  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787484
   1251

ᠡᠷᠳᠡᠮᠲᠡᠨ

ᠡ︕ ᠡᠷᠳᠡᠮᠲᠡᠨ ᠬᠥᠮᠦᠨ ᠤ ᠲᠠᠪᠢᠯᠠᠩ ᠭᠡᠵᠦ ᠁
        4983     
2018-10-10 09:48    
发表于:内蒙古
ᠴᠦᠷᠢᠮ ᠦᠨ ᠮᠤᠬᠤᠷ ᠡᠷᠳᠡᠮᠲᠡᠨ ᠠᠨᠠᠭᠠᠬᠤ ᠤᠬᠠᠭᠠᠨ ᠤ ᠳ᠋ᠣᠺᠲ᠋ᠣᠷ᠂ ᠫᠷᠣᠹᠧᠰᠰᠣᠷ ᠵ ᠊ ᠵᠠᠮᠢᠶᠠᠨ ᠬᠦᠮᠦᠨ ᠠᠮᠢᠨ ᠤ ᠬᠡᠷᠡᠭ ᠢᠶᠡᠷ ᠬᠡᠷᠡᠭ ᠲᠦ ᠲᠠᠲᠠᠭᠳᠠᠵᠤ᠂ ᠲᠤᠰᠬᠠᠢ ᠬᠤᠷᠢᠬᠤ ᠠᠩᠬᠢ ᠶᠢᠨ ᠴᠢᠩᠭ᠎ᠠ ᠳᠢᠭᠯᠢᠮ ᠲᠡᠢ ᠬᠣᠷᠢᠭᠠᠨ ᠳᠤ ᠣᠷᠣᠵᠠᠢ᠃ ᠳᠠᠯᠠᠨ ᠭᠤᠷᠪᠠᠨ ᠤ ᠵᠢᠯ ᠨᠢ ᠣᠷᠣᠵᠤ ᠪᠠᠶᠢᠭ᠎ᠠ᠂ ᠨᠡᠷ᠎ᠡ ᠳᠦ ᠭᠠᠷᠤᠭᠰᠠᠨ ᠡᠨᠡ ᠡᠷᠳᠡᠮᠲᠡᠨ᠂ ᠠᠷᠠᠳ ᠤᠨ ᠡᠮᠴᠢ ᠭᠡᠳᠡᠭ ᠬᠦᠨᠳᠦ ᠲᠡᠢ ᠴᠣᠯᠠ ᠠᠪᠤᠭᠰᠠᠨ ᠵᠢᠯ ᠢᠶᠡᠨ ᠡᠶᠢᠨᠬᠦᠦ ᠨᠣᠴᠢᠲᠠᠢ ᠬᠡᠷᠡᠭ ᠲᠦ ᠬᠣᠯᠪᠣᠭᠳᠠᠭᠰᠠᠨ ᠨᠢ ᠮᠣᠩᠭᠣᠯ ᠤᠨ ᠤᠯᠠᠭᠠᠨ᠂ ᠬᠥᠬᠡ᠂ ᠰᠢᠷ᠎ᠠ ᠰᠣᠨᠢᠨ ᠤ ᠣᠯᠵᠠ᠂ ᠢᠳᠡᠰᠢ ᠪᠣᠯᠵᠤ᠂ ᠪᠠᠬ᠎ᠠ ᠲᠠᠪᠠ ᠶᠢ ᠨᠢ ᠬᠠᠩᠭᠠᠵᠤ᠂ ᠮᠢᠩᠭ᠎ᠠ ᠮᠢᠩᠭ᠎ᠠ ᠪᠠᠷ ᠢᠶᠠᠨ ᠪᠣᠭᠣᠷᠯᠠᠵᠤ ᠠᠯᠪᠠᠨ ᠭᠠᠵᠠᠷ ᠠᠦ᠋ᠲ᠋ᠣᠪᠦ᠋ᠰᠤᠨ ᠤ ᠵᠣᠭᠰᠣᠭᠠᠯ᠂ ᠠᠶᠢᠯ ᠭᠡᠷ ᠲᠦ᠂ 《ᠠᠷᠠᠳ ᠤᠨ ᠡᠮᠴᠢ᠂ ᠠᠷᠠᠳ ᠤᠨ ᠠᠮᠢ ᠶᠢ ᠬᠣᠣᠷᠯᠠᠯ᠎ᠠ》 ᠭᠡᠰᠡᠨ ᠲᠡᠷᠢᠭᠦᠨ ᠥᠭᠦᠯᠡᠯ ᠢ ᠬᠥᠭᠰᠢᠨ ᠵᠠᠯᠠᠭᠤ ᠦᠭᠡᠢ ᠭᠠᠷ ᠳᠠᠮᠵᠢᠭᠤᠯᠤᠨ ᠤᠩᠰᠢᠵᠤ᠂ ᠪᠡᠶ᠎ᠡ ᠪᠡᠶ᠎ᠡ ᠪᠠᠨ ᠰᠥᠷᠭᠡᠭᠰᠡᠨ ᠬᠡᠷᠡᠭᠦᠯ ᠦᠨ ᠠᠯᠢᠮ᠎ᠠ ᠬᠡᠳᠦᠬᠡᠨ ᠬᠣᠨᠣᠭ ᠤᠨ ᠳᠣᠲᠣᠷ᠎ᠠ ᠮᠣᠩᠭᠣᠯ ᠤᠨ ᠭᠠᠵᠠᠷ᠂ ᠲᠩᠷᠢ ᠶᠢ ᠳᠣᠷᠭᠢᠶᠠᠵᠤ ᠡᠬᠢᠯᠡᠪᠡ᠃ ᠪᠠᠶᠢᠳᠠᠯ ᠪᠢᠰᠢᠳᠡᠵᠦ ᠤᠯᠤᠰ ᠲᠥᠷᠥ ᠶᠢᠨ ᠪᠣᠬᠢᠷ ᠦᠢᠮᠡᠭᠡᠨ ᠳᠦ ᠬᠤᠳᠬᠤᠯᠳᠤᠵᠤ ᠪᠣᠯᠵᠣᠰᠢ ᠦᠭᠡᠢ ᠪᠣᠯᠤᠯ᠎ᠠ᠃ ᠨᠢᠭᠡᠨᠲᠡ ᠤᠯᠤᠰ ᠤᠨ ᠶᠡᠬᠡ ᠬᠤᠷᠠᠯ ᠤᠨ ᠰᠣᠩᠭᠣᠭᠤᠯᠢ ᠶᠢᠨ ᠵᠢᠯ ᠡᠬᠢᠯᠡᠭᠰᠡᠨ ᠪᠣᠯᠬᠣᠷ ᠡᠷᠬᠡ ᠪᠠᠷᠢᠭᠴᠢ ᠨᠠᠮ ᠤᠨ ᠭᠡᠰᠢᠭᠦᠨ ᠫᠷᠣᠹᠧᠰᠰᠣᠷ ᠵᠠᠮᠠᠶᠠᠨ ᠤ ᠬᠡᠷᠡᠭ ᠢ ᠪᠠᠷᠠᠭᠤᠨ ᠵᠡᠭᠦᠨ ᠲᠡᠰᠢ ᠭᠤᠪᠢᠭᠤᠯᠵᠤ᠂ ᠤᠯᠤᠰ ᠲᠥᠷᠥ ᠶᠢᠨ ᠨᠠᠮ ᠤᠳ ᠠᠰᠢᠭ ᠬᠣᠨᠵᠢᠶ᠎ᠠ ᠰᠦᠪᠡᠭᠴᠢᠯᠡᠵᠦ ᠡᠬᠢᠯᠡᠪᠡ᠃ ᠡᠨᠡ ᠬᠡᠷᠡᠭ ᠲᠦ ᠬᠡᠪᠯᠡᠯ ᠤᠳ ᠶᠠᠩᠵᠤ ᠪᠦᠷᠢ ᠶᠢᠨ ᠲᠠᠶᠢᠯᠪᠤᠷᠢ ᠥᠭᠴᠦ ᠪᠠᠶᠢᠯ᠎ᠠ᠃ ᠨᠢᠭᠡ ᠰᠢᠷ᠎ᠠ ᠰᠣᠨᠢᠨ ︽ᠨᠡᠷᠡᠲᠦ ᠫᠷᠣᠹᠧᠰᠰᠣᠷ ᠡᠷᠬᠡ ᠪᠠᠷᠢᠭᠴᠢ ᠨᠠᠮ ᠤᠨ ᠳᠠᠭᠠᠭᠠᠯᠭᠠᠪᠤᠷᠢ ᠪᠠᠷ᠂ ᠤᠯᠤᠰ ᠲᠥᠷᠥ ᠶᠢᠨ ᠵᠠᠬᠢᠶᠠᠯᠠᠭ᠎ᠠ ᠪᠠᠷ ᠬᠥᠮᠦᠨ ᠬᠣᠷᠣᠭᠠᠬᠤ ᠵᠣᠷ ᠪᠣᠯᠪᠠᠰᠤᠷᠠᠭᠤᠯᠵᠠᠢ︾ ᠭᠡᠵᠦ ᠭᠠᠯ ᠳᠡᠭᠡᠷ᠎ᠡ ᠲᠣᠰᠣ ᠰᠠᠴᠤᠵᠠᠢ᠃ ᠤᠯᠤᠰ ᠤᠨ ᠦᠨᠳᠦᠰᠦᠨ ᠦ ᠠᠶᠤᠯ ᠦᠭᠡᠢ ᠶᠢᠨ ᠵᠥᠪᠯᠡᠯ ᠦᠨ ᠲᠡᠷᠢᠭᠦᠨ᠂ ᠮᠣᠩᠭᠣᠯ ᠤᠯᠤᠰ ᠤᠨ ᠶᠡᠷᠦᠩᠬᠡᠶᠢᠯᠡᠭᠴᠢ᠂ ᠡᠷᠡᠭᠦᠯ ᠮᠡᠨᠳᠦ ᠶᠢᠨ ᠰᠠᠶᠢᠳ ᠨᠢᠮ᠎ᠠ ᠳᠤ ᠣᠯᠠᠨ ᠤ ᠪᠤᠬᠢᠨᠢᠳᠤᠯ ᠢ ᠲᠦᠷᠭᠡᠨ ᠬᠤᠭᠤᠴᠠᠭᠠᠨ ᠳᠤ ᠵᠦᠭᠡᠯᠡᠷᠡᠭᠦᠯᠬᠦ ᠲᠣᠳᠣᠷᠬᠠᠢ ᠠᠵᠢᠯ ᠵᠣᠬᠢᠶᠠᠬᠤ ᠬᠠᠲᠠᠭᠤ ᠡᠭᠦᠷᠭᠡ ᠥᠭᠴᠡᠢ᠃ ᠫᠷᠣᠹᠧᠰᠰᠣᠷ ᠵᠠᠮᠠᠶᠠᠨ ᠤ ᠠᠵᠢᠯᠯᠠᠳᠠᠭ ᠶᠡᠬᠡ ᠰᠤᠷᠭᠠᠭᠤᠯᠢ ᠶᠢᠨ ᠡᠮᠨᠡᠯᠭᠡ ᠶᠢᠨ ᠡᠷᠴᠢᠮᠲᠦ ᠡᠮᠴᠢᠯᠡᠭᠡᠨ ᠦ ᠲᠠᠰᠤᠭ ᠢ ᠬᠠᠭᠠᠵᠤ᠂ ᠮᠣᠩᠭᠣᠯ ᠤᠯᠤᠰ ᠤᠨ ᠲᠠᠩᠨᠠᠭᠤᠯ ᠤᠨ ᠭᠠᠵᠠᠷ ᠤᠨ ᠮᠡᠳᠡᠯ ᠳᠦ ᠥᠭᠴᠦ᠂ ᠲᠡᠭᠦᠨ ᠦ ᠡᠷᠳᠡᠮ ᠦᠨ ᠯᠠᠪᠤᠷᠠᠲ᠋ᠣᠷᠢ ᠶᠢ ᠯᠠᠴᠠᠳᠠᠵᠤ ᠰᠢᠨᠵᠢᠯᠡᠬᠦ ᠤᠬᠠᠭᠠᠨ ᠤ ᠠᠺᠠᠳᠧᠮᠢ ᠶᠢᠨ ᠶᠡᠷᠦᠩᠬᠡᠶᠢᠯᠡᠭᠴᠢ ᠪᠡᠷ ᠲᠣᠯᠣᠭᠠᠶᠢᠯᠠᠭᠤᠯᠤᠭᠰᠠᠨ ᠮᠡᠷᠭᠡᠵᠢᠯᠲᠡᠨ ᠦ ᠪᠠᠭ ᠲᠤ ᠰᠢᠯᠵᠢᠭᠦᠯᠵᠡᠢ᠃ ᠵᠠᠮᠠᠶᠠᠨ ᠤ ᠭᠡᠷ ᠣᠷᠣᠨ᠂ ᠠᠵᠢᠯ ᠤᠨ ᠪᠠᠶᠢᠷᠢ ᠭᠱᠠᠨ ᠵᠠᠭᠤᠷ᠎ᠠ ᠲᠤᠰᠬᠠᠢ ᠬᠠᠮᠠᠭᠠᠯᠠᠯᠲᠠ ᠶᠢᠨ ᠪᠥᠰᠡ ᠪᠣᠯᠵᠤ ᠬᠤᠪᠢᠷᠠᠪᠠ᠃ ᠶᠡᠬᠡ ᠰᠤᠷᠭᠠᠭᠤᠯᠢ ᠶᠢᠨ ᠡᠮᠨᠡᠯᠭᠡ ᠶᠢᠨ ᠳᠠᠷᠤᠭ᠎ᠠ ᠮᠣᠩᠬᠣᠣᠨ ᠢ ᠭᠡᠷ ᠦᠨ ᠬᠣᠷᠢᠭᠠᠨ ᠳᠤ ᠠᠪᠴᠤ᠂ ᠵᠠᠬᠢᠷᠤᠨ ᠵᠠᠷᠤᠴᠠᠭᠤᠯᠬᠤ ᠡᠷᠬᠡ ᠶᠢ ᠨᠢ ᠲᠦᠳᠡᠭᠡᠯᠵᠡᠭᠦᠯᠪᠡ᠃ ᠡᠮᠨᠡᠯᠭᠡ ᠶᠢᠨ ᠤᠳᠤᠷᠢᠳᠤᠯᠭ᠎ᠠ ᠶᠢ ᠲᠥᠷᠥ ᠶᠢᠨ ᠶᠠᠮᠤ ᠰᠢᠭᠤᠳ ᠭᠠᠷ ᠲᠤ ᠪᠠᠨ ᠠᠪᠴᠤ᠂ ᠡᠪᠦᠭᠡᠨ ᠫᠷᠣᠹᠧᠰᠰᠣᠷ ᠤᠨ ᠰᠡᠭᠦᠯ ᠦᠨ ᠭᠤᠷᠪᠠᠨ ᠵᠢᠯ ᠳᠦ ᠦᠵᠡᠵᠦ᠂ ᠵᠥᠪᠯᠡᠵᠦ ᠪᠠᠶᠢᠭᠠᠳ ᠨᠠᠰᠤ ᠪᠠᠷᠠᠭᠰᠠᠨ ᠬᠣᠷᠢᠨ ᠨᠢᠭᠡᠨ ᠬᠦᠮᠦᠨ ᠦ ᠴᠣᠭᠴᠠᠰ ᠲᠤ ᠳᠠᠬᠢᠨ ᠰᠢᠨᠵᠢᠯᠡᠭᠡ ᠬᠢᠬᠦ ᠪᠣᠯᠵᠤ᠂ ᠡᠮᠨᠡᠯᠭᠡ ᠶᠢᠨ ᠪᠦᠬᠦ ᠦᠢᠯᠡᠴᠢᠯᠡᠭᠡ ᠶᠢ ᠦᠨ᠎ᠡ ᠲᠥᠯᠦᠪᠦᠷᠢ ᠦᠭᠡᠢ ᠪᠣᠯᠭᠠᠵᠤ᠂ ᠡᠮᠴᠢ ᠠᠵᠢᠯᠴᠢᠳ ᠤᠨ ᠴᠠᠯᠢᠩ ᠢ ᠨᠡᠮᠡᠵᠦ᠂ ᠤᠯᠤᠰ ᠤᠨ ᠨᠥᠭᠡᠴᠡ ᠡᠴᠡ ᠣᠯᠠᠨ ᠰᠠᠶ᠎ᠠ ᠲᠥᠭᠥᠷᠢᠭ ᠭᠠᠷᠭᠠᠵᠤ᠂ ︽ᠨᠠᠮᠵᠢᠮᠠᠯ ᠪᠠᠶᠢᠳᠠᠯ︾ ᠤᠨ ᠪᠦᠬᠦ ᠲᠠᠯ᠎ᠠ ᠶᠢᠨ ᠠᠷᠭ᠎ᠠ ᠬᠡᠮᠵᠢᠶ᠎ᠡ ᠶᠢ ᠠᠪᠴᠤ ᠴᠢᠳᠠᠯ᠎ᠠ᠃ 2 ᠡᠷᠳᠡᠮᠲᠡᠨ ᠵᠠᠮᠢᠶᠠᠨ ᠥᠪᠡᠷ ᠦᠨ ᠠᠨᠳᠠ ᠨᠥᠬᠥᠷ ᠬᠢᠮᠢ - ᠲᠧᠭᠨᠣᠯᠣᠭᠢ ᠶᠢᠨ ᠬᠦᠷᠢᠶᠡᠯᠡᠩ ᠦᠨ ᠵᠠᠬᠢᠷᠤᠯ᠂ ᠠᠺᠠᠳᠧᠮᠢᠴᠢ ᠳᠣᠯᠳᠣᠢ ᠶᠢᠨ ᠵᠣᠳᠣᠪ ᠲᠠᠢ ᠬᠠᠮᠲᠤᠷᠠᠵᠤ ᠠᠷᠪᠠᠨ ᠬᠣᠶᠠᠷ ᠵᠢᠯ ᠠᠵᠢᠯᠯᠠᠭᠰᠠᠨ ᠤ ᠡᠴᠦᠰ ᠲᠦ ︽ЗЖЧ》᠄ ᠭᠡᠰᠡᠨ ᠡᠮ ᠦᠨ ᠪᠡᠯᠡᠳᠦᠮᠡᠯ ᠭᠠᠷᠭᠠᠵᠠᠢ᠃ ᠠᠽᠢᠶ᠎ᠠ ᠶᠢᠨ ᠲᠡᠷᠢᠭᠦᠨ ᠦ ᠬᠥᠭᠵᠢᠯᠲᠡᠢ ᠭᠤᠷᠪᠠᠨ ᠣᠷᠣᠨ ᠤ ᠳᠡᠭᠡᠳᠦ ᠵᠡᠷᠭᠡᠯᠡᠯ ᠦᠨ ᠡᠷᠳᠡᠮᠲᠡᠳ ᠲᠡᠢ ᠨᠢᠭᠡ ᠭᠠᠯ ᠪᠣᠯᠵᠤ ᠪᠣᠷᠣ ᠬᠠᠷᠬ᠎ᠠ ᠳᠡᠭᠡᠷ᠎ᠡ ᠬᠢᠭᠰᠡᠨ ᠲᠠᠪᠤᠨ ᠵᠢᠯ ᠦᠨ ᠲᠤᠷᠰᠢᠯᠲᠠ ᠰᠤᠳᠤᠯᠭ᠎ᠠ ᠪᠠᠷ ᠪᠠᠲᠤᠯᠠᠭᠳᠠᠭᠰᠠᠨ ᠡᠨᠡ ᠬᠣᠷᠣᠨ ᠴᠢᠨᠠᠷ ᠲᠠᠢ ᠡᠮ ᠢ ᠨᠢᠭᠡ ᠵᠢᠯ ᠦᠨ ᠡᠮᠦᠨ᠎ᠡ ᠡᠴᠡ ᠡᠬᠢᠯᠡᠨ ᠫᠷᠣᠹᠧᠰᠰᠣᠷ ᠵᠠᠮᠢᠶᠠᠨ ᠥᠪᠡᠷ ᠦᠨ ᠡᠮᠨᠡᠯᠭᠡ ᠳᠦ ᠡᠷᠡᠭᠦᠯ᠂ ᠡᠪᠡᠳᠴᠢᠲᠡᠢ ᠬᠦᠮᠦᠰ ᠳᠡᠭᠡᠷ᠎ᠡ ᠲᠤᠷᠰᠢᠨ ᠬᠡᠷᠡᠭᠯᠡᠵᠦ ᠠᠮᠵᠢᠯᠲᠠ ᠣᠯᠤᠯ᠎ᠠ ᠭᠡᠰᠡᠨ ᠮᠡᠳᠡᠭᠡᠯᠡᠯ ᠢᠨᠲ᠋ᠧᠷᠨᠡᠲ ᠢᠶᠡᠷ ᠰᠠᠴᠤᠭᠳᠠᠵᠤ᠂ ᠪᠠᠷᠠᠭᠤᠨ ᠤ 《Тhе World Scienсе》 ᠰᠡᠳᠬᠦᠯ ᠳᠦ ᠭᠠᠷᠤᠭᠰᠠᠨ ᠤ ᠳᠠᠷᠠᠭᠠᠬᠠᠨ᠂ ᠡᠪᠦᠭᠡᠨ ᠡᠷᠳᠡᠮᠲᠡᠨ ᠰᠢᠨᠵᠢᠯᠡᠬᠦ ᠤᠬᠠᠭᠠᠨ ᠤ ᠨᠡᠭᠡᠭᠡᠯᠲᠡ ᠪᠡᠷ ᠢᠶᠡᠨ ᠳᠡᠯᠡᠬᠡᠢ ᠳᠦ ᠭᠠᠭᠴᠠᠭᠠᠷ ᠢᠶᠠᠨ ᠨᠡᠷ᠎ᠡ ᠪᠡᠨ ᠭᠠᠷᠭᠠᠬᠤ ᠵᠣᠷᠢᠯᠭ᠎ᠠ ᠪᠠᠷ ᠬᠠᠮᠲᠤᠷᠠᠨ ᠵᠢᠳᠬᠦᠭᠴᠢ ᠠᠺᠠᠳᠧᠮᠢᠴᠢ ᠵᠣᠳᠣᠪ ᠢ ᠰᠢᠨ᠎ᠡ ᠪᠦᠲᠦᠭᠡᠯ ᠢᠶᠡᠷ ᠢᠶᠡᠨ ᠬᠣᠣᠷᠳᠠᠭᠤᠯᠤᠨ ᠬᠣᠷᠣᠭᠠᠭᠰᠠᠨ ᠬᠡᠷᠡᠭ ᠮᠠᠨᠳᠤᠵᠤ᠂ ᠵᠠᠮᠢᠶᠠᠨ ᠪᠠᠷᠢᠪᠴᠢᠯᠠᠭᠳᠠᠵᠠᠢ᠃ ᠶᠠᠭᠤᠨ ᠡᠴᠡ ᠪᠣᠯᠵᠤ ᠡᠨᠡ ᠡᠮ ᠢ ᠬᠡᠷᠡᠭᠯᠡᠭᠰᠡᠨ ᠣᠯᠠᠨ ᠬᠦᠮᠦᠨ ᠦ ᠡᠷᠡᠭᠦᠯ ᠮᠡᠨᠳᠦ ᠳᠦ ᠦᠨᠡᠯᠡᠭᠡ ᠥᠭᠬᠦ ᠲᠡᠳᠦᠢ ᠦᠭᠡᠢ ᠵᠠᠮᠢᠶᠠᠨ ᠳᠤ ᠡᠮᠴᠢᠯᠡᠭᠦᠯᠵᠦ ᠪᠠᠶᠢᠭᠠᠳ ᠰᠡᠭᠦᠯ ᠦᠨ ᠭᠤᠷᠪᠠᠨ ᠵᠢᠯ ᠳᠦ ᠨᠠᠰᠤ ᠪᠠᠷᠠᠭᠰᠠᠨ ᠬᠣᠷᠢᠨ ᠨᠢᠭᠡᠨ ᠬᠦᠮᠦᠨ ᠢ ᠰᠡᠵᠢᠭᠯᠡᠨ ᠰᠢᠯᠭᠠᠬᠤ ᠰᠡᠵᠢᠭ ᠪᠠᠰᠠ ᠭᠠᠷᠴᠤ ᠢᠷᠡᠵᠡᠢ᠃ ᠬᠣᠶᠠᠷ ᠡᠪᠦᠭᠡᠨ ᠨᠢᠭᠡᠨ ᠢ ᠪᠡᠨ ᠤᠯᠤᠰ ᠲᠥᠷᠥ ᠶᠢᠨ ᠵᠣᠷᠢᠯᠭ᠎ᠠ ᠪᠠᠷ ᠬᠣᠷᠣᠭᠠᠭᠰᠠᠨ ᠭᠡᠰᠡᠨ ᠬᠡᠶᠢᠷᠬᠡᠯ ᠪᠠᠰᠠ ᠤᠴᠢᠷ᠂ ᠨᠠᠴᠢᠷᠲᠠᠢ ᠠᠵᠢ᠃ ᠠᠺᠠᠳᠧᠮᠢᠴᠢ ᠵᠣᠳᠣᠪ ᠠᠷᠠᠳᠴᠢᠯᠠᠭᠰᠠᠨ ᠰᠣᠴᠢᠶᠠᠯᠢᠰᠲ ᠨᠠᠮ ᠤᠨ ᠢᠳᠡᠪᠬᠢ ᠲᠡᠢ ᠭᠡᠰᠢᠭᠦᠨ᠂ ᠨᠠᠮ ᠤᠨ ᠮᠥᠷ ᠦᠨ ᠬᠥᠲᠥᠯᠪᠦᠷᠢ ᠶᠢ ᠵᠣᠬᠢᠶᠠᠭᠴᠢ ᠪᠥᠭᠡᠳ ᠡᠨᠡ ᠨᠠᠮ ᠢ ᠲᠥᠷᠥ ᠶᠢᠨ ᠡᠷᠬᠡ ᠪᠠᠷᠢᠵᠤ ᠪᠠᠶᠢᠬᠤ ᠬᠤᠭᠤᠴᠠᠭᠠᠨ ᠳᠤ ᠰᠢᠨ᠎ᠡ ᠪᠦᠲᠦᠭᠡᠯ ᠢᠶᠡᠷ ᠨᠢ ᠨᠣᠪᠧᠯ ᠤᠨ ᠱᠠᠩᠨᠠᠯ ᠳᠤ ᠨᠡᠷ᠎ᠡ ᠶᠢ ᠨᠢ ᠳᠡᠪᠰᠢᠭᠦᠯᠵᠦ ᠪᠠᠶᠢᠵᠠᠢ᠃ ᠬᠠᠷᠢᠨ ᠰᠢᠨ᠎ᠡ ᠰᠣᠩᠭᠣᠭᠤᠯᠢ ᠪᠠᠷ ᠭᠠᠷᠴᠤ ᠢᠷᠡᠭᠰᠡᠨ ᠤᠯᠤᠰ ᠲᠥᠷᠥ ᠶᠢᠨ ᠬᠦᠴᠦᠨ ᠦ ᠬᠢᠨ᠂ ᠥᠪᠡᠷ ᠦᠨ ᠨᠠᠮ ᠤᠨ ᠭᠡᠰᠢᠭᠦᠨ ᠵᠠᠮᠢᠶᠠᠨ ᠤ ᠶᠠᠪᠤᠭᠤᠯᠭ᠎ᠠ ᠪᠠᠷ ᠠᠺᠠᠳᠧᠮᠢᠴᠢ ᠶᠢᠨ ᠪᠦᠲᠦᠭᠡᠯ ᠢ ᠨᠢᠭᠤᠨ ᠳᠠᠷᠤᠭᠳᠠᠭᠤᠯᠵᠤ ᠪᠠᠶᠢᠭᠰᠠᠨ ᠭᠡᠰᠡᠨ ᠰᠥᠷᠭᠦ ᠬᠦᠴᠦᠨ ᠦ ᠶᠠᠪᠤᠭᠤᠯᠭ᠎ᠠ ᠭᠠᠵᠠᠷ ᠠᠪᠴᠤ ᠡᠬᠢᠯᠡᠪᠡ᠃ 《ЗЖЧ》 ᠡᠮ ᠦᠨ ᠬᠢᠮᠢ ᠶᠢᠨ ᠪᠦᠲᠦᠴᠡ ᠪᠢᠣᠮᠧᠬᠠᠨᠢᠰᠮ ᠤᠨ ᠲᠠᠯ᠎ᠠ ᠪᠠᠷ ᠬᠣᠶᠠᠷ ᠡᠷᠳᠡᠮᠲᠡᠨ ᠳᠡᠯᠡᠬᠡᠢ ᠶᠢᠨ ᠨᠡᠷ᠎ᠡ ᠬᠦᠨᠳᠦᠲᠡᠢ ᠬᠣᠶᠠᠷ ᠰᠡᠳᠬᠦᠯ ᠳᠦ ᠰᠠᠨᠠᠯ ᠵᠥᠷᠢᠭᠦᠦ ᠲᠡᠢ ᠥᠭᠦᠯᠡᠯ ᠨᠡᠶᠢᠲᠡᠯᠡᠭᠦᠯᠦᠭᠰᠡᠨ ᠡᠴᠡ ᠪᠣᠯᠵᠤ ᠪᠡᠶ᠎ᠡ ᠪᠡᠶ᠎ᠡ ᠪᠠᠨ ᠦᠵᠡᠵᠦ ᠴᠢᠳᠠᠬᠤ ᠦᠭᠡᠢ ᠪᠣᠯᠤᠭᠰᠠᠨ ᠭᠡᠰᠡᠨ ᠱᠠᠪᠢ ᠨᠠᠷ ᠤᠨ ᠬᠢ ᠨᠢ ᠳᠤᠮᠳᠠ ᠭᠠᠷᠤᠭᠰᠠᠨ ᠰᠤᠯᠠ ᠦᠭᠡ ᠨᠢᠭᠡᠨ ᠦ ᠬᠢ ᠨᠢ ᠦᠬᠦᠯ ᠦᠨ ᠰᠢᠯᠲᠠᠭᠠᠨ ᠢ ᠵᠥᠪᠲᠡᠭᠡᠬᠦ ᠪᠠᠰᠠ ᠨᠢᠭᠡ ᠴᠢᠩᠭᠠᠯᠠᠭᠤᠷ ᠪᠣᠯᠬᠤ ᠰᠢᠭ ᠪᠣᠯᠤᠯ᠎ᠠ᠃ ᠤᠯᠤᠰ ᠲᠥᠷᠦᠴᠢᠳ ᠲᠥᠷᠥ ᠶᠢᠨ ᠡᠷᠬᠡ ᠮᠡᠳᠡᠯ ᠦᠨ ᠲᠥᠯᠥᠭᠡ ᠪᠡᠶ᠎ᠡ ᠪᠡᠶ᠎ᠡ ᠪᠠᠨ ᠪᠣᠳᠠ ᠶᠢ ᠨᠢ ᠬᠥᠲᠥᠯᠬᠦ ᠨᠢ ᠲᠡᠦᠬᠡ᠄ ᠰᠢᠭᠦᠬᠦ ᠪᠡᠷ ᠨᠣᠲᠠᠯᠠᠭᠳᠠᠭᠰᠠᠨ ᠪᠣᠯᠪᠠᠴᠤ᠂ ᠰᠢᠨᠵᠢᠯᠡᠬᠦ ᠤᠬᠠᠭᠠᠨ ᠤ ᠨᠡᠷ᠎ᠡ ᠲᠥᠷᠥ ᠶᠢᠨ ᠲᠥᠯᠥᠭᠡ ᠡᠷᠳᠡᠮᠲᠡᠳ ᠦᠨ ᠲᠡᠮᠡᠴᠡᠯ ᠴᠠᠭᠠᠰᠤᠨ ᠳᠤ ᠪᠤᠯᠠᠭᠳᠠᠵᠤ ᠪᠠᠶᠢᠭᠰᠠᠨ ᠠᠴᠠ ᠪᠤᠰᠤ ᠴᠢᠰᠤᠨ ᠳᠤ ᠪᠤᠳᠤᠭᠳᠠᠭᠰᠠᠨ ᠨᠢ ᠪᠠᠷᠤᠭ ᠦᠭᠡᠢ ᠪᠣᠯᠪᠠ ᠤᠤ᠃ ᠭᠡᠪᠡᠴᠦ ᠣᠯᠠᠨ ᠤ ᠬᠡᠯᠡᠳᠡᠭ ᠢᠶᠡᠷ ᠮᠣᠩᠭᠣᠯ ᠤᠨ ᠣᠷᠣᠭ᠎ᠠ ᠪᠤᠰᠬᠠᠭ᠎ᠠ ᠨᠡᠶᠢᠭᠡᠮ ᠳᠦ ᠡᠴᠢᠭᠡ ᠪᠡᠨ ᠨᠢᠳᠤᠷᠳᠠᠭ ᠬᠡᠦᠬᠡᠳ ᠢᠶᠡᠨ ᠬᠣᠷᠢᠶᠠᠳᠠᠭ ᠪᠣᠯᠤᠭᠰᠠᠨ ᠢᠶᠠᠷ ᠬᠣᠶᠠᠷ ᠡᠷᠳᠡᠮᠲᠡᠨ ᠢ ᠪᠡᠶ᠎ᠡ ᠪᠡᠶ᠎ᠡ ᠪᠠᠨ ᠶᠡᠭᠦᠳᠬᠡᠭᠰᠡᠨ ᠭᠡᠵᠦ ᠪᠠᠰᠠ ᠪᠣᠯᠬᠤ ᠪᠠᠶᠢᠯ᠎ᠠ᠃ ᠵᠣᠳᠣᠪ ᠡᠷᠳᠡᠮᠲᠡᠨ ᠦ ᠦᠬᠦᠯ ᠦᠨ ᠬᠡᠷᠡᠭ ᠡᠳᠦᠷ ᠢᠶᠡᠷ ᠪᠤᠰᠤ ᠴᠠᠭ ᠢᠶᠠᠷ ᠭᠠᠵᠠᠷ ᠠᠪᠴᠤ ᠤᠯᠠᠮ ᠬᠦᠨᠳᠦ ᠤᠯᠠᠮ ᠲᠥᠪᠡᠭᠲᠡᠢ ᠪᠣᠯᠵᠤ ᠡᠬᠢᠯᠡᠪᠡ᠃ 3 ᠫᠷᠣᠹᠧᠰᠰᠣᠷ ᠵᠠᠮᠢᠶᠠᠨ ᠰᠢᠨᠵᠢᠯᠡᠬᠦ ᠤᠬᠠᠭᠠᠨ ᠳᠤ ᠣᠶᠤᠨ ᠤᠬᠠᠭᠠᠨ᠂ ᠠᠮᠢᠳᠤᠷᠠᠯ ᠢᠶᠠᠨ ᠵᠣᠷᠢᠭᠤᠯᠤᠭᠰᠠᠨ ᠣᠯᠠᠩᠬᠢ ᠡᠷᠳᠡᠮᠲᠡᠳ ᠦᠨ ᠠᠳᠠᠯᠢ ᠪᠠᠷ ᠶᠡᠬᠡᠮᠰᠦᠭ᠂ ᠵᠣᠵᠢᠭ᠂ ᠵᠥᠷᠢᠭᠦᠳ᠂ ᠲᠡᠷᠰᠯᠡᠭᠦᠦ ᠦᠨᠡᠨ ᠦᠭᠡ ᠲᠡᠢ ᠡᠪᠦᠭᠡᠨ ᠠᠵᠢ᠃ ᠲᠡᠭᠦᠨ ᠦ ᠰᠢᠭᠦᠬᠦ ᠳᠦ ᠪᠠᠶᠢᠴᠠᠭᠠᠭᠳᠠᠭᠰᠠᠨ ᠮᠡᠳᠡᠭᠦᠯᠭᠡ ᠬᠦᠮᠦᠨ ᠦ ᠳᠤᠷ᠎ᠠ ᠦᠭᠡᠢ ᠶᠢ ᠰᠡᠳᠡᠷᠡᠭᠡᠵᠦ᠂ ᠰᠢᠭᠦᠭᠴᠢ ᠶᠢᠨ ᠪᠠᠷᠳᠠᠮᠨᠠᠯ᠂ ᠡᠷᠳᠡᠮᠲᠡᠨ ᠦ ᠶᠡᠬᠡᠷᠬᠡᠯ ᠪᠡᠶ᠎ᠡ ᠪᠡᠶ᠎ᠡ ᠪᠠᠨ ᠳᠦᠷᠡᠯᠵᠡᠭᠦᠯᠦᠨ ᠠᠰᠠᠭᠠᠵᠤ ᠪᠠᠶᠢᠵᠠᠢ᠃ ᠲᠡᠷᠡ ᠪᠡᠷ ᠳᠡᠭᠡᠳᠦ ᠰᠢᠭᠦᠬᠦ ᠶᠢᠨ ᠢᠲᠡᠭᠡᠮᠵᠢᠯᠡᠭᠳᠡᠭᠰᠡᠨ ᠪᠠᠶᠢᠴᠠᠭᠠᠭᠴᠢ ᠳ᠋ᠤ 《ᠪᠢ ᠴᠢᠮ᠎ᠠ ᠳᠤ ᠠᠨᠠᠭᠠᠬᠤ ᠤᠬᠠᠭᠠᠨ ᠤ ᠬᠢᠴᠢᠶᠡᠯ ᠵᠢᠭᠠᠵᠤ ᠴᠢᠳᠠᠬᠤ ᠦᠭᠡᠢ᠃ ᠬᠠᠤᠯᠢ ᠪᠣᠯ ᠰᠢᠨᠵᠢᠯᠡᠬᠦ ᠤᠬᠠᠭᠠᠨ ᠪᠢᠰᠢ᠂ ᠲᠥᠷᠥ ᠶᠢᠨ ᠮᠣᠬᠣᠭ᠎ᠠ ᠢᠯᠳᠦ᠃ ᠪᠢ ᠰᠢᠨᠵᠢᠯᠡᠬᠦ ᠤᠬᠠᠭᠠᠨ ᠳᠤ ᠨᠡᠭᠡᠭᠡᠯᠲᠡ ᠬᠢᠭᠰᠡᠨ ᠬᠥᠮᠦᠨ ᠮᠢᠨᠦ ᠨᠡᠭᠡᠭᠡᠯᠲᠡ ᠶᠢ ᠲᠠ ᠨᠠᠷ ᠬᠡᠷᠡᠭ ᠦᠭᠡᠢ ᠳᠡᠯᠡᠬᠡᠢ ᠶᠢᠨ ᠨᠡᠷ᠎ᠡ ᠲᠡᠢ ᠡᠷᠳᠡᠮᠲᠡᠳ ᠦᠨ ᠤᠬᠠᠭᠠᠨ ᠬᠦᠷᠬᠦ ᠦᠭᠡᠢ ᠪᠠᠶᠢᠨ᠎ᠠ᠂ ᠠᠺᠠᠳᠧᠮᠢᠴᠢ ᠳᠣᠯᠳᠣᠢ ᠶᠢᠨ ᠵᠣᠳᠣᠪ ᠡᠪᠲᠤᠨᠠᠴᠠ ᠶᠢᠨ ᠰᠤᠷᠭᠠᠯ ᠭᠡᠵᠦ ᠵᠥᠨᠥᠭᠯᠡᠳᠡᠭ ᠡᠪᠦᠭᠡᠨ᠃ ᠳᠡᠯᠡᠬᠡᠢ ᠳᠦ ᠭᠠᠭᠴᠠᠬᠠᠨ ᠱᠸᠸᠳ᠋ ᠤᠯᠤᠰ ᠡᠨᠡ ᠡᠪᠦᠭᠡᠨ ᠦ ᠦᠭᠡᠨ ᠳᠦ ᠣᠷᠣᠳᠠᠭ ᠶᠤᠮ᠃ ᠲᠡᠷᠡ ᠪᠡᠷ ᠡᠯᠢᠭᠡᠨ ᠦ ᠬᠣᠣᠷᠲᠤ ᠬᠠᠪᠤᠳᠠᠷ ᠢᠶᠠᠷ ᠡᠪᠡᠳᠴᠢᠯᠡᠭᠡᠳ ᠵᠢᠷᠭᠤᠭᠠᠨ ᠵᠢᠯ ᠠᠮᠢᠳᠤᠷᠠᠭᠰᠠᠨ ᠨᠢ ᠪᠤᠷᠬᠠᠨ ᠤ ᠢᠪᠡᠭᠡᠯ ᠪᠢᠰᠢ ᠮᠢᠨᠦ ᠪᠦᠲᠦᠭᠡᠭᠰᠡᠨ ᠡᠮ ᠦᠨ ᠢᠳᠡ ᠰᠢᠳᠢ᠃ ᠲᠡᠷᠡ ᠠᠮᠢᠳᠤᠷᠠᠳᠠᠭ ᠢᠶᠠᠷ ᠢᠶᠠᠨ ᠠᠮᠢᠳᠤᠷᠠᠵᠤ᠂ ᠦᠬᠥᠳᠡᠭ ᠢᠶᠡᠷ ᠢᠶᠡᠨ ᠦᠬᠦᠭᠰᠡᠨ᠃ ᠮᠢᠨᠦ ᠡᠮ ᠦᠨ ᠲᠤᠩ ᠰᠡᠷᠭᠦᠭᠡᠳᠡᠭ᠂ ᠡᠮᠴᠢᠯᠡᠳᠡᠭ᠂ ᠪᠣᠳᠠ ᠶᠢ ᠨᠢ ᠬᠥᠲᠥᠯᠡᠳᠡᠭ ᠭᠤᠷᠪᠠᠨ ᠤᠪᠠᠳᠢᠰ ᠲᠠᠢ᠃ ᠪᠢ ᠰᠡᠭᠦᠯᠴᠢ ᠶᠢ ᠨᠢ ᠵᠥᠪᠰᠢᠶᠡᠷᠡᠬᠦ ᠦᠭᠡᠢ᠃ ᠬᠠᠷᠢᠨ ᠵᠣᠳᠣᠪ ᠨᠠᠳᠠ ᠠᠴᠠ ᠵᠥᠷᠢᠵᠦ ᠦᠬᠦᠯ ᠦᠨ ᠲᠤᠩ ᠢ ᠥᠪᠡᠷ ᠳᠡᠭᠡᠷ᠎ᠡ ᠪᠡᠨ ᠲᠤᠷᠰᠢᠵᠤ ᠴᠠᠰᠢ ᠪᠠᠨ ᠬᠠᠷᠠᠭᠰᠠᠨ᠃ ᠪᠢ ᠲᠡᠭᠦᠨ ᠳᠦ ᠪᠤᠷᠤᠭᠤ ᠦᠭᠡᠢ᠃ ᠰᠢᠨᠵᠢᠯᠡᠬᠦ ᠤᠬᠠᠭᠠᠨ ᠢ ᠣᠶᠢᠯᠠᠭᠠᠳᠠᠭ ᠤᠬᠠᠭᠠᠨᠲᠠᠨ ᠪᠣᠯ ᠴᠢ ᠨᠠᠮ᠎ᠠ ᠶᠢ ᠡᠨᠡ ᠱᠣᠷᠣᠩ ᠠᠴᠠ ᠳᠠᠷᠤᠢ ᠰᠤᠯᠠᠯᠠ᠂ ᠤᠬᠠᠭᠠᠨ ᠳᠤ ᠴᠢᠨᠢ ᠤᠬᠤᠨ᠎ᠠ ᠦᠬᠦᠭᠰᠡᠨ ᠪᠣᠯ ᠲᠠ ᠨᠠᠷ ᠨᠠᠮ᠎ᠠ ᠶᠢ ᠴᠠᠭᠠᠵᠠ ᠪᠠᠷ ᠠᠪᠤᠭᠠᠴᠢ》 ᠭᠡᠵᠦ ᠵᠥᠷᠢᠭᠦᠳᠯᠡᠵᠡᠢ᠃ ᠲᠡᠷᠡ ᠪᠡᠷ ᠳᠠᠬᠢᠨ ᠬᠡᠨ ᠳᠦ ᠴᠤ ᠶᠠᠭᠤ ᠴᠤ ᠬᠡᠯᠡᠭᠰᠡᠨ ᠦᠭᠡᠢ᠃ ᠡᠨᠡ ᠦᠭᠡ ᠪᠠᠨ ᠣᠯᠠᠨ ᠳᠠᠬᠢᠨ ᠳᠠᠪᠲᠠᠭᠰᠠᠭᠠᠷ᠂ ᠵᠥᠷᠢᠵᠦ ᠬᠡᠳᠡᠷᠯᠡᠭᠰᠡᠭᠡᠷ ᠴᠠᠭ ᠢ ᠦᠷᠡᠵᠦ᠂ ᠰᠡᠭᠦᠯ ᠳᠦ ᠪᠡᠨ ᠳᠠᠭᠤ ᠪᠠᠨ ᠬᠤᠷᠢᠶᠠᠵᠤ᠂ ᠬᠠᠳᠠᠨ ᠠᠭᠤᠢ ᠳᠤ ᠰᠠᠭᠤᠭᠰᠠᠨ ᠳᠢᠶᠠᠨᠴᠢ ᠯᠠᠮᠠ ᠰᠢᠭ ᠬᠤᠷᠢᠬᠤ ᠥᠷᠥᠭᠡᠨ ᠳᠦ ᠪᠡᠨ ᠪᠤᠷᠤᠭᠤ ᠬᠠᠷᠠᠵᠤ ᠵᠠᠪᠢᠯᠠᠵᠤ ᠰᠠᠭᠤᠬᠤ᠃ ᠭᠠᠭᠴᠠ ᠭᠤᠳᠤᠰ ᠳᠡᠪᠢᠰᠦᠭᠰᠡᠨ ᠣᠷᠣᠨ ᠳᠡᠭᠡᠷ᠎ᠡ ᠪᠡᠨ ᠲᠠᠭᠠᠵᠠ ᠰᠢᠷᠲᠡᠨ ᠬᠡᠪᠲᠡᠵᠦ ᠲᠠᠮᠠᠬᠢ ᠪᠠᠭᠠᠭᠢᠭᠤᠯᠤᠭᠰᠠᠭᠠᠷ ᠭᠤᠷᠪᠠᠨ ᠰᠠᠷ᠎ᠠ ᠶᠢᠨ ᠨᠢᠭᠤᠷ ᠦᠵᠡᠵᠡᠢ᠃ ᠡᠷᠡᠭᠦᠦ ᠶᠢᠨ ᠬᠡᠷᠡᠭ ᠦᠨ ᠪᠠᠶᠢᠴᠠᠭᠠᠭᠴᠢ ᠨᠠᠷ ᠡᠪᠦᠭᠡᠨ ᠳᠦ ᠵᠠᠩᠨᠠᠭᠤᠯᠵᠤ᠂ ᠳᠣᠷᠣᠮᠵᠢᠯᠠᠭᠤᠯᠵᠤ ᠵᠠᠯᠬᠠᠵᠤ ᠭᠦᠢᠴᠡᠭᠡᠳ᠂ ᠰᠡᠭᠦᠯ ᠳᠦ ᠪᠡᠨ ᠦᠰ ᠰᠠᠨᠠᠵᠤ ᠶᠠᠯ᠎ᠠ ᠲᠤᠯᠭᠠᠨ ᠬᠦᠯᠢᠶᠡᠯᠭᠡᠬᠦ ᠠᠷᠭ᠎ᠠ ᠰᠦᠪᠡᠭᠴᠢᠯᠡᠵᠦ ᠡᠬᠢᠯᠡᠪᠡ᠃ ᠨᠡᠶᠢᠰᠯᠡᠯ ᠡᠴᠡ ᠬᠣᠯᠠ ᠦᠭᠡᠢ ᠳᠣᠲᠣᠭᠠᠳᠤ ᠶᠢᠨ ᠴᠡᠷᠢᠭ ᠦᠨ ᠠᠩᠬᠢ ᠶᠢᠨ ᠬᠠᠰᠢᠶ᠎ᠠ ᠲᠠᠢ ᠵᠡᠷᠭᠡᠴᠡᠭᠦᠯᠵᠦ ᠪᠠᠷᠢᠭᠰᠠᠨ 《ᠲᠤᠰᠬᠠᠢ》 ᠭᠡᠰᠡᠨ ᠨᠡᠷ᠎ᠡ ᠲᠡᠢ ᠰᠢᠨ᠎ᠡ ᠬᠤᠷᠢᠬᠤ ᠭᠠᠵᠠᠷ ᠲᠤ ᠳᠡᠭᠡᠭᠦᠷ ᠠᠯᠪᠠᠨ ᠲᠤᠰᠢᠶᠠᠯ ᠬᠠᠰᠢᠵᠤ ᠶᠠᠪᠤᠭᠠᠳ ᠣᠯᠠᠨ ᠤᠯᠤᠰ ᠤᠨ ᠲᠥᠰᠥᠯ ᠨᠡᠷ᠎ᠡ ᠪᠡᠷ ᠣᠯᠠᠨ ᠵᠠᠭᠤᠨ ᠰᠠᠶ᠎ᠠ ᠶᠢᠨ ᠠᠪᠯᠢᠭᠠᠯ᠂ ᠬᠡᠭᠡᠯᠢ ᠬᠠᠬᠤᠤᠯᠢ ᠶᠢᠨ ᠬᠡᠷᠡᠭ ᠲᠦ ᠬᠣᠯᠪᠣᠭᠳᠠᠭᠰᠠᠨ ᠬᠦᠮᠦᠰ᠂ ᠭᠠᠳᠠᠭᠠᠳᠤ ᠶᠢᠨ ᠬᠠᠷᠢᠶᠠᠲᠤ ᠢᠷᠭᠡᠳ᠂ ᠵᠠᠮᠢᠶᠠᠨ ᠮᠡᠲᠦ ᠶᠢᠨ 《ᠣᠶᠤᠨ ᠤᠬᠠᠭᠠᠨ ᠤ》 ᠬᠡᠷᠡᠭᠲᠡᠨ ᠨᠦᠭᠦᠳ᠂ ᠤᠯᠤᠰ ᠲᠥᠷᠥ ᠶᠢᠨ ᠰᠣᠩᠭᠣᠭᠤᠯᠢ ᠳᠤ ᠠᠯᠪᠠᠨ ᠲᠤᠰᠢᠶᠠᠯ ᠠᠮᠠᠯᠠᠵᠤ ᠣᠯᠠᠨ ᠰᠠᠶ᠎ᠠ ᠲᠥᠭᠥᠷᠢᠭ ᠵᠠᠯᠢᠳᠠᠭᠰᠠᠨ ᠨᠠᠮ ᠤᠨ ᠳᠠᠷᠤᠭ᠎ᠠ ᠨᠠᠷ ᠬᠣᠷᠢᠭᠳᠠᠳᠠᠭ ᠲᠤᠯᠠ ᠰᠥᠷᠭᠦ ᠬᠦᠴᠦᠨ ᠦ ᠬᠢᠨ ᠤᠯᠤᠰ ᠲᠥᠷᠥ ᠶᠢᠨ ᠬᠡᠷᠡᠭᠲᠡᠨ ᠦ ᠬᠤᠷᠢᠬᠤ ᠠᠩᠭᠢ ᠭᠡᠵᠦ ᠨᠡᠷᠡᠯᠡᠬᠦ ᠳᠤᠷᠠᠲᠠᠢ ᠠᠵᠡᠢ᠃ ᠡᠨᠳᠡ ᠭᠠᠭᠴᠠ ᠬᠤᠳᠳᠤᠭ ᠤᠨ ᠬᠣᠷᠢᠬᠤ ᠠᠴᠠ ᠢᠯᠭᠠᠭ᠎ᠠ ᠲᠠᠢ ᠨᠢ ᠲᠠᠶᠢᠪᠤᠩ᠂ ᠣᠷᠭᠣᠬᠤ᠂ ᠵᠠᠯᠢᠯᠠᠬᠤ ᠭᠡᠰᠡᠨ ᠬᠣᠷᠢᠭᠳᠠᠯ ᠤᠨ ᠤᠨᠠᠭᠠᠨ ᠰᠢᠨᠵᠢ ᠢᠯᠡᠷᠡᠳᠡᠭ ᠦᠭᠡᠢ᠂ ᠬᠣᠷᠢᠭᠳᠠᠯ ᠤᠳ ᠭᠣᠣᠯᠳᠠᠭᠤ ᠭᠠᠭᠴᠠᠭᠠᠷ ᠢᠶᠠᠨ ᠰᠠᠭᠠᠳᠠᠭᠤᠯᠤᠭᠳᠠᠳᠠᠭ᠂ ᠡᠷᠭᠢᠯᠲᠡ ᠴᠢᠯᠦᠭᠡᠲᠡᠢ ᠪᠠᠶᠢᠳᠠᠭ ᠢᠶᠠᠷ ᠢᠶᠠᠨ ᠪᠠᠷᠠᠭᠤᠨ ᠤ ᠱᠣᠷᠣᠩ ᠢ ᠰᠠᠨᠠᠭᠳᠠᠭᠤᠯᠬᠤ ᠠᠪᠠᠴᠤ᠂ ᠠᠮᠢ ᠪᠠᠨ ᠶᠡᠭᠦᠳᠬᠡᠬᠦ ᠬᠡᠷᠡᠭ ᠮᠡᠷ ᠰᠡᠷ ᠭᠠᠷᠳᠠᠭ᠃ 4 ᠵᠠᠮᠢᠶᠠᠨ᠂ ᠵᠣᠳᠣᠪ ᠬᠣᠶᠠᠷ ᠤᠨ ᠨᠠᠮᠲᠠᠷ ᠴᠠᠳᠢᠭ ᠲᠤᠩ ᠲᠥᠰᠲᠡᠢ᠃ ᠵᠣᠳᠣᠪ ᠫᠷᠣᠹᠧᠰᠰᠣᠷ ᠯᠤᠤ ᠵᠢᠯ ᠲᠡᠢ᠂ ᠵᠠᠮᠢᠶᠠᠨ ᠠᠴᠠ ᠪᠠᠨ ᠭᠤᠷᠪᠠ ᠠᠬ᠎ᠠ ᠳᠠᠯᠠᠨ ᠵᠢᠷᠭᠤᠭᠠᠨ ᠨᠠᠰᠤᠨ ᠳᠤ ᠪᠠᠨ ᠠᠮᠢ ᠪᠠᠨ ᠠᠯᠳᠠᠭᠰᠠᠨ᠃ ᠡᠨᠡ ᠡᠪᠦᠭᠡᠨ ᠤᠭ ᠠᠴᠠ ᠪᠠᠨ ᠬᠥᠩᠭᠡᠨ ᠰᠢᠩᠭᠡᠨ᠂ ᠨᠠᠰᠤᠨ ᠠᠴᠠ ᠪᠠᠨ ᠵᠠᠯᠠᠭᠤ ᠬᠠᠷᠠᠭᠳᠠᠳᠠᠭ᠂ ᠵᠢᠷᠭᠤᠭᠠᠨ ᠵᠢᠯ ᠭᠠᠷᠤᠢ ᠬᠤᠭᠤᠴᠠᠭᠠᠨ ᠳᠤ ᠬᠠᠪᠤᠳᠠᠷ ᠢᠶᠠᠷ ᠡᠪᠡᠳᠴᠢᠯᠡᠵᠦ ᠶᠠᠪᠤᠭᠰᠠᠨ ᠢ ᠦᠨᠡᠮᠰᠢᠬᠦ ᠳᠦ ᠬᠡᠴᠡᠭᠦᠦ᠃ ᠭᠡᠪᠡᠴᠦ ᠡᠨᠡ ᠬᠦᠮᠦᠨ ᠦ ᠠᠮᠢᠳᠤ ᠠᠬᠤᠢ ᠶᠢᠨ ᠪᠣᠯᠤᠨ ᠨᠠᠰᠤ ᠪᠠᠷᠠᠭᠰᠠᠨ ᠤ ᠳᠠᠷᠠᠭᠠᠬᠢ ᠰᠢᠨᠵᠢᠯᠡᠭᠡ ᠬᠠᠪᠤᠳᠠᠷ ᠢᠶᠠᠷ ᠡᠪᠡᠳᠦᠭᠰᠡᠨ ᠨᠢ ᠪᠠᠲᠤᠯᠠᠭᠳᠠᠭᠰᠠᠨ᠃ ᠬᠣᠶᠠᠷ ᠡᠪᠦᠭᠡᠨ ᠨᠢᠭᠡ ᠨᠤᠲᠤᠭ᠃ ᠠᠯᠲᠠᠢ ᠶᠢᠨ ᠴᠠᠭᠠᠳᠤᠬᠢ ᠭᠣᠪᠢ ᠶᠢᠨ ᠣᠶᠢᠷᠠᠳ ᠤᠳ᠂ ᠪᠤᠯᠠᠭᠠᠨ ᠭᠣᠣᠯ ᠳᠤ ᠥᠰᠪᠦᠷᠢ ᠨᠠᠰᠤ ᠪᠠᠨ ᠥᠩᠭᠡᠷᠡᠭᠡᠭᠰᠡᠨ᠃ 1944 ᠣᠨ ᠤ ᠪᠡᠴᠢᠨ ᠵᠢᠯ ᠡᠴᠢᠭᠡ ᠡᠬᠡ ᠪᠡᠨ ᠳᠠᠭᠠᠵᠤ ᠲᠩᠷᠢ ᠠᠭᠤᠯᠠ᠂ ᠵᠡᠭᠦᠨ ᠭᠠᠷ ᠤᠨ ᠴᠥᠯ ᠡᠴᠡ ᠠᠷᠪᠠᠨ ᠡᠳᠦᠷ ᠰᠥᠨᠢ ᠣᠷᠭᠣᠨ᠂ ᠵᠢᠭᠤᠳᠠᠵᠤ ᠨᠡᠭᠦᠵᠦ ᠢᠷᠡᠭᠰᠡᠨ᠂ ᠬᠣᠪᠣᠭ ᠰᠠᠶᠢᠷ ᠤᠨ ᠲᠣᠷᠭᠤᠳ ᠠᠵᠡᠢ᠃ ᠬᠣᠶᠠᠭᠤᠯᠠ ᠪᠠᠨ ᠬᠦᠷᠢᠶᠡᠨ ᠳᠦ ᠵᠢᠷᠭᠤᠭᠠᠨ ᠨᠠᠰᠤᠨ ᠠᠴᠠ ᠪᠠᠨ ᠱᠠᠪᠢᠯᠠᠨ ᠰᠠᠭᠤᠵᠤ ᠪᠠᠶᠢᠭᠠᠳ ᠵᠠᠮᠢᠶᠠᠨ ᠨᠢ 13 ᠍ ᠲᠠᠢ᠂ ᠵᠣᠳᠣᠪ 16 ᠨᠠᠰᠤ ᠲᠠᠢ ᠳᠠᠭᠠᠨ ᠮᠣᠩᠭᠣᠯ ᠤᠨ ᠬᠢᠯᠢ ᠶᠢ ᠪᠠᠶᠢᠲᠤᠭ ᠪᠣᠭᠳᠠ ᠪᠠᠷ ᠳᠠᠪᠠᠵᠤ ᠪᠤᠯᠠᠭᠠᠨ ᠭᠣᠣᠯ ᠳᠤ ᠨᠤᠲᠤᠭᠰᠢᠨ ᠢᠳᠡᠭᠡᠰᠢᠵᠡᠢ᠃ ᠬᠣᠶᠠᠷ ᠪᠠᠨᠳᠢ ᠰᠤᠮᠤ ᠶᠢᠨ ᠰᠤᠷᠭᠠᠭᠤᠯᠢ᠂ ᠬᠣᠪᠳᠣ ᠶᠢᠨ ᠠᠷᠪᠠᠨ ᠵᠢᠯ ᠢ ᠲᠠᠪᠤᠨ ᠵᠢᠯ ᠦᠨ ᠳᠣᠲᠣᠷ᠎ᠠ ᠠᠩᠭᠢ ᠠᠯᠭᠠᠰᠠᠨ ᠳᠦᠭᠦᠷᠭᠡᠭᠰᠡᠨ ᠢᠶᠡᠷ ᠡᠷᠳᠡᠮᠲᠡᠨ ᠪᠣᠯᠬᠤ ᠵᠠᠮ ᠮᠥᠷ ᠨᠢ ᠰᠢᠯᠤᠭᠤᠳᠠᠵᠠᠢ᠃ ᠪᠠᠭ᠎ᠠ ᠠᠴᠠ ᠪᠠᠨ ᠰᠤᠷᠣᠭᠰᠠᠨ ᠲᠥᠪᠡᠳ ᠬᠡᠯᠡ ᠲᠡᠢ᠃ ᠬᠣᠵᠢᠮ ᠨᠢ ᠡᠷᠳᠡᠮ ᠨᠣᠮ ᠤᠨ ᠡᠷᠬᠡ ᠪᠡᠷ ᠮᠠᠨᠵᠤ᠂ ᠬᠢᠲᠠᠳ᠂ ᠶᠠᠫᠣᠨ ᠬᠡᠯᠡ ᠶᠢ ᠰᠢᠨᠵᠢᠯᠡᠬᠦ ᠤᠬᠠᠭᠠᠨ ᠤ ᠲᠦᠪᠰᠢᠨ ᠳᠦ ᠡᠵᠡᠮᠰᠢᠭᠰᠡᠨ ᠮᠣᠩᠭᠣᠯ ᠳᠤ ᠪᠠᠨ ᠭᠡᠭᠳᠡᠬᠦ ᠰᠠᠶᠢᠨ ᠡᠷᠳᠡᠮᠲᠡᠳ ᠪᠠᠶᠢᠪᠠ᠃ ᠪᠠᠯᠴᠢᠷ ᠨᠠᠰᠤᠨ ᠠᠴᠠ ᠪᠠᠨ ᠠᠮᠢᠳᠤᠷᠠᠯ ᠤᠨ ᠪᠡᠷᠬᠡ ᠬᠠᠲᠠᠭᠤ ᠶᠢ ᠠᠮᠰᠠᠵᠤ᠂ 1946 ᠣᠨ ᠳᠤ ᠬᠢᠲᠠᠳ ᠤᠨ ᠲᠠᠩᠨᠠᠭᠤᠯ ᠨᠡᠷ᠎ᠡ ᠪᠡᠷ ᠬᠣᠪᠣᠭ ᠰᠠᠶᠢᠷ᠂ ᠸᠠᠩ ᠤᠨ ᠲᠣᠷᠭᠤᠳ ᠢ ᠬᠣᠮᠣᠷᠭᠠᠯᠠᠨ ᠪᠠᠷᠢᠪᠴᠢᠯᠠᠬᠤ ᠳᠤ ᠡᠴᠢᠭᠡ᠂ ᠠᠬ᠎ᠠ ᠨᠠᠷ ᠨᠢ ᠥᠷᠲᠥᠵᠦ ᠵᠣᠪᠠᠵᠤ ᠶᠠᠪᠤᠭᠰᠠᠨ ᠠᠴᠠ ᠴᠤ ᠲᠡᠷᠡ ᠦᠦ᠂ ᠡᠰᠡᠪᠡᠯ ᠣᠷᠢ ᠭᠠᠭᠴᠠ ᠭᠣᠣᠨᠢ ᠪᠡᠶ᠎ᠡ ᠪᠡᠷ ᠨᠠᠰᠤ ᠶᠢ ᠪᠠᠷᠠᠵᠤ ᠴᠠᠭᠠᠰᠤ ᠱᠠᠭᠠᠶᠢᠵᠤ᠂ ᠡᠷᠳᠡᠮ ᠦᠨ ᠯᠠᠪᠤᠷᠠᠲ᠋ᠣᠷᠢ ᠳᠤ ᠡᠳᠦᠷ ᠰᠥᠨᠢ ᠶᠢ ᠪᠠᠷᠠᠵᠤ᠂ ᠬᠦᠮᠦᠨ ᠦ ᠨᠢᠳᠦᠨ ᠳᠦ ᠲᠣᠷᠬᠤ ᠦᠭᠡᠢ᠂ ᠣᠢ ᠤᠬᠠᠭᠠᠨ ᠳᠤ ᠪᠠᠷᠢᠭᠳᠠᠬᠤ ᠦᠭᠡᠢ᠂ 《ᠬᠡᠢ ᠦᠵᠡᠭᠳᠡᠯ》 ᠍ ᠳᠦ ᠬᠥᠲᠦᠯᠦᠭᠳᠡᠨ᠂ ᠣᠷᠴᠢᠨ ᠢᠶᠠᠨ ᠮᠡᠳᠡᠷᠡᠬᠦ ᠵᠠᠪ ᠦᠭᠡᠢ ᠶᠠᠪᠤᠵᠤ᠂ ᠣᠶᠤᠨ ᠤᠬᠠᠭᠠᠨ ᠢᠶᠠᠨ ᠰᠢᠨᠵᠢᠯᠡᠬᠦ ᠤᠬᠠᠭᠠᠨ ᠢᠶᠠᠷ ᠭᠠᠰᠢᠯᠭᠠᠭᠰᠠᠨ ᠡᠨᠡ ᠬᠣᠶᠠᠷ ᠡᠪᠦᠭᠡᠨ ᠬᠡᠨ ᠳᠦ ᠴᠤ ᠢᠲᠡᠭᠡᠬᠦ ᠦᠭᠡᠢ᠂ ᠬᠡᠨ ᠲᠡᠢ ᠴᠤ ᠨᠥᠬᠥᠷᠯᠡᠬᠦ ᠦᠭᠡᠢ᠂ ᠪᠠᠰᠠ ᠬᠡᠨ ᠲᠡᠢ ᠴᠤ ᠲᠠᠭᠠᠷᠠᠬᠤ ᠦᠭᠡᠢ ᠡᠳᠦᠢ ᠬᠦᠷᠴᠡᠢ᠃ ᠡᠷᠳᠡᠮ ᠦᠨ ᠵᠥᠪᠯᠡᠯ ᠦᠨ ᠬᠤᠷᠠᠯ ᠢ ᠨᠢᠭᠡ ᠤᠳᠠᠭ᠎ᠠ ᠴᠤ ᠲᠠᠰᠤᠯᠵᠤ ᠦᠵᠡᠭᠡ ᠦᠭᠡᠢ᠂ ᠵᠠᠯᠠᠭᠤ ᠡᠷᠳᠡᠮᠲᠡᠳ ᠦᠨ ᠪᠦᠲᠦᠭᠡᠯ ᠢ ᠴᠢᠮᠠᠯᠠᠨ ᠰᠢᠭᠦᠵᠦ ᠠᠶᠤᠯᠭᠠᠵᠤ ᠢᠷᠡᠭᠰᠡᠨ᠂ ᠣᠶᠤᠲᠠᠨ ᠳᠤ ᠳᠤᠮᠳᠠ ᠠᠴᠠ ᠥᠭᠡᠷ᠎ᠡ ᠳ᠋ᠦᠩ ᠲᠠᠯᠪᠢᠬᠤ ᠳᠤᠷ᠎ᠠ ᠦᠭᠡᠢ 《ᠴᠠᠬᠢᠭᠤᠷ ᠴᠢᠯᠠᠭᠤ》 ᠨᠡᠷ᠎ᠡ ᠠᠪᠤᠭᠰᠠᠨ ᠫᠷᠣᠹᠧᠰᠰᠣᠷ ᠤᠳ ᠶᠤᠮ᠃ ᠬᠣᠶᠠᠷ ᠡᠷᠳᠡᠮᠲᠡᠨ ᠦ ᠨᠡᠭᠡᠭᠡᠯᠲᠡ ᠨᠤᠲᠤᠭ ᠠᠴᠠ ᠪᠠᠨ ᠡᠬᠢ ᠲᠡᠢ ᠪᠤᠯᠠᠭᠠᠨ ᠭᠣᠣᠯ ᠤᠨ ᠠᠳᠠᠭ ᠬᠣᠶᠠᠷ ᠣᠩᠭᠣᠭ᠂ ᠰᠢᠷ᠎ᠠ ᠪᠤᠯᠠᠭ ᠤᠨ ᠡᠬᠢ᠂ ᠰᠢᠨᠵᠢᠶᠠᠩ  ᠤᠶᠢᠭᠤᠷ ᠤᠨ ᠵᠡᠭᠦᠨ ᠭᠠᠷ ᠤᠨ ᠴᠥᠯ ᠦᠨ ᠪᠠᠶᠠᠨ ᠪᠦᠷᠢᠳᠦ ᠬᠥᠬᠡ ᠲᠣᠬᠣᠢ᠂ ᠪᠤᠭᠤᠷᠤᠯ ᠲᠣᠬᠣᠢ ᠳᠤ ᠮᠠᠰᠢ ᠬᠣᠪᠣᠷ ᠤᠷᠭᠤᠳᠠᠭ ᠴᠢᠭᠢᠷ᠎ᠡ ᠶᠢᠨ ᠳᠠᠪᠠᠷᠬᠠᠢ ᠶᠢ ᠰᠢᠨᠵᠢᠵᠤ᠂ ᠴᠥᠮ᠎ᠡ ᠶᠢᠨ ᠡᠷᠴᠢᠮ ᠢᠶᠡᠷ ᠵᠠᠳᠠᠯᠬᠤ ᠠᠷᠭ᠎ᠠ ᠪᠠᠷ ᠰᠢᠨ᠎ᠡ ᠪᠣᠳᠠᠰ ᠭᠠᠷᠭᠠᠵᠤ ᠠᠪᠤᠭᠰᠠᠨ ᠢᠶᠠᠨ ᠠᠮᠢᠲᠠᠨ ᠬᠦᠮᠦᠨ ᠳᠡᠭᠡᠷ᠎ᠡ ᠲᠤᠷᠰᠢᠨ ᠰᠤᠳᠤᠯᠤᠭᠰᠠᠭᠠᠷ 《ᠵᠠᠮᠢᠶᠠᠨ - ᠵᠣᠳᠣᠪ ᠤᠨ ᠴᠢᠭᠢᠷ᠎ᠡ》 (ЖЗЧ) ᠭᠡᠰᠡᠨ ᠡᠮ ᠦᠨ ᠪᠣᠳᠠᠰ ᠨᠡᠭᠡᠭᠡᠵᠦ᠂ ᠳᠡᠯᠡᠬᠡᠢ ᠶᠢᠨ ᠨᠡᠷᠡᠲᠡᠢ ᠡᠷᠳᠡᠮᠲᠡᠳ ᠢᠶᠡᠷ ᠬᠦᠯᠢᠶᠡᠨ ᠵᠥᠪᠰᠢᠶᠡᠷᠡᠭᠦᠯᠵᠦ᠂ ᠨᠣᠪᠧᠯ ᠤᠨ ᠱᠠᠩᠨᠠᠯ ᠤᠨ ᠪᠣᠱᠤᠭᠠᠨ ᠳᠡᠭᠡᠷ᠎ᠡ ᠬᠦᠷᠴᠦ ᠴᠢᠳᠠᠵᠠᠢ᠃ 5 ᠰᠢᠵᠢᠯᠡᠬᠦ ᠤᠬᠠᠭᠠᠨ ᠤ ᠠᠺᠠᠳᠧᠮᠢ ᠶᠢᠨ ᠮᠡᠷᠭᠡᠵᠢᠯ ᠦᠨ ᠳ᠋ᠦᠩᠨᠡᠯᠲᠡ ᠭᠠᠷᠴᠤ᠂ ᠠᠺᠠᠳᠧᠮᠢᠴᠢ ᠵᠣᠳᠣᠪ ᠤᠨ ᠦᠬᠦᠬᠦ ᠡᠴᠡ ᠪᠡᠨ ᠡᠮᠦᠨ᠎ᠡ ᠪᠢᠴᠢᠵᠦ ᠠᠺᠠᠳᠧᠮᠢ ᠶᠢᠨ ᠶᠡᠷᠦᠩᠬᠡᠶᠢᠯᠡᠭᠴᠢ ᠳᠦ ᠦᠯᠡᠳᠡᠭᠡᠭᠰᠡᠨ ᠡᠷᠳᠡᠮ ᠦᠨ ᠪᠠᠰᠠ ᠬᠤᠪᠢ ᠶᠢᠨ ᠲᠠᠢᠯᠤᠨ ᠢ ᠨᠢᠭᠤᠴᠠ ᠶᠢᠨ ᠬᠠᠷ᠎ᠠ ᠬᠠᠶᠢᠷᠴᠠᠭ ᠠᠴᠠ ᠨᠢ ᠣᠯᠤᠭᠰᠠᠨ ᠳ᠋ᠦᠩᠨᠡᠯᠲᠡ ᠶᠢ ᠡᠷᠳᠡᠮ ᠦᠨ ᠵᠥᠪᠯᠡᠯ ᠳᠦ ᠬᠡᠯᠡᠯᠴᠡᠭᠰᠡᠨ ᠦ ᠳᠠᠷᠠᠭ᠎ᠠ ᠫᠷᠣᠹᠧᠰᠰᠣᠷ ᠵᠠᠮᠠᠶᠠᠨ ᠤ ᠦᠢᠯᠡᠳᠦᠭᠰᠡᠨ ᠭᠡᠮᠲᠦ ᠬᠡᠷᠡᠭ ᠦᠨ ᠣᠷᠢᠶᠠᠴᠠᠯᠳᠤᠭ᠎ᠠ ᠲᠠᠢᠯᠤᠭᠳᠠᠵᠤ ᠡᠬᠢᠯᠡᠯ᠎ᠡ᠃ ᠠᠽᠢᠶ᠎ᠠ ᠶᠢᠨ ᠣᠯᠠᠨ ᠤᠯᠤᠰ ᠤᠨ ᠰᠢᠨᠵᠢᠯᠡᠬᠦ ᠤᠬᠠᠭᠠᠨ ᠤ ᠨᠡᠶᠢᠭᠡᠮᠯᠢᠭ ᠦᠨ ᠶᠡᠷᠦᠩᠬᠡᠶᠢᠯᠡᠭᠴᠢ ᠨᠣᠪᠧᠯ ᠤᠨ ᠱᠠᠩᠨᠠᠯᠳᠤ ᠨᠠᠷᠠᠨ ᠤᠯᠤᠰ ᠤᠨ ᠡᠷᠳᠡᠮᠲᠡᠨ ᠬᠠᠨ᠂ ᠳᠤᠮᠳᠠᠳ᠋ᠤ ᠤᠯᠤᠰ ᠤᠨ ᠠᠯᠳᠠᠷᠲᠤ ᠵᠣᠬᠢᠶᠠᠨ ᠪᠦᠲᠦᠭᠡᠭᠴᠢ ᠳ᠋ᠣᠺᠲ᠋ᠣᠷ ᠸᠠᠩ ᠣᠪᠣᠭᠲᠤ ᠶᠢᠨ ᠮᠣᠩᠭᠣᠯ ᠤᠨ ᠰᠢᠨᠵᠢᠯᠡᠬᠦ ᠤᠬᠠᠭᠠᠨ ᠤ ᠠᠺᠠᠳᠧᠮᠢ ᠳᠤ ᠢᠷᠡᠭᠦᠯᠦᠭᠰᠡᠨ ᠵᠠᠬᠢᠳᠠᠯ᠂ ᠬᠣᠶᠠᠷ ᠡᠷᠳᠡᠮᠲᠡᠨ ᠦ ᠪᠦᠲᠦᠭᠡᠯ ᠪᠢᠣᠯᠣᠭᠢ ᠶᠢᠨ ᠰᠢᠨᠵᠢᠯᠡᠬᠦ ᠤᠬᠠᠭᠠᠨ ᠤ ᠨᠡᠭᠡᠭᠡᠯᠲᠡ ᠮᠥᠨ ᠭᠡᠳᠡᠭ ᠢ ᠪᠠᠲᠤᠯᠠᠵᠤ ᠥᠭᠪᠡ᠃ ᠵᠣᠳᠣᠪ ᠤᠨ ᠠᠺᠠᠳᠧᠮᠢ ᠳᠤ ᠥᠭᠭᠦᠭᠰᠡᠨ ᠲᠠᠢᠯᠤᠨ ᠳᠤ ᠥᠪᠡᠷ ᠦᠨ ᠢᠶᠡᠨ ᠦᠬᠦᠯ ᠦᠨ ᠲᠠᠯ᠎ᠠ ᠪᠠᠷ ᠪᠢᠴᠢᠭᠰᠡᠨ ᠭᠠᠭᠴᠠ ᠬᠠᠭᠤᠳᠠᠰᠤ ᠲᠠᠶᠢᠯᠪᠤᠷᠢ ᠳᠤ 《ᠮᠢᠨᠦ ᠦᠬᠦᠯ ᠪᠣᠯ ᠵᠠᠮᠢᠶᠠᠨ ᠪᠢᠳᠡ ᠬᠣᠶᠠᠷ ᠤᠨ ᠨᠡᠭᠡᠭᠡᠯᠲᠡ ᠶᠢᠨ ᠡᠴᠦᠰ ᠦᠨ ᠦᠷ᠎ᠡ ᠳ᠋ᠦᠩ᠃ ЖЗЧ  ᠶᠢᠨ ᠰᠡᠷᠭᠦᠭᠡᠯᠲᠡ ᠶᠢᠨ ᠲᠤᠩ ᠢ ᠠᠷᠪᠠ ᠳᠠᠬᠢᠨ ᠥᠰᠬᠡᠪᠡᠯ 24 ᠴᠠᠭ ᠤᠨ ᠳᠣᠲᠣᠷ᠎ᠠ ᠪᠣᠷᠣ ᠬᠠᠷᠬ᠎ᠠ ᠶᠢᠨ ᠵᠢᠷᠦᠬᠡ ᠵᠣᠭᠰᠣᠭᠰᠠᠨ᠃ ᠬᠠᠷᠢᠨ ᠬᠦᠮᠦᠨ ᠢ ᠦᠬᠦᠭᠦᠯᠬᠦ ᠲᠤᠩ ᠢ ᠪᠢ ᠣᠯᠵᠤ ᠥᠪᠡᠷ ᠳᠡᠭᠡᠷ᠎ᠡ ᠪᠡᠨ ᠳᠤᠷᠰᠢᠯ᠎ᠠ᠃ ᠡᠨᠡ ᠡᠮ ᠦᠨ ᠡᠮᠴᠢᠯᠡᠭᠡᠨ ᠦ ᠲᠤᠩ ᠮᠢᠨᠦ ᠡᠪᠡᠳᠴᠢᠨ ᠢ ᠵᠢᠷᠭᠤᠭᠠᠨ ᠵᠢᠯ ᠪᠠᠷᠢᠭᠰᠠᠨ᠃ ᠴᠢᠨᠠᠭᠰᠢᠳᠠ ᠨᠠᠶᠢᠳᠠᠪᠤᠷᠢ ᠮᠤᠬᠤᠷᠳᠠᠭᠰᠠᠨ ᠤᠴᠢᠷ ᠠᠴᠠ ᠪᠣᠳᠠ ᠬᠥᠲᠥᠯᠬᠦ ᠲᠤᠩ ᠢ ᠥᠪᠡᠷᠲᠡᠭᠡᠨ ᠠᠪᠤᠯ᠎ᠠ᠃ ᠡᠨᠡ ᠪᠣᠯ ᠮᠢᠨᠦ ᠵᠣᠪᠠᠯᠠᠩ ᠢ ᠭᠡᠲᠦᠯᠭᠡᠭᠰᠡᠨ ᠠᠮᠢᠳᠤᠷᠠᠯ ᠤᠨ ᠡᠴᠦᠰ ᠦᠨ ᠪᠠᠶᠠᠷ ᠮᠥᠨ᠃ ᠪᠢ ᠷᠠᠰᠢᠶᠠᠨ ᠢ ᠬᠦᠷᠲᠡᠭᠡᠳ ᠨᠠᠶᠢᠮᠠᠨ ᠴᠠᠭ ᠤᠨ ᠳᠠᠷᠠᠭ᠎ᠠ ᠡᠨᠡ ᠭᠡᠷᠢᠶᠡᠰᠯᠡᠯ ᠢ ᠰᠡᠳᠬᠢᠯ ᠬᠠᠩᠭᠠᠯᠤᠭᠤᠨ ᠪᠢᠴᠢᠵᠦ ᠪᠠᠶᠢᠨ᠎ᠠ᠃ ᠳᠥᠴᠢᠨ ᠴᠠᠭ ᠤᠨ ᠳᠠᠷᠠᠭ᠎ᠠ ᠮᠢᠨᠦ ᠰᠦᠨᠡᠰᠦ ᠵᠡᠭᠦᠨ ᠭᠠᠷ ᠤᠨ ᠴᠥᠯ ᠳᠦ ᠣᠴᠢᠨ᠎ᠠ ᠡᠨᠡ ᠲᠣᠭᠠᠴᠠᠭ᠎ᠠ ᠵᠥᠪ ᠪᠣᠯ ᠮᠢᠨᠦ ᠨᠡᠭᠡᠭᠡᠯᠲᠡ ᠪᠠᠲᠤᠯᠠᠭᠠᠵᠢᠨ᠎ᠠ᠃ ᠫᠷᠣᠹᠧᠰᠰᠣᠷ ᠵᠠᠮᠢᠶᠠᠨ ᠪᠢᠳᠡ ᠬᠣᠶᠠᠷ ᠤᠨ ᠮᠠᠷᠭᠤᠭᠠᠨ ᠡᠭᠦᠨ ᠳᠡᠭᠡᠷ᠎ᠡ ᠪᠠᠶᠢᠭ᠎ᠠ ᠶᠤᠮ᠃ ᠲᠡᠷᠡ ᠡᠮᠴᠢ ᠬᠦᠮᠦᠨ ᠤᠴᠢᠷ ᠠᠴᠠ ᠡᠪᠲᠤᠨᠠᠴᠠ ᠶᠢᠨ ᠰᠤᠷᠭᠠᠯ ᠢ ᠦᠯᠦ ᠲᠣᠭᠤᠵᠤ ЖЗЧ ᠍ ᠦᠨ ᠦᠬᠦᠯ ᠦᠨ ᠲᠤᠩ ᠢ ᠦᠭᠡᠶᠢᠰᠬᠡᠭᠰᠡᠨ᠃ ᠵᠠᠮᠢᠶᠠᠨ ᠪᠣᠯ ᠰᠢᠨᠵᠢᠯᠡᠬᠦ ᠤᠬᠠᠭᠠᠨ ᠳᠤ ᠪᠠᠭᠤᠵᠤ ᠥᠭᠭᠦᠭᠰᠡᠨ ᠠᠷᠠᠴᠢᠭ᠎ᠠ ᠦᠭᠡᠢ ᠨᠣᠪᠰᠢ᠃ ᠭᠡᠪᠡᠴᠦ ᠲᠡᠷᠡ ᠠᠤᠭ᠎ᠠ ᠶᠡᠬᠡ ᠡᠷᠳᠡᠮᠲᠡᠨ᠃ ᠡᠪᠲᠤᠨᠠᠼᠢ ᠪᠣᠯ ᠡᠳᠡᠭᠡᠰᠢ ᠦᠭᠡᠢ ᠡᠪᠡᠳᠴᠢᠲᠡᠢ ᠬᠦᠮᠦᠨ ᠡᠮ ᠦᠨ ᠬᠦᠴᠥ ᠪᠡᠷ ᠵᠣᠪᠠᠯᠠᠩ ᠢᠶᠡᠨ ᠲᠦᠷᠭᠡᠨ ᠭᠡᠲᠦᠯᠭᠡᠬᠦ ᠡᠨᠡᠷᠢᠩᠭᠦᠢ ᠰᠤᠷᠭᠠᠯ᠃ ᠪᠢ ᠦᠬᠦᠯ ᠢᠶᠡᠷ ᠢᠶᠡᠨ ᠡᠳᠡᠭᠡᠰᠢ ᠦᠭᠡᠢ ᠡᠪᠡᠳᠴᠢᠨ ᠳᠦ ᠰᠢᠨᠠᠯᠤᠭᠰᠠᠨ ᠣᠯᠠᠨ ᠰᠠᠶ᠎ᠠ ᠬᠦᠮᠦᠨ ᠢ ᠵᠣᠷᠢᠭᠵᠢᠭᠤᠯᠵᠤ᠂ ᠬᠦᠮᠦᠨ ᠲᠥᠷᠥᠯᠬᠢᠲᠡᠨ ᠦ ᠡᠮᠦᠨ᠎ᠡ ᠭᠠᠪᠢᠶ᠎ᠠ ᠪᠠᠶᠢᠭᠤᠯᠤᠯ᠎ᠠ》 ᠭᠡᠵᠡᠢ᠃ ᠲᠥᠷᠥ ᠶᠢᠨ ᠭᠤᠷᠪᠠᠨ ᠶᠠᠮᠤᠨ ᠤ ᠰᠠᠶᠢᠳ ᠮᠣᠩᠭᠣᠯ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠶᠡᠷᠦᠩᠬᠡᠶᠢᠯᠡᠭᠴᠢ᠄ ᠤᠯᠤᠰ ᠤᠨ ᠦᠨᠳᠦᠰᠦᠨ ᠦ ᠠᠶᠤᠯ ᠦᠭᠡᠢ ᠪᠠᠶᠢᠳᠠᠯ ᠤᠨ ᠨᠠᠷᠢᠨ ᠪᠢᠴᠢᠭ ᠦᠨ ᠳᠠᠷᠤᠭ᠎ᠠ ᠨᠠᠷ ᠤᠨ ᠬᠥᠯᠭᠡᠯᠡᠭᠰᠡᠨ ᠲᠠᠪᠤᠨ ᠬᠤᠷᠳᠤᠨ ᠲᠡᠷᠭᠡ ᠬᠠᠷ᠎ᠠ ᠬᠤᠷᠳᠤ ᠪᠠᠷ ᠢᠶᠠᠨ ᠲᠤᠰᠬᠠᠢ ᠬᠤᠷᠢᠬᠤ ᠠᠩᠬᠢ ᠶᠢᠨ ᠡᠭᠦᠳᠡᠨ ᠳᠦ ᠨᠢᠭᠡᠨ ᠵᠡᠷᠭᠡ ᠪᠠᠭᠤᠵᠣ᠂ ᠫᠷᠣᠹᠧᠰᠰᠣᠷ ᠵᠠᠮᠢᠶᠠᠨ ᠤ ᠬᠤᠷᠢᠬᠤ ᠥᠷᠥᠭᠡᠨ ᠦ ᠬᠠᠭᠠᠯᠭ᠎ᠠ ᠶᠢ ᠴᠢᠬᠠᠷᠠᠭᠤᠯᠤᠭᠰᠠᠭᠠᠷ ᠣᠷᠣᠵᠤ ᠣᠴᠢᠯ᠎ᠠ᠃ ᠡᠪᠦᠭᠡᠨ ᠫᠷᠣᠹᠧᠰᠰᠣᠷ ᠬᠣᠷᠢᠭᠳᠠᠯ ᠤᠨ ᠮᠣᠳᠣᠨ ᠣᠷᠣᠨ ᠳᠡᠭᠡᠷ᠎ᠡ ᠬᠠᠨ ᠤᠷᠤᠭᠤ ᠬᠠᠷᠠᠵᠤ ᠬᠡᠨ ᠢ ᠴᠤ ᠲᠣᠭᠤᠭᠰᠠᠨ ᠰᠢᠨᠵᠢ ᠦᠭᠡᠢ ᠣᠮᠤᠭ ᠪᠠᠷᠳᠠᠮ ᠪᠠᠶᠢᠳᠠᠯ ᠢᠶᠠᠷ ᠠᠮᠤᠷᠯᠢᠩᠭᠤᠢ ᠬᠡᠪᠲᠡᠬᠦ ᠠᠵᠡᠢ᠃ ᠲᠡᠭᠦᠨ ᠦ ᠬᠠᠯᠵᠠᠨ ᠳᠠᠭᠵᠠ ᠨᠢ ᠭᠢᠯᠤᠶᠢᠵᠤ᠂ ᠪᠠᠷᠠᠭᠤᠨ ᠭᠠᠷ ᠨᠢ ᠣᠷᠣᠨ ᠤ ᠬᠢ ᠪᠠᠨ ᠤᠷᠳᠤᠭᠤᠷ ᠰᠤᠯᠠ ᠰᠠᠨᠵᠢᠵᠠᠢ᠃ ᠰᠠᠨᠳᠠᠯᠢ ᠶᠢᠨ ᠪᠤᠯᠤᠩ ᠳᠤ ᠬᠡᠵᠢᠶ᠎ᠡ ᠴᠤ ᠶᠤᠮ ᠲᠠᠲᠠᠭᠰᠠᠨ ᠲᠠᠮᠠᠬᠢ ᠠᠯᠢ ᠬᠡᠳᠦᠶᠢᠨ ᠤᠨᠲᠠᠷᠠᠵᠤ ᠣᠷᠬᠢᠵᠠᠢ᠃ ᠪᠦᠭᠦᠳᠡ ᠭᠱᠠᠨ ᠵᠠᠭᠤᠷ᠎ᠠ ᠠᠨᠢᠷ ᠴᠢᠮᠡᠭᠡ ᠦᠭᠡᠢ ᠪᠣᠯᠪᠠ᠃ ᠲᠦᠮᠡᠲᠦ ᠰᠢᠨ᠎ᠡ ᠬᠥᠷᠪᠡᠭᠦᠯᠪᠡ

3        0       

                             13847524386      211429899@qq.com      13847524386   QQ  211429899 蒙ICP备17002503号-1