  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1774646
   1251

ᠳᠠᠮᠳᠢᠨᠰᠦ᠋ᠷᠦᠩ ᠦᠨ ᠤᠷᠢᠶᠠᠩᠬᠠᠢ ᠮᠣᠩᠭᠣᠯ ᠤᠨ ᠤᠷᠠᠨ ᠵᠣᠬᠢᠶᠠᠯ ᠤᠨ ᠶᠢᠷᠲᠢᠨᠴᠦ ᠳ᠋ᠤ

ᠳᠠᠮᠳᠢᠨᠰᠦ᠋ᠷᠦᠩ ᠦᠨ ᠤᠷᠢᠶᠠᠩᠬᠠᠢ ᠮᠣᠩᠭᠣᠯ ᠤᠨ ᠤᠷᠠᠨ ᠵᠣᠬᠢᠶᠠᠯ ᠤᠨ ᠶᠢᠷᠲᠢᠨᠴᠦ ᠳ᠋ᠤ
        5472     
2018-11-19 16:42    
发表于:内蒙古
ᠳᠠᠮᠳᠢᠨᠰᠦ᠋ᠷᠦᠩ ᠦᠨ ᠤᠷᠢᠶᠠᠩᠬᠠᠢ ᠮᠣᠩᠭᠣᠯ ᠤᠨ ᠤᠷᠠᠨ ᠵᠣᠬᠢᠶᠠᠯ ᠤᠨ ᠶᠢᠷᠲᠢᠨᠴᠦ ᠳ᠋ᠤ ᠬᠦᠦᠷᠨᠢᠯ ᠵᠣᠬᠢᠶᠠᠯ ᠢᠶᠠᠷ ᠠᠩᠬ᠎ᠠ ᠬᠥᠯ ᠲᠠᠯᠪᠢᠭᠰᠠᠨ ᠪᠢᠯᠡ᠃ 1972 ᠣᠨ ᠳᠤ 《ᠬᠦᠮᠦᠨ ᠲᠠᠨ᠎ᠠ》 ᠨᠡᠶᠢᠲᠡᠯᠡᠯ᠂ ᠨᠠᠶᠢᠷᠠᠭᠤᠯᠤᠯ ᠤᠨ ᠨᠣᠮ᠂ 1974 ᠣᠨ ᠳᠤ 《ᠲᠠᠨ ᠤ ᠰᠢᠨ᠎ᠡ ᠲᠠᠨᠢᠯ》 ᠲᠤᠭᠤᠵᠢ᠂ 1978 ᠣᠨ ᠳᠤ 《ᠡᠪᠦᠯ ᠦᠨ ᠰᠢᠪᠠᠭᠤ》 ᠥᠭᠦᠯᠡᠯᠭᠡ ᠶᠢᠨ ᠲᠡᠭᠦᠪᠦᠷᠢ ᠪᠡᠨ ᠬᠡᠪᠯᠡᠭᠦᠯᠵᠦ ᠬᠦᠦᠷᠨᠢᠯ ᠵᠣᠬᠢᠶᠠᠯᠴᠢ ᠶᠢᠨ ᠬᠤᠪᠢ ᠪᠡᠷ ᠶᠡᠬᠡ ᠤᠳᠬ᠎ᠠ ᠵᠣᠬᠢᠶᠠᠯ ᠤᠨ ᠡᠭᠦᠳᠡ ᠶᠢ ᠰᠡᠬᠦᠭᠰᠡᠨ ᠪᠠᠶᠢᠨ᠎ᠠ᠃ ᠭᠡᠪᠡᠴᠦ ᠡᠳᠦᠭᠡ ᠳ ∙ ᠤᠷᠢᠶᠠᠩᠬᠠᠢ ᠬᠡᠮᠡᠬᠦ ᠬᠥᠮᠥᠨ ᠥᠪᠡᠷ ᠢ ᠪᠡᠨ ᠬᠠᠩᠭᠠᠯᠲᠠᠲᠠᠢ ᠢᠷᠠᠭᠤ ᠨᠠᠶᠢᠷᠠᠭᠴᠢᠯᠠᠵᠤ᠂ ᠲᠡᠭᠦᠨ ᠢ ᠨᠢ ᠳᠠᠭᠠᠭᠠᠳ ᠪᠢᠳᠡ ᠴᠤ ᠬᠠᠩᠭᠠᠯᠲᠠ ᠲᠠᠢ ᠢᠷᠠᠭᠤ ᠨᠠᠶᠢᠷᠠᠭᠴᠢᠯᠠᠭᠳᠠᠵᠠᠢ᠃ ᠡᠷᠢᠯᠬᠢᠯᠡᠯ ᠪᠠ ᠢᠯᠡᠷᠬᠡᠢᠯᠡᠯ ᠶᠡᠷᠦ ᠨᠢ ᠶᠠᠮᠠᠷᠪᠠ ᠢᠷᠠᠭᠤ ᠨᠠᠶᠢᠷᠠᠭᠴᠢ ᠶᠢᠨ ᠤᠷᠠᠨ ᠪᠦᠲᠦᠭᠡᠯ ᠭᠡᠳᠡᠭ ᠴᠠᠭ ᠬᠤᠭᠤᠴᠠᠭᠠᠨ ᠠᠴᠠ ᠡᠰᠡ ᠬᠠᠮᠢᠶᠠᠷᠤᠯᠲᠣ ᠮᠥᠨ ᠴᠢᠨᠠᠷ ᠲᠠᠢ᠃ ᠢᠷᠠᠭᠤ ᠨᠠᠶᠢᠷᠠᠭ ᠲᠤ ᠲᠠᠯᠪᠢᠬᠤ ᠰᠢᠯᠭᠠᠭᠤᠷ ᠪᠠᠶᠢᠳᠠᠭ ᠪᠣᠯ ᠲᠡᠷᠡ ᠨᠢ ᠠᠯᠢ ᠴᠤ ᠴᠠᠭ ᠲᠤ ᠠᠮᠢ ᠬᠠᠯᠠᠭᠤᠨ ᠢᠶᠠᠷ ᠢᠶᠠᠨ ᠬᠠᠭᠤᠴᠢᠷᠠᠰᠢ ᠦᠭᠡᠢ ᠪᠠᠶᠢᠬᠤ ᠮᠥᠨ ᠴᠢᠨᠠᠷ ᠶᠤᠮ᠃ ᠭᠡᠪᠡᠴᠦ ᠲᠡᠳᠡᠭᠡᠷ ᠢ ᠠᠩᠬᠠᠯᠠᠨ ᠰᠤᠳᠤᠯᠵᠤ᠂ ᠲᠠᠨᠢᠨ ᠮᠡᠳᠡᠬᠦᠢ ᠶᠢᠨ ᠬᠦᠷᠢᠶᠡᠨ ᠳᠦ ᠣᠷᠣᠭᠤᠯᠵᠤ ᠢᠷᠡᠬᠦ ᠶᠢᠨ ᠲᠤᠯᠠᠳᠠ ᠶᠠᠭᠠᠬᠢᠬᠤ ᠠᠷᠭ᠎ᠠ ᠦᠭᠡᠢ ᠪᠠᠷᠢᠮ᠎ᠠ ᠲᠠᠯᠪᠢᠮ᠎ᠠ ᠴᠠᠭ ᠬᠤᠭᠤᠴᠠᠭ᠎ᠠ ᠶᠢ ᠪᠠᠷᠢᠮᠵᠢᠶ᠎ᠠ ᠪᠣᠯᠭᠠᠬᠤ ᠠᠴᠠ ᠠᠷᠭ᠎ᠠ ᠦᠭᠡᠢ᠃ ᠡᠨᠡ ᠡᠭᠦᠳᠡᠨ ᠡᠴᠡ ᠨᠢ ᠬᠠᠷᠠᠪᠠᠯ ᠶᠠᠮᠠᠷᠪᠠ ᠢᠷᠠᠭᠤ ᠨᠠᠶᠢᠷᠠᠭᠴᠢ ᠶᠢᠨ ᠤᠷᠠᠨ ᠪᠦᠲᠦᠭᠡᠯ ᠦᠨ ᠵᠠᠮᠨᠠᠯ ᠢ ᠬᠠᠮᠤᠭ ᠤᠨ ᠪᠦᠳᠦᠭᠦᠪᠴᠢᠯᠡᠭᠰᠡᠨ ᠪᠠᠶᠢᠳᠠᠯ ᠢᠶᠠᠷ ᠬᠣᠶᠠᠷ ᠬᠡᠪ ᠲᠥᠷᠬᠥ ᠳ᠋ᠤ ᠬᠤᠪᠢᠶᠠᠵᠤ ᠪᠣᠯᠬᠤ ᠶᠤᠮ᠃ ᠲᠡᠷᠡ ᠨᠢ᠄ ᠨᠢᠭᠡᠳᠦᠭᠡᠷ ᠲᠦ᠂ ᠢᠷᠠᠭᠤ ᠨᠠᠶᠢᠷᠠᠭᠴᠢ ᠥᠪᠡᠷ ᠦᠨ ᠬᠡᠯᠡ᠂ ᠰᠡᠳᠬᠢᠯᠭᠡᠨ ᠦ ᠪᠣᠯᠤᠮᠵᠢ ᠶᠢ ᠲᠤᠷᠰᠢᠨ᠂ ᠡᠮᠦᠨᠡᠬᠢ ᠦᠶ᠎ᠡ ᠶᠢᠨ ᠢᠷᠠᠭᠤ ᠨᠠᠶᠢᠷᠠᠭ ᠤᠨ ᠰᠡᠳᠬᠢᠯᠭᠡᠨ ᠦ ᠥᠪ᠂ ᠣᠨᠣᠯ ᠲᠠᠢ ᠲᠠᠨᠢᠯᠴᠠᠵᠤ᠂ ᠥᠪᠡᠷ ᠦᠨ ᠳᠠᠬᠢᠨ ᠳᠠᠪᠲᠠᠭᠳᠠᠰᠢ ᠦᠭᠡᠢ ᠬᠡᠯᠪᠡᠷᠢ ᠶᠢ ᠤᠯᠬᠤ ᠦᠶ᠎ᠡ ᠪᠤᠶᠤ 《ᠡᠷᠢᠯᠬᠢᠯᠡᠯ ᠦᠨ ᠦᠶ᠎ᠡ》᠂ ᠬᠣᠶᠠᠳᠤᠭᠠᠷ ᠲᠤ᠂ ᠢᠷᠠᠭᠤ ᠨᠠᠶᠢᠷᠠᠭᠴᠢ ᠥᠪᠡᠷ ᠦᠨ ᠰᠡᠷᠡᠯ ᠮᠡᠳᠡᠷᠡᠮᠵᠢ᠂ ᠹᠢᠯᠣᠰᠣᠹᠢ ᠶᠢ ᠥᠪᠡᠷ ᠦᠨ ᠪᠤᠢ ᠪᠣᠯᠭᠠᠭᠰᠠᠨ ᠲᠤᠭᠤᠷᠪᠢᠯ ᠵᠦᠢ ᠶᠢᠨ ᠬᠡᠯᠪᠡᠷᠢ᠂ ᠤᠷᠠᠨ ᠰᠠᠶᠢᠬᠠᠨ ᠤ ᠲᠤᠷᠰᠢᠯᠭ᠎ᠠ ᠳᠤ ᠪᠠᠨ ᠳᠤᠯᠳᠤᠶᠢᠳᠤᠨ ᠢᠯᠡᠷᠬᠡᠶᠢᠯᠡᠵᠦ ᠡᠬᠢᠯᠡᠬᠦ ᠦᠶ᠎ᠡ ᠪᠤᠶᠤ 《ᠢᠯᠡᠷᠬᠡᠶᠢᠯᠡᠯ ᠦᠨ ᠦᠶ᠎ᠡ》᠃ ᠢᠷᠠᠭᠤ ᠨᠠᠶᠢᠷᠠᠭᠴᠢ ᠶᠢᠨ ᠬᠤᠪᠢ ᠳᠤ ᠥᠪᠡᠷ ᠦᠨ ᠡᠷᠢᠯᠬᠢᠯᠡᠯ ᠦᠨ ᠦᠶ᠎ᠡ ᠳ᠋ᠡᠭᠡᠨ ᠬᠢᠷᠢ ᠶᠡᠬᠡ ᠬᠤᠭᠤᠴᠠᠭ᠎ᠠ ᠵᠠᠷᠤᠴᠠᠭᠤᠯᠤᠭᠰᠠᠨ ᠠᠴᠠ ᠲᠡᠭᠦᠨ ᠦ ᠤᠷ᠎ᠠ ᠴᠢᠳᠠᠪᠤᠷᠢ᠂ ᠠᠪᠢᠶᠠᠰ ᠪᠢᠯᠢᠭ᠂ ᠰᠡᠳᠬᠢᠯᠭᠡᠨ ᠦ ᠬᠤᠷᠳᠤ ᠶᠢ ᠬᠠᠷᠠᠵᠤ ᠪᠣᠯᠤᠨ᠎ᠠ᠃ ᠲᠡᠭᠦᠨᠴᠢᠯᠡᠨ ᠢᠯᠡᠷᠬᠡᠶᠢᠯᠡᠯ ᠦᠶ᠎ᠡ ᠳ᠋ᠡᠭᠡᠨ ᠶᠠᠮᠠᠷᠬᠠᠤ ᠪᠠᠶᠠᠯᠢᠭ ᠥᠪ ᠦᠯᠡᠳᠡᠭᠡᠭᠰᠡᠨ ᠡᠴᠡ ᠨᠢ ᠢᠷᠠᠭᠤ ᠨᠠᠶᠢᠷᠠᠭᠴᠢ ᠶᠢᠨ ᠪᠤᠢ ᠪᠣᠯᠭᠠᠭᠰᠠᠨ ᠬᠡᠯᠡ᠂ ᠰᠡᠳᠬᠢᠯᠭᠡᠨ ᠦ ᠴᠠᠷᠠᠭ᠎ᠠ ᠶᠢ ᠬᠠᠷᠠᠵᠤ ᠪᠣᠯᠳᠠᠭ᠃ ᠹᠷᠠᠨᠼᠢ ᠶᠢᠨ ᠰᠢᠮᠪᠣᠯᠢᠰᠲ ᠰᠢᠯᠦᠭᠴᠢ ᠰᠢᠷᠠᠯ ᠪᠣᠳᠣᠯᠧᠷ ᠨᠠᠰᠤᠨ ᠲᠤᠷᠰᠢᠳᠠ ᠪᠠᠨ ᠨᠢᠭᠡ ᠨᠣᠮ ᠳᠡᠭᠡᠷ᠎ᠡ ᠠᠵᠢᠯᠯᠠᠭᠰᠠᠨ᠃ ᠴᠠᠭ ᠦᠶ᠎ᠡ ᠳ᠋ᠡᠭᠡᠨ ᠠᠯᠳᠠᠷᠲᠠᠢ᠂ ᠬᠦᠯᠢᠶᠡᠨ ᠵᠥᠪᠰᠢᠶᠡᠷᠡᠭᠳᠡᠭᠰᠡᠨ ᠤᠷᠠᠨ ᠰᠠᠶᠢᠬᠠᠨ ᠤ ᠰᠢᠭᠦᠮᠵᠢᠯᠡᠭᠴᠢ᠂ ᠡᠰᠰᠡᠴᠢᠨ ᠠᠲᠠᠯ᠎ᠠ ᠪᠠᠨ ᠠᠮᠢᠳᠤᠷᠠᠯ ᠲᠤᠷᠰᠢᠳᠠ ᠪᠠᠨ ᠭᠠᠭᠴᠠᠬᠠᠨ 《ᠡᠮᠭᠡᠭ ᠴᠡᠴᠡᠭᠡᠰ》(Les fleurs du mal) ᠬᠡᠮᠡᠬᠦ ᠨᠣᠮ ᠪᠦᠲᠦᠭᠡᠭᠰᠡᠨ᠃ ᠡᠨᠡ ᠨᠢ ᠲᠡᠭᠦᠨ ᠢ ᠠᠯᠳᠠᠷᠰᠢᠭᠤᠯᠬᠤ ᠳᠤ᠂ ᠢᠯᠠᠩᠭᠤᠶ᠎ᠠ ᠬᠣᠶᠢᠴᠢ ᠶᠢᠨ ᠰᠢᠯᠦᠭᠴᠢᠳ ᠦᠨ ᠵᠣᠬᠢᠶᠠᠯ ᠪᠦᠲᠦᠭᠡᠯ ᠳᠦ ᠨᠥᠯᠥᠭᠡᠯᠡᠬᠦ ᠳᠦ᠂ ᠳᠡᠯᠡᠬᠡᠢ ᠶᠢᠨ ᠬᠠᠮᠤᠭ ᠤᠨ ᠠᠭᠤᠤ ᠨᠠᠶᠢᠷᠠᠭᠴᠢ ᠬᠡᠮᠡᠬᠦ ᠠᠯᠳᠠᠷ ᠢ ᠣᠯᠠᠨ ᠦᠨᠳᠦᠰᠦᠲᠡᠨ ᠦ ᠰᠡᠳᠬᠢᠭᠴᠢᠳ ᠡᠴᠡ ᠬᠦᠷᠲᠡᠬᠦ ᠳᠦ ᠰᠠᠭᠠᠳ ᠪᠣᠯᠤᠭᠰᠠᠨ ᠦᠭᠡᠢ᠃ ᠨᠣᠶᠠᠨ ᠰᠢᠷᠠᠯ ᠪᠣᠳᠣᠯᠧᠷ ᠪᠡᠶ᠎ᠡ ᠶᠢᠨ ᠳᠣᠷᠣᠶᠢᠲᠠᠯ ᠢᠶᠠᠷ ᠪᠡᠶ᠎ᠡ ᠪᠠᠷᠠᠭ᠎ᠠ ᠦᠭᠡᠢ ᠪᠣᠯ ᠠᠬᠢᠭᠠᠳ ᠨᠣᠮ ᠭᠠᠷᠭᠠᠬᠤ ᠯᠠ ᠪᠠᠶᠢᠭᠰᠠᠨ ᠪᠠᠶᠢᠬᠤ ᠯᠠ ᠳ᠋ᠠ᠃ ᠭᠡᠬᠦ ᠳᠦ ᠪᠡᠨ ᠭᠠᠷᠭᠠᠭᠰᠠᠨ ᠭᠠᠭᠴᠠ ᠨᠣᠮ ᠨᠢ ᠤᠷᠠᠨ ᠪᠦᠲᠦᠭᠡᠯ ᠳᠦ ᠪᠡᠨ ᠰᠢᠳᠤᠷᠭᠤ ᠪᠠᠷ ᠬᠠᠨᠳᠤᠬᠤ ᠶᠢᠨ᠂ ᠥᠪᠡᠷ ᠦᠨ 《ᠡᠷᠢᠯᠬᠢᠯᠡᠯ ᠢᠶᠡᠨ ᠬᠦᠨᠳᠦᠳᠭᠡᠬᠦ》 ᠍ ᠶᠢᠨ ᠵᠢᠱᠢᠶ᠎ᠡ ᠭᠠᠷᠴᠠᠭ᠎ᠠ ᠦᠭᠡᠢ ᠮᠥᠨ᠃ ᠥᠷᠥᠨ᠎ᠡ ᠳ᠋ᠠᠬᠢᠨ ᠤ ᠢᠷᠠᠭᠤ ᠨᠠᠶᠢᠷᠠᠭ ᠤᠨ ᠬᠣᠶᠠᠷ ᠶᠡᠬᠡ ᠰᠠᠷᠲᠠᠸᠠᠬᠢ ᠰᠢᠷᠠᠯ ᠪᠣᠳᠣᠯᠧᠷ᠂ ᠤᠤᠯᠲᠠ ᠤᠲ᠋ᠮᠧᠨ ᠨᠠᠷ ᠢᠷᠠᠭᠤ ᠨᠠᠶᠢᠷᠠᠭ ᠤᠨ ᠶᠢᠷᠲᠢᠨᠴᠦ ᠳ᠋ᠤ ᠬᠣᠶᠠᠷ ᠲᠣᠮᠣᠬᠠᠨ ᠰᠢᠨᠡᠴᠢᠯᠡᠯ ᠬᠢᠭᠰᠡᠨ ᠪᠢᠯᠡ᠃ ᠰᠢᠷᠠᠯ ᠪᠣᠳᠣᠯᠧᠷ ᠦᠨ ᠬᠤᠪᠢ ᠳᠤ ᠮᠣᠷᠠᠯ ᠪᠤᠶᠤ ᠬᠦᠮᠦᠯᠢᠭ ᠴᠢᠭ ᠱᠤᠭᠤᠮ᠂ ᠶᠣᠰᠣ ᠰᠤᠷᠲᠠᠬᠤᠨ ᠢ ᠲᠠᠶᠠᠭᠳᠠᠨ ᠬᠠᠶᠠᠵᠤ ᠣᠯᠠᠨ ᠶᠠᠩᠵᠤ ᠪᠠᠷ ᠲᠠᠶᠢᠯᠵᠤ ᠪᠣᠯᠬᠤᠶᠢᠴᠠ᠂ ᠪᠡᠯᠭᠡᠳᠡᠯ᠂ ᠶᠥᠭᠡᠳᠡᠯ᠂ ᠢᠷᠤᠯᠠᠯ ᠪᠦᠬᠦᠢ 《ᠵᠠᠳᠠᠭᠠᠢ ᠵᠦᠢᠷᠯᠡᠯ》 ᠍ ᠲᠡᠢ ᠰᠢᠯᠦᠭ ᠪᠢᠴᠢᠵᠦ ᠪᠠᠶᠢᠪᠠ᠃ ᠤᠤᠯᠲᠠ ᠤᠲ᠋ᠮᠧᠨ ᠦ ᠬᠤᠪᠢ ᠳᠤ ᠴᠤ ᠡᠨᠡ ᠲᠠᠯ᠎ᠠ ᠳᠡᠭᠡᠷ᠎ᠡ ᠪᠣᠳᠣᠯᠧᠷ ᠠᠴᠠ ᠳᠤᠲᠠᠬᠤ ᠵᠦᠢᠯ ᠦᠭᠡᠢ᠃ ᠭᠡᠬᠦ ᠳᠦ ᠪᠡᠨ ᠲᠡᠭᠦᠨ ᠦ ᠬᠠᠮᠤᠭ ᠤᠨ ᠭᠣᠣᠯ ᠣᠨᠴᠠᠯᠢᠭ ᠪᠣᠯ ᠰᠢᠯᠦᠭᠯᠢᠭ ᠵᠦᠢ᠂ ᠬᠡᠯᠡᠨ ᠦ ᠲᠣᠭᠲᠠᠭᠰᠠᠨ ᠲᠠᠭᠠᠯᠠᠯ ᠭᠡᠬᠦ ᠡᠴᠡ ᠪᠡᠨ ᠰᠡᠳᠬᠢᠯ ᠵᠦᠢ ᠶᠢᠨ ᠦᠶᠡᠯᠵᠡᠯ᠂ ᠬᠥᠳᠡᠯᠭᠡᠭᠡᠨ ᠢ ᠳᠠᠭᠠᠭᠰᠠᠨ 《ᠴᠢᠯᠦᠭᠡᠲᠦ ᠰᠢᠯᠦᠭᠯᠡᠯ》 ᠶᠤᠮ᠃ ᠬᠣᠵᠢᠮ ᠡᠨᠡ ᠬᠣᠶᠠᠷ ᠶᠡᠬᠡ ᠨᠠᠶᠢᠷᠠᠭᠴᠢ ᠶᠢᠨ ᠰᠢᠨᠡᠴᠢᠯᠡᠯ ᠮᠣᠳᠧᠷᠨᠢᠰᠮ ᠤᠨ ᠡᠭᠦᠳᠬᠡᠯ ᠪᠣᠯᠤᠭᠰᠠᠨ᠃ 1970-1980 ᠍ ᠊ᠭᠠᠳ ᠣᠨ ᠳᠤ ᠤᠷᠠᠨ ᠵᠣᠬᠢᠶᠠᠯ ᠳᠤ ᠬᠥᠯ ᠲᠠᠯᠪᠢᠭᠰᠠᠨ ᠳ ∙ ᠤᠷᠢᠶᠠᠩᠬᠠᠢ᠂ ᠣ᠊ ∙ ᠳᠠᠰᠢᠪᠠᠯᠪᠠᠷ᠂ ᠪ ∙ ᡀᠠᠭᠸᠠᠰᠦ᠋ᠷᠦᠩ ᠨᠠᠷ ᠴᠤᠬᠤᠮ ᠳᠡᠭᠡᠷᠡᠬᠢ ᠬᠣᠶᠠᠷ ᠰᠠᠷᠲᠠᠸᠠᠬᠢ ᠶᠢᠨ ᠡᠷᠢᠯᠬᠢᠯᠡᠯ ᠢ ᠡᠬᠡ ᠬᠡᠯᠡᠨ ᠳᠦ ᠪᠡᠨ ᠬᠢᠭᠰᠡᠨ ᠶᠤᠮ᠃ ᠳ ᠊ ᠤᠷᠢᠶᠠᠩᠬᠠᠢ᠌ ᠶᠢᠨ ᠡᠷᠢᠯᠬᠢᠯᠡᠯ ᠤᠨ ᠦᠶ᠎ᠡ ᠰᠢᠯᠦᠭ ᠪᠣᠯᠵᠤ ᠪᠤᠢ ᠣᠩᠭᠣᠳ ᠢ ᠲᠣᠣᠷᠯᠠᠭᠳᠠᠵᠤ ᠪᠤᠢ ᠡᠷᠬᠡ ᠴᠢᠯᠦᠭᠡ ᠭᠡᠯᠲᠡᠢ᠃ ᠤᠴᠢᠷ ᠨᠢ ᠠᠬᠤᠢ ᠶᠢ ᠴᠤ᠂ ᠰᠡᠷᠡᠯ ᠢ ᠴᠤ ᠦᠭᠡᠨ ᠳᠦ ᠪᠠᠭᠤᠯᠭᠠᠨ᠎ᠠ ᠭᠡᠳᠡᠭ ᠦᠭᠡ ᠶᠢ ᠲᠣᠣᠷᠯᠠᠵᠤ ᠪᠤᠢ ᠬᠡᠷᠡᠭ᠃ ᠭᠡᠬᠦ ᠳᠦ ᠪᠡᠨ ᠲᠡᠳᠡ ᠲᠣᠣᠷ ᠲᠠᠢ ᠪᠠᠨ ᠴᠤ ᠨᠢᠰᠴᠦ ᠴᠢᠳᠠᠨ᠎ᠠ᠃ ᠳ ∙ ᠤᠷᠢᠶᠠᠩᠬᠠᠢ ᠢᠷᠠᠭᠤ ᠨᠠᠶᠢᠷᠠᠭᠴᠢ ᠳ ∙ ᠤᠷᠢᠶᠠᠩᠬᠠᠢ 1980 ᠣᠨ ᠳᠤ ᠠᠩᠬᠠᠨ ᠤ ᠢᠷᠠᠭᠤ ᠨᠠᠶᠢᠷᠠᠭ ᠤᠨ ᠪᠦᠲᠦᠭᠡᠯ ᠪᠣᠯᠬᠤ 《ᠴᠠᠭ ᠤᠨ ᠬᠥᠯ》 ᠨᠣᠮ ᠢᠶᠠᠨ ᠬᠡᠪᠯᠡᠭᠦᠯᠦᠭᠰᠡᠨ ᠡᠴᠡ ᠬᠣᠶᠢᠰᠢ 10 ᠭᠠᠷᠤᠢ ᠵᠢᠯ ᠦᠨ ᠳᠣᠲᠣᠷ᠎ᠠ 《ᠨᠢᠯᠬ᠎ᠠ ᠬᠥᠯ ᠦᠨ ᠰᠠᠯᠬᠢ》 1982᠂ 《ᠴᠡᠭᠡᠵᠢᠨ ᠦ ᠨᠥᠮᠥᠷᠢ》 1988᠂ 《ᠳᠠᠭᠤ ᠦᠭᠡᠢ ᠨᠣᠮ》 1990᠂ 《ᠨᠠᠰᠤᠨ ᠤ ᠬᠡᠰᠢᠭ》 1991᠂ 《ᠦᠭᠡ ᠶᠢᠨ ᠰᠥ᠋》 1992 ᠭᠡᠰᠡᠨ ᠲᠠᠪᠤᠨ ᠨᠣᠮ ᠬᠡᠪᠯᠡᠭᠦᠯᠦᠭᠰᠡᠨ ᠪᠠᠶᠢᠳᠠᠭ᠃ ᠴᠤᠬᠤᠮ ᠡᠨᠡᠬᠦ ᠲᠠᠪᠤᠨ ᠨᠣᠮ ᠳᠤ ᠳ ∙ ᠤᠷᠢᠶᠠᠩᠬᠠᠢ ᠶᠢᠨ ᠲᠤᠭᠤᠷᠪᠢᠯ ᠵᠦᠢ ᠶᠢᠨ ᠦᠨᠳᠦᠰᠦᠨ ᠥᠩᠭᠡ ᠠᠶᠠᠰ ᠪᠥᠷᠢᠯᠳᠦᠨ ᠲᠣᠭᠲᠠᠭᠰᠠᠨ ᠪᠠᠶᠢᠨ᠎ᠠ᠃ ᠡᠨᠡ ᠦᠶ᠎ᠡ ᠳᠦ ᠢᠷᠠᠭᠤ ᠨᠠᠶᠢᠷᠠᠭᠴᠢ ᠬᠡᠯᠪᠡᠷᠢ ᠠᠭᠤᠯᠭ᠎ᠠ ᠶᠢᠨ ᠥᠷᠭᠡᠨ ᠴᠠᠷᠠᠭ᠎ᠠ ᠲᠠᠢ ᠡᠷᠢᠯᠬᠢᠯᠡᠯ ᠬᠢᠵᠡᠢ᠃ ᠲᠡᠭᠦᠨ ᠦ ᠡᠷᠢᠯᠬᠢᠯᠡᠯ ᠦᠳ ᠡᠴᠡ 1974 ᠣᠨ ᠳᠤ ᠠᠩᠬ᠎ᠠ ᠬᠡᠪᠯᠡᠭᠦᠯᠦᠭᠰᠡᠨ 《ᠪᠢᠳᠡ-ᠳᠣᠲᠣᠭᠠᠳᠤ ᠰᠢᠲᠠᠯᠲᠠ ᠶᠢᠨ ᠬᠥᠳᠡᠯᠭᠡᠭᠦᠷ》 ᠬᠡᠮᠡᠬᠦ ᠨᠠᠶᠢᠷᠠᠭᠯᠠᠯ ᠨᠢ ᠶᠡᠬᠡᠬᠡᠨ ᠠᠯᠳᠠᠷᠲᠠᠢ᠃ ᠡᠨᠡ ᠨᠠᠶᠢᠷᠠᠭᠯᠠᠯ ᠪᠣᠯ ᠳ ∙ ᠤᠷᠢᠶᠠᠩᠬᠠᠢ ᠶᠢᠨ ᠢᠷᠠᠭᠤ ᠨᠠᠶᠢᠷᠠᠭ ᠤᠨ ᠡᠷᠢᠯᠬᠢᠯᠡᠯ ᠦᠨ ᠤᠳᠤᠷᠢᠳᠬᠠᠯ ᠭᠡᠮᠡᠷ ᠣᠯᠠᠨ ᠲᠠᠯᠠᠲᠤ ᠰᠢᠨᠵᠢ ᠲᠡᠢ᠃ ᠲᠡᠳᠡᠭᠡᠷ ᠰᠢᠨᠵᠢ ᠶᠢ ᠳᠠᠷᠠᠭᠠᠯᠠᠭᠤᠯᠪᠠᠯ᠄ ᠨᠢᠭᠡ ᠳᠦ᠂ ᠤᠤᠯᠲᠠ ᠤᠲ᠋ᠮᠧᠨ ᠦ ᠪᠤᠢ ᠪᠣᠯᠭᠠᠭᠰᠠᠨ ᠵᠠᠳᠠᠭᠠᠢ ᠰᠢᠯᠦᠭᠯᠡᠯ ᠦᠨ ᠠᠷᠭ᠎ᠠ ᠶᠢ ᠵᠣᠷᠢᠭᠲᠠᠢ ᠲᠤᠷᠰᠢᠭᠰᠠᠨ᠃ ᠬᠣᠶᠠᠷ ᠲᠤ᠂ ᠲᠤᠬᠠᠢ ᠶᠢᠨ ᠦᠶ᠎ᠡ ᠳᠦ ᠬᠦᠴᠦᠲᠡᠢ ᠪᠠᠶᠢᠭᠰᠠᠨ ᠦᠵᠡᠯ ᠰᠤᠷᠲᠠᠯ ᠤᠨ ᠥᠩᠭᠡ ᠠᠶᠠᠰ ᠢ ᠴᠢᠯᠦᠭᠡᠲᠦ ᠵᠦᠢᠷᠯᠡᠯ᠂ ᠡᠷᠭᠢᠴᠡᠭᠦᠯᠦᠯ ᠢᠶᠡᠷ ᠪᠠᠶᠠᠵᠢᠭᠤᠯᠤᠭᠰᠠᠨ ᠨᠡᠶᠢᠲᠡᠯᠡᠯ ᠦᠨ ᠥᠩᠭᠡ ᠠᠶᠠᠰ ᠲᠠᠢ ᠰᠢᠯᠦᠭ ᠦᠳ ᠪᠢᠴᠢᠭᠰᠡᠨ᠃ ᠵᠠᠷᠢᠮ ᠵᠣᠬᠢᠶᠠᠯᠴᠢᠳ ᠤᠨ ᠦᠵᠡᠯ ᠰᠤᠷᠲᠠᠯ ᠤᠨ ᠰᠢᠨᠵᠢ ᠲᠡᠢ ᠰᠢᠯᠦᠭ ᠦᠳ ᠴᠠᠭᠠᠨ ᠰᠢᠯᠦᠭᠯᠢᠭ᠂ ᠬᠣᠭᠣᠰᠣᠨ ᠮᠠᠭᠲᠠᠭᠤ ᠰᠢᠨᠵᠢ ᠲᠡᠢ ᠪᠠᠶᠢᠳᠠᠭ ᠪᠣᠯ ᠳ ∙ ᠤᠷᠢᠶᠠᠩᠬᠠᠢ ᠶᠢᠨ ᠡᠨᠡ ᠰᠢᠯᠦᠭ ᠦᠳ ᠨᠢ ᠠᠮᠢᠳᠤᠷᠠᠵᠤ ᠪᠤᠢ ᠨᠡᠶᠢᠭᠡᠮ᠂ ᠨᠡᠶᠢᠭᠡᠮ ᠢᠶᠡᠷ ᠢᠶᠡᠨ ᠵᠣᠷᠢᠵᠤ ᠪᠤᠢ ᠦᠵᠡᠯ ᠰᠠᠨᠠᠭ᠎ᠠ ᠶᠢ ᠲᠠᠨᠢᠬᠤ ᠶᠢ ᠣᠷᠣᠯᠳᠤᠭᠰᠠᠨ ᠰᠡᠬᠡᠭᠡᠯᠢᠭ᠂ ᠣᠶᠤᠨᠯᠢᠭ ᠥᠭᠦᠯᠡᠮᠵᠢ ᠪᠡᠷ ᠢᠶᠡᠨ ᠢᠯᠭᠠᠷᠠᠳᠠᠭ᠃ ᠭᠤᠷᠪᠠ ᠳᠤ᠂ ᠢᠷᠠᠭᠤ ᠨᠠᠶᠢᠷᠠᠭᠴᠢ ᠶᠢᠨ ᠹᠢᠯᠣᠰᠣᠹᠢ᠂ ᠳᠣᠲᠣᠭᠠᠳᠤ ᠬᠦᠦᠷᠨᠢᠯ ᠦᠨ ᠥᠩᠭᠡ ᠠᠶᠠᠰ ᠡᠨᠡ ᠪᠦᠲᠦᠭᠡᠯ ᠳᠦ ᠣᠯᠠᠨ ᠲᠠᠯ᠎ᠠ ᠪᠠᠷ ᠠᠩᠬᠠᠯᠠᠨ ᠲᠤᠰᠣᠭᠰᠠᠨ᠃ ᠶᠡᠷᠦ ᠨᠢ 《ᠴᠠᠭ ᠤᠨ ᠬᠥᠯ》 ᠨᠣᠮ ᠳᠡᠭᠡᠷᠡᠬᠢ ᠭᠤᠷᠪᠠᠨ ᠴᠢᠭᠯᠡᠯ ᠢᠶᠡᠷ ᠡᠷᠢᠯ ᠬᠢᠭᠰᠡᠨ ᠰᠢᠯᠦᠭ ᠦᠳ ᠡᠴᠡ ᠪᠦᠲᠦᠳᠡᠭ᠃ ᠡᠯ᠎ᠡ ᠠᠯᠳᠠᠷᠲᠤ ᠨᠠᠶᠢᠷᠠᠭᠯᠠᠯ ᠤᠨ ᠨᠢᠭᠡ ᠬᠡᠰᠡᠭ ᠡᠴᠡ ᠤᠩᠰᠢᠭᠠᠳ ᠦᠵᠡᠶ᠎ᠡ..᠃ ᠬᠠᠶᠢᠷ᠎ᠠ ᠪᠣᠯ ᠬᠥᠳᠡᠯᠮᠦᠷᠢ ᠪᠢᠳᠡ ᠬᠣᠲᠠ ᠬᠥᠳᠡᠭᠡ ᠶᠢᠨ ᠬᠦᠮᠦᠰ ᠪᠢᠳᠡ ᠬᠣᠲᠠ ᠬᠥᠳᠡᠭᠡ ᠶᠢᠨ ᠬᠦᠮᠦᠰ ᠪᠢᠳᠡ ᠬᠥᠳᠡᠭᠡ ᠶᠢ ᠲᠡᠭᠡᠭᠡᠵᠦ ᠬᠣᠲᠠ ᠳ᠋ᠤ ᠠᠪᠴᠤ ᠢᠷᠡᠨᠡᠮ᠃ ᠬᠣᠲᠠ ᠶᠢ ᠲᠡᠭᠡᠭᠡᠵᠦ ᠬᠥᠳᠡᠭᠡ ᠳᠦ ᠠᠪᠠᠴᠢᠨᠠᠮ᠃ ᠬᠥᠯ ᠲᠠᠯᠪᠢᠬᠤ ᠳᠤ ᠯᠠ ᠰᠡᠳᠬᠢᠯ ᠴᠡᠯᠦᠰᠬᠢᠬᠦ ᠬᠥᠳᠡᠭᠡ ᠲᠠᠯ᠎ᠠ᠂ ᠨᠤᠭᠤ ᠬᠥᠨᠳᠡᠶ ᠳ᠋ᠤ ᠭᠡᠷ ᠲᠡᠢ ᠴᠤ᠂ ᠬᠥᠪᠴᠢ ᠳ᠋ᠤ ᠤᠷᠤᠮᠳᠠᠬᠤ ᠪᠤᠭᠤ ᠶᠢᠨ ᠳᠠᠭᠤᠨ ᠳᠤ ᠬᠠᠶᠢᠷᠠᠲᠠᠢ ᠴᠤ ᠠᠭᠤᠷ ᠴᠠᠬᠢᠯᠭᠠᠨ᠂ ᠭᠦᠦᠷ ᠳᠠᠯᠠᠩ᠂ ᠠᠭᠤᠷᠬᠠᠢ᠂ ᠪᠠᠷᠢᠯᠭ᠎ᠠ ᠶᠢᠨ ᠨᠦᠷᠭᠢᠭᠡᠨ ᠰᠡᠳᠬᠢᠯ ᠳᠦ ᠪᠢᠴᠢᠭᠡᠰᠦᠲᠡᠢ︕ ᠠᠲ᠋ᠣᠮ ᠤᠨ ᠴᠥᠮ᠎ᠡ᠂ ᠨᠠᠷᠠᠨ ᠤ ᠡᠨᠧᠷᠭᠢ ᠠᠯᠢ ᠠᠯᠢ ᠨᠢ ᠪᠣᠳᠣᠯ ᠳᠤ ᠪᠠᠭᠳᠠᠭᠠᠰᠤᠲᠠᠢ︕ ᠁ ᠥᠷᠯᠥᠭᠡ ᠭᠠᠷᠤᠭᠠᠳ ᠬᠠᠮᠢᠭᠠᠰᠢ ᠪᠠᠨ ᠴᠤ ᠬᠠᠷᠠᠭᠰᠠᠨ ᠥᠨᠳᠥᠷ ᠪᠠᠷᠢᠯᠭ᠎ᠠ ᠶᠢᠨ ᠴᠣᠩᠬᠣᠨ ᠳᠤ ᠨᠠᠷᠠ ᠠᠰᠠᠨ ᠥᠰᠴᠦ ᠲᠦᠷᠦᠭᠰᠡᠨ ᠢᠰᠡᠭᠡᠢ ᠭᠡᠷ ᠡᠴᠡ ᠮᠢᠨᠢ ᠥᠪᠡᠷ ᠦᠨ ᠡᠷᠬᠡ ᠦᠭᠡᠢ ᠪᠣᠳᠣᠯ ᠤᠷᠪᠠᠭᠤᠯᠤᠨᠠᠮ᠃ ᠲᠣᠯᠣᠭᠠᠳ ᠤᠨ ᠰᠢᠯᠢ ᠪᠡᠷ ᠴᠤᠬᠤᠶᠢᠬᠤ ᠲᠡᠮᠡᠭᠡᠳ ᠰᠢᠭ ᠲᠣᠷᠣᠮ᠂ ᠲᠠᠶᠢᠯᠤᠭ ᠰᠤᠷᠭᠠᠬᠤ ᠡᠷᠳᠡᠮ ᠢ ᠮᠢᠨᠢ ᠴᠢᠮᠠᠯᠠᠭᠤᠯᠤᠨᠠᠮ ᠁ ᠮᠡᠳᠡᠭᠡᠵᠢ ᠬᠡᠷᠡᠭ ᠥᠨᠥᠳᠥᠷ ᠦᠨ ᠣᠯᠠᠨ ᠤ ᠲᠠᠨᠢᠯ ᠳ ∙ ᠤᠷᠢᠶᠠᠩᠬᠠᠢ ᠠᠴᠠ ᠬᠡᠯᠡ ᠵᠦᠢ᠂ ᠤᠷ᠎ᠠ ᠶᠢᠨ ᠬᠤᠪᠢ ᠳᠤ ᠳᠤᠲᠠᠮᠠᠭ ᠪᠠᠶᠢᠭᠰᠠᠨ ᠨᠢ ᠣᠶᠢᠯᠠᠭᠠᠮᠵᠢᠲᠠᠢ᠃ ᠭᠡᠬᠦ ᠳᠦ ᠪᠡᠨ ᠲᠤᠬᠠᠢ ᠶᠢᠨ ᠦᠶ᠎ᠡ ᠳ᠋ᠡᠭᠡᠨ ᠱᠤᠤᠭᠢᠶᠠᠨ ᠲᠠᠷᠢᠵᠤ᠂ ᠣᠶᠤᠨᠯᠢᠭ ᠬᠦᠷᠢᠶᠡᠨ ᠳ᠋ᠡᠬᠢ ᠥᠷᠭᠡᠨ ᠬᠡᠯᠡᠯᠴᠡᠭᠦᠯᠭᠡ ᠶᠢᠨ ᠰᠡᠳᠦᠪ ᠪᠣᠯᠵᠤ ᠴᠢᠳᠠᠬᠤᠶᠢᠴᠠ ᠡᠷᠢᠯᠬᠢᠯᠡᠯ ᠪᠠᠶᠢᠵᠤ ᠳ᠋ᠡ᠃ ᠮᠣᠩᠭᠤᠯ ᠤᠯᠤᠰ ᠤᠨ ᠪᠠᠭᠰᠢ ᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠼ ∙ ᠮᠠᠭᠰᠠᠷ ᠤᠨ 《 ᠬᠣᠷᠢᠳᠤᠭᠠᠷ ᠵᠠᠭᠤᠨ ᠤ ᠮᠣᠩᠭᠣᠯ ᠤᠨ ᠤᠳᠬ᠎ᠠ ᠵᠣᠬᠢᠶᠠᠯ ᠤᠨ ᠰᠢᠭᠦᠮᠵᠢᠯᠡᠯ》 ᠨᠢᠭᠡ ᠰᠡᠳᠦᠪᠲᠦ ᠪᠦᠲᠦᠭᠡᠯ ᠮᠠᠨ ᠤ ᠤᠳᠬ᠎ᠠ ᠵᠣᠬᠢᠶᠠᠯ ᠤᠨ ᠣᠨᠣᠯ ᠤᠨ ᠰᠡᠳᠬᠢᠯᠭᠡᠨ ᠳᠦ ᠴᠢᠬᠤᠯᠠ ᠪᠠᠶᠢᠷᠢ ᠰᠠᠭᠤᠷᠢ ᠡᠵᠡᠯᠡᠬᠦ ᠤᠴᠢᠷᠲᠠᠢ ᠪᠦᠲᠦᠭᠡᠯ᠃ ᠡᠯ᠎ᠡ ᠨᠣᠮ ᠳᠤ ᠳ ∙ ᠤᠷᠢᠶᠠᠩᠬᠠᠢ ᠶᠢᠨ 《ᠪᠢᠳᠡ-ᠳᠣᠲᠣᠭᠠᠳᠤ ᠰᠢᠲᠠᠯᠲᠠ ᠶᠢᠨ ᠬᠥᠳᠡᠯᠭᠡᠭᠦᠷ》 ᠨᠠᠶᠢᠷᠠᠭᠯᠠᠯ ᠢ ᠲᠣᠭᠣᠷᠢᠭᠰᠠᠨ ᠮᠠᠷᠭᠤᠭᠠᠨ ᠬᠡᠷᠬᠢᠨ ᠥᠷᠨᠢᠵᠦ ᠪᠠᠶᠢᠭᠰᠠᠨ ᠢ ᠲᠣᠶᠢᠮᠣᠯᠠᠭᠰᠠᠨ ᠨᠢ ᠪᠤᠢ᠄ 《ᠡᠨᠡ ᠮᠠᠷᠭᠤᠭᠠᠨ 70 ᠍ ᠊ᠭᠠᠳ ᠣᠨ ᠳᠤ ᠮᠣᠩᠭᠣᠯ ᠢᠷᠠᠭᠤ ᠨᠠᠶᠢᠷᠠᠭ ᠲᠤ ᠢᠯᠡᠷᠡᠭᠰᠡᠨ ᠭᠦᠨ ᠤᠬᠠᠭᠠᠨᠴᠢ ᠰᠡᠳᠬᠢᠯᠭᠡᠨ ᠦ ᠲᠤᠰᠬᠠᠯ ᠪᠣᠯᠤᠭᠰᠠᠨ ᠤ ᠬᠢ ᠪᠠᠨ ᠬᠤᠪᠢ ᠳᠤ ᠴᠢᠨᠠᠭᠰᠢᠳᠠ ᠪᠣᠳᠣᠯ ᠪᠢᠰᠢᠯᠭᠠᠯ ᠤᠨ ᠤᠶᠠᠩᠭ᠎ᠠ ᠬᠥᠭᠵᠢᠬᠦ᠂ ᠢᠷᠠᠭᠤ ᠨᠠᠶᠢᠷᠠᠭ ᠤᠨ ᠤᠷᠠᠨ ᠴᠢᠳᠠᠪᠤᠷᠢ᠂ ᠰᠡᠳᠬᠢᠯᠭᠡᠨ ᠦ ᠲᠦᠪᠰᠢᠨ ᠳᠡᠭᠡᠭᠰᠢᠯᠡᠬᠦ ᠳᠦ ᠠᠴᠢ ᠬᠣᠯᠪᠣᠭᠳᠠᠯ ᠲᠠᠢ ᠪᠠᠶᠢᠭᠰᠠᠨ ᠁》 ᠤᠭ ᠨᠣᠮ ᠠᠴᠠ ᠮᠠᠷᠭᠤᠭᠠᠨ ᠤ ᠳᠦᠷᠢ ᠵᠢᠷᠤᠭ ᠤᠨ ᠲᠠᠯ᠎ᠠ ᠪᠠᠷ ᠲᠥᠰᠥᠭᠡᠯᠡᠯ ᠥᠭᠬᠦ ᠵᠠᠷᠢᠮ ᠨᠢᠭᠡ ᠵᠢᠱᠢᠶ᠎ᠡ ᠶᠢ ᠰᠡᠶᠢᠷᠡᠭᠦᠯᠪᠡᠯ᠄ ᠰᠤᠳᠤᠯᠤᠭᠠᠴᠢ ᠪ ∙ ᠭᠠᠩᠪᠠᠲᠤ ᠶᠢᠨ ᠳ᠋ᠦᠩᠨᠡᠭᠰᠡᠨ ᠨᠢ᠂ ᠲᠧᠭᠨᠢᠭ ᠪᠣᠯ ᠲᠧᠭᠨᠢᠭ ᠯᠠ ᠪᠣᠯᠬᠤ ᠠᠴᠠ ᠪᠢᠰᠢ ᠤᠷᠠᠯᠢᠭ ᠪᠢᠰᠢ᠂ ᠲᠧᠭᠨᠢᠭ ᠦᠨ ᠳᠡᠪᠰᠢᠯ ᠶᠡᠬᠡᠬᠡᠨ ᠭᠠᠶᠢᠬᠠᠮᠰᠢᠭᠲᠠᠢ ᠪᠠᠶᠢᠯ᠎ᠠ ᠴᠤ ᠤᠷᠠᠨ ᠵᠣᠬᠢᠶᠠᠯ ᠳᠤ ᠲᠤᠰᠬᠤ ᠠᠴᠠ ᠪᠤᠰᠤ ᠲᠡᠭᠦᠨ ᠢ ᠥᠪᠡᠷᠲᠡᠭᠡᠨ ᠳᠦᠢᠴᠡᠭᠦᠯᠦᠨ ᠬᠤᠪᠢᠷᠠᠭᠠᠨ ᠥᠭᠡᠷᠡᠴᠢᠯᠡᠬᠦ ᠶᠣᠰᠣ ᠦᠭᠡᠢ᠃ ᠰᠤᠳᠤᠯᠤᠭᠠᠴᠢ ᠳ ∙ ᠼᠧᠳᠡᠪ ᠦᠨ ᠳ᠋ᠦᠩᠨᠡᠭᠰᠡᠨ ᠨᠢ᠂ ᠤᠷᠢᠶᠠᠩᠬᠠᠢ ᠶᠢᠨ ᠨᠠᠶᠢᠷᠠᠭᠯᠠᠯ ᠵᠣᠬᠢᠶᠠᠮᠵᠢ ᠶᠢᠨ ᠬᠤᠪᠢ ᠳᠤ ᠳᠢᠭ ᠵᠢᠷᠤᠮ ᠦᠭᠡᠢ᠂ ᠲᠥᠪᠯᠡᠷᠡᠭᠰᠡᠨ ᠰᠠᠨᠠᠭ᠎ᠠ ᠦᠭᠡᠢ᠂ ᠠᠬᠤᠢ ᠬᠡᠮᠡᠬᠦ ᠳᠠᠯᠠᠢ ᠶᠢᠨ ᠳᠤᠮᠳᠠ ᠬᠠᠶᠠᠭᠳᠠᠭᠰᠠᠨ ᠤᠶᠠᠩᠭ᠎ᠠ ᠶᠢᠨ ᠭᠠᠭᠴᠠ ᠪᠠᠭᠠᠲᠤᠷ ︿ᠪᠢ﹀ ᠶᠤᠮ ᠁》 ᠭᠡᠬᠦ ᠮᠡᠲᠦ ᠦᠨᠡᠯᠡᠭᠡ ᠥᠭᠴᠦ ᠪᠠᠶᠢᠵᠠᠢ᠃ ᠬᠠᠷᠢᠨ ᠰᠤᠳᠤᠯᠤᠭᠠᠴᠢ ᠬ ∙ ᠰᠠᠮᠫᠢᠯᠳᠡᠩᠳᠡᠪ᠂ 《ᠭᠦᠨ ᠤᠬᠠᠭᠠᠨ ᠤ ᠠᠶᠠᠰ ᠲᠠᠢ ᠪᠢᠴᠢᠵᠦ ᠪᠤᠢ ᠢᠷᠠᠭᠤ ᠨᠠᠶᠢᠷᠠᠭ ᠤᠨ ᠥᠨᠥ ᠦᠶ᠎ᠡ ᠶᠢᠨ ᠬᠠᠨᠳᠤᠯᠭ᠎ᠠ ᠶᠢ ᠳ ∙ ᠤᠷᠢᠶᠠᠩᠬᠠᠢ ᠶᠢᠨ ᠬᠢᠭᠰᠡᠨ ᠡᠷᠢᠯ ᠡᠴᠡ ᠠᠩᠭᠢᠳᠠ ᠰᠡᠳᠬᠢᠬᠦ ᠶᠢᠨ ᠦᠨᠳᠦᠰᠦ ᠦᠭᠡᠢ᠃ ᠳ ∙ ᠤᠷᠢᠶᠠᠩᠬᠠᠢ ᠪᠣᠯ 1970 ᠬᠡᠳᠦᠨ ᠣᠨ ᠳᠤ ᠵᠠᠯᠠᠭᠤ ᠵᠣᠬᠢᠶᠠᠯᠴᠢᠳ ᠠᠴᠠ ᠡᠩ ᠲᠦᠷᠦᠭᠦᠨ ᠳᠦ ᠢᠷᠠᠭᠤ ᠨᠠᠶᠢᠷᠠᠭ ᠤᠨ ᠰᠡᠳᠬᠢᠯᠭᠡ ᠶᠢ ᠭᠦᠨᠵᠡᠭᠡᠶᠢᠷᠡᠭᠦᠯᠬᠦ᠂ ᠱᠠᠭᠠᠷᠳᠠᠯᠭ᠎ᠠ ᠶᠢ ᠮᠡᠳᠡᠷᠡᠭᠰᠡᠨ ᠰᠢᠯᠦᠭᠴᠢᠳ ᠦᠨ ᠨᠢᠭᠡ ᠶᠤᠮ᠎᠃ 《ᠪᠢᠳᠡ-ᠳᠣᠲᠣᠭᠠᠳᠤ ᠰᠢᠲᠠᠯᠲᠠ ᠶᠢᠨ ᠬᠥᠳᠡᠯᠭᠡᠭᠦᠷ》 ᠨᠠᠶᠢᠷᠠᠭᠯᠠᠯ ᠳᠤ ᠪᠠᠨ ᠭᠠᠳᠠᠨ᠎ᠠ ᠠᠴᠠ ᠥᠩᠭᠡᠴᠡ ᠲᠣᠭᠠᠴᠢᠬᠤ ᠬᠠᠭᠤᠴᠢᠨ ᠪᠠᠷᠢᠯ ᠠᠴᠠ ᠵᠠᠶᠢᠯᠠᠰᠬᠢᠨ ᠭᠦᠨ ᠰᠡᠳᠬᠢᠮᠵᠢ ᠲᠡᠢ ᠪᠢᠴᠢᠬᠦ ᠣᠷᠣᠯᠳᠤᠯᠭ᠎ᠠ ᠬᠢᠭᠰᠡᠨ ᠪᠢᠯᠡ》 ᠬᠡᠮᠡᠨ 16 ᠵᠢᠯ ᠦᠨ ᠳᠠᠷᠠᠭ᠎ᠠ ᠳ᠋ᠦᠩᠨᠡᠵᠦ ᠪᠠᠶᠢᠵᠠᠢ᠃ ᠬᠡᠳᠦᠢ ᠦᠵᠡᠯ ᠰᠤᠷᠲᠠᠯᠵᠢᠭᠰᠠᠨ ᠬᠠᠨᠳᠤᠯᠭ᠎ᠠ ᠲᠠᠢ᠂ ᠵᠠᠷᠢᠮ ᠰᠤᠳᠤᠯᠤᠭᠠᠴᠢᠳ ᠥᠨᠥᠳᠥᠷ ᠦᠨ ᠯᠠ ᠠᠳᠠᠯᠢ ᠤᠷᠠᠨ ᠪᠦᠲᠦᠭᠡᠯᠴᠢ ᠡᠴᠡ ᠪᠡᠨ ᠰᠡᠳᠬᠢᠯᠭᠡᠨ ᠦ ᠬᠤᠪᠢ ᠳᠤ ᠬᠣᠴᠣᠷᠤᠭᠳᠠᠭᠰᠠᠨ ᠨᠢ ᠠᠩᠵᠠᠭᠠᠷᠠᠭᠳᠠᠬᠤ ᠴᠤ ᠵᠠᠯᠠᠭᠤ ᠤᠷᠠᠨ ᠪᠦᠲᠦᠭᠡᠯᠴᠢ ᠶᠢᠨ ᠰᠢᠨ᠎ᠡ ᠪᠦᠲᠦᠭᠡᠯ ᠦᠨ ᠲᠠᠯ᠎ᠠ ᠪᠠᠷ ᠥᠷᠭᠡᠨ ᠬᠦᠷᠢᠶᠡᠨ ᠳᠦ ᠵᠠᠳᠠᠯᠤᠨ ᠰᠢᠨᠵᠢᠯᠡᠵᠦ ᠶᠠᠷᠢᠯᠴᠠᠵᠤ ᠴᠢᠳᠠᠳᠠᠭ ᠴᠤ ᠴᠠᠭ ᠪᠠᠶᠢᠵᠠᠢ᠃ ᠴᠢᠳᠠᠳᠠᠭ ᠴᠤ ᠰᠤᠳᠤᠯᠤᠭᠠᠴᠢᠳ ᠪᠠᠶᠢᠵᠠᠢ᠃ ᠬᠠᠷᠢᠨ ᠳᠠᠷᠠᠭ᠎ᠠ ᠶᠢᠨ ᠨᠣᠮ ᠪᠣᠯᠬᠤ 1982 ᠣᠨ ᠳᠤ ᠬᠡᠪᠯᠡᠭᠳᠡᠭᠰᠡᠨ 《ᠨᠢᠯᠬ᠎ᠠ ᠬᠥᠯ ᠦᠨ ᠰᠠᠯᠬᠢ》 ᠨᠣᠮ ᠳᠤ ᠪᠠᠨ ᠢᠷᠠᠭᠤ ᠨᠠᠶᠢᠷᠠᠭᠴᠢ ᠡᠷᠢᠯ ᠬᠠᠶᠢᠭᠤᠯ ᠤᠨ ᠥᠨᠴᠥᠭ ᠢᠶᠡᠨ ᠳᠣᠷᠣᠨ᠎ᠠ ᠤᠷᠤᠭᠤ ᠬᠠᠨᠳᠤᠭᠤᠯᠤᠭᠰᠠᠨ ᠨᠢ ᠬᠠᠷᠠᠭᠳᠠᠳᠠᠭ᠃ ᠢᠯᠠᠩᠭᠤᠶ᠎ᠠ ᠡᠨᠡ ᠨᠣᠮ ᠤᠨ ᠥᠪᠡᠷᠮᠢᠴᠡ ᠵᠦᠢᠷᠯᠡᠯ ᠦᠳ ᠡᠴᠡ ᠪᠦᠲᠦᠳᠡᠭ ᠪᠣᠭᠣᠨᠢ ᠰᠢᠯᠦᠭ᠂ ᠬᠠᠶᠢᠺᠦ᠋᠂ ᠰᠤᠳᠤᠯᠪᠤᠷᠢ ᠰᠢᠨᠵᠢ ᠲᠡᠢ ᠴᠥᠭᠡᠪᠲᠦᠷ ᠰᠢᠯᠦᠭ ᠨᠢ ᠮᠣᠩᠭᠣᠯ ᠤᠨ ᠢᠷᠠᠭᠤ ᠨᠠᠶᠢᠷᠠᠭ ᠲᠤ ᠲᠤᠬᠠᠢ ᠶᠢᠨ ᠦᠶ᠎ᠡ ᠳ᠋ᠡᠭᠡᠨ ᠰᠢᠨᠡᠯᠢᠭ ᠦᠵᠡᠭᠳᠡᠯ ᠪᠠᠶᠢᠭᠰᠠᠨ᠃ ᠮᠥᠨ ᠨᠣᠮ ᠤᠨ ᠲᠡᠭᠦᠰᠬᠡᠯ ᠳ᠋ᠡᠬᠢ 《ᠨᠢᠯᠬ᠎ᠠ ᠬᠥᠯ ᠦᠨ ᠰᠠᠯᠬᠢ》 ᠬᠡᠮᠡᠬᠦ ᠰᠢᠯᠦᠭ᠂ ᠦᠭᠦᠯᠡᠭᠰᠡᠨ ᠰᠢᠯᠦᠭ ᠡᠴᠡ ᠪᠦᠲᠦᠬᠦ ᠨᠢᠭᠡ ᠬᠡᠰᠡᠭ ᠨᠢ ᠳ ∙ ᠤᠷᠢᠶᠠᠩᠬᠠᠢ ᠶᠢᠨ ᠢᠷᠠᠭᠤ ᠨᠠᠶᠢᠷᠠᠭ ᠤᠨ ᠬᠣᠵᠢᠮ ᠤᠨ ᠨᠢᠭᠡᠨ ᠥᠪᠡᠷᠮᠢᠴᠡ ᠥᠩᠭᠡ ᠠᠶᠠᠰ ᠪᠣᠯᠬᠤ 《poem prose》 ᠪᠤᠶᠤ ᠦᠭᠦᠯᠡᠭᠰᠡᠨ ᠰᠢᠯᠦᠭ ᠦᠨ ᠠᠩᠬᠠᠳᠠᠭᠴᠢ 《ᠲᠤᠷᠰᠢᠴᠠ》 ᠪᠠᠶᠢᠪᠠ᠃ ᠡᠭᠦᠨ ᠡᠴᠡ ᠬᠣᠶᠢᠰᠢ ᠨᠡᠶᠢᠭᠡᠮ ᠤᠨ ᠶᠡᠬᠡ ᠥᠭᠡᠷᠡᠴᠢᠯᠡᠯᠲᠡ ᠲᠡᠢ ᠤᠷᠤᠯᠳᠤᠨ ᠭᠠᠷᠭᠠᠭᠰᠠᠨ 《ᠴᠡᠭᠡᠵᠢᠨ ᠦ ᠨᠥᠮᠥᠷᠢ》᠂ 《ᠳᠠᠭᠤ ᠦᠭᠡᠢ ᠨᠣᠮ》᠂ 《ᠨᠠᠰᠤᠨ ᠤ ᠬᠡᠰᠢᠭ》 ᠬᠡᠮᠡᠬᠦ ᠭᠤᠷᠪᠠᠨ ᠨᠣᠮ ᠳᠤ ᠳ ∙ ᠤᠷᠢᠶᠠᠩᠬᠠᠢ ᠢᠷᠠᠭᠤ ᠨᠠᠶᠢᠷᠠᠭᠴᠢ ᠶᠢᠨ ᠬᠤᠪᠢ ᠳᠤ ᠵᠢᠩᠬᠢᠨᠢ ᠲᠡᠰᠦᠷᠡᠯᠲᠡ ᠬᠢᠭᠰᠡᠨ᠃ 《ᠴᠡᠭᠡᠵᠢᠨ ᠦ ᠨᠥᠮᠥᠷᠢ》 ᠨᠣᠮ ᠤᠨ ᠬᠤᠪᠢ ᠳᠤ ᠨᠠᠶᠠᠭᠠᠳ ᠣᠨ ᠤ ᠡᠬᠢᠨ ᠦᠶ᠎ᠡ ᠳᠦ ᠪᠢᠴᠢᠭᠰᠡᠨ᠂ ᠳᠤᠮᠳᠠ ᠦᠶ᠎ᠡ ᠳᠦ ᠵᠠᠰᠠᠭᠰᠠᠨ᠂ ᠡᠮᠦᠨᠡᠬᠢ ᠬᠣᠶᠠᠷ ᠨᠣᠮ ᠳᠤ ᠪᠠᠭᠳᠠᠭ᠎ᠠ ᠦᠭᠡᠢ ᠰᠢᠯᠦᠭ ᠦᠳ ᠡᠴᠡ ᠭᠣᠣᠯᠴᠢᠯᠠᠨ ᠪᠥᠷᠢᠳᠦᠨ᠎ᠡ᠃ ᠡᠨᠡ ᠨᠣᠮ ᠳᠤ ᠢᠷᠠᠭᠤ ᠨᠠᠶᠢᠷᠠᠭᠴᠢ ᠰᠤᠳᠤᠯᠤᠭᠠᠴᠢᠳ ᠤᠨ ᠵᠦᠭ ᠡᠴᠡ ᠳ ∙ ᠤᠷᠢᠶᠠᠩᠬᠠᠢ ᠶᠢ ᠥᠯᠡᠨ ᠭᠣᠣᠴᠢᠯᠠᠳᠠᠭ ᠪᠠᠶᠢᠭᠰᠠᠨ 《ᠡᠬᠡ ᠮᠣᠩᠭᠣᠯ ᠬᠡᠯᠡ ᠪᠡᠷ ᠢᠶᠡᠨ ᠰᠡᠳᠬᠢᠨ ᠤᠷᠠᠯᠠᠬᠤ ᠴᠢᠳᠠᠪᠤᠷᠢ ᠬᠣᠮᠰᠠᠳᠤᠭᠰᠠᠨ ᠠᠴᠠ ᠤᠳᠬ᠎ᠠ ᠰᠠᠨᠠᠭ᠎ᠠ ᠳᠤᠲᠠᠭ᠎ᠠ ᠦᠭᠡᠢ ᠴᠤ ᠤᠷᠠᠯᠠᠯ᠂ ᠤᠶᠠᠩᠭ᠎ᠠ ᠳᠤᠲᠠᠬᠤ᠂ ᠡᠭᠦᠨ ᠡᠴᠡ ᠪᠣᠯᠤᠭᠠᠳ ᠵᠠᠷᠢᠮ ᠰᠢᠯᠦᠭ ᠨᠢ ᠬᠠᠳᠠᠮᠠᠯ ᠣᠷᠴᠢᠭᠤᠯᠭ᠎ᠠ ᠰᠢᠭ ᠪᠣᠯᠬᠤ᠂ ᠡᠰᠡᠪᠡᠯ ᠬᠡᠲᠦ ᠤᠬᠠᠭᠠᠨ ᠲᠠᠢ ᠬᠡᠯᠡᠬᠦ ᠭᠡᠳ ᠣᠶᠢᠯᠠᠭᠠᠮᠵᠢ ᠦᠭᠡᠢ ᠡᠭᠡᠳᠡᠷᠡᠭᠡ ᠲᠡᠢ ᠵᠦᠢᠯ ᠪᠢᠴᠢᠬᠦ ᠵᠡᠷᠭᠡ ᠳᠣᠭᠣᠯᠳᠠᠯ》 ᠍ ᠠᠴᠠ ᠨᠢᠭᠡᠨᠲᠡ ᠠᠩᠭᠢᠷᠠᠭᠰᠠᠨ ᠨᠢ ᠬᠠᠷᠠᠭᠳᠠᠳᠠᠭ᠃ ᠨᠢᠭᠡᠨ ᠵᠢᠱᠢᠶ᠎ᠡ᠃ ᠠᠭᠯᠠᠭ ᠰᠢᠭᠤᠢ ᠶᠢᠨ ᠰᠠᠯᠬᠢ ᠦᠨᠦᠷ ᠢᠶᠡᠨ ᠭᠡᠭᠡᠵᠦ᠂ ᠠᠮᠠᠷᠠᠭ ᠰᠢᠪᠠᠭᠤᠳ ᠤᠬᠢᠯᠠᠯᠳᠤᠭᠰᠠᠨ ᠨᠠᠮᠤᠷ ᠤᠨ ᠣᠷᠣᠢ ᠠᠶᠢᠰᠤᠢ ᠬᠡᠲᠦ ᠶᠢᠨ ᠬᠠᠭᠠᠴᠠᠯ ᠤᠨ ᠦᠨᠡᠨ ᠠᠶᠤᠩᠭ᠎ᠠ ᠭᠢᠯᠪᠠᠭᠠᠨ᠂ ᠴᠡᠭᠡᠵᠢ ᠨᠡᠩᠵᠢᠬᠦᠢ ᠠᠯᠮᠠᠰ ᠬᠠᠲᠠᠭᠤ ᠰᠡᠳᠬᠢᠯ ᠦᠨ ᠬᠠᠲᠠ ᠬᠠᠯᠢᠷᠠᠵᠤ ᠡᠭᠡᠯᠢᠲᠦ ᠨᠠᠷᠠᠨ ᠤ ᠡᠷᠭᠢᠯᠲᠡ ᠰᠡᠭᠦᠳᠡᠷ ᠢᠶᠡᠨ ᠭᠦᠪᠢᠬᠦ ᠶᠢ ᠳᠠᠭᠠᠭᠠᠯ ᠦᠭᠡᠢ ᠡᠭᠡᠰᠢᠭ ᠬᠠᠭᠰᠠᠭᠰᠠᠨ ᠬᠠᠩᠬᠠᠢ ᠴᠡᠭᠡᠵᠢᠨ ᠦ ᠮᠢᠨᠢ ᠡᠵᠡᠭᠦᠶᠢᠷᠡᠨ ᠴᠠᠶᠢᠭᠰᠠᠨ ᠴᠢᠪᠬᠠᠳᠠᠰᠣᠨ ᠳᠤ ᠬᠥᠭ ᠣᠷᠣᠬᠤ ᠶᠢ ᠰᠣᠨᠣᠰᠤᠭᠠᠳ ᠴᠢᠮᠠᠢ ᠪᠠᠨ ᠪᠢ ᠳᠠᠭᠤᠳᠠᠯ᠎ᠠ᠂ ᠬᠠᠶᠢᠷᠠᠲᠤ ᠮᠢᠨᠢ︕ ᠨᠢᠭᠡᠨᠲᠡ ᠢᠷᠠᠭᠤ ᠨᠠᠶᠢᠷᠠᠭᠴᠢ ᠭ ∙ ᠠᠶᠤᠤᠷᠵᠠᠨ᠎ᠠ ᠡᠨᠡ ᠰᠢᠯᠦᠭ ᠦᠨ ᠲᠠᠯ᠎ᠠ ᠪᠠᠷ᠂ 《ᠰᠠᠯᠬᠢ ᠦᠨᠦᠷ ᠢᠶᠡᠨ ᠭᠡᠭᠡᠵᠦ᠂ ᠰᠢᠪᠠᠭᠤᠳ ᠤᠬᠢᠯᠠᠯᠳᠤᠭᠰᠠᠨ ᠨᠠᠮᠤᠷ ᠤᠨ》 ᠲᠤᠬᠠᠢ᠂ ᠲᠥᠰᠥᠭᠡᠯᠡᠬᠦ ᠡᠴᠡ ᠬᠠᠯᠠᠰᠢᠷᠠᠮ᠎ᠠ ᠡᠨᠡ ᠦᠭᠡᠰ ᠪᠣᠯ ᠳᠡᠭᠡᠳᠦ ᠢᠷᠠᠭᠤ ᠨᠠᠶᠢᠷᠠᠭ ᠤᠨ ᠥᠩᠭᠡ ᠠᠶᠠᠯᠭᠤ》 ᠬᠡᠮᠡᠨ ᠳᠠᠭᠤ ᠠᠯᠳᠠᠭᠰᠠᠨ ᠨᠢ ᠪᠤᠢ᠃ ᠶᠡᠷᠦ ᠨᠢ ᠳᠠᠭᠤ ᠦᠭᠡᠢ ᠨᠣᠮ᠂ ᠨᠠᠰᠤᠨ ᠤ ᠬᠡᠰᠢᠭ ᠨᠣᠮ ᠤᠳ ᠳᠡᠭᠡᠷ᠎ᠡ ᠢᠷᠠᠭᠤ ᠨᠠᠶᠢᠷᠠᠭᠴᠢ ᠶᠢᠨ ᠡᠷᠢᠯᠬᠢᠯᠡᠯ ᠦᠨ ᠦᠶ᠎ᠡ ᠲᠡᠭᠦᠰᠴᠦ᠂ ᠥᠪᠡᠷ ᠦᠨ ᠭᠡᠰᠡᠨ ᠬᠦᠴᠦᠷᠬᠡᠭ ᠳᠠᠭᠤ ᠬᠣᠭᠣᠯᠠᠢ ᠶᠢ ᠣᠯᠵᠤ ᠡᠬᠢᠯᠡᠭᠰᠡᠨ ᠨᠢ ᠬᠠᠷᠠᠭᠳᠠᠳᠠᠭ ᠶᠤᠮ᠃ ᠨᠢᠭᠡᠨ ᠵᠢᠱᠢᠶ᠎ᠡ᠂ ᠭᠱᠠᠨ ᠭᠱᠠᠨ ᠪᠦᠷᠢ ᠴᠠᠭ ᠬᠤᠭᠤᠴᠠᠭ᠎ᠠ ᠶᠢ ᠡᠬᠢᠯᠡᠨ᠎ᠡ᠃ ᠭᠱᠠᠨ ᠪᠦᠷᠢ ᠶᠢᠨ ᠬᠢᠵᠠᠭᠠᠷ ᠬᠢᠭᠡᠳ ᠬᠢᠵᠠᠭᠠᠷ ᠦᠭᠡᠢ ᠡᠴᠡ ᠴᠠᠭ ᠬᠤᠭᠤᠴᠠᠭ᠎ᠠ ᠡᠮᠬᠢᠷᠡᠨ᠎ᠡ᠃ ᠭᠱᠠᠨ ᠳᠦ ᠬᠦᠮᠦᠨ ᠶᠠᠭᠤ ᠴᠤ ᠡᠰᠡ ᠵᠠᠪᠳᠤᠪᠠᠴᠤ ᠭᠱᠠᠨ ᠢ ᠠᠯᠳᠠᠪᠠᠯ ᠶᠠᠭᠤ ᠶᠢ ᠴᠤ ᠠᠯᠳᠠᠵᠤ᠂ ᠶᠠᠭᠤ ᠪᠠᠷ ᠴᠤ ᠬᠣᠬᠢᠷᠠᠵᠤ ᠪᠣᠯᠤᠨ᠎ᠠ᠃ ᠤᠴᠢᠷ ᠬᠡᠮᠡᠪᠡᠯ᠂ ᠴᠠᠭᠲᠤ ᠣᠷᠴᠢᠯᠠᠩ ᠳᠤ ᠠᠯᠢ ᠨᠢᠭᠡ ᠭᠱᠠᠨ ᠳᠦ ᠲᠣᠬᠢᠶᠠᠵᠤ ᠡᠬᠢᠯᠡᠬᠦ ᠦᠭᠡᠢ᠂ ᠠᠯᠢ ᠨᠢᠭᠡ ᠭᠱᠠᠨ ᠳᠦ ᠲᠣᠬᠢᠶᠠᠵᠤ ᠳᠠᠭᠤᠰᠬᠤ ᠦᠭᠡᠢ ᠶᠠᠭᠤᠮ᠎ᠠ ᠨᠢᠭᠡᠭᠡᠬᠡᠨ ᠪᠡᠷ᠎ ᠴᠤ ᠦᠭᠡᠢ ᠲᠤᠯᠠ ᠠᠯᠢᠪᠠ ᠪᠦᠭᠦᠳᠡ ᠶᠢᠨ ᠡᠬᠢᠯᠡᠬᠦ᠂ ᠳᠠᠭᠤᠰᠬᠤ ᠨᠢ ᠠᠯᠢ ᠨᠢᠭᠡ ᠭᠱᠠᠨ ᠦ ᠬᠢᠵᠠᠭᠠᠷ ᠲᠠᠢ ᠵᠠᠪᠠᠯ ᠲᠠᠭᠠᠷᠠᠵᠤ ᠳᠠᠪᠬᠤᠴᠠᠬᠤ ᠨᠢ ᠵᠠᠶᠢᠯᠠᠪᠤᠷᠢ ᠦᠭᠡᠢ᠃ ᠭᠱᠠᠨ ᠪᠦᠷᠢ ᠴᠠᠭ ᠬᠤᠭᠤᠴᠠᠭ᠎ᠠ ᠶᠢ ᠡᠬᠢᠯᠡᠵᠦ᠂ ᠭᠱᠠᠨ ᠪᠦᠷᠢ ᠶᠢᠨ ᠬᠢᠵᠠᠭᠠᠷ ᠬᠢᠭᠡᠳ ᠬᠢᠵᠠᠭᠠᠷ ᠦᠭᠡᠢ ᠡᠴᠡ ᠴᠠᠭ ᠬᠤᠭᠤᠴᠠᠭ᠎ᠠ ᠡᠮᠬᠢᠷᠡᠨ᠎ᠡ᠃ ᠡᠨᠡᠬᠦ ᠦᠭᠦᠯᠡᠭᠰᠡᠨ ᠰᠢᠯᠦᠭ ᠡᠴᠡ ᠢᠷᠠᠭᠤ ᠨᠠᠶᠢᠷᠠᠭᠴᠢ ᠥᠪᠡᠷ ᠦᠨ ᠳᠣᠲᠣᠭᠠᠳᠤ ᠮᠡᠳᠡᠷᠡᠮᠵᠢ ᠶᠢ ᠦᠭᠡ ᠶᠢᠨ ᠬᠦᠴᠥ ᠪᠡᠷ ᠢᠯᠡᠷᠬᠡᠶᠢᠯᠡᠬᠦ ᠥᠪᠡᠷ ᠦᠨ ᠭᠡᠰᠡᠨ ᠥᠪᠡᠷᠮᠢᠴᠡ ᠠᠷᠭ᠎ᠠ ᠶᠢ ᠨᠢᠭᠡᠨᠲᠡ ᠣᠯᠤᠭᠰᠠᠨ ᠨᠢ ᠬᠠᠷᠠᠭᠳᠠᠨ᠎ᠠ᠃ ᠦᠭᠡ ᠶᠢᠨ ᠳᠠᠪᠲᠠᠮᠵᠢ ᠬᠡᠮᠨᠡᠯ ᠢᠯᠡᠳᠲᠡ ᠠᠩᠵᠠᠭᠠᠷᠠᠭᠳᠠᠬᠤ ᠠᠭᠠᠳ᠂ ᠲᠡᠷᠡ ᠨᠢ ᠭᠦᠨ ᠤᠬᠠᠭᠠᠨ ᠤ ᠠᠭᠤᠯᠭ᠎ᠠ ᠲᠠᠢ ᠪᠠᠨ ᠵᠣᠬᠢᠴᠠᠵᠤ᠂ ᠲᠤᠩ ᠡᠪᠲᠡᠶᠢᠬᠡᠨ ᠳᠣᠨᠵᠢ ᠡᠭᠦᠰᠬᠡᠵᠡᠢ᠃ ᠳ ∙ ᠤᠷᠢᠶᠠᠩᠬᠠᠢ ᠴᠢᠨᠠᠭᠰᠢᠳᠠ ᠣᠯᠠᠨ ᠨᠣᠮ ᠳᠤ ᠪᠠᠨ ᠡᠶᠢᠮᠦ ᠬᠡᠯᠪᠡᠷᠢ ᠶᠢᠨ ᠦᠭᠦᠯᠡᠭᠰᠡᠨ ᠰᠢᠯᠦᠭ ᠪᠢᠴᠢᠭᠰᠡᠨ ᠪᠥᠭᠡᠳ᠂ ᠶᠠᠪᠤᠭᠠᠨ ᠳᠠᠭᠠᠨ ᠡᠨᠡ ᠨᠢ ᠲᠡᠭᠦᠨ ᠦ ᠢᠷᠠᠭᠤ ᠨᠠᠶᠢᠷᠠᠭ ᠤᠨ ᠦᠨᠳᠦᠰᠦᠨ ᠬᠡᠯᠪᠡᠷᠢ ᠪᠣᠯᠤᠨ ᠲᠣᠭᠲᠠᠭᠰᠠᠨ᠃ ᠵᠣᠬᠢᠶᠠᠯᠴᠢ ᠵ ∙ ᡀᠠᠭᠪᠠ ᠶᠢᠨ 《ᠲᠣᠯᠣᠭᠠᠳ ᠤᠨ ᠴᠠᠭᠠᠨ᠎ᠠ ᠢᠩᠭᠡ ᠪᠤᠶᠢᠯᠠᠨ᠎ᠠ》 ᠨᠣᠮ ᠠᠴᠠ ᠡᠭᠦᠳᠦᠯᠲᠡᠢ ᠦᠭᠦᠯᠡᠭᠰᠡᠨ ᠰᠢᠯᠦᠭ ᠦᠨ ᠡᠷᠢᠯᠬᠢᠯᠡᠯ 1980 ᠍ ᠊ᠭᠠᠳ ᠣᠨ ᠤ ᠰᠡᠭᠦᠯ ᠦᠶ᠎ᠡ ᠳᠦ ᠳ ∙ ᠤᠷᠢᠶᠠᠩᠬᠠᠢ᠂ ᠣ᠊ ∙ ᠳᠠᠰᠢᠪᠠᠯᠪᠠᠷ᠂ ᠳ ∙ ᠪᠠᠲᠤᠪᠠᠶᠠᠷ ᠨᠠᠷ ᠤᠨ ᠪᠦᠲᠦᠭᠡᠯ ᠳᠦ ᠬᠡᠲᠦ ᠤᠶᠠᠩᠭ᠎ᠠ ᠶᠢᠨ ᠳᠦᠷᠰᠦᠯᠡᠯ ᠢ ᠬᠠᠯᠠᠵᠤ᠂ ᠢᠷᠠᠭᠤ ᠠᠷᠭ᠎ᠠ ᠵᠠᠮ ᠢᠶᠠᠷ 《ᠹᠢᠯᠣᠰᠣᠹᠢᠳᠠᠬᠤ》 ᠬᠡᠷᠡᠭᠰᠡᠯ ᠪᠣᠯᠵᠤ ᠬᠤᠪᠢᠷᠠᠭᠰᠠᠨ᠃ ᠢᠷᠠᠭᠤ ᠨᠠᠶᠢᠷᠠᠭᠴᠢ ᠶᠢᠨ 1991 ᠣᠨ ᠳᠤ ᠬᠡᠪᠯᠡᠭᠦᠯᠦᠭᠰᠡᠨ 《ᠨᠠᠰᠤᠨ ᠤ ᠬᠡᠰᠢᠭ》 ᠨᠣᠮ ᠨᠢ 1980 ᠍ ᠊ᠭᠠᠳ ᠣᠨ ᠤ ᠰᠡᠭᠦᠯ ᠬᠠᠭᠠᠰ ᠲᠤ ᠪᠢᠴᠢᠭᠰᠡᠨ ᠰᠢᠯᠦᠭ ᠦᠳ ᠡᠴᠡ ᠪᠦᠲᠦᠨ᠎ᠡ᠃ ᠨᠠᠷᠠᠨ ᠲᠣᠭᠣᠷᠢᠭ᠂ ᠥᠪᠡᠷ ᠦᠨ ᠲᠣᠳᠣᠳᠬᠠᠯ᠂ ᠦᠭᠡᠶᠢᠯᠡᠬᠦ ᠶᠢᠨ ᠬᠠᠯᠠᠭᠤᠨ᠂ ᠬᠦᠷᠳ᠋ᠥ ᠬᠡᠮᠡᠬᠦ ᠲᠤᠰ ᠲᠤ ᠪᠠᠨ ᠨᠣᠮ ᠪᠣᠯᠬᠤᠶᠢᠴᠠ ᠳᠥᠷᠪᠡᠨ ᠪᠦᠯᠦᠭ ᠡᠴᠡ ᠪᠦᠲᠦᠬᠦ ᠡᠨᠡ ᠨᠣᠮ ᠳ ∙ ᠤᠷᠢᠶᠠᠩᠬᠠᠢ ᠨᠠᠶᠢᠷᠠᠭᠴᠢ ᠶᠢᠨ ᠴᠢᠨᠠᠭᠰᠢᠳᠠ ᠶᠢᠨ ᠢᠷᠠᠭᠤ ᠨᠠᠶᠢᠷᠠᠭ ᠤᠨ ᠳᠥᠷᠪᠡᠨ ᠴᠤᠬᠠᠭ ᠮᠥᠨ ᠴᠢᠨᠠᠷ ᠢ ᠢᠯᠡᠷᠬᠡᠶᠢᠯᠡᠳᠡᠭ᠃ ᠢᠯᠳᠠᠷ ᠥᠭᠥᠯᠡᠬᠦ ᠳᠦ ᠡᠨᠡ ᠨᠣᠮ ᠨᠢ ᠳ ∙ ᠤᠷᠢᠶᠠᠩᠬᠠᠢ ᠨᠠᠶᠢᠷᠠᠭᠴᠢ ᠶᠢᠨ ᠬᠠᠮᠤᠭ ᠤᠨ ᠴᠢᠨᠠᠷᠲᠠᠢ᠂ ᠰᠢᠯᠢᠳᠡᠭ ᠪᠦᠲᠦᠭᠡᠯ ᠦᠳ ᠦᠨ ᠨᠢᠭᠡ ᠳᠦ ᠵᠦᠢ ᠶᠣᠰᠣᠭᠠᠷ ᠲᠣᠭᠠᠴᠠᠭᠳᠠᠨ᠎ᠠ᠃ ᠴᠠᠷ᠎ᠠ ᠠᠭᠤᠯᠭ᠎ᠠ᠂ ᠨᠠᠶᠢᠷᠠᠭᠯᠠᠭ ᠴᠢᠨᠠᠷ ᠢᠶᠠᠷ 2007 ᠣᠨ ᠳᠤ ᠬᠡᠪᠯᠡᠭᠦᠯᠦᠭᠰᠡᠨ 《ᠣᠭᠲᠣᠯᠤᠯᠴᠠᠬᠤᠢ》 ᠨᠣᠮ ᠨᠢ ᠯᠠ ᠡᠨᠡ ᠨᠣᠮ ᠲᠠᠢ ᠵᠡᠷᠭᠡᠴᠡᠵᠦ ᠢᠷᠡᠨ᠎ᠡ᠃ ᠡᠯ᠎ᠡ ᠨᠣᠮ ᠤᠨ 《ᠨᠠᠷᠠᠨ ᠲᠣᠭᠣᠷᠢᠭ》 ᠬᠡᠮᠡᠬᠦ ᠪᠦᠯᠦᠭ ᠲᠦ ᠪᠠᠶᠢᠭᠠᠯᠢ ᠶᠢᠨ ᠳᠦᠷᠢ ᠳᠦᠷᠰᠦᠯᠡᠯ ᠲᠣᠳᠣ ᠲᠣᠮᠣᠷᠠᠭᠤᠨ ᠬᠠᠷᠠᠭᠳᠠᠬᠤ ᠠᠭᠠᠳ᠂ ᠪᠠᠶᠢᠭᠠᠯᠢ ᠶᠢᠨ ᠰᠡᠷᠡᠬᠦᠢ ᠪᠡᠷ ᠳᠠᠮᠵᠢᠨ ᠶᠢᠷᠲᠢᠨᠴᠦ ᠶᠢᠨ ᠵᠢᠮ᠎ᠠ ᠶᠣᠰᠣᠨ ᠤ ᠲᠤᠬᠠᠢ ᠤᠶᠠᠩᠭ᠎ᠠ ᠶᠢᠨ ᠠᠷᠭ᠎ᠠ ᠪᠠᠷ ᠬᠦᠦᠷᠨᠢᠳᠡᠭ ᠳ ∙ ᠤᠷᠢᠶᠠᠩᠬᠠᠢ ᠶᠢᠨ ᠬᠠᠮᠤᠭ ᠤᠨ ᠰᠣᠩᠭᠣᠳᠠᠭ ᠠᠷᠭ᠎ᠠ ᠪᠠᠷᠢᠯ ᠬᠠᠷᠠᠭᠳᠠᠨ᠎ᠠ᠃ ᠳ ∙ ᠤᠷᠢᠶᠠᠩᠬᠠᠢ ᠶᠢᠨ ᠪᠠᠰᠠ ᠨᠢᠭᠡᠨ ᠴᠤᠬᠠᠭ ᠠᠷᠭ᠎ᠠ ᠪᠠᠷᠢᠯ ᠪᠣᠯᠬᠤ ᠥᠪᠡᠷ ᠦᠨ ᠠᠮᠢᠳᠤᠷᠠᠯ᠂ ᠪᠣᠳᠠᠲᠤ ᠨᠠᠮᠲᠠᠷ ᠲᠤ ᠲᠤᠯᠭᠠᠭᠤᠷᠢᠯᠠᠬᠤ ᠥᠴᠢᠯ ᠬᠡᠯᠪᠡᠷᠢ ᠶᠢᠨ ᠰᠢᠯᠦᠭ ᠦᠳ ᠡᠴᠡ 《ᠥᠪᠡᠷ ᠦᠨ ᠲᠣᠳᠣᠳᠬᠠᠯ》 ᠪᠦᠯᠦᠭ ᠨᠢ ᠪᠦᠲᠦᠵᠡᠢ᠃ ᠡᠨᠡ ᠪᠦᠯᠦᠭ ᠳᠣᠲᠣᠷᠠᠬᠢ 《ᠥᠴᠢᠭ》 ᠬᠡᠮᠡᠬᠦ ᠰᠢᠯᠦᠭ ᠶᠡᠬᠡᠬᠡᠨ ᠠᠯᠳᠠᠷᠲᠠᠢ᠃ ᠴᠤᠬᠤᠮ ᠡᠨᠳᠡ ᠬᠣᠵᠢᠮ ᠳ ∙ ᠤᠷᠢᠶᠠᠩᠬᠠᠢ ᠶᠢᠨ ᠰᠢᠯᠦᠭ ᠦᠨ ᠭᠣᠣᠯ ᠥᠩᠭᠡ ᠠᠶᠠᠰ ᠪᠣᠯᠤᠨ ᠲᠣᠭᠲᠠᠭᠰᠠᠨ 《ᠨᠠᠮᠢᠨᠴᠢᠯᠠᠯ ᠤᠨ ᠢᠷᠠᠭᠤ ᠨᠠᠶᠢᠷᠠᠭ》 ᠭᠦᠢᠴᠡᠳ ᠪᠦᠷᠢᠯᠳᠦᠵᠡᠢ᠃ ᠴᠥᠭᠡᠪᠲᠦᠷ ᠰᠢᠯᠦᠭ ᠲᠡᠢ 《ᠦᠭᠡᠶᠢᠯᠡᠬᠦ ᠶᠢᠨ ᠬᠠᠯᠠᠭᠤᠨ》 ᠪᠦᠯᠦᠭ ᠨᠢ ᠳᠠᠩ ᠬᠠᠶᠢᠷ᠎ᠠ ᠶᠢᠨ ᠰᠢᠯᠦᠭ ᠡᠴᠡ ᠪᠦᠲᠦᠨ᠎ᠡ᠃ ᠳ ∙ ᠤᠷᠢᠶᠠᠩᠬᠠᠢ ᠶᠢᠨ ᠪᠦᠰᠡᠭᠦᠢ ᠬᠦᠮᠦᠨ ᠦ ᠭᠣᠸ᠎ᠠ ᠰᠠᠶᠢᠬᠠᠨ ᠢ ᠮᠠᠭᠲᠠᠭᠰᠠᠨ ᠰᠢᠯᠦᠭ ᠦᠳ ᠡᠷᠣᠲ᠋ᠢᠺ ᠥᠩᠭᠡ ᠠᠶᠠᠰ᠂ ᠭᠣᠸ᠎ᠠ ᠰᠠᠶᠢᠬᠠᠨ ᠤ ᠲᠤᠬᠠᠢ ᠡᠷᠭᠢᠴᠡᠭᠦᠯᠦᠯ ᠪᠦᠬᠦᠢ ᠭᠦᠨ ᠤᠬᠠᠭᠠᠨ ᠤ ᠭᠠᠷᠭᠠᠯᠭ᠎ᠠ ᠲᠠᠢ ᠬᠣᠣᠰᠯᠠᠨ ᠪᠠᠶᠢᠳᠠᠭ ᠢᠶᠠᠷ ᠢᠶᠠᠨ ᠣᠨᠴᠠᠯᠢᠭ ᠲᠠᠢ᠃ ᠬᠤᠶᠠᠯᠢ ᠲᠠᠴᠢᠶᠠᠯ᠂ ᠤᠬᠠᠭᠠᠷᠠᠯ ᠭᠡᠭᠡᠷᠡᠯ ᠰᠦᠯᠡᠯᠳᠦᠭᠰᠡᠨ ᠡᠶᠢᠮᠦ ᠬᠡᠯᠪᠡᠷᠢ ᠶᠢᠨ ᠰᠢᠯᠦᠭ ᠦᠳ ᠨᠢ ᠵᠠᠭᠠᠷ ᠤᠨ ᠶᠡᠬᠡ ᠰᠢᠯᠦᠭᠴᠢ ᠷᠠᠪᠢᠨᠳᠠᠷᠨᠠᠲ ᠲᠠᠭᠦᠷ ᠦᠨ 《ᠡᠷᠭᠦᠯ ᠦᠨ ᠳᠠᠭᠤᠯᠠᠯ》 ᠍ ᠢ ᠰᠠᠨᠠᠭᠳᠠᠭᠤᠯᠤᠨ᠎ᠠ᠃ ᠡᠴᠦᠰ ᠲᠦ ᠨᠢ ᠨᠢᠭᠡᠨ ᠰᠡᠳᠦᠪ ᠢ ᠢᠷᠠᠭᠤ ᠨᠠᠶᠢᠷᠠᠭ ᠤᠨ ᠠᠷᠭ᠎ᠠ ᠪᠠᠷ ᠬᠥᠭᠵᠢᠭᠦᠯᠦᠭᠰᠡᠨ 14 ᠮᠥᠷᠲᠦ ᠰᠢᠯᠦᠭ ᠡᠴᠡ ᠪᠦᠲᠦᠬᠦ 《ᠬᠦᠷᠳᠦ》 ᠬᠡᠮᠡᠬᠦ ᠪᠦᠯᠦᠭ ᠪᠤᠢ᠃ ᠥᠷᠥᠨ᠎ᠡ ᠳ᠋ᠠᠬᠢᠨ ᠤ ᠰᠣᠨᠧᠲ ᠬᠡᠮᠡᠬᠦ ᠰᠢᠯᠦᠭ ᠦᠨ ᠰᠣᠩᠭᠣᠳᠠᠭ ᠪᠠᠳᠠᠭᠯᠠᠯ ᠵᠦᠢ ᠶᠢ ᠳ ∙ ᠤᠷᠢᠶᠠᠩᠬᠠᠢ ᠥᠪᠡᠷ ᠦᠨ ᠭᠦᠨ ᠤᠬᠠᠭᠠᠨ ᠤ ᠡᠷᠭᠢᠴᠡᠭᠦᠯᠦᠯ ᠢ ᠶᠢᠷᠲᠢᠨᠴᠦ ᠶᠢᠨ ᠡᠳ᠋ ᠶᠠᠭᠤᠮᠠᠰ ᠢ ᠳᠦᠷᠰᠦᠯᠡᠬᠦ ᠠᠷᠭ᠎ᠠ ᠪᠠᠷ ᠪᠠᠭᠤᠯᠭᠠᠬᠤ ᠳᠤ ᠠᠰᠢᠭᠯᠠᠳᠠᠭ᠃ ᠶᠠᠭ ᠲᠤᠬᠠᠶᠢᠯᠠᠨ ᠰᠣᠨᠧᠲ ᠤᠨ ᠰᠣᠩᠭᠣᠳᠠᠭ ᠪᠠᠳᠠᠭᠯᠠᠯ ᠵᠦᠢ᠂ ᠮᠥᠷ᠂ ᠰᠡᠭᠦᠯ ᠬᠣᠯᠪᠣᠯᠲᠠ ᠶᠢ ᠪᠠᠷᠢᠮᠲᠠᠯᠠᠭ᠎ᠠ ᠦᠭᠡᠢ᠂ ᠵᠥᠪᠬᠡᠨ ᠬᠡᠯᠪᠡᠷᠢ ᠲᠠᠯ᠎ᠠ ᠠᠴᠠ ᠨᠢ 14 ᠮᠥᠷᠲᠦ ᠶᠢ ᠠᠰᠢᠭᠯᠠᠭᠰᠠᠨ ᠨᠢ ᠥᠪᠡᠷ ᠦᠨ ᠪᠣᠳᠣᠷᠠᠯ ᠡᠷᠭᠢᠴᠡᠭᠦᠯᠦᠯ ᠦᠨ ᠭᠦᠨ ᠳ᠋ᠤ ᠵᠢᠪᠥᠵᠥ᠂ ᠰᠢᠯᠦᠭ ᠦᠨ ᠬᠢᠵᠠᠭᠠᠷ ᠠᠴᠠ ᠳᠠᠪᠠᠬᠤ᠂ ᠬᠡᠲᠦ ᠤᠯᠢᠭᠯᠠᠨ ᠨᠤᠷᠱᠤᠬᠤ ᠡᠨᠳᠡᠯ ᠡᠴᠡ ᠢᠷᠠᠭᠤ ᠨᠠᠶᠢᠷᠠᠭᠴᠢ ᠶᠢ ᠬᠠᠵᠠᠭᠠᠷᠯᠠᠭᠰᠠᠨ ᠨᠢ ᠠᠩᠵᠠᠭᠠᠷᠠᠭᠳᠠᠨ᠎ᠠ᠃ ᠨᠢᠭᠡ ᠲᠠᠯ᠎ᠠ ᠪᠠᠷ ᠪᠢᠰᠢᠯᠭᠠᠯ ᠤᠨ ᠳᠠᠰᠬᠠᠯ ᠴᠤ ᠭᠡᠮᠡᠷ ᠰᠠᠨᠠᠭᠳᠠᠳᠠᠭ ᠡᠨᠡ 14 ᠮᠥᠷᠲᠦ ᠶᠢᠨ ᠪᠦᠯᠦᠭ ᠦᠨ ᠰᠠᠨᠠᠭ᠎ᠠ ᠪᠠᠨ ᠳ ∙ ᠤᠷᠢᠶᠠᠩᠬᠠᠢ ᠨᠠᠶᠢᠷᠠᠭᠴᠢ ᠳᠡᠯᠭᠡᠷᠡᠭᠦᠯᠦᠨ ᠬᠣᠵᠢᠮ 1997 ᠣᠨ ᠳᠤ 《ᠳᠣᠲᠣᠭᠠᠳᠤ ᠴᠢᠨᠠᠳᠤ》 ᠬᠡᠮᠡᠬᠦ ᠨᠣᠮ ᠤᠨ ᠢᠶᠠᠨ ᠦᠨᠳᠦᠰᠦᠨ ᠬᠡᠰᠡᠭ ᠢ ᠪᠢᠴᠢᠭᠰᠡᠨ᠃ ᠳ ᠊ ᠤᠷᠢᠶᠠᠩᠬᠠᠢ ᠶᠢᠨ ᠢᠯᠡᠷᠬᠡᠢᠯᠡᠯ ᠤᠨ ᠦᠶ᠎ᠡ ᠢᠮᠠᠭᠲᠠ ᠢᠷᠠᠭᠤ ᠨᠠᠶᠢᠷᠠᠭᠴᠢ ᠪᠠᠢ᠂ ᠬᠦᠦᠷᠨᠢᠯ ᠵᠣᠬᠢᠶᠠᠯ ᠳᠡᠭᠡᠷ᠎ᠡ ᠴᠤ ᠬᠦᠷᠲᠡᠯ᠎ᠡ ᠁ ᠬᠣᠷᠬᠧ ᠯᠤᠢᠰ ᠪᠣᠷᠬᠧᠰ ᠳ ∙ ᠤᠷᠢᠶᠠᠩᠬᠠᠢ ᠨᠠᠶᠢᠷᠠᠭᠴᠢ 1992 ᠣᠨ ᠳᠤ 《ᠦᠭᠡ ᠶᠢᠨ ᠰᠥ᠋》 ᠲᠡᠭᠦᠪᠦᠷᠢ ᠪᠡᠨ ᠬᠡᠪᠯᠡᠭᠦᠯᠦᠭᠰᠡᠨ ᠡᠴᠡ ᠬᠣᠶᠢᠰᠢ ᠮᠣᠩᠭᠣᠯ ᠤᠨ ᠢᠷᠠᠭᠤ ᠨᠠᠶᠢᠷᠠᠭ ᠲᠤ ᠨᠢᠭᠡᠨᠲᠡ ᠪᠠᠲᠤ ᠪᠠᠶᠢᠷᠢ ᠪᠠᠨ ᠡᠵᠡᠯᠡᠵᠦ᠂ ᠥᠪᠡᠷ ᠦᠨ ᠰᠢᠯᠦᠭ ᠦᠨ ᠳᠠᠪᠲᠠᠭᠳᠠᠰᠢ ᠦᠭᠡᠢ ᠬᠡᠯᠪᠡᠷᠢ᠂ ᠰᠡᠳᠬᠢᠯᠭᠡᠨ ᠦ ᠴᠢᠭ ᠱᠤᠭᠤᠮ ᠪᠦᠬᠦᠢ ᠢᠷᠠᠭᠤ ᠨᠠᠶᠢᠷᠠᠭᠴᠢ ᠪᠣᠯᠤᠭᠰᠠᠨ᠃ ᠲᠡᠭᠦᠨ ᠡᠴᠡ ᠬᠣᠶᠢᠰᠢ 30 ᠭᠠᠷᠤᠢ ᠵᠢᠯ ᠥᠩᠭᠡᠷᠡᠬᠦ ᠳᠦ ᠢᠷᠠᠭᠤ ᠨᠠᠶᠢᠷᠠᠭᠴᠢ 《ᠦᠭᠡ ᠶᠢᠨ ᠰᠥ᠋》᠂ 《ᠳᠣᠲᠣᠭᠠᠳᠤ ᠴᠢᠨᠠᠳᠤ》᠂ 《ᠣᠭᠲᠣᠯᠤᠯᠴᠠᠬᠤᠢ》᠂ 《ᠬᠣᠯᠠᠳᠠᠬᠤ ᠲᠥᠪ》᠂ 《ᠦᠭᠡᠶᠢᠯᠡᠬᠦ ᠶᠢᠨ ᠬᠠᠯᠠᠭᠤᠨ》 ᠭᠡᠰᠡᠨ ᠯᠠᠪᠲᠠᠶ᠎ᠠ ᠲᠠᠪᠤᠨ ᠨᠣᠮ ᠬᠡᠪᠯᠡᠭᠦᠯᠦᠭᠰᠡᠨ ᠪᠠᠶᠢᠨ᠎ᠠ᠃ ᠡᠨᠡ ᠲᠠᠪᠤᠨ ᠨᠣᠮ ᠳᠤ ᠢᠷᠠᠭᠤ ᠨᠠᠶᠢᠷᠠᠭᠴᠢ ᠳᠣᠣᠷ᠎ᠠ ᠳᠤᠷᠠᠳᠬᠤ ᠦᠨᠳᠦᠰᠦᠨ ᠭᠤᠷᠪᠠᠨ ᠬᠡᠯᠪᠡᠷᠢ ᠶᠢᠨ ᠰᠢᠯᠦᠭ ᠢᠶᠡᠨ ᠬᠥᠭᠵᠢᠭᠦᠯᠦᠭᠰᠡᠨ᠃ ᠲᠡᠳᠡᠭᠡᠷ ᠢ ᠳᠤᠷᠠᠳᠪᠠᠯ᠄ -ᠨᠠᠮᠢᠨᠴᠢᠯᠠᠯ ᠤᠨ ᠢᠷᠠᠭᠤ ᠨᠠᠶᠢᠷᠠᠭ᠂ -ᠪᠠᠶᠢᠭᠠᠯᠢ ᠶᠢᠨ ᠳᠦᠷᠰᠦᠯᠡᠯ ᠳᠦ ᠰᠠᠭᠤᠷᠢᠯᠠᠭᠰᠠᠨ ᠨᠠᠲ᠋ᠦᠶᠢᠷᠠᠯᠢᠰᠲ ᠪᠣᠯᠤᠨ ᠰᠡᠷᠡᠯ ᠮᠡᠳᠡᠷᠡᠮᠵᠢ ᠳᠠᠪᠠᠮᠠᠭᠠᠶᠢᠯᠠᠭᠰᠠᠨ ᠢᠮᠫᠧᠷᠰᠢᠣᠨᠢᠰᠲ ᠥᠩᠭᠡ ᠠᠶᠠᠰ ᠲᠠᠢ ᠰᠢᠯᠦᠭ᠂ -ᠥᠪᠡᠷ ᠦᠨ ᠭᠦᠨ ᠤᠬᠠᠭᠠᠨ ᠤ ᠦᠷ᠎ᠡ ᠪᠣᠳᠣᠷᠠᠯ ᠤᠳ ᠢᠶᠠᠨ ᠰᠢᠰᠲ᠋ᠧᠮᠴᠢᠯᠡᠨ ᠢᠯᠡᠷᠬᠡᠶᠢᠯᠡᠭᠰᠡᠨ ᠭᠦᠨ ᠤᠬᠠᠭᠠᠨ ᠤ ᠰᠢᠯᠦᠭ ᠦᠳ ᠡᠬᠢᠨ ᠦ ᠬᠣᠶᠠᠷ ᠬᠡᠯᠪᠡᠷᠢ ᠶᠢᠨ ᠰᠢᠯᠦᠭ ᠦᠳ ᠦᠨ ᠬᠢ ᠨᠢ ᠲᠠᠯ᠎ᠠ ᠪᠠᠷ ᠳᠡᠭᠡᠷ᠎ᠡ ᠲᠣᠳᠣᠷᠬᠠᠢ ᠶᠠᠷᠢᠭᠰᠠᠨ ᠤᠴᠢᠷ ᠠᠴᠠ ᠡᠨᠳᠡ ᠳ ∙ ᠤᠷᠢᠶᠠᠩᠬᠠᠢ ᠶᠢᠨ 《ᠭᠦᠨ ᠤᠬᠠᠭᠠᠨ ᠤ ᠰᠢᠯᠦᠭ ᠦᠳ》 ᠳᠡᠭᠡᠷ᠎ᠡ ᠲᠣᠭᠲᠠᠵᠤ ᠶᠠᠷᠢᠯᠴᠠᠶ᠎ᠠ᠃ ᠢᠷᠠᠭᠤ ᠨᠠᠶᠢᠷᠠᠭ ᠤᠨ ᠪᠦᠲᠦᠭᠡᠯ ᠦᠨ ᠳᠦᠷᠢ ᠨᠢ ᠵᠣᠬᠢᠶᠠᠯᠴᠢ ᠶᠢᠨ ᠤᠶᠠᠩᠭ᠎ᠠ ᠶᠢᠨ ᠪᠢ ᠪᠠᠭᠠᠲᠤᠷ ᠭᠡᠳᠡᠭ᠃ ᠳ ∙ ᠤᠷᠢᠶᠠᠩᠬᠠᠢ ᠶᠢᠨ ᠢᠷᠠᠭᠤ ᠨᠠᠶᠢᠷᠠᠭ ᠤᠨ ᠬᠤᠪᠢ ᠳᠤ ᠲᠡᠷᠡ ᠬᠦ ᠤᠶᠠᠩᠭ᠎ᠠ ᠶᠢᠨ ᠪᠢ ᠪᠠᠭᠠᠲᠤᠷ ᠨᠢ ᠲᠤᠩ ᠵᠥᠷᠢᠴᠡᠯᠲᠦ ᠰᠢᠨᠵᠢ ᠲᠡᠢ᠃ ᠬᠦᠮᠦᠯᠢᠭ ᠦᠵᠡᠯ᠂ ᠡᠨᠡᠷᠢᠩᠭᠦᠢ ᠦᠵᠡᠯ ᠦᠨ ᠴᠣᠭᠴᠠᠯᠠᠪᠤᠷᠢ ᠪᠣᠯᠤᠭᠰᠠᠨ ᠪᠤᠳ᠋ᠳ᠋ᠾᠠᠶᠢᠰᠮ ᠪᠣᠯᠤᠨ ᠾᠷᠢᠰᠲ᠋ᠢ ᠪᠠᠨᠨᠢᠰᠮ᠂ ᠪᠦᠷ ᠨᠠᠭᠠᠰᠢᠯᠠᠭᠠᠳ ᠮᠠᠷᠺᠰᠢᠰᠮ ᠤᠨ ᠵᠠᠷᠢᠮ ᠭᠠᠷᠭᠠᠯᠭᠠᠨ ᠳᠤ ᠢᠲᠡᠭᠡᠳᠡᠭ᠂ ᠡᠳᠡᠭᠡᠷ ᠨᠢ ᠬᠦᠮᠦᠨ ᠦ ᠠᠮᠢᠳᠤᠷᠠᠪᠠᠯ ᠵᠣᠬᠢᠬᠤ ᠵᠠᠶᠢᠯᠠᠰᠢ ᠦᠭᠡᠢ ᠬᠡᠪ ᠮᠠᠶ᠋ᠢᠭ ᠬᠡᠮᠡᠨ ᠲᠡᠷᠰᠡᠵᠦ᠂ ᠥᠪᠡᠷ ᠦᠨ ᠵᠠᠮ ᠮᠥᠷ ᠢᠶᠡᠷ ᠦᠵᠡᠭᠦᠯᠬᠦ ᠶᠢ ᠬᠢᠴᠢᠶᠡᠳᠡᠭ ᠨᠢ ᠮᠠᠭᠠᠳ ᠦᠭᠡᠢ ᠨᠡᠶᠢᠭᠡᠮ ᠳᠦ ᠤᠷᠢᠶᠠᠩᠬᠠᠢ ᠬᠡᠮᠡᠬᠦ ᠥᠪᠡᠷᠮᠢᠴᠡ ᠤᠲ᠋ᠣᠫᠢ ᠪᠠᠭᠠᠲᠤᠷ ᠢ ᠪᠤᠢ ᠪᠣᠯᠭᠠᠭᠰᠠᠨ᠃ ᠢᠷᠠᠭᠤ ᠨᠠᠶᠢᠷᠠᠭᠴᠢ ᠶᠢᠨ ᠭᠡᠬᠦ ᠡᠴᠡ ᠪᠡᠨ ᠨᠡᠶᠢᠭᠡᠮ ᠤᠨ ᠵᠢᠳᠬᠦᠯᠲᠡᠨ ᠦ ᠡᠨᠡ ᠬᠡᠪ ᠲᠥᠷᠬᠥ ᠡᠴᠡ ᠨᠢ ᠳ ∙ ᠤᠷᠢᠶᠠᠩᠬᠠᠢ ᠶᠢᠨ ᠰᠢᠯᠦᠭ ᠪᠦᠲᠦᠭᠡᠯ ᠢ ᠰᠠᠯᠭᠠᠵᠤ ᠣᠶᠢᠯᠠᠭᠠᠭᠰᠠᠨ ᠢᠶᠠᠷ ᠮᠠᠭᠠᠳ ᠦᠭᠡᠢ ᠳ ∙ ᠤᠷᠢᠶᠠᠩᠬᠠᠢ ᠰᠤᠳᠤᠯᠤᠯ ᠵᠢᠩᠬᠢᠨᠢ ᠤᠳᠬ᠎ᠠ ᠪᠠᠷ ᠢᠶᠠᠨ ᠡᠬᠢᠯᠡᠬᠦ ᠪᠢᠵᠡ ᠡ᠃ ᠳ ∙ ᠤᠷᠢᠶᠠᠩᠬᠠᠢ ᠶᠢᠨ ᠢᠷᠠᠭᠤ ᠨᠠᠶᠢᠷᠠᠭ ᠨᠢ ᠲᠠᠨᠢᠨ ᠮᠡᠳᠡᠬᠦᠢ ᠶᠢᠨ ᠶᠡᠷᠦ ᠶᠢᠨ ᠦᠨᠡᠨ ᠡᠴᠡ ᠤᠷᠭᠤᠭᠤᠯᠤᠨ ᠹᠢᠯᠣᠰᠣᠹᠢ ᠶᠢᠨ ᠲᠡᠭᠦᠰᠥᠰᠢ ᠦᠭᠡᠢ ᠡᠷᠭᠢᠴᠡᠭᠦᠯᠦᠯ ᠤᠷᠤᠭᠤ ᠬᠥᠲᠥᠯᠡᠳᠡᠭ᠃ 1990 ᠍ ᠊ᠭᠡᠳ ᠣᠨ ᠤ ᠡᠬᠢᠨ ᠪᠣᠯᠤᠨ ᠰᠡᠭᠦᠯ ᠦᠶ᠎ᠡ ᠳᠦ ᠭᠠᠷᠭᠠᠭᠰᠠᠨ 《ᠦᠭᠡ ᠶᠢᠨ ᠰᠥ᠋》᠂ 《ᠳᠣᠲᠣᠭᠠᠳᠤ ᠴᠢᠨᠠᠳᠤ》 ᠬᠡᠮᠡᠬᠦ ᠬᠣᠶᠠᠷ ᠨᠣᠮ ᠨᠢ ᠬᠣᠭᠣᠷᠣᠨᠳᠣ ᠪᠠᠨ ᠰᠢᠯᠦᠭᠯᠢᠭ ᠵᠦᠢ ᠶᠢᠨ ᠬᠤᠪᠢ ᠳᠤ ᠲᠤᠩ ᠥᠭᠡᠷ᠎ᠡ᠃ 《ᠦᠭᠡ ᠶᠢᠨ ᠰᠥ᠋》 ᠨᠣᠮ ᠸᠧᠷᠯᠢᠪᠷ (verslibre ᠹᠷ) ᠪᠤᠶᠤ ᠴᠢᠯᠦᠭᠡᠲᠦ ᠰᠢᠯᠦᠭᠯᠡᠯ ᠦᠨ ᠵᠠᠷᠴᠢᠮ ᠢᠶᠠᠷ ᠪᠢᠴᠢᠭᠳᠡᠭᠰᠡᠨ᠃ ᠶᠠᠮᠠᠷ ᠨᠢᠭᠡᠨ ᠪᠠᠳᠠᠭᠯᠠᠯ ᠦᠭᠡᠢ᠂ ᠴᠡᠪᠡᠷ ᠢᠷᠠᠭᠤ ᠨᠠᠶᠢᠷᠠᠭᠴᠢ ᠶᠢᠨ ᠰᠡᠳᠬᠢᠮᠵᠢ᠂ ᠮᠡᠳᠡᠷᠡᠮᠵᠢ ᠶᠢᠨ ᠥᠩᠭᠡ ᠠᠶᠠᠰ ᠢ ᠳᠠᠭᠠᠭᠰᠠᠨ ᠪᠢᠴᠢᠯᠭᠡ ᠲᠡᠢ᠃ ᠬᠠᠷᠢᠨ 《ᠳᠣᠲᠣᠭᠠᠳᠤ ᠴᠢᠨᠠᠳᠤ》 ᠨᠣᠮ ᠤᠯᠠᠮᠵᠢᠯᠠᠯᠲᠤ ᠰᠢᠯᠦᠭᠯᠡᠯ ᠵᠦᠢ ᠶᠢ ᠳᠠᠭᠠᠭᠰᠠᠨ ᠪᠢᠴᠢᠯᠭᠡ ᠲᠡᠢ ᠶᠤᠮ᠃ ᠮᠥᠷ ᠲᠤ ᠬᠢ ᠦᠭᠡ ᠶᠢᠨ ᠲᠣᠭ᠎ᠠ ᠶᠢ ᠲᠣᠭᠲᠠᠮᠠᠯ ᠪᠠᠷᠢᠵᠤ᠂ ᠲᠣᠯᠣᠭᠠᠢ ᠬᠤᠯᠪᠤᠬᠤ ᠵᠡᠷᠭᠡ ᠤᠯᠠᠮᠵᠢᠯᠠᠯᠲᠤ ᠠᠷᠭ᠎ᠠ ᠪᠠᠷᠢᠯ ᠡᠨᠡ ᠨᠣᠮ ᠤᠨ ᠳᠡᠶᠢᠯᠦᠩᠬᠢ ᠬᠡᠰᠡᠭ ᠢ ᠪᠦᠷᠢᠳᠦᠭᠦᠯᠦᠨ᠎ᠡ᠃ ᠡᠳᠡᠭᠡᠷ ᠡᠴᠡ 10 ᠵᠢᠯ ᠦᠨ ᠳᠠᠷᠠᠭ᠎ᠠ ᠬᠡᠪᠯᠡᠭᠦᠯᠦᠭᠰᠡᠨ 《ᠣᠭᠲᠣᠯᠤᠯᠴᠠᠬᠤᠢ》᠂ 《ᠬᠣᠯᠠᠳᠠᠬᠤ ᠲᠥᠪ》 ᠨᠣᠮ ᠳᠤ ᠳ ∙ ᠤᠷᠢᠶᠠᠩᠬᠠᠢ ᠥᠪᠡᠷ ᠦᠨ ᠢᠷᠠᠭᠤ ᠨᠠᠶᠢᠷᠠᠭ ᠤᠨ ᠬᠡᠯᠪᠡᠷᠢ᠂ ᠠᠭᠤᠯᠭ᠎ᠠ ᠶᠢ ᠵᠠᠩᠭᠢᠳᠴᠤ ᠴᠢᠳᠠᠵᠠᠢ᠃ ᠢᠯᠠᠩᠭᠤᠶ᠎ᠠ 《ᠣᠭᠲᠣᠯᠤᠯᠴᠠᠬᠤᠢ》 ᠨᠣᠮ ᠳᠤ ᠢᠷᠠᠭᠤ ᠨᠠᠶᠢᠷᠠᠭᠴᠢ ᠰᠢᠯᠦᠭᠯᠢᠭ ᠵᠦᠢ ᠡᠴᠡ ᠬᠠᠭᠠᠴᠠᠵᠤ ᠴᠢᠳᠠᠭᠰᠠᠨ ᠶᠤᠮ᠃ 《ᠬᠠᠭᠠᠴᠠᠵᠤ ᠴᠢᠳᠠᠭᠰᠠᠨ》 ᠭᠡᠬᠦ ᠶᠢᠨ ᠤᠴᠢᠷ ᠨᠢ ᠲᠡᠷᠡ ᠪᠡᠷ ᠥᠪᠡᠷ ᠦᠨ ᠦᠵᠡᠯ ᠰᠠᠨᠠᠭ᠎ᠠ ᠪᠣᠯᠳ ᠤᠶᠠᠩᠭ᠎ᠠ ᠶᠢᠨ ᠰᠡᠷᠡᠬᠦᠢ ᠶᠢ ᠣᠭᠲᠣ ᠠᠴᠠ ᠲᠥᠪᠡᠭ ᠦᠭᠡᠢ ᠰᠦᠯᠡᠵᠦ᠂ ᠰᠡᠳᠬᠢᠬᠦᠢ ᠶᠢᠨ ᠬᠤᠪᠢ ᠳᠤ ᠴᠤ᠂ ᠬᠡᠯᠪᠡᠷᠢ ᠶᠢᠨ ᠬᠤᠪᠢ ᠳᠤ ᠴᠤ ᠴᠢᠯᠦᠭᠡᠲᠡᠢ ᠵᠣᠷᠢᠭ ᠢᠶᠠᠷ ᠰᠢᠯᠦᠭᠯᠡᠬᠦ ᠪᠣᠯᠵᠠᠢ᠃ ᠡᠨᠡ ᠨᠣᠮ ᠳᠤ ᠳ ∙ ᠤᠷᠢᠶᠠᠩᠬᠠᠢ ᠶᠢᠨ ᠢᠷᠠᠭᠤ ᠨᠠᠶᠢᠷᠠᠭ ᠳᠠᠬᠢ ᠨᠠᠮᠢᠩᠯᠠᠯᠳᠤ ᠴᠢᠨᠠᠷ᠂ ᠢᠮᠫᠧᠷᠰᠢᠣᠨᠢᠰᠲ ᠥᠩᠭᠡ ᠠᠶᠠᠰ ᠠᠭᠤᠰᠤᠨ ᠰᠦᠯᠡᠯᠳᠦᠵᠦ᠂ ᠳ ∙ ᠤᠷᠢᠶᠠᠩᠬᠠᠢ ᠶᠢᠨ ᠭᠡᠵᠦ ᠬᠡᠯᠡᠵᠦ ᠪᠣᠯᠬᠤ ᠴᠢᠯᠦᠭᠡᠲᠦ ᠰᠢᠯᠦᠭᠯᠡᠯ ᠦᠨ ᠨᠢᠭᠡᠨ ᠰᠢᠨ᠎ᠡ ᠬᠡᠯᠪᠡᠷᠢ ᠶᠢ ᠡᠭᠦᠰᠬᠡᠵᠦ ᠪᠠᠶᠢᠨ᠎ᠠ᠃ ᠲᠡᠷᠲᠡᠭᠡ 1980 ᠣᠨ ᠳᠤ 《ᠴᠠᠭ ᠤᠨ ᠬᠥᠯ》 ᠨᠣᠮ ᠳᠤ ᠨᠢ ᠪᠠᠭᠲᠠᠭᠰᠠᠨ 《ᠰᠢᠯᠦᠭ ᠬᠡᠮᠡᠬᠦ ᠰᠢᠯᠦᠭ》 ᠪᠣᠯᠤᠨ 《ᠣᠭᠲᠣᠯᠤᠯᠴᠠᠬᠤᠢ》 ᠨᠣᠮ ᠤᠨ ᠳᠣᠲᠣᠷᠠᠬᠢ 《ᠢᠨᠢᠶᠡᠳᠦ ᠰᠢᠭ ᠬᠠᠭᠤᠴᠢᠨ ᠬᠦᠮᠦᠨ ᠦ ᠠᠮᠢᠳᠤᠷᠠᠯ》 ᠰᠢᠯᠦᠭ ᠦᠳ ᠢ ᠬᠠᠷᠢᠴᠠᠭᠤᠯᠤᠭᠠᠳ ᠬᠠᠷᠠᠬᠤ ᠳᠤ ᠯᠠ ᠡᠨᠡ ᠪᠦᠬᠦᠨ ᠮᠡᠳᠡᠷᠡᠭᠳᠡᠨ᠎ᠡ᠃ ᠬᠡᠲᠦ ᠹᠢᠯᠣᠰᠣᠹᠢᠳᠤᠵᠤ ᠤᠷᠠᠯᠢᠭ ᠤᠨ ᠦᠨᠡᠨ ᠪᠠᠶᠢᠬᠤ ᠵᠠᠷᠴᠢᠮ ᠢ ᠲᠠᠶᠠᠭᠳᠠᠬᠤ ᠦᠭᠡᠢ᠂ ᠬᠡᠲᠦ ᠳᠦᠷᠰᠦᠯᠡᠯ ᠢ ᠰᠢᠲᠦᠵᠦ ᠤᠷᠠᠯᠢᠭ ᠤᠨ ᠬᠡᠶᠢᠰᠪᠦᠷᠢᠯᠡᠯ ᠦᠨ ᠵᠠᠷᠴᠢᠮ ᠢ ᠠᠯᠳᠠᠭᠳᠠᠭᠤᠯᠬᠤ ᠦᠭᠡᠢ ᠪᠠᠶᠢᠬᠤ ᠲᠤᠭᠤᠷᠪᠢᠯ ᠵᠦᠢ ᠶᠢᠨ ᠡᠨᠡ ᠡᠩ ᠦᠨ ᠦᠨᠡᠨ ᠡᠭᠡᠯ᠂ ᠠᠮᠠᠷᠬᠠᠨ ᠶᠤᠮ ᠰᠢᠭ ᠠᠲᠠᠯ᠎ᠠ ᠪᠠᠨ ᠬᠡᠴᠢᠨᠡᠨ ᠬᠡᠴᠡᠭᠦᠦ ᠰᠢᠯᠭᠠᠭᠤᠷ ᠪᠣᠯᠬᠤ ᠶᠢ ᠳ ∙ ᠤᠷᠢᠶᠠᠩᠬᠠᠢ ᠶᠢᠨ ᠢᠷᠠᠭᠤ ᠨᠠᠶᠢᠷᠠᠭ ᠲᠤ ᠬᠢᠭᠰᠡᠨ ᠬᠠᠭᠠᠰ ᠵᠠᠭᠤᠨ ᠤ ᠡᠷᠢᠯ ᠬᠠᠶᠢᠭᠤᠯ ᠬᠠᠷᠠᠭᠤᠯᠵᠤ ᠪᠠᠶᠢᠨ᠎ᠠ᠃ ᠡᠨᠡ ᠪᠠᠶᠠᠯᠢᠭ ᠡᠷᠢᠯ ᠬᠠᠶᠢᠭᠤᠯ ᠤᠨ ᠬᠢ ᠨᠢ ᠴᠠᠷ᠎ᠠ ᠳᠠᠯᠠᠶᠢᠴᠠ᠂ ᠮᠥᠨ ᠴᠢᠨᠠᠷ ᠢ ᠰᠠᠶᠢᠲᠤᠷ ᠣᠶᠢᠯᠠᠭᠠᠵᠤ᠂ ᠲᠤᠬᠠᠶᠢᠯᠠᠨ ᠤᠩᠰᠢᠭ᠎ᠠ ᠦᠭᠡᠢ ᠵᠠᠷᠢᠮ ᠰᠤᠳᠤᠯᠤᠭᠠᠴᠢ᠂ ᠡᠰᠡᠪᠡᠯ ᠤᠩᠰᠢᠭᠴᠢᠳ ᠲᠡᠭᠦᠨ ᠢ ᠲᠥᠭᠡᠷᠢᠯᠳᠦᠭᠰᠡᠨ ᠬᠦᠮᠦᠨ ᠭᠡᠬᠦ ᠨᠢ ᠪᠤᠢ᠃ ᠴᠢᠩ ᠦᠨᠡᠨ ᠳᠦ ᠪᠡᠨ ᠡᠨᠡ ᠪᠣᠯ ᠳ ∙ ᠤᠷᠢᠶᠠᠩᠬᠠᠢ ᠶᠢᠨ ᠲᠤᠭᠤᠷᠪᠢᠯ ᠵᠦᠢ ᠶᠢᠨ ᠪᠠᠶᠠᠯᠢᠭ ᠶᠢᠷᠲᠢᠨᠴᠦ ᠤᠷᠤᠭᠤ ᠱᠠᠭᠠᠶᠢᠬᠤ ᠲᠡᠳᠦᠢ ᠪᠣᠯᠤᠭᠠᠳ ᠲᠥᠭᠡᠷᠢᠯᠳᠦᠵᠦ ᠶᠠᠪᠤᠭ᠎ᠠ ᠬᠦᠮᠦᠨ ᠦ ᠦᠭᠡ ᠶᠤᠮ᠃ ᠳ ᠊ ᠤᠷᠢᠶᠠᠩᠬᠠᠢ ᠶᠢᠨ ᠨᠥᠯᠥᠭᠡᠯᠡᠯ ᠳ ∙ ᠤᠷᠢᠶᠠᠩᠬᠠᠢ ᠪᠣᠯ ᠬᠣᠶᠢᠴᠢ ᠦᠶ᠎ᠡ ᠳ᠋ᠡᠭᠡᠨ ᠬᠠᠮᠤᠭ ᠤᠨ ᠬᠦᠴᠦᠲᠡᠢ ᠨᠥᠯᠦᠭᠡᠯᠡᠭᠰᠡᠨ ᠤᠷᠠᠨ ᠪᠦᠲᠦᠭᠡᠯᠴᠢᠳ ᠦᠨ ᠨᠢᠭᠡ᠃ ᠲᠡᠭᠦᠨ ᠦ ᠤᠷᠠᠨ ᠪᠦᠲᠦᠭᠡᠯ᠂ ᠡᠷᠢᠯ ᠬᠠᠶᠢᠭᠤᠯ ᠳᠠᠩ ᠭᠠᠭᠴᠠ ᠢᠷᠠᠭᠤ ᠨᠠᠶᠢᠷᠠᠭ ᠲᠤ ᠪᠤᠰᠤ ᠵᠦᠴᠦᠭᠡ ᠶᠢᠨ ᠵᠣᠬᠢᠶᠠᠯ ᠳᠤ ᠴᠤ ᠬᠦᠴᠦᠲᠡᠢ ᠨᠥᠯᠦᠭᠡᠯᠡᠭᠰᠡᠨ᠃ ᠤᠭ ᠠᠴᠠ 1970 ᠍ ᠊ᠭᠠᠳ ᠣᠨ ᠤ ᠰᠡᠭᠦᠯ ᠡᠴᠡ 1990 ᠍ ᠊ᠭᠡᠳ ᠣᠨ ᠤ ᠡᠬᠢᠨ ᠬᠦᠷᠲᠡᠯ᠎ᠡ ᠵᠠᠭᠠᠭ ᠲᠤ ᠪᠦᠲᠦᠭᠡᠯ ᠢᠶᠡᠨ ᠡᠷᠴᠢᠮᠲᠡᠢ ᠲᠤᠭᠤᠷᠪᠢᠵᠤ ᠪᠠᠶᠢᠭᠰᠠᠨ ᠢᠷᠠᠭᠤ ᠨᠠᠶᠢᠷᠠᠭᠴᠢ ᠳ ∙ ᠤᠷᠢᠶᠠᠩᠬᠠᠢ᠂ ᠣ᠊ ∙ ᠳᠠᠰᠢᠪᠠᠯᠪᠠᠷ᠂ ᠪ ∙ ᡀᠠᠭᠸᠠᠰᠦ᠋ᠷᠦᠩ᠂ ᠳ ∙ ᠨᠢᠮᠠᠰᠦ᠋ᠷᠦᠩ ᠦᠨ ᠲᠤᠭᠤᠷᠪᠢᠯ ᠵᠦᠢ ᠶᠢᠨ ᠬᠡᠪ ᠮᠠᠶ᠋ᠢᠭ ᠤᠨ ᠨᠥᠯᠦᠭᠡᠨ ᠳᠦ ᠣᠷᠣᠭ᠎ᠠ ᠦᠭᠡᠢ ᠢᠷᠠᠭᠤ ᠨᠠᠶᠢᠷᠠᠭᠴᠢ ᠶᠢ ᠳᠠᠷᠠᠭ᠎ᠠ ᠦᠶ᠎ᠡ ᠡᠴᠡ ᠨᠢ ᠣᠯᠬᠤ ᠳᠤ ᠪᠡᠷᠬᠡ᠃ ᠳ ∙ ᠤᠷᠢᠶᠠᠩᠬᠠᠢ ᠶᠢᠨ ᠢᠮᠫᠧᠷᠰᠢᠣᠨᠢᠰᠲ᠂ ᠹᠢᠯᠣᠰᠣᠹᠢᠳᠠᠭᠴᠢ ᠨᠠᠮᠢᠨᠴᠢᠯᠠᠯᠳᠤ ᠥᠩᠭᠡ ᠠᠶᠠᠰ 《ᠵᠢᠰᠦ ᠪᠦᠭᠡᠭ ᠠᠨᠳᠠ ᠨᠤᠭᠤᠳ》 ᠪᠦᠯᠦᠭ᠂ ᠵᠣᠬᠢᠶᠠᠯᠴᠢ ᠤ᠊ ∙ ᠰᠢᠭᠦᠷᠭᠡ᠂ ᠪ ∙ ᠪᠠᠲᠤᠷᠡᠭᠵᠢᠳᠮ᠎ᠠ᠂ ᠫᠠᠭᠮᠠ᠂ ᠳ ∙ ᠣᠶᠤᠨᠴᠢᠮᠡᠭ ᠦᠨ 《ᠬᠠᠷᠠᠩᠭᠤᠢ ᠶᠢᠨ ᠳᠠᠭᠤᠯᠠᠯ》᠂ ᠫ ∙ ᠪᠠᠲᠤᠬᠤᠶᠠᠭ ᠤᠨ 《ᠥᠩᠭᠡᠲᠦ ᠶᠢᠷᠲᠢᠨᠴᠦ》 ᠲᠡᠷᠢᠭᠦᠲᠡᠢ ᠡᠬᠢᠨ ᠦᠶ᠎ᠡ ᠶᠢᠨ ᠬᠢ ᠨᠢ ᠪᠦᠲᠦᠭᠡᠯ ᠦᠳ ᠡᠴᠡ ᠲᠣᠳᠣ ᠬᠠᠷᠠᠭᠳᠠᠨ᠎ᠠ᠃ ᠬᠠᠷᠢᠨ ᠪ ∙ ᡀᠠᠭᠸᠠᠰᠦ᠋ᠷᠦᠩ ᠦᠨ ᠦᠭᠡ ᠶᠢᠨ ᠴᠡᠴᠡ᠂ ᠬᠠᠷᠭᠢᠰ ᠵᠦᠢᠷᠯᠡᠯ ᠳᠦ ᠳᠤᠯᠳᠤᠶᠢᠳᠤᠭᠰᠠᠨ ᠰᠲᠷᠷᠧᠠᠯᠢᠰᠲ ᠥᠩᠭᠡ ᠠᠶᠠᠰ ᠼ ∙ ᠴᠢᠮᠡᠳᠳᠣᠷᠵᠢ᠂ ᠱ ∙ ᠭᠦᠷᠦᠪᠠᠽᠠᠷ ᠠᠴᠠ ᠡᠬᠢᠯᠡᠭᠡᠳ ᠪ ∙ ᠢᠴᠢᠨᠬᠣᠷᠯᠸ᠎ᠠ ᠲᠡᠷᠢᠭᠦᠲᠡᠢ 1990 ᠍ ᠊ᠭᠡᠳ ᠣᠨ ᠤ ᠣᠯᠠᠨ ᠢᠷᠠᠭᠤ ᠨᠠᠶᠢᠷᠠᠭᠴᠢᠳ ᠤᠨ ᠤᠷᠠᠯᠠᠯ ᠳᠤ ᠬᠦᠴᠦᠲᠡᠢ ᠨᠥᠯᠥᠭᠡ ᠦᠵᠡᠭᠦᠯᠦᠭᠰᠡᠨ᠃ ᠣᠳᠣ ᠴᠤ ᠲᠡᠭᠦᠨ ᠦ ᠨᠥᠯᠥᠭᠡᠯᠡᠯ ᠡᠴᠡ ᠭᠠᠷᠴᠤ ᠴᠢᠳᠠᠭ᠎ᠠ ᠦᠭᠡᠢ ᠶᠠᠪᠤᠭ᠎ᠠ ᠰᠢᠯᠦᠭᠴᠢᠳ ᠣᠯᠠᠨ᠃ ᠪ ∙ ᡀᠠᠭᠸᠠᠰᠦ᠋ᠷᠦᠩ ᠦᠨ ᠨᠥᠯᠥᠭᠡ ᠲᠡᠢ ᠥᠷᠢᠰᠦᠯᠳᠡᠬᠦᠶᠢᠴᠡ ᠤᠶᠠᠩᠭ᠎ᠠ ᠶᠢᠨ ᠨᠠᠲ᠋ᠦᠶᠢᠷᠠᠯᠢᠰᠲ ᠥᠩᠭᠡ ᠠᠶᠠᠰ ᠲᠠᠢ ᠢᠷᠠᠭᠤ ᠨᠠᠶᠢᠷᠠᠭ ᠤᠨ ᠬᠡᠪ ᠮᠠᠶ᠋ᠢᠭ ᠢ ᠳ ∙ ᠨᠢᠮᠠᠰᠦ᠋ᠷᠦᠩ᠂ ᠣ᠊ ∙ ᠳᠠᠰᠢᠪᠠᠯᠪᠠᠷ ᠨᠠᠷ ᠬᠥᠭᠵᠢᠭᠦᠯᠦᠭᠰᠡᠨ᠃ ᠣ᠊ ∙ ᠳᠠᠰᠢᠪᠠᠯᠪᠠᠷ ᠠᠭᠰᠠᠨ ᠪᠦᠷ ᠡᠨᠡ ᠬᠡᠯᠪᠡᠷᠢ ᠪᠡᠨ ᠲᠤᠩᠬᠠᠭᠯᠠᠭᠰᠠᠨ 《ᠭᠣᠣᠯ ᠤᠰᠤ ᠨᠠᠮᠤᠭᠤᠬᠠᠨ ᠤᠷᠤᠰᠤᠨ᠎ᠠ》 ᠤᠷᠤᠰᠬᠠᠯ ᠢ ᠲᠣᠮᠢᠶᠠᠯᠠᠵᠤ ᠪᠠᠶᠢᠪᠠ᠃ ᠪᠠᠶᠢᠭᠠᠯᠯᠢᠭ ᠰᠡᠷᠡᠬᠦᠢ ᠶᠢᠨ ᠳᠦᠷᠰᠦᠯᠡᠯ᠂ ᠨᠡᠭᠦᠳᠡᠯᠴᠢᠨ ᠦ ᠶᠢᠷᠲᠢᠨᠴᠦ ᠶᠢ ᠦᠵᠡᠬᠦ ᠦᠵᠡᠯ ᠢ ᠭᠣᠣᠯ ᠪᠣᠯᠭᠠᠭᠰᠠᠨ ᠡᠨᠡ ᠤᠷᠤᠰᠬᠠᠯ ᠤᠨ ᠦᠵᠡᠯ ᠰᠠᠨᠠᠭ᠎ᠠ ᠣᠯᠠᠨ ᠲᠠᠯ᠎ᠠ ᠪᠠᠷ ᠢᠶᠠᠨ ᠢᠷᠠᠭᠤ ᠨᠠᠶᠢᠷᠠᠭᠴᠢ ᠳ ∙ ᠤᠷᠢᠶᠠᠩᠬᠠᠢ ᠶᠢᠨ ᠲᠣᠮᠢᠶᠠᠯᠠᠭᠰᠠᠨ 《 ᠪᠢᠰᠢ ᠦᠦ ᠪᠢ》 ᠤᠷᠤᠰᠬᠠᠯ ᠲᠠᠢ ᠲᠥᠰᠲᠡᠢ᠃ ᠭᠣᠣᠯ ᠲᠥᠰᠦᠭᠡ ᠨᠢ ᠠᠯᠢ ᠠᠯᠢ ᠨᠢ ᠮᠣᠩᠭᠣᠯ ᠤᠨ ᠤᠯᠠᠮᠵᠢᠯᠠᠯᠲᠤ ᠢᠷᠠᠭᠤ ᠨᠠᠶᠢᠷᠠᠭ ᠢ ᠪᠤᠳ᠋ᠳ᠋ᠾᠠᠶᠢᠰᠮ ᠪᠣᠯᠤᠨ ᠥᠷᠥᠨ᠎ᠡ ᠳ᠋ᠠᠬᠢᠨ ᠤ ᠰᠢᠨᠡᠴᠢᠯᠡᠭᠴᠢ ᠦᠵᠡᠯ ᠰᠠᠨᠠᠭ᠎ᠠ ᠪᠠᠷ ᠪᠠᠶᠠᠵᠢᠭᠤᠯᠤᠨ ᠬᠥᠭᠵᠢᠭᠦᠯᠬᠦ ᠶᠢ ᠵᠣᠷᠢᠭᠰᠠᠨ᠃ ᠭᠣᠣᠯ ᠢᠯᠭᠠᠭ᠎ᠠ ᠨᠢ ᠣ᠊ ∙ ᠳᠠᠰᠢᠪᠠᠯᠪᠠᠷ ᠰᠢᠯᠦᠭ ᠦᠨ ᠭᠠᠳᠠᠭᠠᠳᠤ ᠬᠡᠯᠪᠡᠷᠢ ᠪᠤᠶᠤ ᠦᠭᠡ ᠶᠢᠨ ᠰᠣᠩᠭᠣᠯᠲᠠ᠂ ᠰᠡᠳᠦᠪ ᠵᠡᠷᠭᠡ ᠳᠦ ᠢᠯᠡᠭᠦᠦ ᠠᠩᠬᠠᠷᠤᠯ ᠬᠠᠨᠳᠤᠭᠤᠯᠵᠤ᠂ ᠨᠡᠯᠢᠶᠡᠳ ᠬᠠᠭᠤᠴᠢᠨᠰᠠᠭ ᠪᠠᠶᠢᠷᠢ ᠰᠠᠭᠤᠷᠢ ᠪᠠᠷᠢᠮᠲᠠᠯᠠᠭᠰᠠᠨ ᠪᠣᠯ ᠳ ∙ ᠤᠷᠢᠶᠠᠩᠬᠠᠢ ᠰᠢᠯᠦᠭ ᠦᠨ ᠳᠣᠲᠣᠭᠠᠳᠤ ᠬᠡᠯᠡᠮᠵᠢ ᠪᠤᠶᠤ ᠹᠢᠯᠣᠰᠣᠹᠢᠯᠣᠭ ᠴᠢᠨᠠᠷ ᠢ ᠴᠢᠬᠤᠯᠠᠴᠢᠯᠠᠵᠤ᠂ ᠭᠱᠠᠨ ᠤ ᠰᠡᠷᠡᠯ ᠮᠡᠳᠡᠷᠡᠮᠵᠢ ᠶᠢ ᠰᠢᠲᠦᠭᠰᠡᠨ ᠡᠷᠡᠰ ᠰᠢᠨᠡᠯᠢᠭ ᠡᠷᠢᠯᠬᠢᠯᠡᠯ ᠢ ᠳᠡᠮᠵᠢᠭᠰᠡᠨ ᠳᠦ ᠪᠡᠨ ᠪᠤᠢ᠃ ᠣ᠊ ∙ ᠳᠠᠰᠢᠪᠠᠯᠪᠠᠷ᠂ ᠳ ∙ ᠨᠢᠮᠠᠰᠦ᠋ᠷᠦᠩ᠂ ᠭ ∙ ᠮᠡᠨᠳᠦ-ᠣᠣᠶᠣ ᠨᠠᠷ ᠤᠨ ᠭᠣᠣᠯ ᠤᠰᠤ ᠨᠠᠮᠤᠭᠤᠬᠠᠨ ᠤᠷᠤᠰᠤᠨ᠎ᠠ ᠤᠷᠤᠰᠬᠠᠯ ᠳᠤ ᠲ ∙ ᠰᠣᠳᠨᠠᠮᠨᠠᠮᠵᠢᠯ᠂ ᠳ ∙ ᠴᠣᠭᠪᠠᠳᠠᠷᠠᠬᠤ᠂ ᠠ᠊ ∙ ᠡᠷᠳᠡᠨᠢ-ᠣᠴᠢᠷ᠂ ᠼ ∙ ᠪᠠᠪᠤᠳᠣᠷᠵᠢ ᠨᠠᠷ ᠤᠨ ᠢᠷᠠᠭᠤ ᠨᠠᠶᠢᠷᠠᠭᠴᠢᠳ ᠪᠦᠲᠦᠭᠡᠯ ᠦᠨ ᠥᠩᠭᠡ ᠠᠶᠠᠰ ᠢᠶᠠᠷ ᠢᠶᠠᠨ ᠬᠠᠮᠢᠶᠠᠷᠤᠨ᠎ᠠ᠃ ᠡᠨᠡ ᠮᠡᠲᠦ ᠮᠣᠩᠭᠣᠯ ᠢᠷᠠᠭᠤ ᠨᠠᠶᠢᠷᠠᠭ ᠤᠨ ᠤᠯᠠᠮᠵᠢᠯᠠᠯ᠂ ᠰᠢᠨᠡᠴᠢᠯᠡᠯ ᠦᠨ ᠠᠰᠠᠭᠤᠳᠠᠯ ᠢ ᠬᠡᠯᠡᠨ ᠦ ᠦᠵᠡᠭᠳᠡᠯ ᠦᠨ ᠬᠤᠪᠢ ᠳᠤ ᠠᠪᠴᠤ ᠦᠵᠡᠭᠰᠡᠨ ᠲᠤᠭᠤᠷᠪᠢᠯ ᠵᠦᠢ ᠶᠢᠨ ᠰᠤᠳᠤᠯᠭ᠎ᠠ ᠮᠠᠨ ᠤ ᠳᠤ ᠦᠭᠦᠯᠡᠭᠳᠡᠵᠦ ᠪᠤᠢ᠃ ᠳ ∙ ᠤᠷᠢᠶᠠᠩᠬᠠᠢ ᠶᠢᠨ ᠹᠢᠯᠣᠰᠣᠹᠢᠯᠣᠭ ᠬᠡᠯᠪᠡᠷᠢᠳᠡᠯᠲᠡ ᠨᠦᠭᠦᠳ᠂ ᠥᠪᠡᠷᠮᠢᠴᠡ ᠵᠦᠢᠷᠯᠡᠯ᠎ ᠦᠳ ᠢᠶᠡᠷ ᠢᠶᠡᠨ ᠮᠧᠲ᠋ᠠᠹᠣᠷ ᠤᠨ ᠪᠠᠶᠠᠯᠢᠭ ᠰᠠᠩ ᠡᠭᠦᠰᠬᠡᠭᠰᠡᠨ ᠴᠢᠯᠦᠭᠡᠲᠦ ᠰᠢᠯᠦᠭᠯᠢᠭ᠂ ᠪᠣᠳᠣᠷᠠᠯ ᠡᠷᠭᠢᠴᠡᠭᠦᠯᠦᠯ ᠦᠳ 1990 ᠍ ᠊ᠭᠡᠳ ᠣᠨ ᠤ ᠢᠷᠠᠭᠤ ᠨᠠᠶᠢᠷᠠᠭᠴᠢ ᠵᠠᠯᠠᠭᠤᠰ ᠢ ᠰᠢᠨ᠎ᠡ ᠥᠷᠨᠢᠯ ᠳᠦ ᠬᠥᠲᠥᠯᠵᠡᠢ᠃ 1992 ᠣᠨ ᠳᠤ ᠬᠡᠪᠯᠡᠭᠦᠯᠦᠭᠰᠡᠨ 《ᠵᠢᠰᠦ ᠪᠦᠭᠡᠭ ᠠᠨᠳᠠ ᠨᠤᠭᠤᠳ》 ᠪᠦᠯᠦᠭ ᠦᠨ ᠨᠣᠮ ᠠᠴᠠ ᠳ ∙ ᠤᠷᠢᠶᠠᠩᠬᠠᠢ ᠶᠢᠨ 《ᠨᠢᠯᠬ᠎ᠠ ᠬᠥᠯ ᠦᠨ ᠰᠠᠯᠬᠢ》᠂ 《ᠴᠡᠭᠡᠵᠢᠨ ᠦ ᠨᠥᠮᠥᠷᠢ》 ᠨᠣᠮ ᠤᠳ ᠤᠨ ᠨᠥᠯᠥᠭᠡ ᠰᠢᠭᠤᠳ ᠠᠩᠵᠠᠭᠠᠷᠠᠭᠳᠠᠳᠠᠭ᠃ ᠤᠭ ᠪᠦᠯᠦᠭ ᠦᠨ ᠭᠣᠣᠯ ᠤᠷᠠᠨ ᠪᠦᠲᠦᠭᠡᠯᠴᠢ ᠭ ∙ ᠪᠠᠳᠠᠮᠰᠠᠮᠪᠤᠤ ᠬᠣᠵᠢᠮ᠂ 《ᠳ ∙ ᠤᠷᠢᠶᠠᠩᠬᠠᠢ ᠶᠢᠨ ᠲᠤᠭᠤᠷᠪᠢᠬᠤ ᠬᠡᠪ ᠮᠠᠶ᠋ᠢᠭᠲᠤ ᠬᠣᠰᠢᠭᠤᠷᠠᠨ ᠳᠠᠭᠠᠵᠤ ᠪᠠᠶᠢᠭᠰᠠᠨ》 ᠲᠤᠬᠠᠢ ᠪᠠᠨ ᠳᠤᠷᠠᠰᠤᠭᠰᠠᠨ ᠨᠢ ᠪᠤᠢ᠃ ᠨᠢᠭᠡᠨ ᠵᠡᠷᠭᠡᠴᠡᠭᠦᠯᠦᠯ᠄ ᠨᠣᠮᠣᠬᠠᠨ ᠳᠥᠯᠥᠭᠡᠨ ᠳᠠᠯᠠᠢ ᠮᠢᠨᠣ ᠳ ∙ ᠤᠷᠢᠶᠠᠩᠬᠠᠢ ᠠᠶᠤᠨᠠᠮ᠃ ᠭᠤᠷᠭᠤᠤᠯᠳᠠᠢ ᠵᠢᠷᠭᠢᠪᠡᠴᠦ ᠳᠦᠯᠡᠢ᠂ ᠠᠷᠰᠯᠠᠨ ᠬᠦᠷᠬᠢᠷᠡᠪᠡᠴᠦ ᠳᠦᠯᠡᠢ᠃ ᠠᠶᠤᠨᠠᠮ᠃ ᠥᠳᠥ ᠤᠨᠠᠭᠰᠠᠨ ᠴᠤ ᠴᠣᠴᠢᠬᠤ ᠦᠭᠡᠢ᠂ ᠣᠳᠣ ᠤᠨᠠᠭᠰᠠᠨ ᠴᠤ ᠴᠣᠴᠢᠬᠤ ᠦᠭᠡᠢ᠂ ᠬᠦᠮᠦᠨ ᠭᠤᠤᠭᠤᠯᠤᠯ᠎ᠠ ᠴᠤ᠂ ᠰᠠᠷᠮᠠᠭᠴᠢᠨ ᠣᠷᠢᠯᠠᠯ᠎ᠠ ᠴᠤ ᠳᠠᠪᠠᠯᠭ᠎ᠠ ᠯᠠ ᠴᠠᠯᠭᠢᠨᠠᠮ᠃ ᠠᠶᠤᠨᠠᠮ᠃ ᠳᠠᠯᠠᠢ ᠮᠢᠨᠢ ᠠᠭᠤᠤ ᠶᠡᠬᠡ ᠪᠡᠷ ᠢᠶᠡᠨ ᠠᠶᠤᠯᠭᠠᠵᠤ᠂ 《ᠪᠠᠭ᠎ᠠ》 ᠍ ᠶᠢᠨ ᠵᠣᠪᠠᠯᠠᠩ ᠢ ᠲᠠᠨᠢᠭᠤᠯᠤᠨ᠂ ᠠᠵᠢᠭᠭᠦᠶᠢᠬᠡᠨ ᠢᠶᠡᠷ ᠳᠦᠩᠰᠦᠶᠢᠨᠡᠮ᠃ ᠭᠡᠪᠡᠴᠦ ᠠᠶᠤᠭᠰᠠᠨ ᠦᠨᠡᠨ ᠢ ᠮᠢᠨᠢ ᠮᠡᠳᠡᠭᠦᠲᠡ ᠪᠡᠨ ᠤᠤᠯᠭ᠎ᠠ ᠠᠯᠳᠠᠨ ᠬᠤᠤᠬᠢᠷᠴᠤ᠂ ᠱᠤᠤᠭᠢᠨ ᠬᠦᠷᠬᠢᠷᠡᠵᠦ᠂ ᠠᠮᠠᠷᠠᠭ ᠡᠬᠡ ᠶᠢᠨ ᠠᠳᠠᠯᠢ ᠠᠷᠭᠠᠳᠠᠨ ᠬᠤᠷᠤᠶᠢᠯᠠᠨᠠᠮ᠃ ᠠᠮᠢᠷ ᠢ ᠬᠠᠯᠠᠬᠤ ᠭ ∙ ᠪᠠᠳᠠᠮᠰᠠᠮᠪᠤᠤ ᠰᠡᠳᠬᠢᠯ ᠲᠦᠳᠡᠭᠡᠳ ᠪᠠᠶᠢᠰᠬᠢᠮᠡᠭᠴᠡ ᠰᠣᠴᠢᠨ ᠠᠳᠬᠠᠬᠤ ᠪᠥᠯᠦᠭᠡ᠃ ᠭᠣᠣᠯ ᠤᠨ ᠬᠠᠷᠠᠩᠭᠤᠢ ᠡᠷᠭᠢ ᠁ ᠬᠦᠮᠦᠨ ᠦ ᠵᠢᠰᠦ ᠁ ᠤᠶᠢᠲᠤ ᠠᠢ ᠁ ᠴᠤᠪᠣᠬᠤ ᠨᠢᠯᠪᠤᠰᠤ ᠁ ᠢᠨᠢᠶᠡᠯᠴᠡᠬᠦ ᠁ ᠠᠩᠭᠢᠵᠢᠷᠠᠨ ᠣᠳᠬᠤ ᠁ ᠳᠠᠭᠤᠯᠠᠬᠤ ᠁ ᠬᠤᠷᠢᠴᠠᠬᠤ ᠁ ᠦᠬᠦᠬᠦ ᠮᠡᠲᠦ ᠪᠣᠯᠬᠤ ᠁ ᠬᠣᠣᠷᠯᠠᠬᠤ ᠶᠢ ᠬᠦᠰᠡᠬᠦ ᠁ ᠠᠲᠠᠭ᠎ᠠ ᠴᠤᠭᠯᠠᠬᠤ ᠪᠦᠬᠦᠨ ᠪᠦᠷᠢᠨ᠎ᠡ ᠨᠢᠭᠡᠳᠦᠭᠡᠳ ᠁ ᠭᠱᠠᠨ᠎ᠠ ᠰᠠᠷᠨᠢᠵᠠᠢ᠃ ᠶᠣᠰᠣᠯᠠᠮᠠᠭᠴᠠ ᠡᠰᠡ ᠪᠣᠯᠤᠭᠰᠠᠨ ᠦᠢᠯᠡ᠂ ᠪᠣᠯᠤᠭᠰᠠᠨ ᠦᠢᠯᠡ᠂ ᠬᠦᠨᠳᠦᠳᠬᠡᠪᠡᠯ ᠵᠣᠬᠢᠬᠤ ᠪᠦᠬᠦᠨ ᠢ ᠦᠯᠦ ᠢᠯᠭᠠᠭᠠᠳ ᠨᠢᠭᠤᠷ ᠮᠡᠩᠳᠡᠭᠦᠷᠡᠨᠡᠮ᠃ ᠪᠢ᠂ ᠲᠩᠷᠢ ᠳᠦ ᠮᠡᠬᠦᠶᠢᠪᠡ ᠦᠦ᠂ ᠶᠠᠭᠠᠬᠢᠪᠠ ︖ ᠲᠡᠭᠦᠨ ᠦ ᠠᠰᠠᠭᠤᠯᠭ᠎ᠠ ᠳᠤ ᠦᠯᠦ ᠥᠴᠢᠨ᠎ᠡ᠃ ᠶᠠᠭᠤᠨ ᠬᠡᠮᠡᠬᠦᠯ᠎ᠡ ᠪᠡᠶ᠎ᠡ ᠮᠠᠨᠢ ᠦᠯᠦ ᠢᠯᠭᠠᠭᠴᠢ᠂ ᠢᠯᠡᠳᠲᠡ ᠲᠠᠨᠢᠭᠴᠢ ᠶᠢᠨ ᠠᠯᠢᠨ ᠢ ᠴᠤ ᠡᠰᠡ ᠡᠵᠡᠮᠰᠢᠪᠡᠢ᠃ ᠡᠵᠡᠮᠰᠢᠭᠰᠡᠨ ᠠᠬᠤᠯ᠎ᠠ ᠲᠠᠷᠢᠬᠢ ᠮᠠᠭᠤ᠂ ᠦᠯᠦ ᠲᠥᠭᠡᠷᠢᠯᠳᠦᠬᠦ ᠬᠠᠲᠠᠭᠤᠴᠢ ᠰᠡᠳᠬᠢᠯ ᠪᠥᠬᠡᠵᠢᠭᠡᠳ ᠭᠠᠰᠠᠯᠠᠩᠭᠤᠢ ᠶᠢᠨ ᠦᠷ᠎ᠡ ᠬᠠᠰᠬᠢᠷᠤᠨ ᠲᠦᠭᠡᠬᠦ ᠠᠮᠤᠢ᠃ ᠡᠭᠦᠨ ᠡᠴᠡ ᠵᠠᠪᠰᠠᠷᠯᠠᠵᠤ ᠠᠮᠵᠢᠪᠠᠢ᠃ ᠨᠠᠷᠠ ᠳ ∙ ᠤᠷᠢᠶᠠᠩᠬᠠᠢ ᠰᠡᠭᠦᠳᠡᠷ ᠪᠣᠯ ᠠᠮᠠᠷᠠᠵᠤ ᠪᠤᠢ ᠬᠠᠷ᠎ᠠ ᠨᠠᠷᠠ᠃ ᠰᠡᠭᠦᠳᠡᠷᠲᠦᠬᠦ ᠶᠢᠨ ᠢᠶᠡᠨ ᠬᠡᠮᠵᠢᠶ᠎ᠡ ᠪᠡᠷ ᠥᠩᠭᠡ ᠣᠷᠣᠨ᠎ᠠ᠃ ᠬᠠᠷ᠎ᠠ ᠣᠳᠣ ᠪ ∙ ᠫᠦᠷᠪᠦᠰᠦ᠋ᠷᠦᠩ ᠲᠡᠷᠡ ᠳᠡᠭᠡᠷ᠎ᠡ ᠲᠠᠭᠲᠤᠨ ᠳᠡᠭᠡᠷ᠎ᠡ ᠵᠣᠭᠰᠣᠭ᠎ᠠ ᠪᠦᠰᠡᠭᠦᠢ ᠬᠠᠷ᠎ᠠ ᠣᠳᠣ ᠠ᠋ ᠳ ᠊ ᠤᠷᠢᠶᠠᠩᠬᠠᠢ ᠶᠢᠨ ︽ ᠤᠲ᠋ᠤᠫᠢ 》 ᠢᠳᠧᠠᠯ ᠳᠤ ᠬᠦᠷᠬᠦ ᠪᠣᠯᠤᠮᠵᠢ ᠦᠭᠡᠢ᠃ ᠡᠭᠦᠨ ᠢ ᠤᠬᠠᠮᠰᠠᠷᠯᠠᠵᠤ ᠪᠤᠢ ᠪᠠᠷ ᠢᠶᠠᠨ ᠬᠦᠮᠦᠨ ᠦ ᠤᠬᠠᠭᠠᠨ ᠠᠭᠤᠤ᠃ ᠬᠦᠷᠴᠦ ᠪᠣᠯᠬᠤᠶᠢᠴᠠ᠂ ᠨᠡᠩ ᠲᠣᠳᠣᠷᠬᠠᠢ ᠵᠦᠢᠯ ᠢ ᠢᠳᠧᠠᠯ ᠭᠡᠵᠦ ᠦᠵᠡᠵᠦ ᠪᠠᠶᠢᠭ᠎ᠠ ᠪᠣᠯ ᠲᠡᠷᠡ ᠶᠠᠭᠠᠬᠢᠪᠠᠴᠤ ᠡᠷᠡᠭᠦᠯ ᠰᠠᠷᠠᠭᠤᠯ ᠬᠦᠮᠦᠨ ᠪᠢᠰᠢ᠃ ᠠᠨᠳᠠᠷᠢ ᠲᠠᠷᠺᠣᠪᠰᠺᠦ ᠹᠶᠣᠳᠠᠷ ᠮᠠᠬᠠᠶᠢᠯᠣᠸᠢᠴ ᠳᠠᠰᠤᠲᠠᠧᠦᠢᠰᠺᠦ ᠠᠰᠤᠷᠤ ᠲᠣᠮᠣ ᠤᠲ᠋ᠣᠫᠢ ᠲᠡᠭᠡᠭᠡᠵᠦ᠂ ᠲᠡᠭᠡᠭᠡᠷ᠎ᠡ ᠲᠡᠭᠡᠭᠡᠰᠢᠨ ᠳᠦ ᠪᠡᠨ ᠲᠦᠦᠷᠲᠦᠵᠦ᠂ ᠲᠡᠷᠡ ᠲᠡᠭᠡᠰᠢ ᠪᠡᠨ ᠬᠦᠦᠷᠨᠢᠵᠦ ᠠᠮᠢᠳᠤᠷᠠᠭᠰᠠᠨ ᠵᠣᠬᠢᠶᠠᠯᠴᠢ᠃ ᠬᠠᠮᠵᠢᠯᠭᠠᠲᠤ ᠨᠡᠶᠢᠭᠡᠮ ᠨᠢ ᠥᠷᠥᠨ᠎ᠡ ᠳ᠋ᠠᠬᠢᠨ ᠠᠴᠠ ᠬᠡᠳᠦᠨ ᠵᠠᠭᠤᠨ ᠢᠶᠠᠷ ᠬᠣᠴᠣᠷᠤᠭᠰᠠᠨ ᠣᠷᠣᠰ ᠤᠨ ᠰᠡᠬᠡᠭᠡᠲᠡᠨ ᠨᠦᠭᠦᠳ ᠢ ᠲᠤᠬᠠᠢ ᠶᠢᠨ ᠦᠶ᠎ᠡ ᠳ᠋ᠡᠭᠡᠨ ᠶᠡᠬᠡ ᠪᠡᠷ ᠲᠠᠲᠠᠵᠤ ᠪᠠᠶᠢᠭᠰᠠᠨ ᠰᠣᠴᠢᠶᠠᠯᠢᠮ ᠤᠨ ᠤᠲ᠋ᠣᠫᠢ ᠳᠤ ᠳᠠᠰᠤᠲᠠᠧᠦᠢᠰᠺᠢ ᠲᠠᠲᠠᠭᠳᠠᠵᠤ᠂ ᠫᠧᠲ᠋ᠷᠠᠱᠧᠸᠰᠺ ᠤᠨ ᠳᠤᠭᠤᠶᠢᠯᠠᠩ ᠤᠨ ᠢᠳᠡᠪᠬᠢᠲᠡᠨ ᠪᠣᠯᠤᠭᠰᠠᠨ ᠲᠡᠦᠬᠡ ᠲᠡᠢ᠃ ᠲᠡᠷᠡ ᠡᠨᠡ ᠦᠵᠡᠯ ᠰᠠᠨᠠᠭ᠎ᠠ ᠪᠠᠨ ᠳᠡᠭᠦᠵᠢᠯᠡᠭᠦᠷ ᠦᠨ ᠣᠯᠣᠰᠣ ᠲᠠᠢ ᠬᠠᠮᠲᠤ ᠣᠷᠬᠢᠭ᠎ᠠ ᠦᠭᠡᠢ᠃ ᠴᠥᠯᠡᠯᠭᠡ ᠡᠴᠡ ᠲᠡᠷᠡ ᠺᠣᠮᠮᠤᠨᠢᠰᠲ ᠤᠲ᠋ᠣᠫᠢ ᠪᠠᠨ ᠱᠠᠰᠢᠨ ᠤ ᠡᠷᠭᠢᠴᠡᠭᠦᠯᠦᠯ ᠳᠦ ᠰᠠᠭᠤᠷᠢᠯᠠᠭᠰᠠᠨ ᠬᠦᠮᠦᠨᠯᠢᠭ ᠦᠵᠡᠯ ᠢᠶᠡᠷ ᠪᠠᠶᠠᠵᠢᠭᠤᠯᠤᠭᠠᠳ ᠡᠷᠭᠢᠵᠦ ᠢᠷᠡᠭᠰᠡᠨ᠃ ᠡᠨᠡ ᠨᠢ ᠨᠠᠰᠤᠨ ᠲᠤᠷᠰᠢ ᠶᠢᠨ ᠬᠢ ᠨᠢ ᠤᠷᠠᠨ ᠪᠦᠲᠦᠭᠡᠯ ᠦᠨ ᠴᠢᠭ ᠬᠠᠨᠳᠤᠯᠭ᠎ᠠ ᠪᠣᠯᠤᠨ ᠲᠣᠭᠲᠠᠵᠤ᠂ ᠠᠭᠤᠤ ᠡᠷᠡᠦᠴᠢᠨ ᠭᠡᠬᠦ ᠮᠡᠲᠦ ᠡᠷᠭᠢᠴᠡᠭᠦᠯᠦᠯ ᠢ ᠪᠢᠴᠢᠭᠦᠯᠦᠭᠰᠡᠨ ᠪᠢᠯᠡ᠃ ᠺᠠᠷᠠᠮᠵᠣᠸ ᠤᠨ ᠬᠥᠪᠡᠭᠦᠳ ᠦᠨ ᠲᠡᠭᠦᠰᠬᠡᠯ ᠳ᠋ᠡᠬᠢ ᠬᠡᠦᠬᠡᠳ ᠦᠨ ᠭᠡᠭᠡᠨ ᠶᠢᠷᠲᠢᠨᠴᠦ ᠶᠢᠨ ᠲᠤᠬᠠᠢ ᠥᠭᠦᠯᠡᠮᠵᠢ ᠳᠦ ᠳᠠᠰᠤᠲᠠᠧᠦᠢᠰᠺᠢ ᠶᠢᠨ ᠬᠦᠮᠦᠨᠯᠢᠭ ᠦᠵᠡᠯ ᠦᠨ ᠭᠣᠣᠯ ᠰᠠᠨᠠᠭ᠎ᠠ ᠲᠤᠰᠣᠭᠰᠠᠨ ᠨᠢ ᠪᠤᠢ᠃ ᠵᠣᠬᠢᠶᠠᠯᠴᠢ ᠳ ∙ ᠤᠷᠢᠶᠠᠩᠬᠠᠢ ᠶᠢᠨ ᠳᠣᠲᠣᠷ᠎ᠠ ᠪᠠᠨ ᠠᠭᠤᠯᠵᠤ ᠪᠤᠢ ᠤᠲ᠋ᠣᠫᠢ ᠡᠭᠦᠨ ᠲᠡᠢ ᠲᠥᠰᠲᠡᠢ᠃ ᠲᠡᠷᠡ ᠪᠡᠷ ᠡᠨᠡ ᠭᠦᠨ ᠤᠬᠠᠭᠠᠨ ᠤ ᠡᠰᠢ ᠦᠵᠡᠯ᠎ ᠢᠶᠡᠨ ᠥᠪᠡᠷ ᠦᠨ ᠡᠰᠰᠠ᠂ ᠪᠣᠳᠣᠷᠠᠯ ᠤᠨ ᠨᠣᠮ ᠤᠳ ᠲᠠᠭᠠᠨ ᠵᠠᠳᠠᠯᠤᠨ ᠬᠥᠭᠵᠢᠭᠦᠯᠦᠭᠰᠡᠭᠡᠷ ᠢᠷᠡᠭᠰᠡᠨ᠃ ᠡᠳᠦᠭᠡ ᠨᠠᠰᠤᠨ ᠤ ᠷᠣᠮᠠᠨ ᠬᠡᠮᠡᠨ ᠪᠢᠴᠢᠭᠰᠡᠭᠡᠷ ᠪᠤᠢ ᠷᠣᠮᠠᠨ ᠳᠤ ᠨᠢ ᠡᠨᠡ ᠪᠦᠬᠦ ᠡᠷᠭᠢᠴᠡᠭᠦᠯᠦᠯ ᠨᠢ ᠰᠢᠩᠭᠡᠵᠦ ᠪᠤᠢ᠂ ᠲᠡᠶᠢᠮᠦ ᠴᠤ ᠤᠴᠢᠷ ᠠᠴᠠ ᠴᠠᠭ ᠶᠡᠬᠡ ᠱᠠᠭᠠᠷᠳᠠᠵᠤ ᠪᠤᠢ ᠨᠢ ᠣᠶᠢᠯᠠᠭᠠᠮᠵᠢᠲᠠᠢ᠃ ᠣᠯᠠᠨ ᠨᠡᠶᠢᠲᠡ ᠶᠢᠨ ᠪᠣᠯᠪᠠᠰᠤᠷᠠᠯ᠂ ᠭᠡᠭᠡᠷᠡᠯ ᠢ ᠦᠢᠯᠡᠳᠪᠦᠷᠢᠯᠡᠯ᠂ ᠪᠦᠲᠦᠭᠡᠯᠴᠢ ᠦᠢᠯᠡ ᠲᠡᠢ ᠬᠣᠣᠰᠯᠠᠭᠤᠯᠤᠭᠰᠠᠨ ᠠᠩᠭᠢ ᠦᠭᠡᠢ ᠨᠡᠶᠢᠭᠡᠮ ᠤᠨ ᠲᠤᠬᠠᠢ ᠲᠣᠮᠠᠰ ᠮᠣᠷ ᠤᠨ ᠤᠲ᠋ᠣᠫᠢ ᠦᠵᠡᠯ᠂ ᠮᠠᠷᠺᠰ ᠤᠨ 《ᠡᠪ ᠬᠠᠮᠲᠤ ᠶᠢᠨ ᠦᠵᠡᠯ ᠰᠠᠨᠠᠭ᠎ᠠ》 ᠭᠡᠳ ᠨᠡᠶᠢᠭᠡᠮ ᠤᠨ ᠢᠯᠭᠠᠷᠠᠯ᠂ ᠬᠠᠷᠭᠢᠰ ᠪᠠᠶᠢᠳᠠᠯ ᠢ ᠤᠰᠠᠳᠬᠠᠬᠤ ᠲᠤᠬᠠᠢ ᠦᠵᠡᠯ ᠦᠳ ᠳ ∙ ᠤᠷᠢᠶᠠᠩᠬᠠᠢ ᠶᠢᠨ ᠡᠨᠡᠷᠢᠩᠭᠦᠢ ᠦᠵᠡᠯ ᠲᠡᠢ ᠬᠣᠯᠪᠣᠭᠠᠲᠠᠢ ᠶᠢ ᠲᠡᠷᠡᠪᠡᠷ ᠥᠪᠡᠷ ᠢᠶᠡᠨ ᠴᠤ ᠬᠦᠯᠢᠶᠡᠨ ᠵᠥᠪᠰᠢᠶᠡᠷᠡᠳᠡᠭ᠃ ᠶᠠᠮᠠᠷ ᠰᠠᠶᠢᠨ ᠳᠤ ᠪᠠᠨ 《ᠨᠡᠶᠢᠭᠡᠮ ᠤᠨ ᠠᠮᠢᠳᠤᠷᠠᠯ ᠳᠤ ᠬᠢᠭᠡᠳ ᠢᠷᠡᠭᠡᠳᠦᠢ ᠳᠦ ᠬᠠᠨᠳᠤᠬᠤ ᠬᠠᠨᠳᠤᠯᠭ᠎ᠠ ᠪᠠᠷ ᠢᠶᠠᠨ ᠪᠢ ᠤᠲ᠋ᠣᠫᠢ ᠢᠳᠧᠠᠯᠢᠰᠲ ᠦᠵᠡᠯ ︿ᠬᠠᠩᠬᠤᠯᠤᠭᠤᠯᠵᠤ﹀ ᠪᠠᠶᠢᠬᠤ ᠮᠠᠭᠠᠳ ᠲᠠᠢ》 ᠬᠡᠮᠡᠬᠦ ᠪᠤᠢ ᠳ᠋ᠡ᠃ ᠦᠨᠡᠨ ᠳᠦ ᠪᠡᠨ ᠳ ∙ ᠤᠷᠢᠶᠠᠩᠬᠠᠢ ᠶᠢᠨ ᠬᠦᠮᠦᠨᠯᠢᠭ ᠦᠵᠡᠯ ᠦᠨ ᠲᠣᠮᠢᠶᠠᠯᠠᠯ ᠤᠲ᠋ᠣᠫᠢ ᠭᠡᠬᠦ ᠡᠴᠡ ᠪᠡᠨ ᠢᠯᠡᠭᠦᠦ ᠰᠤᠷᠭᠠᠯ ᠨᠣᠮᠯᠠᠯ ᠤᠨ ᠴᠢᠨᠠᠷᠲᠠᠢ᠃ ᠭᠡᠬᠦ ᠳᠦ ᠪᠡᠨ ᠡᠨᠡ ᠦᠵᠡᠯ ᠨᠢ ᠮᠠᠨ ᠤ ᠨᠡᠶᠢᠭᠡᠮ ᠳᠦ ᠪᠡᠶᠡᠯᠡᠬᠦ ᠪᠣᠯᠤᠮᠵᠢ ᠣᠭᠲᠣ ᠠᠴᠠ ᠦᠭᠡᠢ᠂ ᠡᠰᠡᠬᠦᠯ᠎ᠡ ᠲᠡᠶᠢᠮᠦ ᠪᠣᠯᠤᠮᠵᠢ ᠪᠠᠶᠢᠪᠠᠴᠤ ᠭᠦᠢᠴᠡᠯᠳᠦᠭᠦᠯᠬᠦ ᠬᠦᠰᠡᠯ ᠵᠣᠷᠢᠭ᠂ ᠰᠠᠴᠢᠢ ᠪᠢᠳᠡᠨ ᠳᠦ ᠳᠤᠲᠠᠵᠤ ᠪᠤᠢ ᠤᠴᠢᠷ ᠠᠴᠠ ᠯᠠ 《ᠤᠲ᠋ᠣᠫᠢ》 ᠭᠡᠳ ᠪᠠᠶᠢᠭ᠎ᠠ ᠬᠡᠷᠡᠭ᠃ ᠠᠯᠢ ᠲᠡᠷᠲᠡᠭᠡ 1985 ᠣᠨ ᠳᠤ ᠳ ∙ ᠤᠷᠢᠶᠠᠩᠬᠠᠢ ᠥᠪᠡᠷ ᠦᠨ ᠬᠦᠮᠦᠨᠯᠢᠭ ᠦᠵᠡᠯ ᠢ ᠡᠶᠢᠨ ᠲᠣᠮᠢᠶᠠᠯᠠᠵᠤ ᠪᠠᠶᠢᠪᠠ᠃ ᠬᠥᠮᠦᠨ ᠳᠦ ᠳᠥᠷᠪᠡᠨ ᠤᠬᠠᠭᠠᠨ ᠳᠥᠷᠥᠭᠡ ᠪᠣᠯᠤᠨ᠎ᠠ᠃ ᠳᠥᠷᠪᠡᠨ ᠵᠦᠭ ᠨᠡᠶᠢᠯᠡᠵᠦ ᠬᠣᠷᠸ᠎ᠠ ᠶᠢ ᠴᠣᠭᠴᠠᠯᠠᠭᠠᠳᠠᠭ ᠰᠢᠭ ᠬᠦᠮᠦᠨ ᠪᠡᠶ᠎ᠡ ᠪᠡᠨ ᠲᠡᠵᠢᠭᠡᠵᠦ᠂ ᠲᠥᠷᠥ ᠪᠡᠨ ᠰᠠᠬᠢᠵᠤ᠂ ᠪᠤᠷᠤᠭᠤ ᠪᠠᠨ ᠵᠥᠪᠲᠡᠭᠡᠵᠦ᠂ ᠪᠠᠶᠢᠬᠤ ᠦᠭᠡᠢ ᠶᠢ ᠪᠠᠶᠢᠯᠭᠠᠵᠤ ᠪᠠᠶᠢᠵᠤ ᠠᠮᠢᠳᠤᠷᠠᠯ ᠢᠶᠠᠨ ᠴᠣᠭᠴᠠᠯᠠᠭᠠᠨ᠎ᠠ 》 《ᠳᠠᠭᠤ ᠦᠭᠡᠢ ᠨᠣᠮ》 ᠍ ᠳᠦ ᠪᠤᠢ ᠡᠨᠡ ᠰᠠᠨᠠᠭ᠎ᠠ ᠳ ∙ ᠤᠷᠢᠶᠠᠩᠬᠠᠢ ᠶᠢᠨ ᠵᠠᠮ ᠮᠥᠷ ᠦᠨ ᠭᠣᠣᠯ ᠰᠤᠷᠭᠠᠯ ᠶᠤᠮ᠃ ᠲᠡᠷᠡ ᠪᠡᠷ ᠬᠦᠮᠦᠨ ᠦ ᠣᠷᠣᠰᠢᠬᠤᠢ ᠶᠢᠨ ᠠᠰᠠᠭᠤᠳᠠᠯ ᠢ ᠣᠯᠠᠨ ᠲᠠᠯ᠎ᠠ ᠠᠴᠠ ᠨᠢ ᠵᠠᠳᠠᠯᠤᠨ ᠰᠢᠨᠵᠢᠯᠡᠵᠦ ᠠᠪᠴᠤ ᠦᠵᠡᠬᠦ ᠳᠦ ᠪᠡᠨ ᠢᠮᠠᠭᠲᠠ ᠮᠣᠩᠭᠣᠯ ᠣᠷᠣᠨ ᠤ ᠥᠩᠭᠡᠷᠡᠭᠰᠡᠨ᠂ ᠣᠳᠣ᠂ ᠢᠷᠡᠭᠡᠳᠦᠢ ᠶᠢᠨ ᠡᠮᠦᠨ᠎ᠡ ᠡᠴᠡ ᠰᠡᠳᠬᠢᠵᠦ᠂ ᠦᠨᠳᠦᠰᠦᠲᠡᠨ ᠦ ᠬᠡᠮᠵᠢᠶᠡᠨ ᠳᠦ ᠭᠠᠷᠭᠠᠯᠭ᠎ᠠ ᠡᠷᠢᠨ᠎ᠡ᠃《ᠥᠷᠥᠨ᠎ᠡ ᠶᠢᠨ ᠬᠡᠲᠦ ᠬᠥᠭᠵᠢᠯ ᠢ ᠤᠭᠲᠤᠨ ᠣᠴᠢᠬᠤ》 ᠪᠢᠰᠢ ᠦᠦ ᠪᠢ ᠶᠢᠨ ᠭᠠᠷᠭᠠᠯᠭᠠᠨ ᠠᠴᠠ ᠡᠬᠢᠯᠡᠭᠡᠳ 《ᠽᠡᠨᠳᠡᠮᠦᠨᠢ ᠣᠨᠣᠯ᠄ ᠮᠣᠩᠭᠣᠯ ᠤᠨ ᠨᠡᠶᠢᠭᠡᠮ ᠤᠨ ᠬᠥᠭᠵᠢᠯ ᠦᠨ ᠹᠢᠯᠣᠰᠣᠹᠢ ᠠᠰᠠᠭᠤᠳᠠᠯ ᠤᠳ》 ᠨᠣᠮ ᠬᠦᠷᠲᠡᠯ᠎ᠡ ᠮᠣᠩᠭᠣᠯᠴᠤᠳ ᠦᠨᠳᠦᠰᠦᠲᠡᠨ ᠦ ᠬᠤᠪᠢ ᠳᠤ ᠬᠡᠷᠬᠢᠨ ᠣᠷᠣᠰᠢᠨ ᠲᠣᠭᠲᠠᠨᠢᠬᠤ ᠲᠤᠬᠠᠢ᠂ ᠮᠣᠩᠭᠣᠯᠴᠤᠳ ᠤᠨ ᠡᠮᠦᠨ᠎ᠡ ᠲᠤᠯᠭᠠᠷᠠᠭᠠᠳ ᠪᠤᠢ ᠠᠰᠠᠭᠤᠳᠠᠯ ᠤᠳ ᠤᠨ ᠤᠭ ᠰᠢᠯᠲᠠᠭᠠᠨ ᠳᠤ ᠬᠠᠷᠢᠭᠤᠯᠲᠠ ᠡᠷᠢᠳᠡᠭ᠃《ᠽᠡᠨᠳᠡᠮᠦᠨᠢ ᠣᠨᠣᠯ》 ᠨᠣᠮ ᠳᠤ ᠪᠠᠨ ᠲᠡᠷᠡ ᠪᠡᠷ ᠡᠶᠢᠨ ᠪᠢᠴᠢᠵᠡᠢ᠄ ᠬᠥᠮᠦᠨ ᠦ ᠠᠮᠢᠳᠤᠷᠠᠯ ᠤᠨ ᠬᠠᠮᠤᠭ ᠤᠨ ᠦᠨᠡᠲᠦ ᠵᠦᠢᠯ ᠭᠡᠪᠡᠯ᠂ ᠬᠦᠮᠦᠰ ᠲᠦ ᠲᠤᠰᠠ ᠪᠦᠲᠦᠭᠡᠬᠦ ᠴᠢᠳᠠᠪᠤᠷᠢ ᠶᠤᠮ᠃ ᠡᠭᠦᠨ ᠳᠦ᠄ -ᠡᠪᠡᠳᠦᠭᠰᠡᠨ ᠢ ᠡᠳᠡᠭᠡᠭᠡᠬᠦ -ᠶᠠᠳᠠᠷᠠᠭᠰᠠᠨ ᠢ ᠲᠡᠳᠬᠦᠵᠦ ᠪᠠᠶᠠᠷᠯᠠᠭᠤᠯᠬᠤ -ᠬᠦᠮᠦᠨ ᠦ ᠰᠡᠳᠬᠢᠯ ᠳ᠋ᠡᠬᠢ ᠬᠣᠣᠷ ᠤᠨ ᠦᠨᠳᠦᠰᠦ ᠶᠢ ᠲᠠᠰᠤᠯᠬᠤ ᠂ ᠥᠭᠡᠷ᠎ᠡ ᠪᠡᠷ ᠬᠡᠯᠡᠪᠡᠯ᠂ ᠭᠡᠭᠡᠷᠡᠭᠦᠯᠬᠦ᠃ ᠮᠢᠨᠦ ᠬᠤᠪᠢ ᠳᠤ ᠭᠡᠪᠡᠯ᠂ ᠳᠡᠭᠡᠷ᠎ᠡ ᠳᠤᠷᠠᠳᠤᠭᠰᠠᠨ ᠢ ᠤᠬᠠᠭᠠᠷᠠᠭᠰᠠᠨ ᠤᠬᠠᠭᠠᠷᠠᠯ ᠮᠢᠨᠢ ᠨᠠᠳᠠ ᠳᠤ ᠦᠨᠡᠲᠡᠢ᠃ ᠪᠠᠰᠠ ᠰᠠᠴᠢᠢ ᠲᠡᠳᠦᠶᠢᠯᠡᠨ ᠬᠦᠷᠬᠦ ᠦᠭᠡᠢ ᠴᠤ ᠲᠡᠳᠡᠭᠡᠷ ᠡᠴᠡ ᠰᠠᠨᠠᠭ᠎ᠠ ᠭᠠᠵᠢᠯ ᠦᠭᠡᠢ ᠬᠢᠴᠢᠶᠡᠨ ᠵᠢᠳᠬᠦᠳᠡᠭ ᠡᠳᠦᠷ ᠲᠤᠲᠤᠮ ᠤᠨ ᠮᠢᠨᠢ ᠬᠥᠳᠡᠯᠮᠦᠷᠢ ᠮᠢᠨᠦ ᠠᠮᠢᠳᠤᠷᠠᠯ ᠤᠨ ᠭᠣᠣᠯ ᠦᠨᠡᠲᠦ ᠵᠦᠢᠯ ᠭᠡᠵᠦ ᠪᠣᠳᠣᠳᠠᠭ》᠃ ᠮᠣᠩᠭᠣᠯᠴᠤᠳ ᠤᠨ ᠬᠤᠪᠢ ᠳᠤ ᠡᠶᠢᠮᠦᠷᠬᠡᠦ ᠶᠠᠷᠢᠶ᠎ᠠ ᠬᠤᠳᠠᠯ᠂ ᠤᠲ᠋ᠣᠫᠢ ᠰᠣᠨᠣᠰᠤᠭᠳᠠᠳᠠᠭ ᠪᠣᠯᠤᠭᠰᠠᠭᠠᠷ ᠤᠳᠠᠵᠤ ᠪᠠᠶᠢᠨ᠎ᠠ᠃ ᠳᠡᠭᠡᠷ᠎ᠡ ᠨᠢ ᠳ ∙ ᠤᠷᠢᠶᠠᠩᠬᠠᠢ ᠭᠤᠸᠠᠢ ᠤᠷᠲᠤ ᠤᠷᠲᠤ᠂ ᠰᠤᠨᠵᠢᠷᠠᠮᠠᠯ ᠬᠠᠪᠰᠤᠷᠤᠭᠰᠠᠨ ᠨᠡᠶᠢᠯᠡᠮᠡᠯ ᠥᠭᠦᠯᠡᠪᠦᠷᠢ ᠬᠡᠷᠡᠭᠯᠡᠳᠡᠭ ᠤᠴᠢᠷ ᠠᠴᠠ ᠬᠢᠷᠢ ᠶᠢᠨ ᠬᠦᠮᠦᠨ ᠨᠡᠶᠢᠭᠡᠮ ᠤᠨ ᠰᠢᠭᠦᠮᠵᠢ ᠨᠦᠭᠦᠳ ᠢ ᠨᠢ ᠪᠠᠷᠢᠵᠤ ᠤᠩᠰᠢᠬᠤ ᠳᠤ ᠪᠡᠷᠬᠡ᠃ ᠤᠩᠰᠢᠬᠤ ᠳᠤ ᠪᠠᠨ ᠬᠣᠶᠢᠰᠢ ᠰᠠᠭᠤᠮᠠᠬᠠᠢ ᠤᠩᠰᠢᠭᠴᠢ᠂ ᠪᠢᠴᠢᠬᠦ ᠳᠦ ᠪᠡᠨ ᠶᠠᠷᠪᠢᠭᠲᠠᠢ ᠰᠡᠳᠬᠢᠭᠴᠢ ᠬᠣᠶᠠᠷ ᠢ ᠶᠠᠭᠠᠬᠢᠯᠲᠠᠢ᠃ ᠶᠣᠰᠣᠲᠠᠢ ᠯᠠ ᠰᠤᠷᠣᠭᠰᠠᠨ ᠶᠠᠭᠤᠮ᠎ᠠ ᠶᠢ ᠰᠤᠷ ᠢᠶᠠᠷ ᠪᠣᠭᠣᠬᠤ ᠪᠢᠰᠢ᠃ ᠭᠡᠪᠡᠴᠦ ᠨᠢᠭᠡᠲᠡᠭᠡ ᠲᠡᠷᠡ ᠪᠡᠷ ᠥᠪᠡᠷ ᠦᠨ ᠳᠣᠲᠣᠭᠠᠳᠤ ᠴᠢᠭ ᠵᠣᠷᠢᠯᠭ᠎ᠠ ᠪᠠᠨ ᠲᠤᠩ ᠡᠩ ᠦᠨ ᠢᠶᠡᠷ ᠬᠤᠪᠢᠶᠠᠯᠴᠠᠭᠰᠠᠨ ᠨᠢ ᠪᠤᠢ᠄ ᠬᠥᠭᠵᠢᠯ ᠢ ᠵᠥᠪ ᠢᠶᠡᠷ ᠣᠶᠢᠯᠠᠭᠠᠪᠠᠯ ᠤᠴᠢᠷ ᠦᠭᠡᠢ ᠬᠤᠷᠠᠮᠳᠤᠯᠠᠯ᠂ 《ᠨᠡᠮᠡᠭᠦᠦ ᠥᠷᠲᠡᠭ》 ᠍ ᠦᠨ ᠦᠢᠯᠡᠳᠪᠦᠷᠢᠯᠡᠯ ᠪᠤᠰᠤ᠂ ᠬᠦᠮᠦᠨ ᠦ 《ᠳᠣᠲᠣᠭᠠᠳᠤ ᠶᠢᠷᠲᠢᠨᠴᠦ》 ᠶᠢᠨ ᠳᠡᠭᠡᠳᠦ ᠬᠥᠭᠵᠢᠯ ᠪᠤᠶᠤ ᠮᠠᠬᠠᠪᠣᠳ᠂ ᠰᠡᠳᠬᠢᠯ ᠰᠠᠨᠠᠭᠠᠨ ᠤ ᠠᠷᠢᠭᠤᠰᠤᠯ ᠢᠶᠠᠷ᠂ ᠡᠨᠡ ᠪᠡᠶ᠎ᠡ ᠪᠡᠷ ᠢᠶᠡᠨ ᠪᠤᠷᠬᠠᠨ ᠤ ᠮᠥᠨ ᠴᠢᠨᠠᠷ ᠢ ᠤᠯᠬᠤ ᠶᠠᠪᠤᠳᠠᠯ ᠭᠡᠳᠡᠭ ᠢ ᠲᠠᠨᠢᠨ ᠮᠡᠳᠡᠵᠦ ᠳᠣᠲᠣᠭᠠᠳᠤ ᠬᠦᠴᠦᠨ ᠦ ᠬᠢ ᠪᠡᠨ ᠢᠳᠡ ᠰᠢᠳᠢ ᠳᠦ ᠬᠦᠷᠬᠦ ᠪᠣᠯᠤᠨ᠎ᠠ᠃ ᠦᠨᠡᠬᠡᠷ ᠯᠠ ᠦᠯᠦ ᠪᠦᠲᠦᠬᠦ ᠦᠵᠡᠯ ᠮᠡᠲᠦ ᠰᠣᠨᠣᠰᠤᠭᠳᠠᠵᠤ ᠪᠠᠶᠢᠭ᠎ᠠ ᠪᠢᠵᠡ︖ ᠤᠭ ᠨᠢ ᠳ ∙ ᠤᠷᠢᠶᠠᠩᠬᠠᠢ ᠭᠤᠸᠠᠢ ᠶᠢᠨ ᠶᠠᠷᠢᠭᠠᠳ ᠪᠠᠶᠢᠭ᠎ᠠ ᠬᠠᠨᠳᠤᠯᠭ᠎ᠠ ᠶᠢᠨ ᠰᠢᠨᠵᠢ ᠲᠡᠢ ᠠᠰᠠᠭᠤᠳᠠᠯ ᠤᠳ ᠢ ᠪᠢᠳᠡ ᠦᠨᠳᠦᠰᠦᠨ ᠬᠠᠤᠯᠢ ᠳ᠋ᠠᠭᠠᠨ 《ᠬᠦᠮᠦᠨᠯᠢᠭ ᠢᠷᠭᠡᠨ ᠦ ᠠᠷᠠᠳᠴᠢᠯᠠᠭᠰᠠᠨ ᠨᠡᠶᠢᠭᠡᠮ ᠪᠠᠶᠢᠭᠤᠯᠬᠤ》 ᠭᠡᠳ ᠣᠷᠣᠭᠤᠯᠴᠢᠬᠠᠭᠰᠠᠨ᠃ ᠦᠨᠡᠨ ᠳᠦ ᠪᠡᠨ ᠦᠨᠳᠦᠰᠦᠨ ᠬᠠᠤᠯᠢ ᠳᠠᠬᠢ ᠡᠨᠡ ᠥᠭᠦᠯᠡᠪᠦᠷᠢ ᠴᠤ ᠪᠢᠳᠡᠨ ᠳᠦ ᠤᠲ᠋ᠣᠫᠢ ᠰᠣᠨᠣᠰᠤᠭᠳᠠᠬᠤ ᠪᠣᠯᠵᠤ ᠳ᠋ᠡ᠃ ᠫᠣᠡᠲ ᠪ ∙ ᠭᠠᠯᠰᠠᠩᠰᠦ᠋ᠬᠡ ᠶᠢᠨ ᠪᠢᠴᠢᠭᠰᠡᠨ ᠢᠶᠡᠷ᠂ 《ᠬᠥᠰᠢᠭᠦᠨ᠂ ᠬᠣᠶᠢᠷᠭᠣ᠂ ᠬᠥᠯᠳᠡᠭᠦᠦ ᠶᠤᠮ ᠰᠢᠭ ᠬᠥᠭᠰᠢᠨ ᠠᠷᠠᠳ ᠲᠦᠮᠡᠨ ᠦ》 ᠳᠤᠮᠳᠠ ᠡᠶᠢᠮᠦ ᠨᠢᠭᠡ ᠴᠢᠬᠤᠯᠳᠠᠭᠤᠬᠠᠨ ᠤᠷᠠᠨ ᠪᠦᠲᠦᠭᠡᠯᠴᠢ ᠴᠥᠬᠦᠷᠡᠯᠲᠡ ᠦᠭᠡᠢ ᠪᠢᠴᠢᠭᠰᠡᠭᠡᠷ ᠰᠠᠭᠤᠨ᠎ᠠ᠃ 《ᠨᠡᠶᠢᠭᠡᠮ ᠤᠨ ᠬᠢᠮᠤᠷᠠᠯ ᠥᠪᠡᠷ ᠢᠶᠡᠨ ᠭᠦᠨ ᠭᠦᠨᠵᠡᠭᠡᠢ ᠤᠯᠠ ᠦᠨᠳᠦᠰᠦ ᠲᠡᠢ ᠦᠵᠡᠭᠳᠡᠯ ᠪᠣᠯᠬᠣᠷ ᠲᠡᠭᠦᠨ ᠢ ᠭᠡᠲᠦᠯᠦᠨ ᠳᠠᠪᠬᠤ ᠠᠮᠠᠷ ᠬᠢᠯᠪᠠᠷ ᠵᠠᠮ ᠤᠭ ᠠᠴᠠ ᠪᠠᠨ ᠪᠠᠶᠢᠬᠤ ᠦᠭᠡᠢ᠃ ᠭᠦᠨ ᠶᠠᠭᠤᠮᠠᠨ ᠳᠤ ᠪᠠᠭᠤᠷᠢ ᠲᠠᠢ ᠬᠠᠨᠳᠤᠯᠭ᠎ᠠ᠂ ᠨᠥᠷᠢ ᠬᠦᠴᠦ ᠱᠠᠭᠠᠷᠳᠠᠭᠳᠠᠨ᠎ᠠ᠃ ᠵᠠᠮ ᠤᠨ ᠲᠤᠬᠠᠢ ᠳᠤ ᠪᠣᠯ ᠶᠠᠮᠠᠷ ᠨᠢᠭᠡ ᠠᠵᠢᠯᠯᠠᠬᠤ ᠬᠦᠴᠦ ᠱᠠᠭᠠᠷᠳᠠᠭᠰᠠᠨ ᠮᠠᠲ᠋ᠧᠷᠢᠶᠠᠯᠯᠢᠭ ᠴᠢᠨᠠᠷ ᠲᠠᠢ ᠪᠠᠶᠢᠵᠤ ᠲᠠᠭᠠᠷᠠᠨ᠎ᠠ᠃ ᠬᠠᠷᠢᠨ ᠳᠥᠲᠡ ᠵᠠᠮ ᠤᠨ ᠲᠤᠬᠠᠢ ᠳᠤ ᠪᠣᠯ ᠴᠠᠭ ᠬᠤᠭᠤᠴᠠᠭᠠᠨ ᠤ ᠤᠳᠬ᠎ᠠ ᠪᠠᠷ ᠣᠶᠢᠯᠠᠭᠠᠨ ᠶᠠᠷᠢᠵᠤ ᠪᠣᠯᠬᠤ ᠶᠤᠮ ᠰᠢᠭ ᠰᠠᠨᠠᠭᠳᠠᠨ᠎ᠠ᠃ ᠪᠢ ᠨᠡᠶᠢᠭᠡᠮ ᠤᠨ ᠬᠢᠮᠤᠷᠠᠯ ᠢ ᠭᠦᠨ᠂ ᠥᠷᠭᠡᠨ ᠬᠦᠷᠢᠶ᠎ᠡ ᠲᠡᠢ ᠦᠵᠡᠭᠳᠡᠯ ᠭᠡᠵᠦ ᠬᠡᠯᠡᠬᠦ ᠳᠦ ᠪᠡᠨ᠂ ᠭᠣᠣᠯ ᠨᠢ ᠨᠡᠶᠢᠭᠡᠮ ᠤᠨ ᠶᠣᠰᠣ ᠰᠤᠷᠲᠠᠬᠤᠨ᠂ ᠣᠶᠤᠨ ᠰᠠᠨᠠᠭᠠᠨ ᠤ ᠬᠦᠷᠢᠶ᠎ᠡ ᠲᠠᠯ᠎ᠠ ᠠᠴᠠ ᠨᠢ ᠬᠠᠨᠳᠤᠭᠠᠳ ᠲᠡᠭᠡᠵᠦ ᠬᠡᠯᠡᠵᠦ ᠪᠠᠶᠢᠨ᠎ᠠ᠃ ᠶᠠᠭᠤ ᠭᠡᠪᠡᠯ᠂ ᠤᠯᠤᠰ ᠲᠥᠷᠥ ᠡᠳ᠋ ᠍ ᠦᠨ ᠵᠠᠰᠠᠭ ᠤᠨ ᠰᠠᠯᠪᠤᠷᠢ ᠶᠢᠨ ᠬᠢᠮᠤᠷᠠᠯ ᠠᠴᠠ ᠬᠠᠷᠢᠴᠠᠩᠭᠤᠢ ᠪᠣᠭᠣᠨᠢ ᠬᠤᠭᠤᠴᠠᠭᠠᠨ ᠳᠤ ᠭᠠᠷᠬᠤ ᠪᠣᠯᠤᠮᠵᠢ ᠲᠠᠢ︾ ᠬᠡᠮᠡᠨ ᠢᠳᠬᠠᠵᠤ ᠰᠠᠭᠤᠨ᠎ᠠ᠃ 《ᠶᠠᠩᠬᠠᠳ ᠤᠨ ᠢᠨᠢᠶᠡᠳᠦ ᠤᠬᠢᠶᠠᠬᠤ ᠭᠠᠵᠠᠷ ᠤᠰᠤ ᠮᠢᠨᠢ》 ᠬᠡᠮᠡᠨ ᠶᠠᠷᠳᠠᠭᠯᠠᠵᠤ᠂ ᠪᠠᠴᠢᠮᠳᠠᠵᠤ ᠰᠠᠭᠤᠨ᠎ᠠ᠃ ᠬᠥᠭᠵᠢᠯ ᠳᠡᠪᠰᠢᠯ᠂ ᠲᠧᠭᠨᠣᠯᠣᠭᠢ ᠶᠢ ᠲᠠᠯᠠᠷᠬᠠᠨ ᠳᠡᠮᠵᠢᠭᠴᠢ ᠥᠰᠬᠦ ᠢᠷᠡᠭᠡᠳᠦᠢ ᠲᠡᠢ ᠰᠡᠬᠡᠭᠡᠲᠡᠨ ᠡᠴᠡ (ᠪᠢᠳᠡ-ᠳᠣᠲᠣᠭᠠᠳᠤ ᠰᠢᠲᠠᠯᠲᠠ ᠶᠢᠨ ᠬᠥᠳᠡᠯᠭᠡᠭᠦᠷ᠃ 1974 ᠣᠨ) ᠬᠡᠷᠡᠭᠯᠡᠭᠡᠨ ᠦ ᠨᠡᠶᠢᠭᠡᠮ ᠢ ᠵᠢᠭᠰᠢᠵᠦ᠂ ᠮᠣᠩᠭᠣᠯᠴᠤᠳ ᠤᠨ ᠠᠵᠤ ᠲᠦᠷᠥᠬᠦᠢ ᠶᠢᠨ ᠤᠯᠠᠮᠵᠢᠯᠠᠯ ᠰᠡᠯᠲᠡ ᠡᠴᠡ ᠭᠡᠭᠡᠷᠡᠯ ᠦᠨ ᠤᠯᠠ ᠮᠥᠷ ᠲᠡᠮᠲᠡᠷᠢᠵᠤ᠂ ᠶᠢᠷᠲᠢᠨᠴᠦ ᠶᠢᠨ ᠬᠦᠮᠦᠨ ᠦ ᠨᠣᠮᠣᠬᠠᠨ᠂ ᠬᠦᠯᠢᠴᠡᠩᠭᠦᠢ ᠶᠢᠨ ᠰᠤᠷᠭᠠᠯ ᠪᠦᠬᠦᠨ ᠢ ᠳᠠᠭᠠᠭᠴᠢ ᠭᠠᠭᠴᠠᠭᠠᠷᠳᠠᠭᠰᠠᠨ ᠰᠡᠳᠬᠢᠭᠴᠢ ᠪᠣᠯᠤᠭᠰᠠᠨ ᠨᠢᠭᠡᠨ ᠵᠢᠷᠠᠨ ᠤ ᠲᠤᠭᠤᠷᠪᠢᠯ ᠲᠡᠭᠦᠨ ᠳᠦ ᠪᠤᠢ᠃ ᠴᠢᠩ ᠦᠨᠡᠨ ᠳᠦ ᠪᠡᠨ ᠪᠢᠳᠡ ᠳᠠᠮᠳᠢᠨᠰᠦ᠋ᠷᠦᠩ ᠦᠨ ᠤᠷᠢᠶᠠᠩᠬᠠᠢ ᠶᠢ ᠣᠭᠲᠣ ᠠᠴᠠ ᠤᠩᠰᠢᠬᠤ ᠦᠭᠡᠢ᠂ ᠣᠶᠢᠯᠠᠭᠠᠬᠤ ᠦᠭᠡᠢ ᠪᠠᠶᠢᠨ᠎ᠠ᠃ ᠤᠶᠢᠯᠠᠭᠠᠬᠤ ᠬᠦᠰᠡᠯ ᠦᠭᠡᠢ᠂ ᠣᠶᠤᠨ ᠤ ᠬᠡᠷᠡᠭᠴᠡᠭᠡ ᠦᠭᠡᠢ ᠭᠠᠷ ᠭᠠᠵᠠᠷ᠂ ᠬᠥᠯ ᠬᠥᠰᠡᠷ ᠰᠠᠭᠤᠵᠠᠭᠠᠨ᠎ᠠ᠃ ᠹᠢᠯᠣᠰᠣᠹᠢᠴᠢ ᠪ ∙ ᠪᠠᠲᠤᠴᠢᠯᠠᠭᠤᠨ ᠤ ᠬᠡᠯᠡᠭᠰᠡᠨ ᠭᠠᠰᠢᠭᠤᠨ ᠦᠨᠡᠨ ᠰᠠᠨᠠᠭᠠᠨ ᠳᠤ ᠪᠠᠭᠤᠨ᠎ᠠ᠄ ᠶᠠᠭ ᠦᠨᠡᠨ ᠳᠦ ᠪᠡᠨ ᠵᠢᠩᠬᠢᠨᠢ ᠹᠢᠯᠣᠰᠣᠹᠢ ᠶᠢ ᠥᠪᠡᠷᠲᠡᠭᠡᠨ ᠠᠭᠤᠯᠵᠤ ᠪᠠᠶᠢᠭ᠎ᠠ ᠬᠦᠮᠦᠨ ᠣᠯᠠᠨ ᠨᠡᠶᠢᠲᠡ ᠳᠦ ᠣᠶᠢᠯᠠᠭᠠᠭᠳᠠᠳᠠᠭ ᠦᠭᠡᠢ᠃ ᠲᠡᠶᠢᠮᠦ ᠡᠴᠡ ᠨᠡᠶᠢᠭᠡᠮ ᠳᠦ ᠪᠡᠨ ᠭᠠᠳᠠᠭᠤᠷᠬᠠᠭᠳᠠᠵᠤ᠂ ᠭᠠᠵᠢ ᠭᠡᠵᠦ ᠱᠣᠭᠣᠪᠲᠣᠷᠯᠠᠭᠳᠠᠭᠰᠠᠨ ᠮᠠᠶ᠋ᠢᠭᠲᠠᠢ ᠪᠠᠶᠢᠬᠤ ᠨᠢ ᠪᠤᠢ᠃ ᠬᠦᠯᠢᠶᠡᠨ ᠵᠥᠪᠰᠢᠶᠡᠷᠡᠭᠳᠡᠭᠰᠡᠨ ᠬᠣᠪᠣᠷ ᠲᠣᠬᠢᠶᠠᠯᠳᠤᠯ ᠪᠠᠶᠢᠯ᠎ᠠ ᠭᠡᠬᠦ ᠳᠦ ᠨᠡᠶᠢᠭᠡᠮ ᠳᠠᠶᠠᠭᠠᠷ ᠢᠶᠠᠨ ᠣᠶᠢᠯᠠᠭᠠᠵᠤ ᠪᠢᠰᠢ ᠰᠣᠬᠣᠷ ᠢᠶᠠᠷ ᠳᠠᠭᠠᠭᠰᠠᠨ ᠳᠤ ᠪᠠᠨ ᠯᠠ ᠲᠡᠷᠡ᠃ ᠪᠢᠳᠡᠨ ᠦ ᠣᠭᠲᠣ ᠮᠡᠳᠡᠳᠡᠭ ᠦᠭᠡᠢ ᠬᠢᠷᠢᠨ᠎ᠡ ᠠᠶᠢᠬᠤᠪᠲᠤᠷ ᠬᠦᠨᠳᠦᠯᠡᠳᠡᠭ᠂ ᠡᠰᠡᠪᠡᠰᠦ ᠪᠣᠯᠪᠠᠰᠤᠷᠠᠯ ᠲᠠᠢ᠂ ᠤᠷᠠᠯᠢᠭᠯᠠᠭ ᠬᠠᠷᠠᠭᠳᠠᠬᠤ ᠭᠡᠰᠡᠨ ᠳᠦ ᠪᠡᠨ ᠬᠠᠮᠲᠤ ᠵᠢᠷᠤᠭ ᠳᠠᠷᠤᠭᠤᠯᠳᠠᠭ᠂ ᠨᠣᠮ ᠢ ᠨᠢ ᠴᠣ ᠰᠢᠨ᠎ᠡ ᠪᠡᠷ ᠨᠢ ᠲᠡᠪᠬᠡᠷᠯᠡᠨ ᠬᠠᠳᠠᠭᠠᠯᠠᠳᠠᠭ᠂ ᠶᠠᠭ ᠯᠠ ᠠᠯᠲᠠ᠂ ᠲᠣᠷᠭ᠎ᠠ ᠪᠠᠷ ᠣᠷᠢᠶᠠᠵᠤ᠂ ᠥᠷᠯᠥᠭᠡ ᠦᠳᠡᠰᠢ ᠳᠦ ᠪᠡᠨ ᠮᠥᠷᠭᠥᠬᠦ ᠬᠢᠷᠢᠨ᠎ᠡ ᠳᠣᠲᠣᠷ᠎ᠠ ᠨᠢ ᠶᠠᠮᠠᠷ ᠦᠨᠡᠲᠦ ᠨᠣᠮᠯᠠᠯ ᠪᠠᠶᠢᠭ᠎ᠠ ᠶᠢ ᠦᠯᠦ ᠮᠡᠳᠡᠬᠦ ᠪᠤᠳ᠋ᠳ᠋ᠾᠠ ᠶᠢᠨ ᠰᠤᠳᠤᠷ ᠰᠢᠭ ᠬᠥᠮᠥᠨ ᠦ ᠲᠤᠬᠠᠢ ᠴᠤᠬᠤᠰ ᠥᠭᠥᠯᠡᠬᠦ ᠳᠦ ᠡᠶᠢᠮᠦ ᠪᠠᠶᠢᠨ᠎ᠠ᠃ ᠵᠢᠴᠢ ᠥᠭᠦᠯᠡᠬᠦ ᠨᠢ᠂ ᠳ ∙ ᠤᠷᠢᠶᠠᠩᠬᠠᠢ ᠪᠣᠯ ᠮᠣᠩᠭᠣᠯ ᠤᠨ ᠢᠷᠠᠭᠤ ᠨᠠᠶᠢᠷᠠᠭ ᠤᠨ ᠢᠲᠡᠭᠡᠯ ᠦᠨᠡᠮᠰᠢᠯ ᠶᠤᠮ᠃ ᠡᠨᠡ ᠢᠲᠡᠭᠡᠯ ᠦᠨᠡᠮᠰᠢᠯ ᠢ ᠮᠣᠩᠭᠣᠯ ᠬᠡᠯᠡᠨ ᠦ ᠢᠲᠡᠭᠡᠯ ᠦᠨᠡᠮᠰᠢᠯ ᠭᠡᠳᠡᠭ ᠢ ᠨᠣᠲᠠᠯᠠᠬᠤ ᠳᠤ ᠰᠤᠳᠤᠯᠤᠭᠠᠴᠢᠳ ᠤᠨ ᠬᠤᠪᠢ ᠨᠡᠮᠡᠷᠢ ᠬᠡᠷᠡᠭᠲᠡᠢ᠃ ᠵᠦᠢ ᠨᠢ ᠲᠡᠭᠦᠨ ᠦ ᠤᠷᠠᠨ ᠵᠣᠬᠢᠶᠠᠯ ᠤᠨ ᠪᠤᠰᠤᠳ ᠲᠥᠷᠥᠯ ᠢᠶᠡᠷ ᠪᠦᠲᠦᠭᠡᠭᠰᠡᠨ ᠥᠪ᠂ ᠢᠯᠠᠩᠭᠤᠶ᠎ᠠ ᠵᠦᠴᠦᠭᠡ ᠶᠢᠨ ᠵᠣᠬᠢᠶᠠᠯ ᠤᠨ ᠲᠤᠬᠠᠢ ᠳᠤ ᠪᠣᠯᠤᠨ ᠶᠡᠷᠦ ᠡᠴᠡ ᠳ ∙ ᠤᠷᠢᠶᠠᠩᠬᠠᠢ ᠬᠡᠮᠡᠬᠦ ᠵᠣᠬᠢᠶᠠᠯᠴᠢ ᠶᠢᠨ ᠬᠡᠯᠡ ᠵᠦᠢ ᠶᠢᠨ ᠲᠤᠬᠠᠢ ᠳᠤ ᠮᠥᠨ ᠲᠤᠰᠬᠠᠶᠢᠯᠠᠨ ᠶᠠᠷᠢᠬᠤ ᠤᠴᠢᠷᠲᠠᠢ ᠶᠤᠮ᠃ ᠭᠡᠪᠡᠴᠦ ᠴᠠᠭ ᠤᠨ ᠣᠬᠣᠷ᠂ ᠴᠠᠭᠠᠰᠤᠨ ᠤ ᠬᠡᠮᠵᠢᠶ᠎ᠡ ᠶᠢ ᠰᠠᠨᠠᠨ ᠦᠭᠡ ᠪᠠᠨ ᠣᠳᠣ ᠳᠤ ᠪᠠᠨ ᠡᠭᠦᠪᠡᠷ ᠡᠪᠬᠡᠶ᠎ᠡ᠃ ᠦᠨᠳᠦᠰᠦᠲᠡᠨ ᠦ ᠲᠣᠶᠢ᠍ᠮᠤ №380 ᠨᠡᠶᠢ᠍ᠲᠡᠯᠡᠯᠴᠢ ᠶ ᠊ ᠪᠠᠶᠠᠷ᠎ᠠ

7        0       

                             13847524386      211429899@qq.com      13847524386   QQ  211429899 蒙ICP备17002503号-1