ᠬᠠᠭᠠᠨ ᠠᠪᠤ ᠳᠤ ᠪᠠᠨ ᠬᠣᠶᠢᠨ᠎ᠠ ᠤᠷᠢᠳᠤ ᠪᠠᠨ ᠬᠣᠶᠠᠷ ᠲᠣᠯᠣᠭᠠᠢ ᠲᠠᠢ ᠮᠣᠷᠢ ᠶᠢ ᠲᠣᠬᠣᠵᠤ ᠥᠭ ᠭᠡᠵᠡᠢ᠃ - ᠵᠠ ᠭᠡᠵᠦ ᠭᠠᠷᠤᠭᠠᠳ ᠬᠣᠶᠢᠨ᠎ᠠ ᠤᠷᠢᠳᠤ ᠠᠴᠠ ᠨᠢ ᠬᠣᠶᠠᠷ ᠮᠣᠷᠢ ᠶᠢ ᠵᠥᠷᠢᠭᠦᠯᠵᠦ ᠪᠠᠭᠯᠠᠭᠠᠳ ᠣᠯᠣᠩ᠂ ᠵᠢᠷᠢᠮ ᠲᠠᠰᠤᠴᠢᠵᠤ ᠪᠦᠷ ᠶᠠᠳᠠᠪᠠ᠃ - ᠮᠠᠨ ᠤ ᠠᠪᠤ ᠨᠠᠮ᠎ᠠ ᠶᠢ ᠬᠣᠶᠢᠨ᠎ᠠ ᠤᠷᠢᠳᠤ ᠪᠠᠨ ᠬᠣᠶᠠᠷ ᠲᠣᠯᠣᠭᠠᠢ ᠲᠠᠢ ᠮᠣᠷᠢ ᠲᠣᠬᠣᠵᠤ ᠥᠭ ᠭᠡᠪᠡ᠃ ᠪᠢ ᠲᠣᠬᠣᠭᠠᠳ ᠶᠠᠳᠠᠴᠢᠬᠠᠪᠠ ᠭᠡᠵᠦ ᠠᠪᠠᠭᠠᠢ ᠳᠤ ᠪᠠᠨ ᠬᠡᠯᠡᠵᠡᠢ᠃ - ᠲᠠ ᠪᠣᠭᠣᠰ ᠭᠡᠭᠦᠦ ᠲᠣᠬᠣᠭᠠᠳ ᠤᠶᠠᠴᠢᠬ᠎ᠠ ᠭᠡᠵᠦ ᠬᠡᠯᠡᠪᠡ᠃ ᠬᠡᠯᠡᠭᠰᠡᠨ ᠶᠣᠰᠣᠭᠠᠷ ᠤᠶᠠᠵᠠᠢ᠃ ᠬᠠᠭᠠᠨ ᠡᠭᠦᠨ ᠢ ᠨᠢ ᠬᠠᠷᠠᠭᠠᠳ ᠲᠠᠭᠠᠯᠠᠨ ᠳᠠᠬᠢᠨ ᠬᠡᠯᠡᠪᠡ᠂ - ᠠᠪᠤ ᠳᠤ ᠪᠠᠨ ᠮᠣᠳᠣᠨ ᠬᠠᠶᠢᠰᠠ ᠳᠤ(ᠲᠣᠭᠣᠭ᠎ᠠ) ᠮᠢᠬ᠎ᠠ ᠴᠢᠨᠠᠵᠤ ᠥᠭ ᠭᠡᠵᠡᠢ᠃ ᠬᠥᠪᠡᠭᠦᠨ ᠵᠠ ᠭᠡᠵᠦ ᠭᠠᠷᠤᠭᠠᠳ ᠬᠠᠮᠤᠭ ᠬᠣᠲᠣᠭᠣᠷ ᠮᠣᠳᠣᠨ ᠰᠠᠪᠠ ᠪᠦᠭᠦᠳᠡ ᠶᠢ ᠲᠦᠢᠮᠡᠷᠳᠡᠭᠡᠳ ᠲᠤᠩ ᠶᠠᠳᠠᠪᠠ᠃ - ᠨᠠᠮ᠎ᠠ ᠶᠢ ᠮᠣᠳᠣᠨ ᠬᠠᠶᠢᠰᠠ ᠳᠤ ᠮᠢᠬ᠎ᠠ ᠴᠢᠨᠠᠵᠤ ᠥᠭᠭᠦᠭᠡᠴᠢ ᠭᠡᠬᠦ ᠳᠦ ᠶᠠᠳᠠᠴᠢᠬᠠᠪᠠ ᠭᠡᠪᠡ᠃ ᠲᠡᠭᠡᠬᠦᠯᠡᠷ ᠠᠪᠠᠭᠠᠢ ᠨᠢ᠂ - ᠢᠷᠭᠠᠢ ᠱᠣᠷᠣ ᠳᠤ ᠮᠢᠬ᠎ᠠ ᠰᠢᠷᠠᠵᠤ ᠪᠣᠯᠭᠠᠭᠠᠳ ᠠᠪᠴᠤ ᠣᠷᠣᠭᠠᠳ ᠪᠠᠷᠢᠵᠤ ᠣᠷᠬᠢᠭᠲᠤᠨ︕ ᠭᠡᠵᠡᠢ᠃ ᠲᠡᠷᠡ ᠶᠣᠰᠣᠭᠠᠷ ᠦᠢᠯᠡᠳᠴᠡᠢ᠃ ᠡᠴᠦᠰ ᠲᠦ ᠨᠢ ᠬᠠᠭᠠᠨ᠂ ᠮᠥᠰᠦᠨ ᠬᠦᠮᠦᠨ ᠬᠢᠯᠭᠡᠵᠦ ᠲᠠᠯᠪᠢᠴᠢᠬᠠᠭᠠᠳ᠂ - ᠵᠠ ᠬᠥᠪᠡᠭᠦᠨ ᠲᠡᠷᠡ ᠮᠥᠰᠦᠨ ᠬᠦᠮᠦᠨ ᠡᠴᠡ ᠦᠭᠡ ᠰᠤᠷᠠᠭᠠᠳ ᠢᠷ᠎ᠡ ᠭᠡᠵᠡᠢ᠃ ᠮᠤᠩᠬᠠᠭ ᠲᠠᠶᠢᠵᠢ ᠣᠴᠢᠵᠤ ᠰᠠᠭᠤᠭᠠᠳ ᠳᠠᠭᠤ ᠭᠠᠷᠭᠠᠵᠤ ᠶᠠᠳᠠᠪᠠ᠃ ᠬᠡᠮᠬᠡ ᠴᠣᠬᠢᠵᠤ ᠪᠠᠯᠪᠠᠴᠢᠬᠠᠭᠠᠳ ᠡᠬᠡᠨᠡᠷ ᠲᠦ ᠪᠡᠨ ᠬᠡᠯᠡᠪᠡ᠂ - ᠮᠥᠰᠦᠨ ᠬᠦᠮᠦᠨ ᠡᠴᠡ ᠨᠠᠮ᠎ᠠ ᠶᠢ ᠦᠭᠡ ᠰᠤᠷᠠᠵᠤ ᠢᠷ᠎ᠡ ᠭᠡᠯ᠎ᠡ᠃ ᠰᠤᠷᠠᠵᠤ ᠶᠠᠳᠠᠴᠢᠬᠠᠭᠠᠳ ᠪᠠᠯᠪᠠᠴᠢᠬᠠᠪᠠ ᠭᠡᠵᠦ ᠬᠡᠯᠡᠪᠡ᠃ ᠡᠬᠡᠨᠡᠷ ᠨᠢ᠂ - ᠤᠤᠯ ᠮᠢᠨᠦ ᠪᠡᠶ᠎ᠡ ᠤᠰᠤᠨ ᠪᠢᠯᠡ᠃ ᠮᠥᠨ ᠪᠡᠶ᠎ᠡ ᠮᠥᠰᠦᠨ ᠪᠢᠯᠡ᠃ ᠵᠤᠳ ᠲᠠᠢ ᠭᠤᠷᠪᠠᠨ ᠰᠠᠷ᠎ᠠ ᠳᠤ ᠪᠠᠶᠢᠳᠠᠭ ᠪᠢᠯᠡ᠃ ᠵᠤᠨ ᠤ ᠵᠢᠷᠭᠤᠭᠠᠨ ᠰᠠᠷ᠎ᠠ ᠳᠤ ᠬᠠᠷᠢᠳᠠᠭ ᠪᠢᠯᠡ ᠭᠡᠵᠦ ᠮᠡᠳᠡᠭᠦᠯᠴᠢᠬᠡ ᠭᠡᠵᠡᠢ᠃ ᠲᠠᠶᠢᠵᠢ ᠲᠡᠭᠡᠵᠦ ᠮᠡᠳᠡᠭᠦᠯᠴᠢᠬᠡᠪᠡ᠃ ᠬᠠᠭᠠᠨ 《 ᠮᠢᠨᠦ ᠬᠥᠪᠡᠭᠦᠨ ᠰᠡᠴᠡᠨ ᠠᠪᠤᠭᠠᠢ ᠠᠪᠤᠭᠠᠳ ᠰᠠᠶᠢᠨ ᠤᠬᠠᠭᠠᠨ ᠣᠷᠣᠵᠠᠢ᠃ ᠮᠢᠨᠦ ᠬᠦᠦ ᠡᠳᠦᠢ ᠴᠢᠭ ᠲᠡᠢ ᠪᠣᠯᠤᠭᠰᠠᠨ ᠲᠤᠯᠠ ᠬᠠᠭᠠᠨ ᠰᠠᠭᠤᠷᠢᠨ ᠳᠤ ᠰᠠᠭᠤᠵᠤ᠂ ᠬᠠᠮᠤᠭ ᠲᠦᠮᠡᠨ ᠢ ᠵᠠᠬᠢᠷᠴᠣ ᠴᠢᠳᠠᠬᠤ ᠪᠣᠯᠵᠠᠢ》 ᠭᠡᠵᠦ ᠪᠣᠳᠣᠭᠠᠳ ᠰᠡᠳᠬᠢᠯ ᠠᠮᠤᠷ ᠠᠩ ᠭᠥᠷᠥᠭᠡ ᠬᠥᠭᠡᠭᠡᠵᠦ ᠶᠠᠪᠤᠭᠠᠳ ᠬᠠᠷᠢ ᠤᠯᠤᠰ ᠤᠨ ᠨᠤᠲᠤᠭ ᠲᠤ ᠮᠡᠳᠡᠯ ᠦᠭᠡᠢ ᠣᠷᠣᠭᠠᠳ ᠪᠠᠷᠢᠭᠳᠠᠵᠤ ᠭᠡᠨ᠎ᠡ᠃ ᠲᠡᠷᠡ ᠤᠯᠤᠰ ᠤᠨ ᠬᠠᠭᠠᠨ ᠮᠠᠨ ᠤ ᠬᠠᠭᠠᠨ ᠤ ᠤᠯᠤᠰ ᠢ ᠳᠠᠭᠠᠭᠤᠯᠬᠤ ᠪᠠᠷ ᠬᠣᠶᠠᠷ ᠡᠯᠴᠢ ᠢᠯᠡᠭᠡᠬᠦ ᠪᠡᠷ ᠰᠢᠢᠳᠴᠠᠢ᠃ ᠬᠠᠭᠠᠨ ᠬᠡᠯᠡᠪᠡ᠂ - ᠮᠠᠨ ᠤ ᠬᠣᠰᠢᠭᠤ ᠬᠠᠷ᠎ᠠ ᠲᠠᠢ᠂ ᠬᠡᠴᠡᠭᠦᠦ ᠬᠣᠰᠢᠭᠤ ᠶᠤᠮ᠎᠃ ᠬᠣᠶᠠᠷᠬᠠᠨ ᠬᠥᠮᠦᠨ ᠳ᠋ᠦ ᠨᠠᠮ᠎ᠠ ᠶᠢ ᠡᠶᠢᠮᠦ ᠪᠠᠶᠢᠨ᠎ᠠ ᠭᠡᠵᠦ ᠣᠴᠢᠲᠠᠯ᠎ᠠ ᠳᠠᠭᠠᠵᠤ ᠥᠭᠭᠦ ᠦᠭᠡᠢ ᠪᠣᠯᠬᠤ᠂ ᠪᠢ ᠲᠠ ᠨᠠᠷ ᠲᠤ ᠰᠠᠶᠢᠨ ᠪᠠᠶᠢᠨ᠎ᠠ ᠭᠡᠵᠦ ᠨᠢᠭᠡ ᠪᠢᠴᠢᠭ ᠬᠢᠵᠦ ᠥᠭᠭᠦᠶ᠎ᠡ᠃ ᠲᠡᠭᠡᠪᠡᠯ ᠪᠣᠯᠤᠨ᠎ᠠ ᠭᠡᠳ ᠨᠢᠭᠡᠨ ᠪᠢᠴᠢᠭ ᠬᠢᠵᠦ ᠥᠭᠪᠡ᠃ - 《ᠪᠢ ᠳᠡᠭᠡᠷ᠎ᠡ ᠪᠡᠨ ᠬᠥᠬᠡ ᠲᠣᠷᠭᠠᠨ ᠳᠡᠭᠡᠪᠦᠷ ᠲᠡᠢ᠂ ᠳᠣᠣᠷ᠎ᠠ ᠪᠠᠨ ᠨᠣᠭᠣᠭᠠᠨ ᠲᠣᠷᠭᠠᠨ ᠣᠯᠪᠣᠭ ᠲᠠᠢ᠂ ᠠᠷᠤ ᠳᠠᠭᠠᠨ ᠠᠷᠪᠠᠨ ᠬᠦᠮᠦᠨ ᠲᠦᠰᠢᠯᠭᠡ ᠲᠡᠢ ᠪᠠᠶᠢᠨ᠎ᠠ᠃ ᠦᠷᠭᠦᠯᠵᠢ ᠶᠢᠨ ᠬᠣᠶᠠᠷ ᠬᠥᠬᠥᠥᠷ ᠰᠥ᠋᠂ ᠲᠡᠢ ᠡᠳᠦᠷ ᠦᠨ ᠮᠢᠩᠭᠠᠨ ᠲᠦᠮᠡᠨ ᠬᠣᠨᠢᠨ ᠬᠦᠨᠡᠰᠦ ᠲᠡᠢ ᠪᠠᠶᠢᠨ᠎ᠠ᠃ ᠶᠡᠬᠡ ᠵᠢᠷᠭᠠᠯ ᠢ ᠡᠳ᠋ᠯᠡᠵᠦ ᠪᠠᠶᠢᠨ᠎ᠠ᠃ ᠡᠪᠡᠷ ᠲᠡᠢ ᠮᠠᠯ ᠢᠶᠠᠨ ᠡᠮᠦᠨ᠎ᠡ ᠪᠡᠨ ᠲᠠᠭᠤᠭᠲᠤᠨ᠂ ᠡᠪᠡᠷ ᠦᠭᠡᠢ ᠮᠠᠯ ᠢᠶᠠᠨ ᠠᠷᠤ ᠳᠠᠭᠠᠨ ᠲᠠᠭᠤᠭᠠᠳ ᠢᠷᠡᠭᠲᠦᠨ᠃ ᠡᠷᠭᠢᠭᠦᠦ ᠤᠯᠠᠭᠠᠨ ᠪᠢᠷᠠᠭᠤ ᠪᠠᠨ ᠨᠤᠲᠤᠭ ᠲᠤ ᠨᠢ ᠬᠠᠶᠠᠵᠤ ᠣᠷᠬᠢᠭᠲᠤᠨ᠃ ᠬᠠᠷ᠎ᠠ ᠲᠠᠤᠯᠠᠢ ᠪᠠᠨ ᠰᠠᠬᠢᠭᠲᠤᠨ︕ ᠴᠠᠭᠠᠨ ᠲᠠᠤᠯᠠᠢ ᠪᠠᠨ ᠡᠪᠬᠡᠭᠲᠦᠨ᠃ ᠮᠠᠨ ᠤ ᠨᠤᠲᠤᠭ ᠤᠨ ᠰᠠᠪᠳᠠᠭ ᠪᠣᠯᠬᠤ ᠬᠣᠶᠠᠷ ᠤᠯᠢᠶᠠᠰᠤ ᠪᠤᠢ᠃ ᠨᠢᠭᠡ ᠶᠢ ᠨᠢ ᠨᠤᠲᠤᠭ ᠤᠨ ᠭᠣᠣᠯ ᠳᠤ ᠴᠠᠪᠴᠢᠵᠤ ᠤᠨᠠᠭᠠᠭᠲᠤᠨ᠃ ᠲᠡᠷᠡ ᠬᠣᠶᠠᠷ ᠤᠯᠢᠶᠠᠰᠤ ᠶᠢ ᠡᠰᠡ ᠤᠨᠠᠭᠠᠪᠠᠯ ᠮᠠᠨ ᠤ ᠨᠤᠲᠤᠭ ᠤᠨ ᠰᠠᠪᠳᠠᠭ ᠨᠡᠬᠡᠨ᠎ᠡ᠃ ᠮᠢᠨᠦ ᠪᠠᠶᠢᠬᠤ ᠨᠤᠲᠤᠭ ᠬᠦᠷᠲᠡᠯ᠎ᠡ ᠲᠡᠭᠦᠨ ᠦ ᠨᠢᠭᠡ ᠪᠡᠷ ᠲᠦᠯᠡᠰᠢ ᠬᠢᠵᠦ ᠢᠷᠡᠵᠡᠭᠡ ᠭᠡᠵᠡᠢ᠃ ᠮᠢᠨᠦ ᠬᠥᠪᠡᠭᠦᠨ ᠦ ᠬᠥᠯ ᠳᠣᠣᠷ᠎ᠠ ᠨᠢᠭᠡ ᠲᠣᠷᠭᠠᠨ ᠬᠠᠷ᠎ᠠ ᠬᠠᠭᠤᠷᠠᠢ ᠪᠤᠢ᠃ ᠲᠡᠭᠦᠨ ᠢ ᠮᠢᠨᠦ ᠪᠡᠷᠢ ᠮᠡᠳᠡᠨ᠎ᠡ᠃ ᠲᠡᠷᠡ ᠲᠣᠷᠭᠠᠨ ᠬᠠᠷ᠎ᠠ ᠬᠠᠭᠤᠷᠠᠢ ᠶᠢ ᠠᠪᠬᠠᠭᠤᠯᠤᠭᠠᠳ ᠬᠠᠭᠤᠷᠠᠶᠢᠳᠠᠭᠤᠯᠵᠤ᠂ ᠠᠪᠳᠠᠷ᠎ᠠ ᠰᠠᠪᠠ ᠶᠢ ᠨᠢ ᠵᠠᠳᠠᠯᠵᠤ ᠦᠵᠡᠭᠲᠦᠨ ᠭᠡᠵᠡᠢ》 ᠲᠡᠷᠡ ᠬᠣᠶᠠᠷ ᠡᠯᠴᠢ ᠬᠦᠷᠴᠦ ᠣᠴᠢᠭᠠᠳ ᠪᠢᠴᠢᠭ ᠢ ᠬᠦᠮᠦᠨ ᠠᠮᠢᠲᠠᠨ ᠳᠤ ᠦᠵᠡᠭᠦᠯᠪᠡ᠃ ᠣᠯᠠᠨ ᠠᠮᠢᠲᠠᠨ ᠦᠵᠡᠭᠡᠳ 《 ᠨᠡᠭᠦᠨ᠎ᠡ ᠮᠠᠨ ᠤ ᠬᠠᠭᠠᠨ ᠰᠠᠶᠢᠬᠠᠨ ᠵᠢᠷᠭᠠᠵᠤ ᠪᠠᠶᠢᠨ᠎ᠠ》 ᠭᠡᠵᠡᠢ᠃ ᠲᠡᠭᠡᠬᠦ ᠳᠦ ᠪᠡᠷᠢ ᠭᠠᠳᠠᠭ᠎ᠠ ᠪᠠᠶᠢᠵᠤ ᠪᠠᠶᠢᠭᠠᠳ ᠲᠡᠷᠡ ᠪᠢᠴᠢᠭ ᠢ ᠨᠠᠳᠠ ᠳᠤ ᠠᠪᠤᠭᠠᠳ ᠥᠭᠭᠦᠭᠡᠴᠢ ᠭᠡᠵᠡᠢ᠃ ᠠᠨᠢᠷ ᠦᠭᠡᠢ ᠠᠪᠬᠠᠭᠤᠯᠤᠨ ᠦᠵᠡᠭᠡᠳ᠂ - ᠲᠠ ᠮᠢᠨᠢ︕ ᠬᠠᠭᠠᠨ ᠠᠪᠤ ᠵᠢᠷᠭᠠᠯᠲᠠᠢ ᠪᠠᠶᠢᠨ᠎ᠠ᠂ ᠨᠡᠭᠦᠨ᠎ᠡ ᠭᠡᠵᠦ ᠬᠡᠯᠡᠯᠴᠡᠨ᠎ᠡ ᠲᠠ᠃ ᠨᠠᠳᠠ ᠪᠣᠯᠪᠠᠯ ᠬᠠᠭᠠᠨ ᠠᠪᠤ ᠵᠢᠷᠭᠠᠯ ᠲᠠᠢ ᠪᠢᠰᠢ᠂ ᠵᠦᠳᠡᠭᠦᠷᠢᠲᠡᠢ ᠪᠠᠶᠢᠨ᠎ᠠ᠃ ᠳᠡᠭᠡᠷ᠎ᠡ ᠪᠡᠨ ᠬᠥᠬᠡ ᠲᠣᠷᠭᠠᠨ ᠳᠡᠭᠡᠪᠦᠷ ᠲᠡᠢ ᠭᠡᠰᠡᠨ ᠨᠢ ᠲᠩᠷᠢ ᠶᠢ ᠬᠡᠯᠡᠵᠡᠢ᠃ ᠳᠣᠣᠷ᠎ᠠ ᠪᠠᠨ ᠨᠣᠭᠣᠭᠠᠨ ᠲᠣᠷᠭᠠᠨ ᠣᠯᠪᠣᠭ ᠲᠠᠢ ᠭᠡᠰᠡᠨ ᠨᠢ ᠭᠠᠵᠠᠷ ᠢ ᠬᠡᠯᠡᠵᠡᠢ᠃ ᠠᠷᠤ ᠳᠠᠭᠠᠨ ᠠᠷᠪᠠᠨ ᠬᠦᠮᠦᠨ ᠲᠦᠰᠢᠯᠭᠡ ᠲᠡᠢ ᠭᠡᠰᠡᠨ ᠨᠢ ᠮᠤᠲᠤᠷ ᠢ ᠨᠢ ᠠᠷᠤ ᠳᠤ ᠨᠢ ᠬᠦᠯᠢᠵᠡᠢ᠃ ᠦᠷᠭᠦᠯᠵᠢ ᠶᠢᠨ ᠬᠣᠶᠠᠷ ᠬᠥᠬᠥᠥᠷ ᠰᠥ᠋ ᠲᠡᠢ ᠭᠡᠰᠡᠨ ᠨᠢ ᠬᠣᠶᠠᠷ ᠮᠡᠯᠮᠡᠢ ᠶᠢᠨ ᠨᠢᠯᠪᠤᠰᠤ ᠪᠠᠶᠢᠨ᠎ᠠ᠃ ᠡᠳᠦᠷ ᠦᠨ ᠡᠳᠦᠢ ᠲᠡᠳᠦᠢ ᠬᠣᠨᠢᠨ ᠰᠢᠭᠦᠰᠦ ᠲᠡᠢ ᠭᠡᠰᠡᠨ ᠨᠢ ᠪᠥᠭᠡᠰᠦᠨ ᠳᠦ ᠪᠡᠨ ᠪᠠᠷᠢᠭᠳᠠᠵᠠᠢ᠃ ᠡᠪᠡᠷ ᠲᠡᠢ ᠮᠠᠯ ᠢᠶᠠᠨ ᠤᠷᠢᠳᠤ ᠪᠠᠨ ᠲᠠᠭᠤᠭᠲᠤᠨ ᠭᠡᠰᠡᠨ ᠨᠢ ᠵᠢᠳᠠ ᠰᠡᠯᠡᠮ᠎ᠡ ᠲᠡᠢ ᠨᠢ ᠡᠮᠦᠨ᠎ᠡ ᠪᠡᠨ ᠭᠠᠷᠤᠭᠲᠤᠨ ᠭᠡᠵᠡᠢ᠃ ᠡᠪᠡᠷ ᠦᠭᠡᠢ ᠮᠠᠯ ᠢᠶᠠᠨ ᠠᠷᠤ ᠳᠠᠭᠠᠨ ᠲᠠᠭᠤᠭᠲᠤᠨ ᠭᠡᠰᠡᠨ ᠨᠢ ᠵᠢᠳᠠ ᠰᠡᠯᠡᠮ᠎ᠡ ᠦᠭᠡᠢ ᠨᠢ ᠠᠷᠤ ᠳᠤ ᠨᠢ ᠶᠠᠪᠤᠭᠲᠦᠨ ᠭᠡᠵᠡᠢ᠃ ᠡᠷᠭᠢᠭᠦᠦ ᠤᠯᠠᠭᠠᠨ ᠪᠢᠷᠠᠭᠤ ᠪᠤᠢ ᠲᠡᠭᠦᠨ ᠢ ᠨᠤᠲᠤᠭ ᠲᠤ ᠪᠠᠨ ᠬᠠᠶᠠᠭᠲᠦᠨ ᠭᠡᠰᠡᠨ ᠨᠢ ᠡᠨᠡ ᠲᠠᠶᠢᠵᠢ ᠶᠢ ᠬᠡᠯᠡᠵᠡᠢ᠃ ᠬᠠᠷ᠎ᠠ ᠲᠠᠤᠯᠠᠢ ᠶᠢ ᠰᠠᠬᠢᠭᠲᠤᠨ ᠭᠡᠰᠡᠨ ᠨᠢ ᠰᠥᠨᠢ ᠶᠠᠪᠤᠭᠲᠤᠨ ᠭᠡᠵᠡᠢ᠃ ᠴᠠᠭᠠᠨ ᠲᠠᠤᠯᠠᠢ ᠶᠢ ᠡᠪᠬᠡᠭᠲᠦᠨ ᠭᠡᠰᠡᠨ ᠨᠢ ᠡᠳᠦᠷ ᠪᠦᠭᠦᠭᠲᠦᠨ ᠭᠡᠵᠡᠢ᠃ ᠮᠠᠨ ᠤ ᠨᠤᠲᠤᠭ ᠤᠨ ᠰᠠᠪᠳᠠᠭ ᠬᠣᠶᠠᠷ ᠤᠯᠢᠶᠠᠰᠤ ᠭᠡᠰᠡᠨ ᠨᠢ ᠡᠨᠡ ᠬᠣᠶᠠᠷ ᠬᠦᠮᠦᠨ ᠪᠣᠯᠤᠨ᠎ᠠ᠃ ᠨᠢᠭᠡ ᠶᠢ ᠨᠢ ᠴᠠᠪᠴᠢᠵᠤ ᠤᠨᠠᠭᠠᠭᠠᠳ ᠨᠥᠭᠥᠭᠡ ᠪᠡᠷ ᠨᠢ ᠲᠦᠯᠡᠰᠢ ᠬᠢᠵᠦ ᠢᠷᠡᠭᠲᠦᠨ ᠭᠡᠰᠡᠨ ᠨᠢ (ᠨᠢᠭᠡ ᠶᠢ ᠠᠯᠠᠭᠠᠳ) ᠨᠢᠭᠡ ᠪᠡᠷ ᠨᠢ ᠭᠠᠵᠠᠷᠴᠢᠯᠠᠭᠤᠯᠵᠤ ᠢᠷᠡᠭᠲᠦᠨ ᠭᠡᠵᠡᠢ ᠭᠡᠪᠡ᠃ ᠣᠯᠠᠨ ᠤᠯᠤᠰ ᠵᠠ ᠭᠡᠳ ᠥᠨᠥ ᠬᠣᠶᠠᠷ ᠢ ᠪᠠᠷᠢᠵᠤ ᠨᠢᠭᠡ ᠶᠢ ᠨᠢ ᠴᠠᠪᠴᠢᠵᠤ ᠠᠯᠠᠭᠠᠳ ᠨᠢᠭᠡ ᠪᠡᠷ ᠨᠢ ᠭᠠᠵᠠᠷᠴᠢ ᠬᠢᠵᠦ ᠶᠠᠪᠤᠭᠠᠳ ᠰᠥᠨᠢ ᠣᠴᠢᠵᠤ᠂ ᠪᠠᠷᠢᠭᠳᠠᠵᠤ ᠪᠠᠶᠢᠭᠰᠠᠨ ᠬᠠᠭᠠᠨ ᠠᠪᠤ ᠪᠠᠨ ᠬᠤᠯᠠᠭᠠᠶᠢᠯᠠᠨ ᠲᠠᠶᠢᠯᠵᠤ ᠠᠪᠤᠭᠠᠳ ᠴᠠᠭᠠᠳᠤᠬᠢ ᠳᠠᠶᠢᠰᠤᠨ ᠠᠮᠢᠲᠠᠨ ᠢ ᠬᠢᠲᠤᠵᠤ ᠣᠷᠬᠢᠭᠠᠳ ᠠᠪᠤ ᠪᠠᠨ ᠭᠠᠷᠭᠠᠬᠤ ᠶᠢᠨ ᠳᠠᠯᠢᠮ ᠢᠶᠠᠷ ᠲᠡᠷᠡ ᠭᠦᠷᠦᠨ ᠢ ᠡᠵᠡᠯᠡᠭᠡᠳ ᠬᠠᠭᠠᠨ ᠰᠠᠭᠤᠨ ᠵᠢᠷᠭᠠᠪᠠ᠃ ᠬᠣᠶᠢᠨ᠎ᠠ ᠨᠢᠭᠡᠨ ᠴᠠᠭ ᠲᠤ ᠴᠡᠴᠡᠨ ᠮᠡᠷᠭᠡᠨ ᠬᠠᠭᠠᠨ ᠡᠪᠦᠭᠡᠷᠡᠵᠥ ᠬᠠᠭᠠᠨ ᠰᠢᠷᠡᠭᠡ ᠲᠥᠷᠥ ᠶᠢᠨ ᠬᠡᠷᠡᠭ ᠢ ᠬᠦᠦ ᠳᠦ ᠪᠡᠨ ᠰᠢᠯᠵᠢᠭᠦᠯᠬᠦ ᠭᠡᠲᠡᠯ᠎ᠡ ᠬᠦᠦ ᠨᠢ ᠲᠡᠨᠡᠭ ᠲᠤᠯᠠᠳᠠ ᠰᠡᠳᠬᠢᠯ ᠲᠥᠪᠳᠡᠬᠦ ᠦᠭᠡᠢ ᠠᠷᠭ᠎ᠠ ᠲᠠᠰᠤᠷᠠᠭᠠᠳ ᠬᠡᠳᠦᠢ ᠪᠦᠰᠡᠭᠦᠢ ᠬᠦᠮᠦᠨ ᠲᠥᠷᠥ ᠶᠢᠨ ᠡᠷᠬᠡ ᠪᠠᠷᠢᠬᠤ ᠶᠣᠰᠣ ᠦᠭᠡᠢ ᠪᠣᠯᠪᠠᠴᠤ ᠦᠨᠡᠬᠡᠷ ᠰᠡᠴᠡᠨ ᠪᠣᠯ ᠲᠥᠷᠥ ᠶᠢᠨ ᠡᠷᠬᠡ ᠶᠢ ᠪᠡᠷᠢ ᠳᠦ ᠪᠡᠨ ᠰᠢᠯᠵᠢᠭᠦᠯᠵᠦ ᠬᠦᠦ ᠪᠡᠨ ᠲᠥᠷᠥ ᠲᠦᠰᠢᠭᠦᠯᠬᠦ ᠰᠠᠨᠠᠯ ᠲᠥᠷᠦᠵᠥ᠂ ᠪᠡᠷᠢ ᠶᠢᠨ ᠢᠶᠡᠨ ᠦᠨᠡᠬᠡᠷ ᠰᠡᠴᠡᠨ ᠡᠰᠡᠬᠦ ᠶᠢ ᠰᠢᠯᠭᠠᠬᠤ ᠪᠠᠷ ᠰᠢᠢᠳᠴᠦ ᠭᠡᠨ᠎ᠡ᠃ ᠲᠡᠭᠡᠭᠡᠳ ᠪᠡᠷᠢ ᠪᠡᠨ ᠳᠠᠭᠤᠳᠠᠵᠤ ᠢᠷᠡᠭᠦᠯᠦᠭᠡᠳ 《ᠠᠷᠤᠭ᠂ ᠰᠠᠪᠠᠷ᠂ ᠠᠳᠤᠭᠤ᠂ ᠬᠣᠮᠤᠯ᠂ ᠬᠣᠨᠢ᠂ ᠬᠤᠴᠠ᠂ ᠴᠢᠨᠣ᠎ᠠ᠂ ᠭᠣᠣᠯ᠂ ᠮᠣᠳᠣ᠂ ᠢᠳᠡᠬᠦ》 ᠭᠡᠰᠡᠨ ᠠᠷᠪᠠᠨ ᠦᠭᠡ ᠬᠡᠯᠡᠬᠦ ᠶᠢ ᠴᠡᠭᠡᠷᠯᠡᠭᠦᠯᠵᠦ ᠡᠳᠡᠭᠡᠷ ᠦᠭᠡ ᠶᠢ ᠬᠡᠯᠡᠪᠡᠯ ᠲᠣᠯᠣᠭᠠᠢ ᠶᠢ ᠠᠪᠤᠨ᠎ᠠ ᠭᠡᠵᠦ ᠵᠠᠷᠯᠢᠭ ᠪᠠᠭᠤᠯᠭᠠᠨ ᠠᠷᠤᠭ ᠡᠭᠦᠷᠦᠭᠦᠯᠵᠦ᠂ ᠰᠠᠪᠠᠷ ᠪᠠᠷᠢᠭᠤᠯᠤᠭᠠᠳ ᠠᠳᠤᠭᠤᠨ ᠤ ᠬᠣᠮᠤᠯ ᠲᠡᠭᠦᠯᠭᠡᠵᠦ᠂ ᠬᠣᠨᠢᠨ ᠳᠤ ᠶᠠᠪᠤᠭᠤᠯᠤᠭᠰᠠᠨ ᠶᠤᠮ ᠪᠠᠶᠢᠵᠠᠢ᠃ ᠲᠡᠭᠡᠲᠡᠯ᠎ᠡ ᠬᠤᠴᠠ ᠶᠢ ᠨᠢ ᠴᠢᠨᠣ᠎ᠠ ᠪᠠᠷᠢᠵᠤ᠂ ᠭᠣᠣᠯ ᠭᠠᠲᠤᠯᠤᠭᠤᠯᠤᠭᠠᠳ ᠮᠣᠳᠣᠨ ᠤ ᠢᠷᠤᠭᠠᠯ ᠳᠤ ᠢᠳᠡᠴᠢᠬᠡᠭᠰᠡᠨ ᠪᠠᠶᠢᠵᠠᠢ᠃ ᠰᠡᠴᠡᠨ ᠪᠡᠷᠢ ᠡᠭᠦᠨ ᠢ ᠬᠠᠭᠠᠨ ᠳᠤ ᠪᠠᠨ ᠠᠶᠢᠯᠠᠳᠬᠠᠬᠤ ᠭᠡᠲᠡᠯ᠎ᠡ ᠥᠨᠥᠬᠢ ᠴᠡᠭᠡᠷ ᠲᠡᠢ ᠠᠷᠪᠠᠨ ᠦᠭᠡ ᠶᠢ ᠬᠡᠯᠡᠵᠦ ᠲᠣᠯᠣᠭᠠᠢ ᠶᠢ ᠪᠠᠨ ᠠᠪᠬᠠᠭᠤᠯᠬᠤ ᠳᠤ ᠬᠦᠷᠬᠦ ᠲᠤᠯᠠ ᠠᠷᠭ᠎ᠠ ᠣᠯᠵᠤ ᠠᠶᠢᠯᠠᠳᠬᠠᠭᠰᠠᠨ ᠨᠢ᠂ - ᠪᠢ ᠦᠳᠡᠮᠡᠯ ᠢ ᠡᠭᠦᠷᠦᠭᠡᠳ᠂ ᠮᠠᠲᠠᠮᠠᠯ ᠢ ᠪᠠᠷᠢᠭᠠᠳ᠂ ᠭᠦᠶᠦᠮᠡᠯ ᠦᠨ ᠭᠡᠭᠡᠮᠡᠯ ᠢ ᠲᠡᠭᠦᠵᠦ ᠶᠠᠪᠤᠭᠰᠠᠨ ᠴᠢᠨᠢ ᠮᠠᠶᠢᠯᠠᠳᠠᠭ ᠤᠨ ᠠᠬᠠᠯᠠᠢ ᠳᠠᠩᠬᠤᠯᠠᠢ ᠶᠢ ᠤᠷᠤᠰᠬᠠᠯ ᠢ ᠭᠠᠲᠤᠯᠤᠭᠤᠯᠤᠭᠠᠳ᠂ ᠤᠷᠭᠤᠮᠠᠯ ᠤᠨ ᠳᠡᠷᠭᠡᠳᠡ ᠤᠯᠢᠮᠠᠷ ᠵᠠᠮᠢᠵᠤ ᠣᠷᠬᠢᠵᠠᠢ ᠭᠡᠰᠡᠨ ᠳᠦ ᠬᠠᠭᠠᠨ ᠶᠡᠬᠡᠳᠡ ᠪᠠᠶᠠᠰᠤᠨ ᠪᠡᠷᠢ ᠶᠢᠨ ᠦᠨᠡᠬᠡᠷ ᠭᠠᠶᠢᠬᠠᠯᠲᠠᠢ ᠰᠡᠴᠡᠨ ᠢ ᠮᠡᠳᠡᠵᠦ ᠬᠠᠭᠠᠨ ᠰᠢᠷᠡᠭᠡᠨ ᠳᠦ ᠪᠡᠨ ᠰᠠᠭᠤᠯᠭᠠᠵᠤ ᠠᠮᠤᠷ ᠰᠠᠶᠢᠬᠠᠨ ᠵᠢᠷᠭᠠᠵᠠᠢ᠃

19        3       

                             13847524386      211429899@qq.com      13847524386   QQ  211429899 蒙ICP备17002503号-1