  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1774333
   1251

ᠴᠠᠭᠠᠨ ᠰᠠᠷ᠎ᠠ ᠪᠠ ᠬᠠᠷ᠎ᠠ ᠨᠢᠯᠪᠤᠰᠤ

ᠳ᠋ ᠊ ᠨᠠᠴᠤᠭᠳᠣᠷᠵᠢ ᠶᠢᠨ ᠴᠠᠭᠠᠨ ᠰᠠᠷ᠎ᠠ ᠪᠠ ᠬᠠᠷ᠎ᠠ ᠨᠢᠯᠪᠤᠰᠤ ᠵᠣᠬᠢᠶᠠᠯᠴᠢ ᠶᠢᠨ ᠭᠤᠴᠢᠨ ᠨᠢᠭᠡᠨ ᠣᠨ ᠳᠤ ᠳᠠᠷᠤᠭᠤᠯᠤᠭᠰᠠᠨ ᠰᠢᠨ᠎ᠡ ᠵᠢᠷᠤᠭ ᠤᠨ ᠣᠯᠳᠠᠪᠤᠷᠢ ᠪᠤᠢ ᠶᠢ ᠺᠣᠮᠫᠢᠦ᠋ᠲ᠋ᠧᠷ ᠨᠡᠭᠡᠭᠡᠬᠦ ᠳ᠋ᠡᠭᠡᠨ ᠣᠷᠣᠭᠤᠯᠤᠨ᠎ᠠ
        5012     
2018-10-11 08:50    
发表于:内蒙古
ᠳ ∙ ᠨᠠᠴᠤᠭᠳᠣᠷᠵᠢ - 《ᠴᠠᠭᠠᠨ ᠰᠠᠷ᠎ᠠ ᠪᠠ ᠬᠠᠷ᠎ᠠ ᠨᠢᠯᠪᠤᠰᠤ》 ᠣᠯᠠᠨ᠎ᠠ ᠡᠷᠭᠦᠭᠳᠡᠭᠰᠡᠨ ᠤ ᠬᠣᠷᠢᠨ ᠨᠢᠭᠡᠨ ᠣᠨ ᠤ ᠬᠠᠭᠤᠴᠢᠨ ᠤᠯᠠᠷᠢᠯ ᠤᠨ ᠠᠷᠪᠠᠨ ᠬᠣᠶᠠᠷ ᠰᠠᠷ᠎ᠠ ᠶᠢᠨ ᠭᠤᠴᠢᠨ ᠤ ᠡᠳᠦᠷ ᠲᠩᠷᠢ ᠴᠡᠯᠮᠡᠭ᠂ ᠨᠠᠷᠠ ᠰᠢᠷᠠᠯᠠᠨ ᠲᠤᠰᠣᠭᠰᠠᠨ ᠦᠨᠡᠬᠡᠷ ᠨᠢᠭᠡ ᠰᠠᠶᠢᠬᠠᠨ ᠡᠳᠦᠷ ᠪᠠᠶᠢᠪᠠ᠃ ᠬᠣᠶᠢᠳᠣ ᠠᠭᠤᠯᠠ ᠶᠢᠨ ᠡᠩᠭᠡᠷ ᠢᠶᠡᠷ ᠳᠤᠩ ᠴᠠᠭᠠᠨ ᠴᠠᠰᠤ ᠭᠡᠯᠲᠥᠭᠡᠨᠡᠨ᠂ ᠲᠡᠭᠦᠨ ᠦ ᠵᠠᠬ᠎ᠠ ᠰᠡᠵᠢᠭᠦᠷ ᠨᠢ ᠰᠡᠮᠡᠷᠡᠵᠦ ᠣᠨ ᠳᠤ ᠣᠷᠣᠵᠤ ᠶᠠᠳᠠᠭᠰᠠᠨ ᠡᠴᠡᠩᠬᠡᠢ ᠲᠤᠷᠠᠩᠬᠠᠢ ᠦᠬᠡᠷ ᠮᠠᠯ ᠤᠳ ᠬᠥᠯ ᠳᠡᠭᠡᠷ᠎ᠡ ᠭᠠᠷᠴᠤ᠂ ᠡᠭᠦᠪᠡᠷ ᠲᠡᠭᠦᠪᠡᠷ ᠰᠡᠭᠦᠯ ᠢᠶᠡᠨ ᠰᠢᠷᠪᠢᠨ ᠶᠠᠪᠤᠵᠠᠭᠠᠳᠠᠭ ᠨᠢ ᠰᠠᠨᠠᠭᠳᠠᠵᠤ᠂ ᠳᠡᠰᠬᠢᠮ᠎ᠡ ᠬᠦᠢᠲᠡᠨ ᠦ ᠢᠯᠴᠢ ᠬᠠᠷᠢᠭᠠᠳ᠂ ᠬᠠᠪᠤᠷ ᠤᠨ ᠰᠠᠶᠢᠬᠠᠨ ᠤᠯᠠᠷᠢᠯ ᠢᠷᠡᠵᠦ ᠪᠠᠶᠢᠭ᠎ᠠ ᠨᠢ ᠮᠡᠳᠡᠭᠳᠡᠨ᠂ ᠬᠡᠳᠦᠢ ᠪᠡᠷ ᠲᠠᠭᠠᠯᠠᠮᠵᠢᠲᠠᠢ ᠰᠠᠶᠢᠬᠠᠨ ᠠᠪᠠᠴᠤ᠂ ᠮᠠᠯᠴᠢᠨ ᠠᠷᠠᠳ ᠤᠨ ᠪᠦᠰᠡᠭᠦᠢ ᠴᠡᠷᠮ᠎ᠠ᠂ ᠳᠠᠭᠳᠠᠨ ᠤ ᠬᠠᠶᠠᠭᠠᠨ ᠳᠤ ᠵᠣᠭᠰᠣᠵᠤ᠂ ᠰᠡᠳᠬᠢᠯ ᠳᠦ ᠶᠡᠬᠡ ᠯᠠ ᠭᠤᠨᠢᠬᠠᠷᠠᠯᠲᠠᠢ ᠪᠠᠷ ᠡᠯᠳᠡᠪ ᠵᠦᠢᠯ ᠢ ᠪᠣᠳᠣᠮᠠᠭᠯᠠᠨ ᠤᠷᠲᠤ ᠤᠷᠲᠤ ᠰᠢᠭᠦᠷᠡᠰᠦ ᠠᠯᠳᠠᠨ᠎ᠠ᠃ ᠶᠠᠭᠤ ᠭᠡᠪᠡᠯ᠂ ᠴᠡᠷᠮ᠎ᠠ ᠶᠢᠨ ᠨᠤᠲᠤᠭ ᠭᠤᠷᠪᠠᠨ ᠰᠠᠶᠢᠬᠠᠨ ᠤ ᠥᠪᠥᠷ ᠲᠦ ᠪᠥᠯᠦᠭᠡ᠃ ᠭᠡᠷ ᠶᠠᠳᠠᠭᠤ ᠲᠤᠯᠠ᠂ ᠡᠴᠢᠭᠡ ᠡᠬᠡ ᠨᠢ ᠲᠡᠭᠦᠨ ᠢ ᠬᠣᠲᠠ ᠳ᠋ᠤ ᠢᠯᠡᠭᠡᠵᠦ᠂ ᠳᠠᠭᠳᠠᠨ ᠤ ᠳᠤ ᠵᠠᠷᠤᠴᠠᠯᠠᠭᠤᠯᠤᠨ ᠰᠠᠭᠤᠯᠭᠠᠭᠰᠠᠭᠠᠷ᠂ ᠭᠤᠷᠪᠠᠨ ᠵᠢᠯ ᠦᠨ ᠨᠢᠭᠤᠷ ᠦᠵᠡᠵᠦ ᠪᠠᠶᠢᠭ᠎ᠠ ᠨᠢ ᠡᠨᠡ᠃ ᠳᠠᠭᠳᠠᠨ ᠤ ᠠᠵᠢᠯ ᠤᠨ ᠶᠡᠬᠡ ᠶᠢ ᠬᠡᠯᠡᠬᠦ ᠦᠦ᠂ ᠲᠡᠭᠦᠨ ᠦ ᠡᠬᠡᠨᠡᠷ ᠦᠨ ᠴᠢᠩᠭ᠎ᠠ ᠶᠢ ᠬᠡᠯᠡᠬᠦ ᠦᠦ᠂ ᠢᠷᠡᠭᠰᠡᠨ ᠡᠴᠡ ᠬᠣᠶᠢᠰᠢ ᠬᠡᠳᠦᠨ ᠵᠢᠯ ᠦᠨ ᠳᠣᠲᠣᠷ᠎ᠠ ᠶᠡᠷᠦ ᠴᠤ ᠠᠮᠠᠷᠠᠭᠰᠠᠨ ᠦᠭᠡᠢ᠂ ᠪᠡᠶ᠎ᠡ ᠰᠡᠳᠬᠢᠯ ᠦᠨ ᠵᠣᠪᠠᠯᠠᠩ ᠢ ᠴᠠᠳᠲᠠᠯ᠎ᠠ ᠦᠵᠡᠵᠡᠢ᠃ ᠡᠨᠡ ᠵᠠᠪᠰᠠᠷ ᠳᠠᠭᠳᠠᠨ ᠤ ᠡᠬᠡᠨᠡᠷ ᠦᠨ ᠲᠠᠷᠭᠤᠯᠠᠭᠰᠠᠨ᠂ ᠴᠡᠷᠮ᠎ᠠ ᠶᠢᠨ ᠲᠤᠷᠠᠭᠰᠠᠨ ᠬᠣᠶᠠᠷ ᠶᠠᠭ ᠲᠡᠩᠴᠡᠨ᠎ᠡ᠃ ᠢᠯᠠᠩᠭᠤᠶ᠎ᠠ ᠣᠢᠷ᠎ᠠ ᠠᠴᠠ ᠴᠠᠭᠠᠨ ᠰᠠᠷ᠎ᠠ ᠪᠣᠯᠤᠨ᠎ᠠ ᠬᠡᠮᠡᠨ ᠠᠩᠬᠠᠨ ᠤ ᠬᠡᠳᠦᠨ ᠰᠥᠨᠢ ᠪᠠᠩᠰᠢ ᠬᠢᠵᠦ ᠨᠣᠶᠢᠷ ᠦᠭᠡᠢ ᠬᠣᠨᠣᠪᠠ᠃ ᠳᠠᠷᠠᠭᠠᠬᠢ ᠬᠡᠳᠦᠨ ᠰᠥᠨᠢ ᠶᠠᠭᠤᠮ᠎ᠠ ᠣᠶᠣᠵᠤ ᠦᠷ ᠴᠠᠶᠢᠯᠭᠠᠪᠠ᠃ ᠥᠨᠥ ᠡᠳᠦᠷ ᠦᠷᠭᠡᠯᠡᠨ ᠨᠣᠶᠢᠷᠮᠤᠭᠯᠠᠵᠤ᠂ ᠪᠦᠬᠦᠢ ᠪᠡᠶ᠎ᠡ ᠵᠦᠳᠡᠷᠡᠨ ᠭᠠᠯᠢᠷᠠᠪᠠᠴᠤ᠂ ᠤᠷᠢᠳᠤ ᠨᠤᠲᠤᠭ ᠲᠤ ᠪᠠᠶᠢᠬᠤ ᠳᠤ ᠪᠠᠨ ᠡᠶᠢᠮᠦ ᠨᠢᠭᠡ ᠰᠠᠶᠢᠬᠠᠨ ᠨᠠᠷᠠ ᠲᠤᠰᠴᠤ᠂ ᠠᠭᠤᠯᠠ ᠲᠠᠯ᠎ᠠ ᠶᠢᠨ ᠴᠠᠰᠤ ᠬᠠᠶᠢᠯᠣᠭᠰᠠᠨ ᠬᠠᠪᠤᠷ ᠤᠨ ᠰᠠᠶᠢᠬᠠᠨ ᠡᠳᠦᠷ ᠭᠡᠷ ᠦᠨ ᠬᠠᠶᠠᠭᠠᠨ ᠳᠤ ᠪᠠᠨ ᠰᠠᠭᠤᠵᠤ᠂ ᠰᠠᠶ᠋ᠢ ᠲᠦᠷᠦᠭᠰᠡᠨ ᠬᠡᠳᠦᠨ ᠬᠤᠷᠠᠭ᠎ᠠ᠂ ᠢᠰᠢᠭᠡ ᠲᠡᠢ ᠪᠡᠨ ᠨᠠᠭᠠᠳᠤᠨ ᠲᠣᠭᠯᠠᠵᠤ ᠪᠠᠶᠢᠭᠰᠠᠨ ᠨᠢ ᠭᠡᠨᠡᠳᠲᠡ ᠰᠠᠨᠠᠭᠳᠠᠵᠤ᠂ ᠭᠡᠷ ᠣᠷᠣᠨ ᠡᠴᠢᠭᠡ ᠡᠬᠡ᠂ ᠬᠥᠳᠡᠭᠡ ᠨᠤᠲᠤᠭ ᠶᠤᠭᠠᠨ ᠮᠥᠷᠥᠭᠡᠳᠦᠨ ᠤᠶᠢᠳᠬᠠᠷᠯᠠᠵᠤ᠂ ᠰᠡᠳᠬᠢᠯ ᠨᠢ ᠬᠥᠳᠡᠯᠦᠨ ᠪᠠᠶᠢᠭ᠎ᠠ ᠨᠢ ᠡᠨᠡ ᠠᠵᠤᠭᠤ᠃ ᠭᠡᠲᠡᠯ᠎ᠡ ᠳᠠᠭᠳᠠᠨ ᠤ ᠡᠬᠡᠨᠡᠷ ᠵᠢᠷᠭᠤᠭᠠᠨ ᠬᠠᠨ᠎ᠠ ᠲᠠᠢ ᠲᠣᠮᠣ ᠭᠡᠭᠴᠢ ᠶᠢᠨ ᠴᠠᠭᠠᠨ ᠭᠡᠷ ᠡᠴᠡ ᠭᠠᠷᠴᠤ ᠢᠷᠡᠭᠡᠳ᠂ ᠶᠡᠬᠡ ᠯᠠ ᠬᠦᠢᠲᠡᠨ ᠢᠶᠡᠷ ᠬᠢᠯᠣᠶᠢᠨ ᠬᠠᠷᠠᠵᠤ᠂ ᠠᠶ᠎ᠠ ᠦᠭᠡᠢ ᠪᠡᠷ ᠵᠠᠩᠳᠤᠷᠤᠨ« ᠴᠢ ᠶᠠᠭᠠᠬᠢᠭᠰᠠᠨ ᠬᠠᠷ᠎ᠠ ᠵᠣᠯᠢᠭ ᠪᠤᠢ︖ ᠣᠯᠪᠣᠭ ᠬᠡᠪᠢᠰᠦᠨ ᠦ ᠰᠢᠷᠣᠢ᠂ ᠲᠣᠭᠣᠰᠣ ᠶᠢ ᠭᠦᠪᠢᠭᠡᠳ ᠢᠷ᠎ᠡ ᠭᠡᠬᠦ ᠳᠦ ᠡᠨᠳᠡ ᠶᠠᠭᠤ ᠪᠠᠨ ᠬᠢᠭᠰᠡᠨ ᠮᠠᠭᠤ ᠮᠣᠨᠳᠢ ᠪᠤᠢ︖ ᠬᠠᠰᠢᠶᠠᠨ ᠤ ᠬᠣᠭ ᠠᠷᠢᠯᠭᠠᠭᠰᠠᠨ ᠴᠢᠨᠢ ᠡᠨᠡ ᠦᠦ︖ ᠮᠠᠷᠭᠠᠰᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠭᠡᠭᠴᠢ ᠶᠢ ᠮᠡᠳᠡᠵᠦ ᠪᠠᠶᠢᠨ᠎ᠠ ᠤᠤ᠂ ᠦᠭᠡᠢ ᠪᠠᠶᠢᠨ᠎ᠠ ᠤᠤ ᠮᠠᠯ ᠴᠢ» ᠭᠡᠳ ᠲᠤᠤᠵᠤᠤ ᠪᠠᠷ ᠨᠢᠷᠤᠭᠤᠨ ᠳᠤᠮᠳᠠ ᠨᠢᠭᠡ ᠴᠣᠬᠢᠵᠤ ᠠᠪᠤᠭᠠᠳ᠂ ᠠᠭᠤᠷᠯᠠᠨ ᠵᠣᠭᠰᠣᠬᠤ ᠳᠤ ᠴᠡᠷᠮ᠎ᠠ ᠡᠰᠡᠷᠭᠦᠴᠡᠬᠦ ᠠᠷᠭ᠎ᠠ ᠦᠭᠡᠢ ᠲᠤᠯᠠ᠂ «ᠲᠣᠯᠣᠭᠠᠢ ᠡᠪᠡᠳᠦᠭᠡᠳ ᠰᠠᠯᠬᠢᠨ ᠳᠤ ᠵᠣᠭᠰᠣᠭᠰᠠᠨ ᠪᠢᠯᠡ᠂ ᠠᠪᠠᠭᠠᠢ ᠮᠢᠨᠢ» ᠭᠡᠳ ᠬᠠᠵᠠᠭᠤ ᠳᠤ ᠪᠦᠬᠦᠢ ᠲᠣᠮᠣ ᠬᠡᠪᠢᠰ ᠢ ᠠᠪᠴᠤ᠂ ᠳᠠᠭᠠᠭᠠᠵᠤ ᠶᠠᠳᠠᠨ᠂ ᠴᠠᠰᠤᠨ ᠳᠡᠭᠡᠷ᠎ᠡ ᠰᠡᠭᠰᠦᠷᠦᠨ᠎ᠡ᠃ ᠡᠨᠡ ᠦᠶ᠎ᠡ ᠳᠦ ᠨᠢᠳᠤᠨᠤᠨ ᠵᠢᠯ ᠦᠨ ᠪᠠᠷᠢᠭᠤᠯᠤᠭᠰᠠᠨ ᠲᠠᠪᠤᠨ ᠵᠠᠩ ᠤᠨ ᠣᠷᠣᠰ ᠪᠠᠶᠢᠰᠢᠩ ᠤᠨ ᠴᠣᠩᠬᠣ ᠪᠠᠷ ᠳᠠᠭᠳᠠᠨ ᠥᠬᠢᠨ ᠮᠢᠳᠣᠭᠮᠠ ᠭᠡᠵᠢᠭᠡ ᠦᠰᠦ ᠪᠡᠨ ᠰᠠᠮᠨᠠᠨ᠂ ᠨᠢᠭᠤᠷ ᠲᠤ ᠪᠡᠨ ᠣᠤ᠎ᠠ ᠡᠩᠭᠡᠰᠬᠡ ᠲᠦᠷᠬᠢᠨ ᠪᠠᠰᠠᠬᠦ ᠰᠢᠨ᠎ᠡ ᠬᠢᠭᠰᠡᠨ ᠪᠣᠷᠣ ᠨᠣᠭᠣᠭᠠᠨ ᠲᠣᠷᠭᠠᠨ ᠳᠡᠪᠡᠯ ᠢᠶᠡᠨ ᠲᠠᠭᠠᠷᠠᠭᠤᠯᠤᠨ ᠡᠮᠦᠰᠴᠦ ᠪᠠᠶᠢᠬᠤ ᠨᠢ ᠦᠵᠡᠭᠳᠡᠨ᠎ᠡ᠃ ᠪᠠᠶᠢᠰᠢᠩ ᠤᠨ ᠳᠣᠲᠣᠷ᠎ᠠ ᠢᠰᠬᠡᠷᠦᠨ ᠳᠠᠭᠤᠯᠠᠵᠤ ᠡᠰᠢ ᠲᠡᠰᠢ ᠰᠡᠯᠡᠭᠦᠴᠡᠬᠦ ᠪᠥᠭᠡᠳ ᠴᠣᠩᠬᠣᠨ ᠤ ᠪᠢᠴᠢᠬᠠᠨ ᠰᠠᠯᠬᠢᠪᠴᠢ ᠶᠢ ᠨᠡᠭᠡᠭᠡᠵᠦ᠂ ᠴᠡᠷᠮ᠎ᠠ ᠶᠢ ᠳᠠᠭᠤᠳᠠᠨ᠄ «ᠵᠠᠯᠠᠭᠤ ᠠᠶᠢᠯᠴᠢᠨ ᠡᠷᠡᠴᠦᠳ ᠢᠷᠡᠪᠡᠯ ᠵᠡᠭᠦᠨ ᠲᠠᠰᠤᠯᠭᠠᠨ ᠳᠤ ᠣᠷᠣᠭᠤᠯ» ᠬᠡᠮᠡᠨ ᠪᠠᠰᠠ ᠲᠤᠰᠢᠶᠠᠯ ᠭᠠᠷᠭᠠᠨ᠎ᠠ᠃ ᠴᠡᠷᠮ᠎ᠠ᠂ ᠮᠢᠳᠣᠭᠮ᠎ᠠ ᠶᠢᠨ ᠲᠣᠷᠭᠠᠨ ᠳᠡᠪᠡᠯ ᠦᠨ ᠥᠩᠭᠡᠨ ᠳᠦ ᠭᠢᠯᠪᠠᠬᠤ ᠳᠤ ᠪᠠᠨ ᠥᠪᠡᠷ ᠦᠨ ᠮᠠᠭᠤ ᠤᠷᠠᠩᠬᠠᠢ ᠳᠠᠪᠤᠤ ᠳᠡᠪᠡᠯ ᠤᠷᠤᠭᠤ ᠪᠠᠨ ᠨᠢᠭᠡ ᠬᠠᠷᠠᠭᠠᠳ᠂ ᠮᠢᠳᠣᠭᠮ᠎ᠠ ᠶᠢᠨ ᠲᠠᠩᠬᠢᠯᠵᠠᠭᠤᠷ ᠪᠠᠶᠢᠳᠠᠯ ᠢ ᠥᠪᠡᠷ ᠦᠨ ᠡᠨᠡᠯᠦᠯᠲᠥ ᠪᠠᠶᠢᠳᠠᠯ ᠲᠠᠢ ᠬᠠᠷᠰᠢᠭᠤᠯᠤᠨ ᠪᠣᠳᠣᠵᠤ᠂ ᠨᠢᠳᠦᠨ ᠦ ᠬᠢ ᠪᠡᠨ ᠨᠢᠯᠪᠤᠰᠤ ᠶᠢ ᠭᠡᠯᠲᠥᠭᠡᠨᠡᠭᠦᠯᠦᠭᠰᠡᠭᠡᠷ ᠭᠡᠳᠡᠷᠭᠦ ᠣᠳᠴᠤ ᠪᠠᠰᠠ ᠣᠯᠪᠣᠭ ᠵᠢᠷᠤᠮ ᠤᠨ ᠲᠣᠭᠣᠰᠣ ᠰᠢᠷᠣᠢ ᠶᠢ ᠭᠦᠪᠢᠵᠦ ᠰᠢᠭᠦᠷᠳᠡᠬᠦ ᠶᠢᠨ ᠬᠠᠮᠲᠤ ᠴᠠᠭᠠᠨ ᠰᠠᠷ᠎ᠠ ᠶᠢᠨ ᠡᠳᠦᠷ ᠮᠠᠨ ᠤ ᠭᠡᠷ ᠦᠨ ᠡᠵᠡᠳ ᠴᠥᠮ ᠰᠠᠶᠢᠬᠠᠨ ᠲᠣᠷᠭ᠎ᠠ ᠳᠤᠷᠳᠤᠩ ᠳᠡᠪᠡᠯ᠂ ᠪᠤᠭᠤ ᠮᠢᠨᠵᠢᠨ ᠮᠠᠯᠠᠭᠠᠢ ᠬᠢᠵᠦ ᠡᠮᠦᠰᠵᠥᠭᠡᠨ᠎ᠡ᠃ ᠡᠯᠳᠡᠪ ᠵᠦᠢᠯ ᠦᠨ ᠠᠮᠲᠠᠲᠤ ᠢᠳᠡᠭᠡ ᠪᠠ ᠠᠷᠢᠬᠢ ᠳᠠᠷᠠᠰᠤ ᠶᠢ ᠲᠥᠬᠥᠭᠡᠷᠦᠨ ᠢᠳᠡᠵᠦ ᠤᠤᠭᠤᠵᠠᠭᠠᠬᠤ ᠨᠢ ᠶᠠᠮᠠᠷ ᠶᠡᠬᠡ ᠵᠢᠷᠭᠠᠯ ᠪᠤᠢ︖ ᠲᠡᠶᠢᠨ ᠠᠲᠠᠯ᠎ᠠ ᠪᠢ ᠶᠠᠭᠤᠨ ᠳᠤ ᠢᠩᠭᠢᠵᠦ ᠨᠣᠶᠢᠷ ᠳᠤᠲᠠᠭᠤ᠂ ᠤᠷᠠᠩᠬᠠᠢ ᠳᠡᠪᠡᠯ ᠲᠡᠢ᠂ ᠡᠨᠡᠯᠦᠨ ᠰᠢᠨᠠᠯᠤᠨ ᠶᠠᠪᠤᠨ᠎ᠠ ᠭᠡᠵᠦ ᠪᠣᠳᠣᠪᠠᠴᠤ᠂ ᠨᠠᠷᠢᠨ ᠤᠴᠢᠷ ᠢ ᠣᠯᠵᠤ ᠡᠰᠡ ᠮᠡᠳᠡᠨ ᠭᠠᠭᠴᠠᠬᠦ ᠮᠢᠳᠣᠭᠮᠠ ᠬᠠᠭᠤᠴᠢᠨ ᠳᠡᠪᠡᠯ ᠡᠴᠡ ᠪᠡᠨ ᠨᠢᠭᠡ ᠶᠢ ᠨᠠᠳᠠ ᠳᠤ ᠡᠮᠦᠰᠦᠭᠦᠯᠬᠦ ᠪᠢᠵᠡ ᠬᠡᠮᠡᠨ ᠭᠣᠷᠢᠳᠠᠨ᠎ᠠ᠃ ᠳᠡᠪᠢᠰᠬᠡᠷ ᠦᠳ ᠢ ᠴᠡᠪᠡᠷᠯᠡᠵᠦ ᠳᠠᠭᠤᠰᠤᠭᠠᠳ᠂ ᠪᠠᠶᠢᠰᠢᠩ ᠤᠨ ᠡᠮᠦᠨᠡᠬᠢ ᠬᠣᠭ ᠢ ᠠᠷᠤᠭ ᠲᠤ ᠠᠭᠤᠯᠵᠤ ᠡᠭᠦᠷᠦᠨ᠂ ᠬᠠᠰᠢᠶᠠᠨ ᠤ ᠬᠠᠭᠠᠯᠭᠠᠨ ᠳᠤ ᠬᠦᠷᠲᠡᠯ᠎ᠡ᠂ ᠭᠠᠳᠠᠨ᠎ᠠ ᠠᠴᠠ ᠫᠦᠰᠡᠨ ᠦ ᠬᠢᠲᠠᠳ ᠤᠳ ᠴᠠᠭᠠᠨ ᠸᠠᠳᠠᠩ ᠲᠠᠢ ᠪᠣᠣᠪᠣ ᠪᠣᠯᠤᠨ ᠪᠡᠯᠡᠭ ᠦᠨ ᠵᠦᠢᠯᠡᠰ ᠢ ᠠᠪᠴᠤ ᠢᠷᠡᠨ᠎ᠡ᠃ ᠵᠥᠷᠢᠵᠦ ᠭᠠᠷᠬᠤ ᠳᠤ ᠨᠢ ᠲᠡᠳᠡᠭᠡᠷ ᠬᠢᠲᠠᠳ ᠤᠳ᠄ «ᠠᠢ ᠲᠠᠨ ᠤ ᠰᠣᠬᠣᠷᠣᠭᠰᠠᠨ᠂ ᠨᠠᠷᠢᠨ ᠶᠠᠭᠤᠮᠠᠨ ᠳᠡᠭᠡᠷ᠎ᠡ ᠶᠠᠭᠤᠨ ᠳᠤ ᠬᠣᠭ ᠪᠤᠷᠲᠠᠭ ᠭᠣᠭᠣᠵᠢᠭᠤᠯᠤᠭᠰᠠᠨ ᠪᠠᠶᠢᠨ᠎ᠠ︕ ᠠᠢ ᠮᠠᠩᠭᠤᠤ ᠵᠣᠯᠢᠭ » ᠭᠡᠵᠦ ᠪᠠᠰᠠ ᠵᠠᠩᠳᠤᠷᠤᠨ ᠬᠠᠷᠢᠶᠠᠨ᠎ᠠ᠃ ᠠᠶ᠎ᠠ᠂ ᠴᠡᠷᠮ᠎ᠠ ᠶᠢ ᠨᠣᠶᠠᠯᠠᠬᠤ ᠬᠦᠮᠦᠨ ᠶᠠᠭᠠᠬᠢᠭᠰᠠᠨ ᠣᠯᠠᠨ ᠪᠢᠯᠡ᠃ ᠬᠣᠭ ᠢ ᠭᠠᠳᠠᠨ᠎ᠠ ᠠᠰᠬᠠᠭᠠᠳ ᠢᠷᠡᠪᠡᠯ᠂ ᠮᠢᠳᠣᠭᠮᠠ ᠪᠠᠰᠠ ᠳᠠᠭᠤᠳᠠᠵᠤ᠄ « ᠨᠢᠭᠤᠷ ᠦᠨ ᠦ ᠤᠰᠤ ᠠᠰᠬ᠎ᠠ» ᠭᠡᠨ᠎ᠡ᠃ ᠦᠳ᠋ᠡ ᠥᠩᠭᠡᠷᠡᠭᠰᠡᠨ ᠦ ᠬᠣᠶᠢᠨ᠎ᠠ ᠲᠦᠯᠡᠭᠡ ᠬᠢᠷᠦᠭᠡᠳᠡᠬᠦ ᠬᠡᠷᠡᠭᠲᠡᠢ ᠪᠣᠯᠪᠠ᠃ ᠭᠠᠭᠴᠠ ᠪᠠᠷ ᠶᠠᠳᠠᠵᠤ ᠪᠠᠶᠢᠲᠠᠯ᠎ᠠ᠂ ᠪᠠᠷᠠᠭᠤᠨ ᠬᠠᠮᠠᠷ ᠤᠨ ᠠᠶᠢᠯ ᠳᠤ ᠮᠣᠷᠢ ᠤᠰᠤᠯᠠᠳᠠᠭ ᠵᠠᠯᠠᠭᠤ ᠬᠥᠪᠡᠭᠦᠨ ᠴᠦᠯᠲᠦᠮ ᠬᠠᠰᠢᠶᠠᠨ ᠤ ᠵᠠᠪᠰᠠᠷ ᠢᠶᠠᠷ ᠲᠡᠭᠦᠨ ᠢ ᠳᠠᠭᠤᠳᠠᠪᠠ᠃ ᠴᠦᠯᠲᠦᠮ᠂ ᠴᠡᠷᠮ᠎ᠠ ᠡᠨᠡ ᠬᠣᠶᠠᠷ ᠠᠶᠢᠯ ᠤᠨ ᠵᠠᠷᠤᠴᠠ ᠪᠣᠯᠤᠭᠰᠠᠨ ᠤ ᠭᠠᠪᠢᠶ᠎ᠠ ᠪᠠᠷ ᠳᠣᠲᠣᠨᠣ ᠲᠠᠨᠢᠯᠴᠠᠵᠤ ᠠᠮᠠᠷᠠᠭᠯᠠᠭᠰᠠᠨ ᠪᠣᠯᠪᠠᠴᠤ᠂ ᠭᠡᠷ ᠦᠨ ᠡᠵᠡᠳ᠂ ᠳᠣᠣᠷᠠᠳᠤ ᠬᠦᠮᠦᠰ ᠵᠢᠷᠭᠠᠯ ᠮᠡᠳᠡᠳᠡᠭ ᠦᠭᠡᠢ᠂ ᠶᠠᠳᠠᠭᠤ ᠬᠥᠮᠦᠨ ᠳ᠋ᠦ ᠢᠨᠠᠭ ᠪᠠᠶᠢᠳᠠᠭ ᠦᠭᠡᠢ ᠭᠡᠵᠦ ᠲᠡᠷᠡ ᠬᠣᠶᠠᠷ ᠢ ᠡᠯᠡᠭᠯᠡᠨ ᠨᠠᠭᠠᠳᠤᠬᠣ ᠪᠠ ᠱᠣᠭᠣᠪᠲᠣᠷᠯᠠᠨ ᠵᠠᠩᠨᠠᠵᠤ᠂ ᠤᠴᠠᠷᠠᠭᠤᠯᠳᠠᠭ ᠦᠭᠡᠢ ᠪᠥᠯᠦᠭᠡ᠃ ᠲᠡᠭᠦᠨ ᠡᠴᠡ ᠰᠠᠨᠠᠮᠰᠠᠷ ᠦᠭᠡᠢ ᠬᠠᠭᠠᠯᠭᠠᠨ ᠤ ᠲᠤᠰ ᠬᠦᠮᠦᠨ ᠢᠷᠡᠬᠦ ᠳᠦ ᠮᠢᠳᠣᠭᠮᠠ ᠴᠣᠩᠬᠣ ᠪᠠᠷ ᠥᠪᠡᠷ ᠦᠨ ᠬᠠᠨᠢᠯᠠᠭᠰᠠᠨ ᠨᠢᠭᠡ ᠵᠠᠯᠠᠭᠤ ᠡᠷ᠎ᠡ ᠶᠢ ᠲᠠᠨᠢᠭᠠᠳ᠂ ᠬᠤᠷᠳᠤᠯᠠᠨ ᠭᠠᠷᠴᠤ᠂ ᠲᠡᠭᠦᠨ ᠢ ᠣᠷᠣᠭᠤᠯᠤᠨ ᠬᠠᠮᠲᠤ ᠪᠠᠷ ᠬᠥᠲᠦᠯᠦᠯᠴᠡᠨ᠂ ᠢᠨᠢᠶᠡᠯᠳᠦᠨ ᠬᠥᠬᠦᠷᠡᠯᠳᠦᠨ ᠬᠣᠶᠢᠳᠣ ᠪᠠᠶᠢᠰᠢᠩ ᠤᠨ ᠵᠦᠭ ᠣᠳᠬᠤ ᠶᠢᠨ ᠵᠠᠭᠤᠷ᠎ᠠ ᠴᠡᠷᠮ᠎ᠠ ᠶᠢ ᠦᠵᠡᠭᠡᠳ᠄ « ᠶᠠᠭᠠᠬᠢᠵᠤ ᠪᠠᠶᠢᠭ᠎ᠠ ᠴᠢᠨᠢ ᠡᠨᠡ ᠪᠤᠢ︖ » ᠭᠡᠵᠦ ᠱᠣᠭᠣᠪᠲᠣᠷᠯᠠᠨ ᠬᠡᠯᠡᠭᠡᠳ ᠣᠳᠬᠤ ᠳᠠᠭᠤ ᠶᠢ ᠳᠠᠭᠳᠠᠨ ᠡᠬᠡᠨᠡᠷ ᠰᠣᠨᠣᠰᠤᠭᠰᠠᠨ ᠳᠠᠷᠤᠢ᠂ ᠭᠡᠷ ᠤᠨ ᠡᠭᠦᠳᠡ ᠶᠢ ᠴᠢᠩᠭ᠎ᠠ ᠬᠠᠶᠠᠨ ᠭᠠᠷᠴᠤ ᠢᠷᠡᠭᠡᠳ᠄ 《ᠴᠢ ᠶᠠᠭᠠᠬᠢᠭᠰᠠᠨ ᠵᠣᠯᠢᠭ ᠪᠤᠢ᠂ ᠲᠦᠯᠡᠭᠡ ᠪᠡᠨ ᠬᠢᠷᠦᠭᠡᠳᠡᠬᠦ ᠦᠭᠡᠢ᠂ ᠶᠠᠭᠠᠬᠢᠭᠰᠠᠨ ᠮᠣᠨᠳᠢ ᠪᠤᠢ》 ᠭᠡᠵᠦ ᠵᠠᠩᠳᠤᠷᠤᠨ᠎ᠠ᠃ ᠡᠭᠦᠨ ᠳᠦ ᠴᠡᠷᠮ᠎ᠠ ᠨᠢᠭᠡ ᠤᠬᠠᠭᠠᠨ ᠣᠯᠵᠤ ᠄ 《ᠪᠢ ᠭᠠᠭᠴᠠ ᠪᠠᠷ ᠬᠢᠷᠦᠭᠡᠳᠡᠬᠦ ᠳᠦ ᠤᠳᠠᠭᠠᠨ ᠪᠥᠭᠡᠳ ᠥᠭᠡᠷ᠎ᠡ ᠠᠵᠢᠯ ᠰᠠᠭᠠᠲᠤᠬᠤ ᠲᠤᠯᠠ ᠴᠦᠯᠲᠦᠮ ᠢ ᠲᠤᠰᠠᠯᠠᠯᠴᠠᠬᠤ ᠶᠢ ᠭᠤᠶᠤᠭᠰᠠᠨ ᠪᠢᠯᠡ》 ᠭᠡᠬᠦ ᠳᠦ ᠳᠠᠭᠳᠠᠨ ᠤ ᠡᠬᠡᠨᠡᠷ ᠠᠷᠭ᠎ᠠ ᠦᠭᠡᠢ ᠠᠵᠢᠯ ᠢᠶᠠᠨ ᠪᠣᠳᠣᠵᠤ ᠄ 《ᠲᠡᠭᠡᠪᠡᠯ ᠲᠠ ᠬᠣᠶᠠᠭᠤᠯᠠ ᠪᠤᠰᠢᠭᠤ ᠬᠢᠷᠦᠭᠡᠳᠡᠬᠦ ᠦᠭᠡᠢ ᠶᠠᠭᠠᠬᠢᠭᠰᠠᠨ ᠶᠤᠮ ᠪᠤᠢ》 ᠭᠡᠳ ᠭᠡᠷ ᠲᠦ ᠤᠷᠤᠪᠠ᠃ ᠵᠠᠪᠰᠢᠶᠠᠨ ᠢᠶᠠᠷ ᠴᠦᠯᠲᠦᠮ᠂ ᠳᠠᠭᠳᠠᠨ ᠤ ᠠᠯᠲᠠᠨ ᠪᠣᠱᠤᠭ᠎ᠠ ᠶᠢ ᠠᠯᠬᠤᠨ ᠣᠷᠣᠵᠤ ᠢᠷᠡᠭᠡᠳ᠂ ᠴᠡᠷᠮ᠎ᠠ ᠶᠢᠨ ᠬᠠᠮᠲᠤ ᠲᠦᠯᠡᠭᠡ ᠬᠢᠷᠦᠭᠡᠳᠡᠨ᠎ᠡ᠃ ᠦᠳᠡᠰᠢ ᠶᠢᠨ ᠨᠠᠷᠠᠨ ᠰᠢᠩᠭᠡᠬᠦ ᠦᠶ᠎ᠡ ᠪᠣᠯᠤᠭᠠᠳ ᠡᠳᠦᠷ ᠦᠨ ᠰᠠᠶᠢᠬᠠᠨ ᠠᠭᠠᠷ ᠥᠭᠡᠷᠡᠴᠢᠯᠡᠭᠳᠡᠵᠦ᠂ ᠰᠡᠪᠰᠡᠭᠡᠷ ᠴᠠᠰᠤ ᠬᠡᠰᠡᠭ ᠬᠡᠰᠡᠭ ᠢᠶᠡᠷ ᠬᠠᠶᠠᠯᠠᠬᠤ ᠶᠢᠨ ᠳᠤᠮᠳᠠ ᠴᠦᠯᠲᠦᠮ᠂ ᠴᠡᠷᠮ᠎ᠠ ᠬᠣᠶᠠᠷ ᠲᠦᠯᠡᠭᠡ ᠬᠢᠷᠦᠭᠡᠳᠡᠬᠦ ᠳᠠᠭᠤ ᠬᠢᠬᠤᠨᠠᠨ ᠴᠢᠬᠠᠨᠠᠬᠤ ᠨᠢ ᠬᠠᠯᠠᠭᠤᠨ ᠪᠠᠶᠢᠰᠢᠩ ᠤᠨ ᠳᠣᠲᠣᠷ᠎ᠠ ᠮᠢᠳᠣᠭᠮᠠ ᠵᠠᠯᠠᠭᠤ ᠡᠷ᠎ᠡ ᠶᠢᠨ ᠬᠠᠮᠲᠤ ᠨᠠᠭᠠᠳᠤᠬᠣ ᠱᠠᠨᠵᠠᠨ ᠤ ᠠᠶᠠᠯᠭᠤ ᠯᠤᠭ᠎ᠠ ᠬᠤᠳᠬᠤᠯᠳᠤᠬᠤ ᠳᠤ ᠬᠡᠳᠦᠢ ᠪᠡᠷ ᠤᠶᠢᠳᠬᠠᠷᠲᠠᠢ ᠪᠣᠯᠪᠠᠴᠤ᠂ ᠬᠦᠢᠲᠡᠨ ᠳ᠋ᠤ ᠴᠢᠮᠴᠢᠭᠢᠨᠡᠭᠰᠡᠨ ᠬᠤᠷᠤᠭᠤ ᠪᠠᠨ ᠬᠠᠶᠠ ᠨᠢᠭᠡ ᠠᠮᠠᠨ ᠳᠤ ᠪᠠᠨ ᠬᠢᠵᠦ 《ᠠᠬᠤ》ᠭᠡᠵᠦ ᠠᠮᠢᠰᠬᠤᠭᠠᠳᠠᠨ ᠳᠤᠯᠠᠭᠠᠴᠠᠭᠤᠯᠵᠤ ᠬᠣᠶᠠᠷ ᠰᠡᠳᠬᠢᠯ ᠦᠨ ᠦᠭᠡᠰ ᠢ ᠶᠠᠷᠢᠯᠴᠠᠨ᠂ ᠵᠣᠪᠠᠯᠠᠩ ᠤᠨ ᠭᠦᠨ ᠢ ᠨᠢᠭᠡ᠂ ᠬᠣᠶᠠᠷ ᠨᠠᠭᠠᠳᠤᠮ ᠲᠣᠬᠣᠭᠤ ᠪᠠᠷ ᠬᠠᠭᠤᠷᠤᠨ ᠥᠩᠭᠡᠷᠡᠭᠦᠯᠬᠦ ᠨᠢ ᠶᠠᠭᠤᠲᠠᠢ ᠠᠶᠠᠲᠠᠢ ᠪᠢᠯᠡ᠃ ᠴᠡᠷᠮ᠎ᠠ᠂ ᠭᠡᠷ ᠦᠨ ᠡᠵᠡᠳ ᠭᠣᠶᠣ ᠬᠤᠪᠴᠠᠰᠤ ᠦᠢᠯᠡᠳᠴᠦ ᠪᠠᠶᠢᠭ᠎ᠠ ᠪᠠ ᠡᠯᠳᠡᠪ ᠵᠦᠢᠯ ᠦᠨ ᠠᠮᠲᠠᠲᠤ ᠢᠳᠡᠭᠡ ᠪᠡᠯᠡᠳᠬᠡᠵᠦ ᠪᠠᠶᠢᠭ᠎ᠠ ᠶᠢ ᠲᠣᠭᠠᠴᠢᠨ᠂ ᠥᠪᠡᠷ ᠦᠨ ᠪᠠᠶᠢᠳᠠᠯ ᠢ ᠶᠠᠷᠢᠬᠤ ᠳᠤ ᠴᠦᠯᠲᠦᠮ ᠮᠥᠨ ᠥᠪᠡᠷ ᠦᠨ ᠡᠵᠡᠳ᠂ ᠵᠢᠷᠤᠭ᠎ᠠ ᠮᠣᠷᠢ ᠵᠡᠷᠭᠡ ᠶᠢ ᠬᠥᠳᠡᠭᠡᠨ ᠡᠴᠡ ᠠᠪᠴᠢᠷᠠᠭᠤᠯᠤᠭᠰᠠᠨ ᠢ ᠶᠠᠷᠢᠬᠤ ᠶᠢᠨ ᠬᠠᠮᠲᠤ ᠬᠠᠮᠢᠭ᠎ᠠ ᠠᠴᠠ ᠣᠯᠤᠭᠰᠠᠨ ᠢ ᠮᠡᠳᠡᠬᠦ ᠦᠭᠡᠢ ᠡᠪᠦᠷ ᠡᠴᠡ ᠪᠡᠨ ᠨᠢᠭᠡ ᠤᠯᠴᠠᠭᠠᠷ ᠳᠤᠷᠳᠤᠩ ᠠᠯᠴᠢᠭᠤᠷ ᠭᠠᠷᠭᠠᠵᠤ ᠥᠭᠬᠦ ᠳᠦ ᠨᠢ ᠴᠡᠷᠮ᠎ᠠ ᠶᠢᠨ ᠳᠣᠲᠣᠷ᠎ᠠ ᠮᠢᠳᠣᠭᠮ᠎ᠠ ᠶᠢᠨ ᠲᠣᠷᠭᠠᠨ ᠳᠡᠪᠡᠯ ᠢ ᠡᠮᠦᠰᠦᠭᠰᠡᠨ ᠡᠴᠡ ᠢᠯᠡᠭᠦᠦ ᠰᠠᠶᠢᠬᠠᠨ ᠰᠠᠨᠠᠭᠳᠠᠵᠤ ᠠᠪᠠᠢ᠃ ᠴᠡᠷᠮ᠎ᠠ᠂ ᠴᠦᠯᠲᠦᠮ ᠬᠣᠶᠠᠷ ᠴᠠᠭᠠᠨ ᠰᠠᠷ᠎ᠠ ᠪᠣᠯᠬᠤ ᠳᠤ ᠠᠵᠢᠯ ᠶᠡᠬᠡ ᠪᠣᠯᠳᠠᠭ ᠪᠠ ᠬᠠᠷᠢᠯᠴᠠᠨ ᠤᠴᠠᠷᠠᠯᠳᠤᠬᠤ ᠳᠤ ᠭᠡᠷ ᠦᠨ ᠡᠵᠡᠳ ᠠᠭᠠᠰᠢᠯᠠᠨ ᠵᠠᠩᠨᠠᠳᠠᠭ ᠤᠨ ᠲᠤᠬᠠᠢ ᠬᠡᠳᠦᠨ ᠤᠶᠢᠳᠬᠠᠷ ᠲᠠᠢ ᠦᠭᠡᠰ ᠶᠠᠷᠢᠯᠴᠠᠬᠤ ᠶᠢᠨ ᠵᠠᠭᠤᠷ᠎ᠠ ᠲᠦᠯᠡᠭᠡ ᠬᠢᠷᠦᠭᠡᠳᠡᠵᠦ ᠳᠠᠭᠤᠰᠪᠠ᠃ ᠨᠢᠭᠡᠨᠲᠡ ᠦᠳᠡᠰᠢ ᠪᠣᠯᠤᠭᠰᠠᠨ ᠲᠤᠯᠠ᠂ ᠣᠳᠣ ᠭᠡᠷ ᠦᠨ ᠠᠵᠢᠯ ᠬᠢᠬᠦ ᠬᠡᠷᠡᠭᠲᠡᠢ ᠪᠣᠯᠪᠠ᠃ ᠴᠡᠷᠮ᠎ᠠ᠂ ᠴᠦᠯᠲᠦᠮ ᠡᠴᠡ ᠰᠠᠯᠤᠨ ᠭᠡᠷ ᠲᠦ ᠣᠷᠣᠪᠠᠯ ᠪᠤᠷᠬᠠᠨ ᠤ ᠡᠮᠦᠨ᠎ᠡ ᠤᠨᠢ ᠲᠤᠯᠲᠠᠯ᠎ᠠ ᠪᠣᠣᠪᠣ ᠥᠷᠥᠵᠦ᠂ ᠲᠠᠬᠢᠯ ᠲᠠᠬᠢᠭᠠᠳ᠂ ᠲᠤᠯᠭᠠᠨ ᠤ ᠪᠠᠷᠠᠭᠤᠨ ᠵᠡᠭᠦᠨ ᠡᠲᠡᠭᠡᠳ ᠲᠦ ᠬᠡᠳᠦ ᠬᠡᠳᠦᠨ ᠵᠦᠢᠯ ᠦᠨ ᠲᠠᠪᠠᠭ ᠲᠠᠢ ᠢᠳᠡᠭᠡᠨ ᠨᠦᠭᠦᠳ ᠪᠠ ᠤᠭᠤᠴᠠ ᠮᠢᠬ᠎ᠠ᠂ ᠪᠠᠩᠰᠢ ᠪᠤᠤᠵᠠ ᠶᠢ ᠬᠠᠭᠤᠴᠢᠨ ᠶᠣᠰᠣᠭᠠᠷ ᠲᠠᠯᠪᠢᠵᠠᠢ᠃ ᠡᠳᠡᠨ ᠢ ᠦᠵᠡᠪᠡᠯ᠂ ᠴᠥᠮ ᠴᠡᠷᠮ᠎ᠠ ᠶᠢᠨ ᠬᠢᠭᠰᠡᠨ ᠪᠠ ᠪᠣᠯᠭᠣᠭᠰᠠᠨ ᠢᠳᠡᠭᠡ ᠮᠥᠨ᠃ ᠭᠡᠷ ᠦᠨ ᠡᠵᠡᠳ ᠰᠢᠨ᠎ᠡ ᠬᠤᠪᠴᠠᠰᠤ ᠡᠮᠦᠰᠦᠭᠡᠳ᠂ ᠪᠢᠲᠡᠭᠦᠯᠦᠨ᠎ᠡ ᠭᠡᠵᠦ ᠪᠠᠶᠠᠷ ᠵᠢᠪᠬᠤᠯᠠᠩᠲᠠᠢ ᠪᠠᠷ ᠬᠥᠳᠡᠯᠴᠡᠭᠡᠨ᠎ᠡ᠃ ᠴᠡᠷᠮ᠎ᠠ ᠭᠠᠯ ᠲᠣᠭᠣᠭ᠎ᠠ ᠲᠠᠢ ᠬᠤᠷᠢᠮᠯᠠᠨ᠎ᠠ᠃ ᠴᠡᠷᠮ᠎ᠡ ᠳ᠋ᠤ ᠮᠢᠳᠣᠭᠮᠠ ᠨᠢᠭᠡ ᠬᠠᠭᠤᠴᠢᠷᠠᠭᠰᠠᠨ ᠴᠢᠰᠴᠡᠦ ᠳᠡᠪᠡᠯ ᠢᠶᠡᠨ ᠠᠪᠴᠢᠷᠠᠵᠤ ᠡᠮᠦᠰᠲᠦᠭᠡᠢ ᠭᠡᠰᠡᠨ ᠪᠣᠯᠪᠠᠴᠤ᠂ ᠴᠡᠷᠮ᠎ᠠ ᠮᠠᠷᠭᠠᠰᠢ ᠡᠮᠦᠰᠦᠨ᠎ᠡ ᠭᠡᠵᠦ ᠰᠠᠭᠠᠷᠮᠠᠭᠯᠠᠨ ᠬᠡᠯᠡᠵᠦ᠂ ᠬᠣᠶᠢᠰᠢ ᠲᠠᠯᠪᠢᠭᠠᠳ᠂ ᠬᠠᠷᠢᠨ ᠴᠦᠯᠲᠦᠮ ᠦᠨ ᠥᠭᠭᠦᠭᠰᠡᠨ ᠠᠯᠴᠢᠭᠤᠷ ᠢ ᠭᠠᠷᠭᠠᠨ᠂ ᠬᠠᠶᠠ ᠨᠢᠭᠡ ᠨᠢᠭᠤᠷ ᠢᠶᠡᠨ ᠠᠷᠴᠢᠵᠤ ᠪᠠᠶᠢᠬᠤ ᠶᠢ ᠳᠠᠭᠳᠠᠨ ᠤ ᠡᠬᠡᠨᠡᠷ ᠬᠠᠷᠠᠭᠠᠳ᠄ « ᠴᠢ ᠡᠭᠦᠨ ᠢ ᠬᠠᠮᠢᠭ᠎ᠠ ᠠᠴᠠ ᠤᠯᠪᠠ᠃ ᠪᠣᠳᠣᠪᠠᠯ ᠪᠡᠯᠡᠭ ᠳᠣᠲᠣᠷ᠎ᠠ ᠠᠴᠠ ᠬᠤᠯᠠᠭᠠᠢ ᠬᠢᠭᠰᠡᠨ ᠪᠢᠵᠡ» ᠭᠡᠵᠦ ᠵᠠᠩᠨᠠᠨ᠎ᠠ᠃ ᠡᠭᠦᠨ ᠳᠦ ᠴᠡᠷᠮ᠎ᠠ ᠬᠤᠯᠠᠭᠠᠢ ᠬᠢᠭᠰᠡᠨ ᠭᠡᠵᠦ ᠬᠤᠳᠠᠯ ᠬᠡᠯᠡᠬᠦ ᠳᠦ ᠬᠡᠴᠡᠭᠦᠦ᠂ ᠴᠦᠯᠲᠦᠮ ᠥᠭᠭᠦᠭᠰᠡᠨ ᠭᠡᠵᠦ ᠦᠨᠡᠨ ᠢ ᠬᠡᠯᠡᠬᠦ ᠳᠦ ᠪᠠᠰᠠ ᠵᠢᠮᠡᠯᠡᠯᠲᠡᠢ ᠤᠴᠢᠷ᠂ ᠳᠤᠪ ᠳᠠᠭᠤ ᠦᠭᠡᠢ ᠰᠠᠭᠤᠨ᠂ ᠶᠠᠭᠠᠬᠢᠭᠰᠠᠨ ᠪᠡᠷᠬᠡᠲᠡᠢ ᠪᠢᠯᠡ ᠭᠡᠵᠦ ᠡᠯᠳᠡᠪ ᠢ ᠪᠣᠳᠣᠨ᠎ᠠ᠃ ᠡᠨᠡ ᠣᠷᠣᠢ ᠭᠡᠷ ᠦᠨ ᠡᠵᠡᠳ ᠶᠤᠰᠤᠯᠠᠬᠤ ᠴᠠᠭᠠᠯᠠᠬᠤ ᠶᠢᠨ ᠬᠠᠮᠲᠤ ᠭᠠᠳᠠᠨ᠎ᠠ ᠠᠴᠠ ᠵᠣᠴᠢᠳ ᠭᠡᠶᠢᠴᠢᠳ ᠢᠷᠡᠬᠦ ᠨᠢ ᠲᠣᠭ᠎ᠠ ᠦᠭᠡᠢ ᠣᠯᠠᠨ᠃ ᠲᠡᠳᠡᠨ ᠦ ᠢᠳᠡᠬᠦ ᠤᠤᠭᠤᠬᠤ᠂ ᠢᠨᠢᠶᠡᠯᠳᠦᠬᠦ ᠪᠠᠶᠠᠰᠤᠯᠳᠤᠬᠤ ᠨᠢ ᠭᠡᠷ ᠬᠠᠭᠠᠷᠠᠮᠠᠷ᠂ ᠭᠠᠭᠴᠠᠬᠦ ᠴᠡᠷᠮ᠎ᠠ ᠵᠤᠤᠬᠠᠨ ᠤ ᠬᠠᠵᠠᠭᠤ ᠳᠤ ᠬᠥᠯᠥᠷᠡᠨ ᠰᠠᠭᠤᠵᠤ᠂ ᠭᠥᠯᠢᠷᠡᠨ ᠬᠠᠷᠠᠵᠤ ᠰᠢᠭᠦᠷᠡᠰᠦ ᠠᠯᠳᠠᠨ᠎ᠠ᠃ ᠰᠥᠨᠢ ᠤᠨᠲᠠᠭᠰᠠᠨ ᠦᠭᠡᠢ᠂ ᠮᠠᠷᠭᠠᠰᠢ ᠶᠢᠨ ᠴᠠᠢ ᠬᠣᠭᠣᠯᠠ ᠶᠢ ᠪᠡᠯᠡᠳᠬᠡᠨ᠎ᠡ᠃ ᠭᠡᠷ ᠡᠴᠡ ᠵᠤᠭᠠᠴᠠᠨ ᠣᠳᠬᠤ ᠡᠵᠡᠳ ᠦᠨ ᠬᠡᠷᠡᠭᠯᠡᠬᠦ ᠵᠦᠢᠯ ᠢ ᠪᠡᠯᠡᠳᠬᠡᠵᠦ᠂ ᠭᠠᠳᠠᠨ᠎ᠠ ᠠᠴᠠ ᠢᠷᠡᠬᠦ ᠭᠡᠶᠢᠴᠢ ᠶᠢ ᠬᠦᠨᠳᠦᠯᠡᠨ ᠵᠣᠴᠢᠯᠠᠭᠰᠠᠭᠠᠷ ᠨᠢᠭᠡ ᠡᠳᠦᠷ ᠢ ᠠᠷᠠᠢ ᠭᠡᠵᠦ ᠥᠩᠭᠡᠷᠡᠭᠦᠯᠪᠡᠴᠦ ᠦᠳᠡᠰᠢ ᠶᠢᠨ ᠴᠠᠭ ᠨᠠᠷᠭᠢᠶᠠᠨ ᠳᠠᠷᠭᠢᠶᠠᠨ ᠪᠣᠯᠵᠤ ᠠᠷᠢᠬᠢ ᠳᠠᠷᠠᠰᠤ᠂ ᠬᠤᠭᠤᠷ ᠬᠥᠭᠵᠢᠮ ᠦᠷᠭᠦᠯᠵᠢᠯᠡᠬᠦ ᠶᠢᠨ ᠳᠣᠲᠣᠷ᠎ᠠ ᠡᠭᠦᠨ ᠦ ᠪᠥᠭᠡᠯᠵᠢᠰᠦ ᠶᠢ ᠠᠰᠬᠠᠵᠤ᠂ ᠲᠡᠭᠦᠨ ᠦ ᠣᠷᠣ ᠳᠡᠷ᠎ᠡ ᠶᠢ ᠵᠠᠰᠠᠭᠰᠠᠭᠠᠷ ᠪᠠᠰᠠ ᠨᠢᠭᠡ ᠰᠥᠨᠢ ᠪᠣᠯᠪᠠ᠃ ᠡᠨᠡ ᠮᠡᠲᠦ ᠶᠢᠨ ᠪᠠᠶᠢᠳᠠᠯ ᠵᠠᠯᠭᠠᠮᠵᠢᠯᠠᠨ ᠬᠡᠳᠦᠨ ᠡᠳᠦᠷ ᠪᠣᠯᠬᠤ ᠳᠤ ᠴᠡᠷᠮ᠎ᠠ ᠬᠡᠳᠦᠢ ᠪᠡᠷ ᠶᠠᠳᠠᠷᠠᠵᠤ ᠵᠦᠳᠡᠷᠡᠪᠡᠴᠦ᠂ ᠭᠤᠨᠢᠬᠠᠷᠠᠨ ᠰᠠᠭᠤᠬᠤ ᠠᠴᠠ ᠥᠭᠡᠷ᠎ᠡ ᠶᠠᠭᠤᠨ᠃ ᠬᠠᠶᠠ ᠨᠢᠭᠡ ᠤᠳᠠᠭ᠎ᠠ ᠬᠠᠰᠢᠶᠠᠨ ᠤ ᠵᠠᠪᠰᠠᠷ ᠢᠶᠠᠷ ᠴᠦᠯᠲᠦᠮ ᠲᠡᠢ ᠶᠠᠷᠢᠵᠤ ᠰᠡᠳᠬᠢᠯ ᠢ ᠪᠢᠴᠢᠬᠠᠨ ᠬᠠᠭᠤᠷᠤᠨ᠎ᠠ᠃ ᠡᠨᠡ ᠮᠡᠲᠦ ᠪᠡᠷ ᠬᠣᠶᠠᠷ ᠵᠢᠯ ᠥᠩᠭᠡᠷᠡᠭᠰᠡᠨ ᠦ ᠬᠣᠶᠢᠨ᠎ᠠ ᠪᠠᠰᠠ ᠨᠢᠭᠡ ᠴᠠᠭᠠᠨ ᠰᠠᠷ᠎ᠠ ᠰᠢᠬᠠᠵᠤ ᠪᠠᠶᠢᠬᠤ ᠳᠤ ᠶᠠᠮᠠᠷ ᠰᠢᠯᠲᠠᠭᠠᠨ ᠢ ᠮᠡᠳᠡᠬᠦ ᠦᠭᠡᠢ ᠳᠠᠭᠳᠠᠨ ᠤ ᠬᠢ ᠬᠣᠲᠠ ᠳ᠋ᠤ ᠰᠠᠭᠤᠬᠤ ᠶᠢ ᠪᠣᠯᠢᠪᠠ ᠭᠡᠵᠦ ᠬᠥᠳᠡᠭᠡ ᠭᠠᠷᠬᠤ ᠶᠢ ᠪᠡᠯᠡᠳᠬᠡᠨ᠂ ᠳᠠᠭᠳᠠᠨ ᠤ ᠡᠬᠡᠨᠡᠷ ᠴᠡᠷᠮ᠎ᠠ ᠶᠢ ᠮᠥᠨ ᠬᠥᠳᠡᠭᠡ ᠳᠠᠭᠠᠭᠤᠯᠤᠨ ᠠᠪᠠᠴᠢᠨ᠎ᠠ ᠭᠡᠵᠦ ᠪᠠᠶᠢᠬᠤ ᠶᠢᠨ ᠦᠶ᠎ᠡ ᠨᠢᠭᠡ ᠡᠳᠦᠷ ᠴᠦᠯᠲᠦᠮ ᠬᠦᠷᠴᠦ ᠬᠡᠯᠡᠵᠦ᠄ « ᠣᠳᠣ ᠴᠢ ᠮᠢᠨᠦ ᠬᠠᠮᠲᠤ ᠶᠠᠪᠤᠵᠤ ᠠᠵᠤ ᠲᠥᠷᠥ» ᠭᠡᠰᠡᠨ ᠳᠦ ᠴᠡᠷᠮ᠎ᠠ ᠴᠤᠬᠤᠮ ᠤᠴᠢᠷ ᠢ ᠰᠠᠶᠢᠨ ᠢᠶᠠᠷ ᠮᠡᠳᠡᠭᠰᠡᠨ ᠦᠭᠡᠢ ᠪᠣᠯᠪᠠᠴᠤ ᠡᠨᠡ ᠬᠣᠶᠠᠷ ᠦᠭᠡ ᠶᠢ ᠰᠣᠨᠣᠰᠤᠭᠠᠳ᠂ ᠳᠠᠷᠤᠢ ᠪᠠᠶᠠᠷᠯᠠᠵᠤ ᠵᠢᠭᠠᠯ ᠵᠤᠭ᠎ᠠ ᠶᠠᠭᠤᠮ᠎ᠠ ᠪᠠᠨ ᠪᠣᠭᠣᠵᠤ᠂ ᠴᠦᠯᠲᠦᠮ ᠦᠨ ᠭᠡᠷ ᠲᠦ ᠣᠴᠢᠪᠠ᠃ ᠳᠠᠭᠳᠠᠨ ᠤ ᠡᠬᠡᠨᠡᠷ ᠨᠢᠭᠡ ᠵᠠᠩᠳᠤᠷᠴᠣ ᠬᠡᠳᠦ ᠬᠠᠷᠢᠶᠠᠭᠠᠳ ᠠᠷᠭ᠎ᠠ ᠦᠭᠡᠢ ᠬᠤᠴᠤᠷᠪᠠ᠃ ᠴᠦᠯᠲᠦᠮ ᠦᠨ ᠭᠡᠷ ᠬᠡᠳᠦᠢ ᠬᠠᠷ᠎ᠠ ᠪᠣᠯᠤᠭᠠᠳ ᠴᠣᠭᠣᠷᠠᠬᠠᠢ ᠪᠣᠯᠪᠠᠴᠤ᠂ ᠳᠠᠭᠳᠠᠨ ᠤ ᠵᠢᠷᠭᠤᠭᠠᠨ ᠬᠠᠨ᠎ᠠ ᠲᠠᠢ ᠴᠠᠭᠠᠨ ᠭᠡᠷ ᠦᠨ ᠬᠠᠲᠠᠪᠴᠢᠨ ᠳᠤ ᠬᠡᠪᠲᠡᠭᠰᠡᠨ ᠡᠴᠡ ᠲᠦᠮᠡᠨ ᠬᠤᠪᠢ ᠵᠢᠷᠭᠠᠯ ᠲᠠᠢ ᠪᠣᠯᠤᠭᠠᠳ᠂ ᠰᠠᠨᠠᠭᠠᠨ ᠤ ᠳᠤᠷ᠎ᠠ ᠪᠠᠷ ᠪᠣᠰᠴᠤ ᠰᠠᠭᠤᠨ᠂ ᠬᠢᠳᠡᠭ ᠢᠶᠡᠨ ᠬᠢᠵᠦ᠂ ᠠᠮᠠᠷᠠᠳᠠᠭ ᠴᠠᠭ ᠲᠤ ᠪᠠᠨ ᠠᠮᠠᠷᠠᠨ᠂ ᠬᠠᠭᠤᠴᠢᠨ ᠠᠮᠠᠷᠠᠭ ᠴᠦᠯᠲᠦᠮ ᠦᠨ ᠬᠠᠮᠲᠤ ᠠᠮᠢᠳᠤᠷᠠᠨ ᠰᠠᠭᠤᠵᠤ ᠪᠠᠶᠢᠲᠠᠯ᠎ᠠ ᠤᠳᠠᠯ ᠦᠭᠡᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠪᠣᠯᠪᠠ᠃ ᠴᠡᠷᠮ᠎ᠠ ᠬᠣᠲᠠ ᠳ᠋ᠤ ᠢᠷᠡᠭᠰᠡᠨ ᠡᠴᠡ ᠠᠪᠤᠭᠠᠳ ᠡᠳᠦᠭᠡ ᠬᠦᠷᠲᠡᠯ᠎ᠡ ᠪᠢᠲᠡᠭᠦᠨ ᠦ ᠣᠷᠣᠢ ᠡᠶᠢᠨᠬᠦᠦ ᠠᠮᠤᠭᠤᠯᠠᠩ ᠢᠶᠠᠷ ᠤᠨᠲᠠᠵᠤ ᠪᠠᠶᠢᠭᠰᠠᠨ ᠨᠢ ᠶᠡᠷᠦ ᠦᠭᠡᠢ ᠪᠥᠯᠦᠭᠡ᠃ ᠮᠠᠷᠭᠠᠰᠢ ᠥᠷᠯᠥᠭᠡ ᠨᠢ ᠡᠷᠲᠡ ᠪᠣᠰᠴᠤ ᠲᠣᠷᠭ᠎ᠠ ᠳᠤᠷᠳᠤᠩ ᠮᠢᠨᠵᠢ ᠪᠤᠯᠠᠭ᠎ᠠ ᠪᠤᠰᠤ ᠪᠣᠯᠪᠠᠴᠤ ᠥᠩᠭᠡ ᠲᠡᠢ ᠪᠦᠲᠦᠨ ᠬᠤᠪᠴᠠᠰᠤ ᠪᠠᠨ ᠡᠮᠦᠰᠴᠡᠭᠡᠨ᠎ᠡ᠃ ᠲᠦᠮᠡᠲᠦ ᠰᠢᠨ᠎ᠡ ᠬᠥᠷᠪᠡᠭᠦᠯᠪᠡ

9        0       

                             13847524386      211429899@qq.com      13847524386   QQ  211429899 蒙ICP备17002503号-1