  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787458
   1251

ᠪᠤᠷᠬᠠᠨ ᠶᠠᠯᠠᠯᠠᠳᠠᠭ ᠶᠤᠮ ᠠ᠋

ᠪᠤᠷᠬᠠᠨ ᠶᠠᠯᠠᠯᠠᠳᠠᠭ ᠶᠤᠮ ᠡ
        5310     
2018-10-02 15:42    
发表于:内蒙古
ᠪᠤᠷᠬᠠᠨ ᠶᠠᠯᠠᠯᠠᠳᠠᠭ ᠶᠤᠮ ᠡ ︵ ᠪᠣᠭᠣᠨᠢ ᠥᠭᠦᠯᠡᠯᠭᠡ ︶ ᠰ ᠊ ᠠᠮᠢᠨ᠎ᠠ --ᠬᠦᠮᠦᠨ ᠭᠡᠭᠴᠢ ᠨᠢ ᠠᠮᠢᠳᠤᠷᠠᠯ ᠠᠴᠠ ᠰᠤᠷᠤᠯᠴᠠᠵᠤ᠂ ᠤᠬᠠᠭᠠᠨ ᠤ ᠤᠴᠢᠭ ᠢ ᠲᠠᠶᠢᠯᠤᠨ᠎ᠠ ᠭᠡᠵᠦ ᠦᠭᠡᠢ ᠶᠤᠮ᠎ ᠪᠣᠯᠪᠠ ᠤᠤ ᠳ᠋ᠠ᠃ ᠪᠢ 47 ᠨᠠᠰᠤᠲᠠᠢ᠂ ᠳᠡᠭᠡᠳᠦ ᠪᠣᠯᠪᠠᠰᠤᠷᠠᠯ ᠡᠵᠡᠮᠰᠢᠭᠰᠡᠨ᠂ ᠡᠬᠡᠨᠡᠷ ᠬᠡᠦᠬᠡᠳ ᠲᠡᠢ ᠨᠢᠭᠡᠨ ᠵᠠᠯᠠᠭᠤ ᠁ ᠁ ᠰᠢᠷᠡᠭᠡᠨ ᠳᠡᠭᠡᠷ᠎ᠡ ᠮᠢᠨᠢ ᠬᠤᠭᠤᠰ ᠰᠢᠯ ᠠᠷᠢᠬᠢ ᠬᠠᠷᠠᠭᠳᠠᠨ᠎ᠠ᠃ ᠥᠪᠡᠷᠲᠡᠭᠡᠨ ᠬᠤᠨᠳᠠᠭᠠᠯᠠᠪᠠ᠃ ᠥᠪᠡᠷ ᠦᠨ ᠡᠷᠬᠡ ᠦᠭᠡᠢ ᠮᠡᠯᠮᠡᠢ ᠨᠢᠯᠪᠤᠰᠤ ᠪᠠᠷ ᠁ 《 ᠥᠷᠥᠰᠢᠶᠡ ᠬᠠᠳᠠᠮ ᠡᠵᠢ ᠮᠢᠨᠢ ᠁》 ---ᠬᠣᠷᠢ ᠵᠢᠭᠠᠬᠠᠨ ᠳᠠᠪᠠᠯᠭᠠᠯᠠᠬᠤ ᠨᠠᠰᠤᠨ ᠳᠤ ᠪᠠᠨ ᠭᠣᠳᠣᠭᠣᠷ ᠰᠢᠷ᠎ᠠ ᠥᠬᠢᠨ ᠳᠦ ᠤᠬᠠᠭᠠᠨ ᠦᠭᠡᠢ ᠳᠤᠷᠠᠯᠠᠵᠤ ᠭᠡᠷᠯᠡᠭᠰᠡᠨ ᠳ᠋ᠡ᠃ ᠡᠯ᠎ᠡ ᠥᠬᠢᠨ ᠣᠳᠣ ᠮᠢᠨᠦ ᠬᠠᠨᠢ᠃ ᠬᠣᠶᠠᠭᠤᠯᠠ ᠪᠠᠨ ᠬᠥᠲᠦᠯᠦᠯᠴᠡᠵᠦ ᠭᠦᠶᠦᠭᠡᠳ᠂ ᠠᠮᠢᠳᠤᠷᠠᠯ ᠭᠡᠬᠦ ᠥᠨᠳᠥᠷ ᠪᠣᠱᠤᠭ᠎ᠠ ᠤᠷᠤᠭᠤ ᠠᠯᠬᠤᠭᠰᠠᠨ᠃ ᠭᠤᠴᠢᠨ ᠨᠠᠰᠤ ᠱᠦᠷᠭᠦᠬᠦ ᠬᠠᠪᠢᠴᠠᠭ᠎ᠠ ᠬᠠᠨᠢ ᠢᠵᠢᠯᠢ ᠦᠷ᠎ᠡ ᠬᠡᠦᠬᠡᠳ ᠬᠡᠳᠦᠶᠢᠨ ᠬᠡᠪ ᠦᠨ ᠪᠠᠶᠢᠬᠤ ᠶᠣᠰᠣᠲᠠᠢ ᠮᠡᠲᠦ ᠰᠠᠨᠠᠭᠳᠠᠵᠤ᠂ ᠠᠮᠢᠳᠤᠷᠠᠯ ᠦᠶ᠎ᠡ ᠦᠶ᠎ᠡ ᠪᠠᠷᠵᠠᠶᠢᠵᠤ᠂ ᠢᠷᠡᠬᠦ ᠢᠷᠡᠬᠦ ᠨᠠᠮᠤᠷ ᠤᠳ ᠤᠭᠲᠤᠭᠰᠠᠭᠠᠷ ᠁ ᠡᠬᠡᠨᠡᠷ ᠮᠢᠨᠢ ᠠᠶᠢᠯ ᠤᠨ ᠪᠠᠭ᠎ᠠ ᠥᠬᠢᠨ ᠪᠣᠯᠤᠭᠠᠳ ᠴᠤ ᠲᠡᠷᠡ ᠦᠦ ᠶᠡᠬᠡ ᠳᠤᠷ᠎ᠠ ᠪᠠᠷ ᠢᠶᠠᠨ ᠪᠠᠰᠠ ᠠᠭᠠᠰᠢ ᠲᠠᠢ ᠯᠠ ᠳ᠋ᠠ᠃ ᠵᠠᠷᠢᠮ ᠳᠤ ᠪᠠᠨ ᠲᠡᠪᠴᠢᠬᠦ ᠶᠢᠨ ᠠᠷᠭ᠎ᠠ ᠦᠭᠡᠢ᠃ ᠪᠢ ᠴᠤ ᠡᠮᠦᠨ᠎ᠡ ᠡᠴᠡ ᠨᠢ ᠬᠡᠷᠡᠯᠳᠦᠨ᠎ᠡ᠂ ᠬᠠᠰᠬᠢᠷᠤᠨ᠎ᠠ᠂ ᠵᠠᠷᠢᠮ ᠳᠤ ᠪᠠᠨ ᠪᠦᠷ ᠭᠠᠷ ᠬᠦᠷᠴᠢᠬᠡᠳᠡᠭ ᠪᠠᠶᠢᠪᠠ᠃ ᠡᠨᠡ ᠨᠢ ᠳᠠᠭᠠᠭᠠᠮᠵᠢᠷᠠᠭᠰᠠᠭᠠᠷ ᠵᠢᠭᠠᠬᠠᠨ ᠠᠭᠤᠷ ᠯᠠ ᠬᠦᠷᠪᠡᠯ ᠬᠠᠨᠢ ᠳ᠋ᠠᠭᠠᠨ ᠣᠮᠣᠭᠳᠠᠨ ᠬᠠᠰᠬᠢᠷᠴᠣ᠂ ᠬᠠᠮᠢᠭ᠎ᠠ ᠬᠠᠮᠢᠶ᠎ᠠ ᠦᠭᠡᠢ ᠲᠠᠭᠠᠷᠠᠭᠰᠠᠨ ᠵᠦᠢᠯ ᠢᠶᠡᠷ ᠢᠶᠡᠨ ᠴᠣᠬᠢᠴᠢᠬᠠᠳᠠᠭ ᠪᠣᠯᠴᠢᠬᠠᠵᠠᠢ᠃ ᠳᠤᠷᠤᠮᠵᠢᠯᠠᠬᠤ ᠭᠤᠲᠤᠭᠠᠬᠤ ᠪᠣᠯ ᠡᠨᠡᠦᠬᠡᠨ ᠳᠦ ᠁ ᠥᠪᠡᠷ ᠢᠶᠡᠨ ᠴᠤ ᠲᠡᠷᠡ ᠲᠠᠮᠠᠯᠤᠯ᠎ ᠢᠶᠡᠨ ᠪᠠᠶᠢᠬᠤ ᠶᠣᠰᠣᠲᠠᠢ ᠮᠡᠲᠦ ᠡᠨᠳᠡᠭᠦᠷᠡᠵᠦ ᠶᠠᠪᠤᠵᠠᠢ᠃ ᠡᠮᠡᠭᠲᠡᠢ ᠬᠥᠮᠦᠨ ᠳ᠋ᠦ ᠲᠡᠷᠡ ᠲᠤᠰᠤᠮ ᠢᠶᠠᠨ ᠡᠬᠡᠨᠡᠷ ᠲᠦ ᠪᠡᠨ ᠬᠠᠲᠠᠭᠤ ᠭᠠᠷ ᠢ ᠬᠦᠷᠲᠡᠭᠡᠬᠦ ᠪᠡᠨ ᠶᠠᠭᠤᠮᠠᠨ ᠴᠢᠨᠡᠭᠡ ᠪᠣᠳᠣᠭᠰᠠᠨ ᠦᠭᠡᠢ ᠳ᠋ᠡ ᠁ ᠠᠢ ᠬᠥᠭᠡᠷᠦᠬᠦᠢ ᠁ ---ᠣᠳᠣ ᠠᠴᠠ 4 ᠵᠢᠯ ᠦᠨ ᠡᠮᠦᠨ᠎ᠡ ᠬᠠᠳᠠᠮ ᠡᠵᠢ ᠶᠢᠨ ᠪᠡᠶ᠎ᠡ ᠮᠠᠭᠤᠳᠠᠯ᠎ᠠ᠃ ᠪᠦᠭᠦᠳᠡ ᠣᠴᠢᠪᠠ᠃ ᠭᠡᠲᠡᠯ᠎ᠡ ᠵᠥᠪᠬᠡᠨ ᠨᠠᠳᠠ ᠲᠠᠢ ᠠᠭᠤᠯᠵᠠᠬᠤ ᠶᠢ ᠡᠪᠡᠳᠴᠢᠲᠡᠢ ᠬᠡᠪᠲᠡᠷᠢ ᠳᠦ ᠪᠠᠶᠢᠭ᠎ᠠ ᠲᠡᠷᠡ ᠬᠥᠭᠰᠢᠨ ᠬᠦᠰᠡᠭᠰᠡᠨ ᠨᠢ ᠶᠡᠬᠡ ᠯᠠ ᠴᠣᠴᠢᠷᠳᠠᠭᠤᠯᠵᠤ ᠪᠢᠯᠡ᠃ ᠨᠢᠳᠦᠨ ᠳᠦ ᠪᠡᠨ ᠳᠦᠭᠦᠷᠡᠩ ᠨᠢᠯᠪᠤᠰᠤ ᠲᠠᠢ ᠨᠠᠳᠠ ᠤᠷᠤᠭᠤ ᠰᠢᠷᠲᠡᠵᠦ ᠪᠠᠢᠭᠠᠳ ᠡᠶᠢᠨᠬᠦᠦ ᠬᠡᠯᠡᠭᠰᠡᠨ ᠶᠤᠮ ᠳ᠋ᠠ᠃ ᠁《 ᠬᠦᠷᠭᠡᠨ ᠮᠢᠨᠢ᠂ ᠬᠦᠦ ᠮᠢᠨᠢ ᠳ᠋ᠡ᠃ ᠡᠳᠦᠷ ᠬᠣᠨᠣᠭ ᠢᠶᠠᠨ ᠬᠦᠯᠢᠶᠡᠭᠰᠡᠨ ᠬᠥᠭᠰᠢᠨ ᠪᠢ ᠣᠳᠣ ᠶᠠᠭᠤ ᠬᠦᠰᠡᠵᠦ ᠪᠤᠢ ᠶᠢ ᠮᠡᠳᠡᠬᠦ ᠦᠦ᠃ ᠴᠢᠮ᠎ᠠ ᠶᠢ ᠠᠪᠤᠭᠠᠳ ᠬᠠᠮᠲᠤ ᠳᠤ ᠪᠠᠨ ᠠᠪᠰᠠᠨ ᠳᠤ ᠪᠠᠨ ᠣᠷᠣᠮᠠᠷ ᠪᠠᠶᠢᠨ᠎ᠠ》 ᠭᠡᠬᠦ ᠳᠦ ᠨᠢ ᠭᠡᠨᠡᠳᠲᠡ ᠮᠢᠨᠦ ᠵᠢᠷᠦᠬᠡ ᠰᠠᠯᠭᠠᠨᠠᠴᠢᠬᠠᠯ᠎ᠠ᠃ ᠲᠡᠷᠡᠪᠡᠷ ᠴᠠᠰᠢ ᠨᠢ᠂ 《ᠪᠢ ᠠᠮᠤᠷ ᠨᠢᠳᠦ ᠠᠨᠢᠵᠤ ᠴᠢᠳᠠᠬᠤ ᠦᠭᠡᠢ ᠨᠢ᠃ ᠴᠢᠮ᠎ᠠ ᠳᠤ ᠮᠠᠰᠢ ᠶᠡᠬᠡ ᠭᠣᠮᠣᠳᠠᠬᠤ ᠶᠤᠮ᠃ ᠶᠠᠭᠠᠬᠢᠵᠤ ᠬᠠᠶᠢᠷᠠᠯᠠᠵᠤ ᠥᠰᠬᠡᠭᠰᠡᠨ ᠥᠬᠢᠨ ᠪᠢᠯᠡ ᠳ᠋ᠡ᠃ ᠳᠥᠷᠪᠡᠨ ᠬᠠᠨ᠎ᠠ ᠲᠠᠢ ᠭᠡᠷ ᠲᠤ᠂ ᠬᠦᠢᠲᠡᠨ ᠡᠪᠦᠯ ᠦᠨ ᠰᠥᠨᠢ ᠥᠬᠢᠨ ᠢᠶᠡᠨ ᠬᠠᠭᠤᠷᠠᠶᠢᠯᠠᠬᠤ ᠳᠤ ᠪᠠᠨ ᠳᠠᠭᠠᠷᠠᠴᠢᠬᠠᠬᠤ ᠪᠤᠢ ᠭᠡᠵᠦ ᠪᠤᠷᠬᠠᠨ ᠳᠤ ᠣᠳᠤᠭᠰᠠᠨ ᠡᠪᠦᠭᠡᠨ ᠮᠠᠨᠢ ᠬᠥᠨᠵᠢᠯᠡ ᠪᠡᠨ ᠲᠣᠯᠣᠭᠠᠢ ᠳᠡᠭᠡᠭᠦᠷ ᠢᠶᠡᠨ ᠨᠥᠮᠥᠷᠴᠥ᠂ ᠲᠡᠷᠡ ᠳᠤᠯᠠᠭᠠᠬᠠᠨ ᠬᠥᠨᠵᠢᠯᠡ ᠶᠢᠨ ᠢᠯᠴᠢᠨ ᠳᠦ ᠨᠢ ᠥᠬᠢᠨ ᠢᠶᠡᠨ ᠬᠠᠭᠤᠷᠠᠶᠢᠯᠠᠳᠠᠭ ᠪᠠᠶᠢᠭᠰᠠᠨ᠃ ᠡᠪᠡᠳᠦᠴᠢᠬᠡᠬᠦ ᠪᠤᠢ᠂ ᠵᠣᠪᠠᠴᠢᠬᠠᠬᠤ ᠪᠤᠢ ᠭᠡᠵᠦ ᠡᠪᠦᠭᠡᠨ ᠪᠢᠳᠡ ᠬᠣᠶᠠᠷ ᠬᠠᠶᠢᠷ᠎ᠠ ᠶᠢᠨ ᠳᠡᠭᠡᠳᠦ ᠪᠡᠷ ᠪᠥᠭᠡᠴᠡᠶᠢᠯᠡᠵᠦ ᠥᠰᠬᠡᠭᠰᠡᠨ ᠳ᠋ᠡ᠃ ᠲᠡᠷᠡ ᠵᠢᠭᠠᠬᠠᠨ ᠬᠥᠯ᠂ ᠠᠯᠠᠭ᠎ᠠ ᠶᠢᠨ ᠴᠢᠨᠡᠭᠡᠬᠡᠨ ᠴᠢᠷᠠᠢ᠂ ᠠᠭᠠᠰᠢᠯᠠᠵᠤ ᠢᠨᠢᠶᠡᠵᠦ ᠪᠤᠢ ᠨᠢ ᠣᠳᠣ ᠴᠤ ᠨᠢᠯᠬ᠎ᠠ ᠪᠠᠷ ᠢᠶᠠᠨ᠃ ᠭᠡᠲᠡᠯ᠎ᠡ ᠴᠢ ᠶᠠᠭᠠᠬᠢᠵᠤ ᠬᠠᠲᠠᠭᠤ ᠭᠠᠷ ᠬᠦᠷᠲᠡᠭᠡᠵᠦ᠂ ᠬᠠᠷᠢᠶᠠᠯ ᠢᠶᠡᠷ ᠲᠠᠮᠤᠯᠠᠵᠤ ᠵᠣᠪᠠᠭᠠᠵᠤ ᠴᠢᠳᠠᠵᠤ ᠪᠠᠢᠨ᠎ᠠ ᠡ᠃ ᠴᠢᠨᠤ ᠭᠠᠷ ᠤᠨ ᠡᠳᠡᠭᠦᠷ ᠪᠣᠯᠭᠠᠬᠤ ᠭᠡᠵᠦ ᠥᠬᠢᠨ ᠢᠶᠡᠨ ᠥᠰᠬᠡᠭᠡ ᠤᠤ᠃ ᠥᠬᠢᠨ ᠮᠠᠨᠢ ᠶᠡᠬᠡ ᠵᠣᠪᠠᠯᠠᠩ ᠢ ᠨᠠᠳᠠ ᠠᠴᠠ ᠨᠢᠭᠤᠳᠠᠭ᠃ ᠭᠡᠪᠡᠴᠦ ᠡᠬᠡ ᠶᠢᠨ ᠰᠡᠳᠬᠢᠯ ᠮᠡᠳᠡᠳᠡᠭ ᠶᠤᠮ᠃ ᠲᠡᠷᠲᠡᠭᠡ ᠣᠳᠤᠭᠰᠠᠨ ᠠᠪᠤ ᠨᠢ ᠲᠩᠷᠢ ᠶᠢᠨ ᠣᠷᠣᠨ ᠠᠴᠠ ᠴᠢᠨᠤ ᠦᠢᠯᠡᠳᠦᠯ ᠪᠦᠬᠦᠨ ᠢ ᠬᠠᠷᠠᠭᠠᠳ ᠶᠠᠭᠠᠬᠢᠵᠤ ᠭᠣᠮᠣᠳᠠᠵᠤ ᠪᠤᠢ ᠪᠣᠯ ᠳ᠋ᠠ ᠁ ᠡᠴᠢᠭᠡ ᠶᠢᠨ ᠠᠯᠠᠭᠠᠨ ᠳᠤ ᠪᠠᠭᠳᠠᠭᠰᠠᠨ ᠲᠡᠷᠡ ᠵᠢᠭᠠᠯᠬᠠᠨ ᠪᠡᠶ᠎ᠡ ᠶᠢ ᠨᠢ ᠬᠥᠬᠡ ᠡᠷᠢᠶᠡᠨ ᠴᠢᠰᠤ ᠪᠠᠷ ᠪᠤᠳᠤᠴᠢᠬᠠᠭᠠᠳ ᠴᠢ ᠡᠷ᠎ᠡ ᠬᠦᠮᠦᠨ ᠦᠦ᠃ ᠵᠠ ᠶᠠᠭᠠᠬᠢᠬᠤ ᠪᠤᠢ ᠡᠨᠡ ᠮᠢᠨᠦ ᠡᠴᠦᠰ ᠦᠨ ᠬᠠᠲᠠᠭᠤ ᠦᠭᠡ᠃ ᠡᠷᠢᠶᠡᠨ ᠲᠡᠢ ᠪᠠᠷᠠᠭᠠᠨ ᠲᠠᠢ ᠵᠠᠮᠢᠯᠠᠨ ᠳᠤ ᠬᠠᠨᠢ ᠪᠠᠨ ᠣᠯᠵᠤ ᠴᠢᠳᠠᠭ᠎ᠠ ᠦᠭᠡᠢ ᠮᠢᠨᠦ ᠥᠬᠢᠨ ᠢ ᠡᠵᠡ ᠲᠣᠰᠤᠭᠰᠠᠨ ᠪᠠᠶᠢᠬᠤ᠃ ᠭᠡᠬᠦ ᠳᠦ ᠪᠡᠨ ᠬᠠᠶᠢᠷ᠎ᠠ ᠶᠢᠨ ᠠᠵᠠ ᠭᠡᠵᠦ ᠪᠤᠢ ᠬᠦᠷᠭᠡᠨ ᠮᠢᠨᠢ ᠁ ᠬᠣᠷᠸ᠎ᠠ ᠶᠢᠨ ᠵᠢᠮ᠎ᠠ ᠪᠠᠷ ᠪᠢ ᠣᠳᠣ ᠪᠤᠴᠠᠨ᠎ᠠ᠃ ᠥᠬᠢᠨ ᠤ ᠬᠢ ᠪᠠᠨ ᠮᠠᠷᠭᠠᠰᠢ ᠨᠥᠭᠥᠭᠡᠳᠦᠷ ᠢ ᠪᠣᠳᠣᠬᠤ ᠪᠠᠷ ᠰᠡᠳᠬᠢᠯ ᠢᠲᠡᠭᠡᠯ ᠨᠢ ᠮᠡᠯᠮᠡᠢ ᠶᠢ ᠮᠢᠨᠢ ᠠᠨᠢᠭᠤᠯᠵᠤ ᠴᠢᠳᠠᠬᠤ ᠦᠭᠡᠢ ᠨᠢ᠃ ᠴᠢᠮ᠎ᠠ ᠳᠤ ᠭᠣᠮᠣᠳᠠᠬᠤ ᠡᠯ᠎ᠡ ᠪᠦᠭᠦᠳᠡ ᠶᠢ ᠲᠡᠭᠡᠭᠡᠭᠡᠳ ᠲᠩᠷᠢ ᠶᠢᠨ ᠣᠷᠣᠨ ᠳᠤ ᠬᠥᠭᠰᠢᠨ ᠲᠡᠢ ᠪᠡᠨ ᠠᠭᠤᠯᠵᠠᠬᠤ ᠪᠠᠷ ᠮᠢᠨᠦ ᠶᠠᠭᠤ ᠭᠡᠵᠦ ᠬᠡᠯᠡᠬᠦ ᠶᠢ ᠮᠡᠳᠡᠵᠦ ᠪᠠᠶᠢᠨ᠎ᠠ ᠤᠤ᠃ ᠪᠦᠰᠡᠭᠦᠢ ᠬᠦᠮᠦᠨ ᠢ ᠲᠠᠷᠴᠢᠯᠠᠭᠠᠬᠤ ᠲᠤᠰᠤᠮ ᠪᠤᠷᠬᠠᠨ ᠴᠢᠮ᠎ᠠ ᠶᠢ ᠶᠠᠯᠠᠯᠠᠳᠠᠭ ᠶᠤᠮ ᠰᠢᠦ ᠳ᠋ᠡ᠃ ᠠᠴᠢ᠂ ᠵᠢᠭᠡ ᠨᠠᠷ ᠤᠨ ᠮᠢᠨᠢ ᠡᠴᠢᠭᠡ ᠶᠤᠮ ᠪᠣᠯᠬᠣᠷ ᠴᠢᠮ᠎ᠠ ᠳᠤ ᠬᠣᠷᠣᠰᠴᠤ᠂ ᠦᠵᠡᠨ ᠶᠠᠳᠠᠬᠤ ᠦᠭᠡᠢ ᠡ᠃ ᠭᠡᠬᠦ ᠳᠦ ᠪᠡᠨ ᠥᠬᠢᠨ ᠢᠶᠡᠨ ᠪᠣᠳᠣᠬᠤ ᠪᠠᠷ ᠴᠢᠮ᠎ᠠ ᠲᠠᠢ ᠯᠠ ᠬᠠᠮᠲᠤ ᠲᠡᠰᠢ ᠪᠡᠨ ᠶᠠᠪᠤᠮᠠᠷ ᠪᠤᠢ᠃ ᠮᠠᠷᠭᠠᠰᠢ ᠨᠠᠮ᠎ᠠ ᠶᠢ ᠪᠤᠯᠠᠴᠢᠬᠠᠨ᠎ᠠ᠃ ᠨᠥᠭᠥᠭᠡᠳᠦᠷ ᠥᠬᠢᠨ ᠢ ᠮᠢᠨᠢ ᠲᠠᠷᠴᠢᠯᠠᠭᠠᠪᠠᠯ ᠲᠡᠨᠳᠡ ᠨᠠᠳᠠ ᠳᠤ ᠰᠣᠨᠣᠰᠤᠭᠳᠠᠨ᠎ᠠ᠃ ᠶᠠᠭ ᠢᠩᠭᠢᠵᠦ ᠪᠣᠳᠣᠭᠠᠳ ᠰᠡᠳᠬᠢᠯ ᠢᠲᠡᠭᠡᠯ ᠨᠢ ᠦᠬᠦᠯ ᠤᠷᠤᠭᠤ ᠴᠢᠷᠬᠦ ᠪᠡᠷ ᠡᠨᠡ ᠮᠡᠯᠮᠡᠢ ᠨᠢ ᠲᠠᠶᠢᠪᠤᠩ ᠠᠨᠢᠵᠤ ᠴᠢᠳᠠᠬᠤ ᠦᠭᠡᠢ ᠲᠠᠷᠴᠢᠯᠠᠨ᠎ᠠ᠃ ᠴᠢ ᠪᠠᠰᠠ ᠨᠠᠮ᠎ᠠ ᠶᠢ ᠴᠤ ᠲᠠᠮᠤᠯᠠᠨ᠎ᠠ᠃ ᠵᠠ ᠲᠡᠭᠡᠭᠡᠳ ᠭᠠᠷ ᠳ᠋ᠠ ᠁》 ᠭᠡᠵᠦ ᠬᠡᠯᠡᠵᠦ ᠪᠢᠯᠡ᠃ ᠡᠶᠢᠨᠬᠦᠦ ᠤᠳᠠᠭᠰᠠᠨ ᠦᠭᠡᠢ ᠬᠠᠳᠠᠮ ᠡᠵᠢ ᠮᠢᠨᠢ ᠪᠤᠷᠬᠠᠨ ᠪᠣᠯᠤᠭᠰᠠᠨ ᠳ᠋ᠠ᠃ ᠲᠡᠭᠡᠬᠦ ᠳᠦ ᠪᠡᠨ ᠬᠠᠮᠤᠭ ᠤᠨ ᠰᠡᠭᠦᠯ ᠦᠨ ᠠᠮᠠᠨ ᠠᠴᠠ ᠨᠢ ᠭᠠᠷᠤᠭᠰᠠᠨ ᠦᠭᠡ 《 ᠭᠠᠷ ᠳ᠋ᠡ ᠁》 ----ᠬᠠᠳᠠᠮ ᠡᠵᠢ ᠥᠩᠭᠡᠷᠡᠭᠰᠡᠨ ᠡᠴᠡ ᠬᠣᠶᠢᠰᠢ ᠪᠢ ᠡᠯ᠎ᠡ ᠠᠮᠢᠳᠤᠷᠠᠯ ᠢ ᠲᠡᠷᠡ ᠴᠢᠭ ᠢᠶᠡᠷ ᠨᠢ ᠨᠣᠮ ᠠᠳᠠᠯᠢ ᠤᠩᠰᠢᠬᠤ ᠶᠢ ᠬᠢᠴᠢᠶᠡᠭᠰᠡᠨ᠃ ᠣᠷᠣᠢ ᠤᠷᠤᠭᠤ ᠣᠷᠣᠲᠠᠯ᠎ᠠ ᠵᠢᠷᠦᠬᠡ ᠤᠷᠤᠭᠤ ᠬᠠᠳᠬᠣᠲᠠᠯ᠎ᠠ ᠬᠠᠲᠠᠭᠤ ᠦᠭᠡ ᠬᠡᠯᠡᠭᠡᠳ ᠣᠳᠴᠠᠢ᠃ ᠡᠵᠢ ᠮᠢᠨᠢ ᠁ ᠲᠡᠭᠦᠨ ᠡᠴᠡ ᠬᠣᠶᠢᠰᠢ ᠳᠥᠷᠪᠡᠨ ᠬᠠᠪᠤᠷ ᠤᠯᠠᠷᠢᠵᠠᠢ᠃ ᠬᠠᠨᠢ ᠮᠢᠨᠢ 40 ᠢᠯᠡᠭᠦᠦ ᠨᠠᠰᠤᠨ ᠳᠤ ᠪᠠᠨ ᠨᠢᠷᠠᠶᠢᠯᠠᠵᠤ᠂ ᠭᠠᠷ ᠲᠤ ᠮᠢᠨᠢ ᠭᠠᠩᠭᠠᠩᠳᠠᠬᠤ ᠪᠠᠷ᠂ ᠬᠣᠰᠢᠭᠤᠨ ᠳᠤ ᠮᠢᠨᠢ ᠠᠷᠢᠭᠤᠠᠳᠠᠬᠤ ᠪᠠᠷ ᠬᠥᠭᠡᠷᠦᠬᠦᠨ ᠥᠬᠢᠨ ᠲᠥᠷᠦᠭᠦᠯᠦᠭᠰᠡᠨ᠃ ᠪᠢ ᠡᠬᠡᠨᠡᠷ ᠲᠦ ᠪᠡᠨ ᠭᠠᠷ ᠬᠦᠷᠬᠦ ᠪᠡᠨ ᠪᠦᠷ ᠪᠣᠯᠢᠭᠰᠠᠨ᠃ ᠬᠠᠨᠢ ᠮᠢᠨᠢ ᠠᠭᠠᠰᠢᠯᠠᠭᠠᠳ ᠯᠠ᠂ ᠬᠠᠰᠬᠢᠷᠤᠭᠠᠳ ᠯᠠ᠂ ᠵᠠᠷᠢᠮ ᠳᠤ ᠪᠠᠨ ᠨᠠᠮ᠎ᠠ ᠶᠢ ᠡᠯᠳᠡᠭᠦᠷᠳᠡᠴᠢᠬᠡᠨ᠎ᠡ᠃ ᠬᠠᠷᠢᠨ ᠰᠡᠳᠬᠢᠯ ᠮᠢᠨᠢ ᠨᠠᠳᠠ ᠳᠤ 《 ᠣᠳᠣ ᠴᠢᠨᠦ ᠡᠭᠡᠯᠵᠢ ᠁》ᠬᠡᠮᠡᠨ ᠳᠠᠮᠰᠢᠭᠯᠠᠨ᠎ᠠ᠃ ᠠᠭᠠᠰᠢᠯᠠᠵᠤ ᠭᠥᠵᠢᠭᠦᠳᠯᠡᠴᠢᠬᠡᠭᠡᠳ᠂ ᠰᠥᠨᠢ ᠳᠦ ᠪᠡᠨ ᠬᠦᠢᠲᠡᠨ ᠬᠥᠯ ᠢᠶᠡᠨ ᠭᠤᠶᠠᠨ ᠤ ᠵᠠᠪᠰᠠᠷ ᠬᠠᠪᠴᠢᠭᠤᠯᠤᠭᠠᠳ᠂ ᠳᠤᠯᠠᠭᠠᠬᠠᠨ ᠡᠩᠭᠡᠷ ᠲᠦ ᠮᠢᠨᠢ ᠬᠣᠰᠢᠭᠤ ᠪᠠᠨ ᠨᠠᠭᠠᠭᠠᠳ᠂ ᠲᠠᠶᠢᠪᠤᠩ ᠭᠡᠭᠴᠢ ᠨᠣᠶᠢᠷᠰᠤᠵᠤ ᠪᠤᠢ ᠡᠵᠢ ᠶᠢᠨ ᠥᠬᠢᠨ᠂ ᠠᠪᠤ ᠶᠢᠨ ᠦᠷ᠎ᠡ ᠶᠢ ᠪᠢ ᠶᠠᠭᠠᠬᠢᠵᠤ ᠭᠤᠲᠤᠭᠠᠵᠤ᠂ ᠬᠠᠷᠢᠶᠠᠵᠤ᠂ ᠳᠣᠷᠣᠮᠵᠢᠯᠠᠵᠤ᠂ ᠬᠠᠲᠠᠭᠤ ᠭᠠᠷ ᠢ ᠬᠦᠷᠲᠡᠭᠡᠳᠡᠭ ᠪᠠᠶᠢᠪᠠ ᠡ᠃ ᠪᠣᠯᠳᠠᠭ ᠪᠣᠯ ᠬᠡᠯᠡᠭᠰᠡᠨ ᠠᠮᠠ ᠤᠷᠤᠭᠤ ᠪᠠᠨ ᠪᠠᠭᠠᠰᠤ ᠴᠢᠬᠡᠵᠦ ᠬᠢᠭᠰᠡᠨ ᠦᠢᠯᠡᠳᠦᠯ ᠪᠦᠷᠢ ᠳᠦ ᠪᠠᠨ ᠡᠨᠡ ᠰᠠᠷᠪᠠᠤ ᠶᠢ ᠪᠢᠴᠠᠷᠠᠲᠠᠯ᠎ᠠ ᠨᠢ ᠨᠦᠳᠦᠬᠥ ᠰᠠᠨ ᠳ᠋ᠡ᠃ ᠬᠠᠶᠢᠷᠠᠨ ᠰᠠᠶᠢᠬᠠᠨ ᠣᠨ ᠵᠢᠯ ᠦᠳ ᠲᠦ ᠬᠠᠨᠢ ᠶᠢᠨ ᠢᠶᠠᠨ ᠮᠡᠯᠮᠡᠶᠢᠨ ᠡᠴᠡ ᠬᠠᠷᠠᠮᠰᠠᠯ ᠳᠤ ᠰᠢᠭᠦᠭᠳᠡᠭᠰᠡᠨ ᠭᠠᠰᠢᠭᠤᠨ ᠨᠢᠯᠪᠤᠰᠤ ᠶᠢ ᠬᠡᠴᠢᠨᠡᠨ ᠤᠷᠤᠰᠬᠠᠪᠠ ᠳ᠋ᠠ᠃ ᠪᠤᠷᠬᠠᠨ ᠨᠠᠮ᠎ᠠ ᠶᠢ ᠶᠠᠯᠠᠯᠠᠭ ᠡ ᠬᠠᠮᠢᠶ᠎ᠠ ᠦᠭᠡᠢ ᠪᠢ ᠠᠶᠤᠬᠤ ᠦᠭᠡᠢ ᠡ᠃ ᠬᠠᠲᠠᠭᠤ ᠶᠠᠯ᠎ᠠ ᠶᠢ ᠵᠥᠭᠡᠯᠡᠷᠡᠭᠦᠯᠬᠦ ᠶᠢᠨ ᠲᠤᠯᠠᠳᠠ ᠦᠯᠡᠳᠡᠭᠰᠡᠨ ᠭᠡᠬᠦ ᠠᠮᠢᠳᠤᠷᠠᠯ ᠳᠤ ᠪᠠᠨ ᠬᠢᠴᠢᠶᠡᠨ᠎ᠡ ᠡ᠃ ᠡᠨᠡ ᠮᠢᠨᠦ ᠠᠮᠢᠳᠤᠷᠠᠯ ᠤᠨ ᠲᠣᠮᠣ ᠰᠤᠷᠭᠠᠮᠵᠢ ᠡ᠃ ---《ᠠᠪᠰᠠᠨ ᠳᠤ ᠪᠠᠨ ᠠᠪᠤᠭᠠᠳ ᠣᠷᠣᠴᠢᠬᠠᠮᠠᠷ ᠪᠤᠢ᠃ ᠭᠠᠷ ᠳ᠋ᠠ ᠁》 ᠭᠡᠬᠦ ᠡᠵᠢ ᠲᠠᠨ ᠤ ᠰᠡᠭᠦᠯᠴᠢ ᠶᠢᠨ ᠮᠥᠴᠡ ᠳᠦ ᠬᠡᠯᠡᠭᠰᠡᠨ ᠦᠭᠡ ᠠᠮᠢᠳᠤᠷᠠᠯ ᠳᠤ ᠶᠠᠮᠠᠷ ᠶᠡᠬᠡ ᠤᠬᠠᠭᠠᠷᠠᠯ ᠥᠭᠪᠡ ᠳ᠋ᠡ᠃ ᠬᠡᠵᠢᠶ᠎ᠡ ᠴᠤ ᠣᠶᠢᠯᠠᠭᠠᠬᠤ ᠦᠭᠡᠢ᠂ ᠴᠡᠪᠳᠡᠭᠰᠡᠨ ᠰᠡᠳᠬᠢᠯ ᠳᠦ ᠭᠠᠭᠴᠠᠬᠠᠨ ᠦᠭᠡ ᠡᠶᠢᠨᠬᠦᠦ ᠁ ᠁ ᠲᠠ ᠬᠣᠶᠠᠷ ᠮᠢᠨᠢ ᠲᠩᠷᠢ ᠶᠢᠨ ᠣᠷᠣᠨ ᠠᠴᠠ ᠬᠠᠷᠠᠵᠤ ᠪᠠᠶᠢᠨ᠎ᠠ ᠤᠤ ᠁ ᠠᠮᠠ ᠪᠦᠯᠢ ᠮᠠᠨᠢ ᠨᠡᠮᠡᠭᠳᠡᠭᠡᠳ ᠬᠥᠭᠡᠷᠦᠬᠦᠨ ᠥᠬᠢᠨ ᠲᠠᠢ ᠪᠣᠯᠤᠭᠰᠠᠨ᠃ ᠪᠢᠴᠢᠬᠠᠨ ᠥᠬᠢᠨ ᠤ ᠬᠢ ᠪᠠᠨ ᠲᠡᠷᠡ ᠬᠥᠷ ᠪᠠᠶᠠᠰᠤᠯ ᠢ ᠬᠠᠷᠠᠬᠤ ᠪᠠᠷ ᠲᠣᠮᠣ ᠪᠣᠯᠤᠭᠠᠳ ᠠᠪᠤᠷᠢ ᠠᠷᠬᠢᠷᠠᠭᠰᠠᠨ ᠠᠷᠢᠶᠠᠲᠠᠨ ᠤ ᠭᠠᠷ ᠲᠤ ᠣᠴᠢᠴᠢᠬᠠᠬᠤ ᠶᠤᠮ ᠪᠢᠰᠢ ᠪᠢᠵᠡ ᠬᠡᠮᠡᠨ ᠪᠣᠳᠣᠵᠤ ᠪᠠᠴᠢᠭᠤᠷᠠᠬᠤ ᠳᠤ ᠡᠵᠢ ᠲᠠᠨ ᠤ 《 ᠠᠪᠰᠠᠨ ᠳᠤ ᠪᠠᠨ ᠴᠢᠮ᠎ᠠ ᠶᠢ ᠠᠪᠤᠭᠠᠳ ᠣᠷᠣᠮᠠᠷ ᠁》 ᠭᠡᠬᠦ ᠦᠭᠡ ᠠᠷᠢᠭᠤᠨ ᠪᠠᠶᠢᠵᠠᠢ᠃ --ᠪᠣᠯᠤᠭ᠎ᠠ ᠦᠭᠡᠢ ᠤᠴᠠᠷᠠᠯ ᠳᠤ ᠶᠠᠭᠠᠷᠠᠨ ᠪᠠᠶᠢᠵᠤ ᠢᠷᠡᠭᠡᠳᠦᠢ ᠶᠢᠨ ᠲᠡᠷᠡ ᠬᠦᠷᠭᠡᠨ ᠮᠢᠨᠦ ᠵᠠᠯᠠᠭᠤ ᠨᠠᠰᠤᠨ ᠤ ᠬᠠᠬᠢᠷ ᠢ ᠬᠠᠷᠠᠭᠤᠯᠤᠨ᠎ᠠ ᠭᠡᠵᠦ ᠪᠣᠳᠣᠬᠤ ᠪᠠᠷ ᠯᠠ ᠣᠳᠣ ᠴᠤ ᠠᠯᠠᠯᠴᠠᠬᠤ ᠳᠤ ᠪᠡᠯᠡᠭᠡᠨ᠃ ᠢᠩᠭᠢᠵᠦ ᠯᠠ ᠥᠬᠢᠨ ᠦᠷ᠎ᠡ ᠪᠡᠨ ᠬᠠᠶᠢᠷᠠᠯᠠᠵᠤ ᠬᠠᠮᠠᠭᠠᠯᠠᠵᠤ ᠥᠷᠥᠪᠳᠥᠨ᠎ᠡ᠃ ᠠᠪᠤ᠂ ᠡᠵᠢ᠂ ᠲᠠ ᠬᠣᠶᠠᠷ ᠤᠨ ᠮᠢᠨᠢ ᠡᠶᠢᠮᠦ ᠭᠡᠭᠡᠨ ᠬᠠᠶᠢᠷ᠎ᠠ ᠶᠢ ᠨᠢ ᠪᠢ ᠲᠠᠷᠴᠢᠯᠠᠭᠠᠵᠤ ᠪᠠᠶᠢᠭᠰᠠᠨ ᠭᠡᠵᠦ ᠪᠣᠳᠣᠬᠤ ᠪᠠᠷ ᠁ ᠁ ᠠᠭᠤᠴᠢᠯᠠᠭᠠᠷᠠᠢ ᠪᠠᠰᠠ ᠭᠦᠨ᠎ᠡ ᠥᠷᠥᠰᠢᠶᠡ ᠬᠦᠷᠭᠡᠨ ᠢᠶᠡᠨ ᠁ ᠬᠡᠮᠡᠭᠡᠳ ᠭᠠᠰᠢᠭᠤᠨ ᠠᠷᠢᠬᠢ ᠶᠢ ᠨᠢᠭᠡ ᠬᠥᠨᠲᠦᠷᠦᠴᠢᠬᠡᠪᠡ᠃ --- ᠶᠡᠷᠦᠨᠢ ᠬᠦᠮᠦᠨ ᠭᠡᠭᠴᠢ ᠠᠳᠠᠭ ᠤᠨ ᠠᠷᠠᠨᠰᠢᠨ ᠢᠶᠠᠨ ᠬᠠᠵᠠᠭᠤᠳᠠ ᠬᠢ ᠬᠠᠨᠢ ᠳ᠋ᠠᠭᠠᠨ ᠭᠠᠷᠭᠠᠳᠠᠭ ᠶᠤᠮ ᠪᠢᠯᠡ᠃ ᠬᠠᠲᠠᠭᠤ ᠦᠭᠡ ᠪᠡᠷ ᠳᠠᠭᠠᠷᠢᠵᠤ᠂ ᠬᠠᠷᠭᠢᠰ ᠦᠢᠯᠡᠳᠦᠯ ᠢ ᠦᠵᠡᠭᠦᠯᠳᠡᠭ᠃ ᠭᠡᠲᠡᠯ᠎ᠡ ᠲᠡᠷᠡ ᠮᠢᠨᠢ ᠡᠵᠢ᠂ ᠠᠪᠤ ᠶᠢᠨ ᠠᠮᠢᠨ ᠰᠦᠨᠡᠰᠦ ᠰᠢᠭ ᠢᠶᠡᠨ ᠬᠠᠶᠢᠷᠠᠯᠠᠵᠤ ᠥᠰᠬᠡᠭᠰᠡᠨ᠂ ᠬᠠᠶᠢᠷ᠎ᠠ ᠰᠢᠩᠭᠡᠭᠰᠡᠨ᠂ ᠳᠡᠯᠪᠢ ᠨᠢ ᠭᠦᠢᠴᠡᠵᠦ ᠥᠩᠭᠡ ᠠᠯᠠᠭᠯᠠᠭᠰᠠᠨ᠂ ᠦᠨᠦᠷᠲᠦ ᠰᠠᠶᠢᠬᠠᠨ ᠴᠡᠴᠡᠭᠡᠰ ᠢ ᠨᠢ ᠠᠷᠠᠴᠢᠭ᠎ᠠ ᠦᠭᠡᠢ ᠪᠢᠳᠡᠨ ᠡᠷᠡᠴᠦᠳ ᠯᠠ ᠨᠢᠭᠡ ᠨᠢᠭᠡ ᠪᠡᠷ ᠨᠢ ᠳᠡᠯᠪᠢ ᠶᠢ ᠨᠢ ᠲᠠᠰᠤᠯᠬᠤ ᠦᠭᠡᠢ ᠪᠦᠷ ᠴᠢᠮᠬᠢ ᠴᠢᠮᠬᠢ ᠪᠡᠷ ᠲᠠᠰᠤᠷ ᠲᠠᠲᠠᠵᠤ᠂ᠲᠠᠮᠤᠯᠠᠳᠠᠭ ᠶᠤᠮ ᠪᠠᠶᠢᠨ᠎ᠠ ᠰᠢᠦ ᠳ᠋ᠡ ᠁ --- ᠵᠠᠭᠤᠨ ᠭᠷᠠᠮ ᠲᠠᠲᠠᠴᠢᠬᠠᠭᠠᠳ ᠥᠬᠢᠨ ᠤ ᠬᠢ ᠪᠠᠨ ᠥᠷᠥᠭᠡᠨ ᠳᠦ ᠣᠷᠣᠯ᠎ᠠ᠃ ᠵᠢᠭᠠᠬᠠᠨ ᠨᠢᠯᠬ᠎ᠠ ᠥᠬᠢᠨ ᠦᠷ᠎ᠡ ᠮᠢᠨᠢ ᠦᠨᠡᠭᠡᠴᠢᠯᠡᠨ ᠤᠨᠲᠠᠨ᠎ᠠ᠃ ᠥᠪᠡᠷ ᠦᠨ ᠡᠷᠬᠡ ᠦᠭᠡᠢ ᠦᠷ᠎ᠡ ᠮᠢᠨᠢ᠂ ᠥᠬᠢᠨ ᠮᠢᠨᠢ ᠰᠠᠶᠢᠨ ᠯᠠ ᠬᠦᠮᠦᠨ ᠲᠡᠢ ᠬᠤᠪᠢ ᠵᠠᠶᠠᠭ᠎ᠠ ᠪᠠᠨ ᠬᠣᠯᠪᠣᠭᠠᠷᠠᠢ ᠬᠡᠮᠡᠨ ᠴᠢᠬᠢᠨ ᠳᠦ ᠨᠢ ᠰᠢᠪᠡᠨᠡᠯ᠎ᠡ᠃ --- ᠪᠤᠷᠬᠠᠨ ᠮᠢᠨᠢ ᠬᠠᠨᠢ ᠪᠠᠨ ᠵᠣᠪᠠᠭᠠᠵᠤ ᠪᠠᠶᠢᠭᠰᠠᠨ ᠢ ᠮᠢᠨᠢ ᠬᠠᠲᠠᠭᠤ ᠶᠠᠯᠠᠯᠠᠭᠠᠷᠠᠢ᠃ ᠬᠣᠶᠢᠳᠣ ᠨᠠᠰᠤᠨ ᠤ ᠡᠯ᠎ᠡ ᠰᠢᠳᠬᠡᠯ ᠡᠴᠡ ᠪᠢ ᠵᠢᠭᠤᠲᠠᠬᠤ ᠦᠭᠡᠢ ᠡ᠃ ᠥᠬᠢᠨ ᠢ ᠮᠢᠨᠢ ᠰᠠᠶᠢᠨ ᠯᠠ ᠬᠠᠨᠢ ᠲᠠᠢ ᠪᠣᠯᠭᠠᠵᠤ ᠥᠭᠭᠦᠭᠡᠷᠡᠢ᠃ ᠬᠠᠨᠢ ᠪᠠᠨ ᠬᠠᠬᠢᠷᠳᠠᠭᠰᠠᠨ ᠬᠠᠲᠠᠭᠤ ᠶᠠᠯ᠎ᠠ ᠶᠢ ᠮᠢᠨᠢ ᠨᠠᠳᠠ ᠳ᠋ᠤ ᠡᠭᠦᠷᠦᠭᠦᠯᠵᠦ᠂ ᠬᠠᠷᠢᠭᠤ ᠳ᠋ᠤ ᠨᠢ ᠥᠬᠢᠨ ᠤ ᠮᠢᠨᠢ ᠬᠤᠪᠢ ᠵᠠᠶᠠᠭ᠎ᠠ ᠶᠢ ᠵᠢᠷᠭᠠᠯ ᠢᠶᠠᠷ ᠪᠢᠯᠬᠠᠭᠤᠯᠵᠤ ᠵᠥᠭᠡᠯᠡᠷᠡᠭᠦᠯᠵᠦ ᠥᠭᠭᠦᠭᠡᠷᠡᠢ ᠁ ᠭᠤᠶᠤᠶ᠎ᠠ ᠁ ᠪᠤᠷᠬᠠᠨ ᠮᠢᠨᠢ ᠁ ----ᠡᠵᠢ ᠠᠪᠤ ᠮᠢᠨᠢ ᠥᠷᠥᠰᠢᠶᠡᠭᠡᠷᠡᠢ᠃ ᠬᠡᠵᠢᠶ᠎ᠡ ᠬᠣᠶᠢᠨ᠎ᠠ ᠲᠠ ᠬᠣᠶᠠᠷ ᠳᠡᠭᠡᠷ᠎ᠡ ᠪᠡᠨ ᠣᠴᠢᠬᠤ ᠬᠤᠪᠢ ᠦᠭᠡᠢ ᠴᠤ ᠲᠠᠮᠤ ᠶᠢᠨ ᠶᠠᠯ᠎ᠠ ᠪᠠᠨ ᠪᠦᠷᠢᠨ ᠡᠳ᠋ᠯᠡᠴᠢᠬᠡᠭᠡᠳ ᠨᠢᠭᠤᠷ ᠪᠠᠷᠳᠠᠮ ᠲᠩᠷᠢ ᠶᠢᠨ ᠪᠤᠶᠠᠨ ᠤ ᠬᠠᠭᠠᠯᠭ᠎ᠠ ᠶᠢ ᠲᠣᠭᠰᠢᠬᠤ ᠪᠣᠯᠤᠨ᠎ᠠ ᠡ᠃ ᠁ ᠥᠬᠢᠨ ᠤ ᠮᠢᠨᠢ ᠯᠠ ᠢᠷᠡᠭᠡᠳᠦᠢ ᠶᠢᠨ ᠰᠠᠶᠢᠨ ᠬᠠᠨᠢ ᠶᠢ ᠢᠯᠡᠭᠡᠵᠦ ᠶᠠᠪᠤᠭᠤᠯᠤᠨ᠎ᠠ ᠤᠤ ᠁ ᠥᠬᠢᠨ ᠦᠷ᠎ᠡ ᠮᠢᠨᠢ ᠁ ᠡᠪᠡᠢ ᠳ᠋ᠡ᠃ ᠨᠢᠯᠬ᠎ᠠ ᠪᠡᠷ ᠢᠶᠡᠨ ᠶᠤᠮ ᠰᠢᠦ ᠳ᠋ᠡ᠃ ᠪᠠᠰᠠ ᠬᠠᠨᠢ ᠶᠢᠨ ᠬᠢ ᠪᠠᠨ ᠰᠡᠳᠬᠢᠯ ᠦᠨ ᠬᠢ ᠭᠦᠨ ᠳ᠋ᠤ ᠨᠢ᠂ ᠵᠢᠷᠦᠬᠡᠨ ᠦ ᠬᠢ ᠪᠡᠨ ᠴᠣᠬᠢᠯᠲᠠ ᠶᠢᠨ ᠲᠣᠭ᠎ᠠ ᠪᠡᠷ ᠢᠶᠡᠨ ᠥᠷᠥᠰᠢᠶᠡᠯ ᠡᠷᠢᠨᠡᠮ᠃ ᠲᠦᠮᠡᠲᠦ ᠰᠢᠨ᠎ᠡ ᠬᠥᠷᠪᠡᠭᠦᠯᠪᠡ

15        0       

                             13847524386      211429899@qq.com      13847524386   QQ  211429899 蒙ICP备17002503号-1