  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787195
   1251

ᠬᠤᠷᠳᠤᠨ ᠬᠥᠭ᠍ᠰᠢᠷᠡᠵᠦ᠂ ᠶᠡᠬᠡ ᠡᠪᠡᠳᠦᠮᠡᠷ ᠪᠠᠢᠪᠠᠯ ᠳᠠᠪᠤᠰᠤ ᠲᠠᠢ ᠴᠠᠢ ᠪᠠᠨ ᠰᠠᠢᠨ ᠤᠤᠭᠤᠵᠤ᠂ ᠺᠢᠮᠴᠢ ᠪᠠᠨ ᠵᠥᠩᠳᠡᠭᠡᠨ ᠢᠳᠡᠭᠡᠷᠡᠢ

ᠬᠤᠷᠳᠤᠨ ᠬᠥᠭ᠍ᠰᠢᠷᠡᠵᠦ᠂ ᠶᠡᠬᠡ ᠡᠪᠡᠳᠦᠮᠡᠷ ᠪᠠᠢᠪᠠᠯ ᠳᠠᠪᠤᠰᠤ ᠲᠠᠢ ᠴᠠᠢ ᠪᠠᠨ ᠰᠠᠢᠨ ᠤᠤᠭᠤᠵᠤ᠂ ᠺᠢᠮᠴᠢ ᠪᠠᠨ ᠵᠥᠩᠳᠡᠭᠡᠨ ᠢᠳᠡᠭᠡᠷᠡᠢ
        8107     
2018-09-09 09:29    
发表于:内蒙古
ᠳ᠋ᠣᠺᠲ᠋ᠣᠷ᠂ ᠫᠷᠣᠹᠧᠰᠰᠣᠷ ᠠ᠊ ᠊ ᠮᠥᠩᠬᠡ : ᠬᠤᠷᠳᠤᠨ ᠬᠥᠭ᠍ᠰᠢᠷᠡᠵᠦ᠂ ᠶᠡᠬᠡ ᠡᠪᠡᠳᠦᠮᠡᠷ ᠪᠠᠢᠪᠠᠯ ᠳᠠᠪᠤᠰᠤ ᠲᠠᠢ ᠴᠠᠢ ᠪᠠᠨ ᠰᠠᠢᠨ ᠤᠤᠭᠤᠵᠤ᠂ ᠺᠢᠮᠴᠢ ᠪᠠᠨ ᠵᠥᠩᠳᠡᠭᠡᠨ ᠢᠳᠡᠭᠡᠷᠡᠢ — ᠪ ᠊ ᠪᠠᠲᠤᠴᠡᠴᠡᠭ ᠭᠤᠳᠤᠮᠵᠢ ᠪᠠᠷ ᠳᠦᠭᠦᠷᠡᠩ ᠲᠣᠮᠣ ᠭᠦᠵᠡᠭᠡ ᠲᠡᠢ ᠡᠷᠡᠴᠦᠳ᠃ ᠡᠷᠡᠭᠦᠯ ᠪᠢᠰᠢ ᠪᠠᠶᠢᠭ᠎ᠠ ᠶᠢᠨ ᠯᠠ ᠰᠢᠨᠵᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯ ᠮᠡᠨᠳᠦ ᠶᠢᠨ ᠵᠦᠪᠳᠡᠬᠦ᠂ ᠳ᠋ᠣᠺᠲ᠋ᠣᠷ᠂ ᠫᠷᠣᠹᠧᠰᠰᠣᠷ᠂ ᠠ᠊ ∙ ᠮᠥᠩᠬᠡ᠄ ᠬᠦᠮᠦᠨ ᠲᠥᠷᠥᠯᠬᠢᠲᠡᠨ ᠨᠢᠭᠡ ᠴᠢᠬᠤᠯᠠ ᠵᠦᠢᠯ ᠢ ᠣᠳᠣ ᠪᠣᠯᠲᠠᠯ᠎ᠠ ᠣᠶᠢᠯᠠᠭᠠᠭ᠎ᠠ ᠦᠭᠡᠢ ᠪᠠᠶᠢᠭ᠎ᠠ᠃ ᠡᠪᠡᠳᠴᠢᠨ ᠭᠡᠭᠴᠢ ᠵᠦᠢᠯ ᠵᠦᠭᠡᠷ ᠨᠢᠭᠡ ᠡᠳᠦᠷ ᠭᠡᠨᠡᠳᠲᠡ ᠪᠤᠢ ᠪᠣᠯᠳᠠᠭ ᠦᠭᠡᠢ᠃ ᠠᠮᠧᠷᠢᠺᠠ ᠶᠢᠨ ᠡᠷᠳᠡᠮᠲᠡᠳ ᠦᠨ ᠬᠢᠭᠰᠡᠨ ᠰᠤᠳᠤᠯᠭ᠎ᠠ ᠪᠠᠷ ᠲᠤᠬᠠᠢ ᠶᠢᠨ ᠡᠪᠡᠳᠴᠢᠨ ᠦ ᠡᠬᠢ ᠡᠭᠦᠰᠪᠦᠷᠢ ᠪᠦᠷᠢ 20᠂ 30 ᠵᠢᠯ ᠦᠨ ᠡᠮᠦᠨ᠎ᠡ ᠡᠴᠡ ᠡᠬᠢᠯᠡᠵᠦ᠂ ᠪᠠᠭ᠎ᠠ ᠪᠠᠭ᠎ᠠ ᠪᠠᠷ ᠪᠤᠢ ᠪᠣᠯᠳᠠᠭ ᠢ ᠨᠣᠲᠠᠯᠠᠭᠰᠠᠨ᠃ ᠵᠦᠢᠴᠢᠯᠡᠬᠦ ᠶᠤᠮ ᠪᠣᠯ ᠶᠠᠭ ᠬᠡᠦᠬᠡᠳ ᠦᠳ ᠦᠨ ᠦᠯᠢᠶᠡᠳᠡᠭ ᠠᠭᠠᠷ ᠤᠨ ᠰᠢᠭᠠᠷᠤ ᠰᠢᠭ ᠶᠤᠮ ᠯᠠ ᠳ᠋ᠠ᠃ ᠪᠠᠭ᠎ᠠ ᠪᠠᠭ᠎ᠠ ᠪᠠᠷ ᠬᠡᠶᠢᠯᠡᠭᠡᠳ ᠯᠠ ᠪᠠᠶᠢᠬᠤ ᠪᠠᠷ ᠲᠣᠮᠣᠷᠠᠭᠠᠳ ᠪᠠᠶᠢᠳᠠᠭ᠃ ᠶᠠᠭ ᠡᠭᠦᠨ ᠲᠡᠢ ᠢᠵᠢᠯᠬᠡᠨ ᠠᠯᠢᠪᠠ ᠡᠪᠡᠳᠴᠢᠨ ᠣᠯᠠᠨ ᠵᠢᠯ ᠦᠨ ᠡᠮᠦᠨ᠎ᠡ ᠡᠴᠡ ᠠᠭᠠᠵᠢᠮ ᠠᠭᠠᠵᠢᠮ ᠢᠶᠠᠷ ᠡᠬᠢᠯᠡᠳᠡᠭ᠃ ᠡᠭᠦᠨ ᠢ ᠢᠯᠡᠷᠡᠵᠦ ᠭᠠᠷᠤᠭ᠎ᠠ ᠦᠭᠡᠢ ᠳᠠᠯᠳᠠ ᠡᠪᠡᠳᠴᠢᠨ ᠭᠡᠵᠦ ᠬᠡᠯᠡᠵᠦ ᠪᠠᠰᠠ ᠪᠣᠯᠤᠨ᠎ᠠ᠃ ᠢᠩᠭᠢᠵᠦ ᠶᠠᠪᠤᠭᠰᠠᠭᠠᠷ ᠤᠭ ᠡᠪᠡᠳᠴᠢᠨ ᠨᠢᠭᠡ ᠢᠯᠡᠷᠡᠵᠦ ᠭᠠᠷᠴᠤ ᠢᠷᠡᠬᠦ ᠳᠦ ᠪᠡᠨ ᠰᠢᠭᠤᠳ ᠦᠬᠦᠯ ᠳᠦ ᠬᠦᠷᠭᠡᠳᠡᠭ ᠲᠣᠬᠢᠶᠠᠯᠳᠤᠯ ᠣᠯᠠᠨ ᠪᠤᠢ᠃ ᠵᠠᠷᠢᠮ ᠨᠢ ᠣᠭᠲᠣ ᠮᠡᠳᠡᠭᠳᠡᠬᠦ ᠦᠭᠡᠢ ᠶᠠᠪᠤᠭᠰᠠᠭᠠᠷ ᠬᠦᠨᠳᠦᠷᠡᠴᠢᠬᠡᠳᠡᠭ᠃ ᠶᠡᠷᠦ ᠨᠢ ᠠᠯᠢᠪᠠ ᠡᠪᠡᠳᠴᠢᠨ ᠢ ᠡᠮᠨᠡᠯᠭᠡ ᠳᠦ ᠢᠷᠡᠵᠦ ᠡᠮᠴᠢᠯᠡᠭᠦᠯᠦᠨ᠎ᠡ ᠭᠡᠳᠡᠭ ᠴᠢᠨᠢ ᠥᠪᠡᠷ ᠢᠶᠡᠨ ᠬᠠᠮᠤᠭ ᠤᠨ ᠣᠷᠣᠶᠢᠳᠤᠭᠰᠠᠨ ᠱᠠᠲᠤᠨ ᠤ ᠠᠷᠭ᠎ᠠ ᠬᠡᠮᠵᠢᠶ᠎ᠡ ᠰᠢᠦ ᠳ᠋ᠡ᠃ ᠤᠭ ᠨᠢ ᠪᠣᠯ ᠳᠥᠩᠭᠡᠵᠢ ᠡᠬᠢ ᠡᠭᠦᠰᠪᠦᠷᠢ ᠲᠡᠳᠦᠢ ᠪᠠᠶᠢᠬᠤ ᠦᠶ᠎ᠡ ᠳᠦ ᠨᠢ ᠬᠦᠮᠦᠨ ᠥᠪᠡᠷ ᠢᠶᠡᠨ ᠪᠡᠶ᠎ᠡ ᠳᠦ ᠪᠡᠨ ᠠᠩᠬᠠᠷᠤᠯ ᠲᠠᠯᠪᠢᠭᠠᠳ ᠢᠯᠡᠷᠡᠭᠦᠯᠦᠭᠡᠳ᠂ ᠡᠮᠴᠢᠯᠡᠬᠦ ᠶᠣᠰᠣᠲᠠᠢ ᠶᠤᠮ᠃ ᠵᠢᠱᠢᠶ᠎ᠡ ᠨᠢ ᠰᠣᠯᠣᠩᠭᠣᠰ-ᠠᠮᠧᠷᠢᠺᠠ ᠶᠢᠨ ᠳᠠᠶᠢᠨ ᠤ ᠦᠶ᠎ᠡ ᠳᠦ ᠨᠠᠰᠤ ᠪᠠᠷᠠᠭᠰᠠᠨ 300 ᠴᠡᠷᠢᠭ ᠦᠨ ᠴᠣᠭᠴᠠᠰ ᠲᠤ ᠵᠠᠳᠠᠯᠤᠨ ᠬᠢᠵᠦ᠂ ᠵᠢᠷᠦᠬᠡ ᠶᠢ ᠨᠢ ᠭᠠᠷᠭᠠᠵᠤ ᠦᠵᠡᠬᠦ ᠳᠦ 300 ᠳᠠᠶᠢᠴᠢᠨ ᠤ 70 ᠬᠤᠪᠢ ᠨᠢ ᠵᠢᠷᠦᠬᠡᠨ ᠦ ᠡᠪᠡᠳᠴᠢᠲᠡᠢ᠃ ᠠᠷᠪᠠᠨ ᠬᠤᠪᠢ ᠨᠢ ᠵᠢᠷᠦᠬᠡᠨ ᠦ ᠰᠤᠳᠠᠰᠤ ᠨᠢ 50 ᠪᠤᠶᠤ ᠲᠡᠭᠦᠨ ᠡᠴᠡ ᠳᠡᠭᠡᠭᠰᠢ ᠬᠤᠪᠢ ᠪᠥᠭᠯᠡᠷᠡᠯᠲᠡᠢ ᠪᠣᠯᠴᠢᠬᠠᠭᠰᠠᠨ ᠪᠠᠶᠢᠵᠠᠢ᠃ ᠲᠡᠳᠡᠭᠡᠷ ᠵᠠᠯᠠᠭᠤᠰ ᠪᠥᠭᠥᠳᠡᠭᠡᠷ ᠢᠶᠡᠨ ᠳᠥᠩᠭᠡᠵᠢ 20-22 ᠨᠠᠰᠤᠲᠠᠢ᠂ ᠲᠡᠶᠢᠮᠦ ᠬᠡᠴᠡᠭᠦᠦ ᠵᠢᠷᠦᠬᠡ ᠲᠡᠢ ᠪᠣᠯᠴᠢᠬᠠᠭᠰᠠᠨ ᠮᠥᠷᠲᠡᠯ᠎ᠡ ᠶᠠᠭᠤ ᠴᠤ ᠮᠡᠳᠡᠬᠦ ᠦᠭᠡᠢ ᠳᠠᠶᠢᠨ ᠪᠠᠶᠢᠯᠳᠤᠭᠠᠨ ᠬᠢᠭᠡᠳ ᠶᠠᠪᠤᠵᠤ ᠪᠠᠶᠢᠭᠰᠠᠨ ᠪᠠᠶᠢᠭ᠎ᠠ ᠶᠤᠮ ᠳ᠋ᠠ᠃ ᠡᠨᠳᠡ ᠡᠴᠡ ᠡᠪᠡᠳᠴᠢᠨ ᠭᠡᠳᠡᠭ ᠥᠴᠢᠨᠡᠨ ᠣᠯᠠᠨ ᠵᠢᠯ ᠦᠨ ᠲᠤᠷᠰᠢ ᠣᠭᠲᠣ ᠮᠡᠳᠡᠭᠳᠡᠬᠦ ᠦᠭᠡᠢ ᠳᠠᠯᠳᠠ ᠬᠡᠯᠪᠡᠷᠢ ᠲᠡᠢ᠂ ᠪᠦᠷ ᠡᠴᠦᠰ ᠦᠨ ᠱᠠᠲᠤᠨ ᠳᠤ ᠪᠠᠨ ᠣᠷᠣᠲᠠᠯ᠎ᠠ ᠪᠠᠨ ᠶᠠᠪᠤᠵᠤ ᠪᠣᠯᠳᠠᠭ ᠢ ᠬᠠᠷᠠᠵᠤ ᠪᠣᠯᠤᠨ᠎ᠠ᠃ ᠡᠶᠢᠮᠦ ᠡᠴᠡ ᠪᠢ ᠥᠪᠡᠷ ᠦᠨ ᠢᠶᠡᠨ ᠪᠡᠶ᠎ᠡ ᠶᠢ ᠲᠠ ᠥᠪᠡᠷ ᠢᠶᠡᠨ ᠯᠠ ᠬᠠᠷᠢᠭᠤᠴᠠ᠃ ᠥᠪᠡᠷᠲᠡᠭᠡᠨ ᠬᠠᠯᠠᠮᠵᠢᠲᠠᠢ ᠪᠠᠢ᠃ ᠵᠠᠪᠠᠯ ᠵᠢᠯ ᠳᠦ ᠨᠢᠭᠡ ᠤᠳᠠᠭ᠎ᠠ ᠢᠵᠢ ᠪᠦᠷᠢᠨ ᠡᠷᠡᠭᠦᠯ ᠮᠡᠨᠳᠦ ᠶᠢᠨ ᠦᠵᠡᠯᠭᠡ ᠳᠦ ᠣᠷᠣ ᠭᠡᠵᠦ ᠵᠠᠬᠢᠮᠠᠷ ᠪᠠᠶᠢᠨ᠎ᠠ᠃ ᠥᠨᠥᠳᠥᠷ ᠢᠩᠭᠢᠭᠡᠳ ᠮᠣᠩᠭᠣᠯ ᠳᠤ ᠢᠷᠡᠭᠡᠳ ᠭᠤᠳᠤᠮᠵᠢ ᠪᠠᠷ ᠶᠠᠪᠤᠬᠤ ᠳᠤ ᠳᠠᠩᠳᠠ ᠪᠦᠳᠦᠭᠦᠨ ᠭᠦᠵᠡᠭᠡ ᠲᠡᠢ ᠬᠦᠮᠦᠰ ᠠᠯᠬᠤᠵᠤ ᠪᠠᠶᠢᠨ᠎ᠠ᠃ ᠡᠨᠡ ᠴᠢᠨᠢ ᠴᠠᠭᠠᠨ᠎ᠠ ᠨᠢ ᠡᠷᠡᠭᠦᠯ ᠮᠡᠨᠳᠦ ᠬᠡᠪ ᠦᠨ ᠪᠢᠰᠢ ᠪᠠᠶᠢᠭ᠎ᠠ ᠶᠢ ᠯᠠ ᠬᠡᠯᠡᠭᠡᠳ ᠪᠠᠶᠢᠭ᠎ᠠ ᠶᠤᠮ᠃ ᠶᠠᠫᠣᠨ ᠳᠤ ᠪᠣᠯ ᠲᠥᠷᠥ ᠶᠢᠨ ᠠᠯᠪᠠᠨ ᠬᠠᠭᠠᠭᠴᠢ ᠬᠦᠮᠦᠨ ᠠᠵᠢᠯ ᠳᠤ ᠪᠠᠨ ᠣᠷᠣᠭᠠᠳ ᠨᠢᠭᠡ ᠵᠢᠯ ᠦᠨ ᠳᠠᠷᠠᠭ᠎ᠠ ᠵᠢᠩ ᠨᠡᠮᠡᠵᠦ ᠲᠠᠷᠭᠤᠯᠠᠭᠰᠠᠨ ᠪᠠᠶᠢᠬᠤ ᠶᠤᠮ ᠪᠣᠯ ᠠᠵᠢᠯ ᠤᠨ ᠭᠠᠵᠠᠷ ᠠᠴᠠ ᠨᠢ ᠰᠠᠨᠠᠭᠤᠯᠭ᠎ᠠ ᠥᠭᠳᠡᠭ᠃ ᠤᠴᠢᠷ ᠨᠢ ᠡᠷᠡᠭᠦᠯ ᠮᠡᠨᠳᠦ ᠳᠦ ᠪᠡᠨ ᠠᠩᠬᠠᠷᠤᠯ ᠲᠠᠯᠪᠢᠳᠠᠭ ᠦᠭᠡᠢ ᠬᠦᠮᠦᠨ ᠲᠥᠷᠥ ᠶᠢᠨ ᠠᠯᠪᠠᠨ ᠬᠠᠭᠠᠭᠴᠢ ᠪᠠᠶᠢᠬᠤ ᠶᠣᠰᠣ ᠦᠭᠡᠢ ᠶᠤᠮ ᠪᠠᠶᠢᠨ᠎ᠠ ᠯᠠ ᠳ᠋ᠠ᠃ ᠶᠠᠫᠣᠨᠴᠤᠳ ᠥᠨᠳᠥᠷ ᠨᠠᠰᠤᠯᠠᠯᠲᠠ ᠪᠠᠷ ᠢᠶᠠᠨ ᠳᠡᠯᠡᠬᠡᠢ ᠳᠦ ᠲᠡᠷᠢᠭᠦᠯᠡᠳᠡᠭ ᠭᠡᠳᠡᠭ ᠢ ᠨᠠᠳᠠ ᠪᠠᠷ ᠬᠡᠯᠡᠭᠦᠯᠦᠯᠲᠡ ᠦᠭᠡᠢ ᠪᠦᠭᠦᠳᠡ ᠮᠡᠳᠡᠵᠦ ᠪᠠᠶᠢᠭ᠎ᠠ᠃ ᠳᠤᠮᠳᠠᠴᠢ ᠨᠠᠰᠤᠯᠠᠯᠲᠠ ᠨᠢ 85᠂ 86 ᠪᠠᠶᠢᠭ᠎ᠠ ᠰᠢᠦ ᠳ᠋ᠡ᠃ ᠮᠣᠩᠭᠣᠯ ᠳᠤ ᠪᠣᠯᠬᠣᠷ ᠪᠦᠳᠦᠭᠦᠨ ᠭᠦᠵᠡᠭᠡ ᠲᠡᠢ ᠡᠷᠡᠴᠦᠳ ᠲᠦ 《ᠡᠷᠡᠭᠦᠯ ᠮᠡᠨᠳᠦ ᠪᠡᠨ ᠠᠩᠬᠠᠷᠤᠭᠠᠴᠢ》 ᠭᠡᠬᠦ ᠪᠡᠷ ᠥᠭᠡᠳᠡ ᠡᠴᠡ 《ᠨᠠᠳᠠ ᠳᠤ ᠡᠷᠡᠭᠦᠯ ᠮᠡᠨᠳᠦ ᠡᠴᠡ ᠢᠯᠡᠭᠦᠦ ᠴᠢᠬᠤᠯᠠ ᠠᠵᠢᠯ ᠪᠠᠶᠢᠨ᠎ᠠ᠃ ᠶᠠᠭᠤᠨ ᠲᠡᠷᠡᠨ ᠲᠡᠢ ᠮᠠᠨᠤ ᠲᠠᠢ》 ᠭᠡᠵᠦ ᠬᠠᠷᠢᠭᠤᠯᠳᠠᠭ᠃ ᠬᠦᠮᠦᠨ ᠳ᠋ᠤ ᠡᠷᠡᠭᠦᠯ ᠮᠡᠨᠳᠦ ᠡᠴᠡ ᠢᠯᠡᠭᠦᠦ ᠴᠢᠬᠤᠯᠠ ᠶᠠᠮᠠᠷ ᠠᠵᠢᠯ ᠪᠠᠶᠢᠳᠠᠭ ᠢ ᠪᠢ ᠬᠤᠪᠢ ᠳ᠋ᠠᠭᠠᠨ ᠮᠡᠳᠡᠬᠦ ᠦᠭᠡᠢ᠃ ᠪᠢᠳᠡᠨ ᠦ ᠠᠪᠤ᠂ ᠡᠵᠢ ᠶᠢᠨ ᠦᠶ᠎ᠡ ᠳᠦ ᠡᠷᠡᠭᠦᠯ ᠮᠡᠨᠳᠦ ᠳᠦ ᠪᠡᠨ ᠠᠩᠬᠠᠷᠤᠯ ᠲᠠᠯᠪᠢᠨ᠎ᠠ᠂ ᠡᠷᠡᠭᠦᠯ ᠬᠡᠦᠬᠡᠳ ᠲᠥᠷᠦᠭᠦᠯᠦᠨ᠎ᠡ ᠭᠡᠳᠡᠭ ᠲᠡᠶᠢᠮᠦ ᠣᠶᠢᠯᠠᠭᠠᠯᠲᠠ ᠪᠠᠶᠢᠭ᠎ᠠ ᠦᠭᠡᠢ ᠬᠢᠷᠢᠨ᠎ᠡ ᠠᠵᠠ ᠪᠠᠷ ᠪᠢᠳᠡ ᠨᠠᠷ ᠡᠷᠡᠭᠦᠯ ᠰᠠᠷᠠᠭᠤᠯ ᠲᠥᠷᠦᠵᠥ᠂ ᠡᠷᠡᠭᠦᠯ ᠰᠠᠷᠠᠭᠤᠯ ᠥᠰᠴᠥ ᠪᠣᠶᠢᠵᠢᠵᠠᠭᠠᠭᠰᠠᠨ᠃ ᠲᠡᠶᠢᠮᠦ ᠡᠴᠡ ᠪᠢ ᠥᠪᠡᠷ ᠦᠨ ᠢᠶᠡᠨ ᠦᠶ᠎ᠡ ᠶᠢᠨ ᠬᠢᠨ ᠢ ᠲᠣᠬᠢᠶᠠᠯᠳᠤᠯ ᠤᠨ ᠬᠦᠮᠦᠰ ᠭᠡᠵᠦ ᠨᠡᠷᠡᠯᠡᠵᠦ ᠪᠠᠶᠢᠭ᠎ᠠ ᠶᠤᠮ᠃ ᠡᠷᠡᠭᠦᠯ ᠠᠮᠢᠳᠤᠷᠠᠬᠤ᠂ ᠡᠷᠡᠭᠦᠯ ᠪᠠᠶᠢᠬᠤ ᠲᠠᠯ᠎ᠠ ᠪᠠᠷ ᠶᠠᠮᠠᠷ ᠴᠤ ᠡᠷᠡᠭᠦᠯ ᠮᠡᠨᠳᠦ ᠶᠢᠨ ᠪᠣᠯᠪᠠᠰᠤᠷᠠᠯ᠂ ᠮᠡᠳᠡᠯᠭᠡ ᠪᠠᠶᠢᠭ᠎ᠠ ᠦᠭᠡᠢ ᠬᠢᠷᠢᠨ᠎ᠡ ᠡᠷᠡᠭᠦᠯ ᠬᠡᠦᠬᠡᠳ ᠦᠳ ᠲᠥᠷᠦᠭᠦᠯᠴᠢᠬᠡᠭᠰᠡᠨ ᠤᠴᠢᠷ ᠠᠴᠠ ᠢᠩᠭᠢᠵᠦ ᠨᠡᠷᠡᠯᠡᠵᠦ ᠪᠠᠶᠢᠨ᠎ᠠ᠃ ᠡᠷᠡᠭᠦᠯ ᠮᠡᠨᠳᠦ ᠳᠦ ᠪᠡᠨ ᠠᠩᠬᠠᠷᠤᠯ ᠲᠠᠯᠪᠢᠵᠤ᠂ ᠪᠡᠶ᠎ᠡ ᠪᠡᠨ ᠡᠷᠡᠭᠦᠯ ᠪᠠᠶᠢᠯᠭᠠᠭ᠎ᠠ ᠦᠭᠡᠢ ᠡᠴᠡ ᠡᠷᠡᠭᠦᠯ ᠪᠢᠰᠢ ᠬᠡᠦᠬᠡᠳ ᠲᠥᠷᠦᠭᠦᠯᠵᠦ ᠪᠠᠶᠢᠭ᠎ᠠ ᠨᠢ ᠬᠣᠶᠢᠴᠢ ᠦᠶ᠎ᠡ ᠶᠢᠨ ᠢᠶᠡᠨ ᠡᠮᠦᠨ᠎ᠡ ᠦᠢᠯᠡᠳᠴᠦ ᠪᠠᠶᠢᠭ᠎ᠠ ᠨᠢᠭᠦᠯ ᠲᠠᠨ ᠤ ᠡᠨᠡ ᠦᠭᠡ ᠴᠥᠭᠡᠨ ᠦᠭᠡᠢ ᠡᠴᠢᠭᠡ ᠡᠬᠡ ᠳᠦ ᠶᠡᠬᠡ ᠬᠦᠨᠳᠦ ᠲᠤᠰᠬᠤ ᠪᠠᠶᠢᠬᠤ᠃ ᠬᠦᠮᠦᠨ ᠦ ᠳᠡᠭᠡᠳᠦ ᠬᠦᠰᠡᠯ ᠡᠷᠡᠭᠦᠯ ᠰᠠᠷᠠᠭᠤᠯ ᠬᠡᠦᠬᠡᠳ ᠰᠢᠦ ᠳ᠋ᠡ︖ ᠲᠡᠶᠢᠮᠦ ᠡ᠃ ᠭᠡᠬᠦ ᠳᠦ ᠪᠡᠨ ᠡᠨᠡ ᠪᠣᠯ ᠪᠣᠳᠠᠲᠤ ᠰᠤᠷᠭᠠᠮᠵᠢ᠃ ᠡᠭᠦᠨ ᠡᠴᠡ ᠪᠡᠨ ᠪᠢᠳᠡ ᠰᠤᠷᠭᠠᠮᠵᠢ ᠠᠪᠬᠤ ᠶᠣᠰᠣᠲᠠᠢ᠃ ᠡᠨᠡ ᠦᠶᠡᠰ ᠢᠶᠡᠨ ᠳᠠᠷᠠᠭᠠᠴᠢ ᠶᠢᠨ ᠦᠶ᠎ᠡ ᠬᠦᠷᠲᠡᠯ᠎ᠡ ᠰᠤᠷᠭᠠᠮᠵᠢ ᠪᠣᠯᠭᠠᠵᠤ᠂ ᠤᠬᠠᠭᠠᠷᠠᠵᠤ ᠶᠠᠪᠤᠬᠤ ᠤᠴᠢᠷᠲᠠᠢ᠃ ᠵᠢᠱᠢᠶ᠎ᠡ ᠨᠢ ᠮᠢᠨᠦ ᠮᠡᠳᠡᠬᠦ ᠨᠢᠭᠡ ᠥᠪᠥᠷ ᠮᠣᠩᠭᠣᠯ ᠪᠦᠰᠡᠭᠦᠢ ᠪᠠᠶᠢᠨ᠎ᠠ᠃ ᠬᠣᠶᠠᠷ ᠬᠡᠦᠬᠡᠳ ᠲᠡᠢ᠃ ᠨᠢᠭᠡ ᠥᠬᠢᠨ᠂ ᠨᠢᠭᠡ ᠬᠦᠦ ᠲᠡᠢ᠃ ᠲᠣᠮᠣ ᠬᠡᠦᠬᠡᠳ ᠨᠢ ᠶᠡᠬᠡ ᠰᠠᠶᠢᠬᠠᠨ ᠡᠷᠡᠭᠦᠯ ᠬᠡᠦᠬᠡᠳ᠃ ᠬᠠᠷᠢᠨ ᠬᠣᠶᠠᠷ ᠳᠠᠬᠢ ᠬᠡᠦᠬᠡᠳ ᠢᠶᠡᠨ ᠲᠥᠷᠥᠭᠦᠯᠬᠦ ᠡᠴᠡ ᠪᠡᠨ ᠡᠮᠦᠨ᠎ᠡ ᠲᠠᠷᠭᠤᠯᠠᠵᠤ᠂ ᠨᠡᠯᠢᠶᠡᠨ ᠵᠢᠩ ᠨᠡᠮᠡᠭᠰᠡᠨ᠃ ᠦᠷ᠎ᠡ  ᠳ᠋ᠦᠢᠩ ᠳᠦ ᠨᠢ ᠰᠢᠬᠢᠷ ᠦᠨ ᠰᠢᠵᠢᠩ ᠲᠡᠢ ᠪᠣᠯᠤᠭᠰᠠᠨ᠃ ᠡᠭᠦᠨ ᠢ ᠪᠡᠨ ᠮᠡᠳᠡᠯ ᠦᠭᠡᠢ ᠬᠣᠶᠠᠷ ᠳᠠᠬᠢ ᠬᠡᠦᠬᠡᠳ ᠢᠶᠡᠨ ᠲᠥᠷᠦᠭᠦᠯᠦᠭᠰᠡᠨ᠃ ᠲᠡᠭᠡᠭᠡᠳ ᠶᠠᠭᠠᠬᠢᠭᠰᠠᠨ ᠭᠡᠬᠦᠯᠡᠷ ᠬᠣᠶᠠᠷ ᠳᠠᠬᠢ ᠬᠡᠦᠬᠡᠳ ᠨᠢ ᠲᠥᠷᠥᠯᠬᠢ ᠶᠢᠨ ᠰᠢᠬᠢᠷ ᠦᠨ ᠰᠢᠵᠢᠩ ᠲᠡᠢ ᠲᠦᠷᠦᠭᠰᠡᠨ ᠯᠠ ᠳ᠋ᠡ᠃ ᠣᠳᠣ ᠶᠠᠭᠠᠬᠢᠵᠤ ᠪᠠᠶᠢᠨ᠎ᠠ᠃ ᠡᠳᠦᠷ ᠲᠦ ᠭᠤᠷᠪᠠ ᠠᠴᠠ ᠳᠥᠷᠪᠡᠨ ᠤᠳᠠᠭ᠎ᠠ ᠢᠨᠰᠤᠶᠢᠯᠢᠩ ᠲᠠᠷᠢᠭᠤᠯᠤᠭᠠᠰᠤᠲᠠᠢ᠃ ᠲᠠᠷᠢᠭᠤᠯᠬᠤ ᠦᠭᠡᠢ ᠪᠣᠯ ᠬᠣᠭᠣᠯᠠ ᠪᠠᠨ ᠴᠤ ᠢᠳᠡᠵᠦ ᠴᠢᠳᠠᠬᠤ ᠦᠭᠡᠢ᠃ ᠬᠣᠭᠣᠯᠠ ᠢᠳᠡᠬᠦ ᠡᠷᠬᠡ ᠪᠡᠨ ᠣᠯᠵᠤ ᠠᠪᠬᠤ ᠶᠢᠨ ᠲᠤᠯᠠᠳᠠ ᠵᠠᠪᠠᠯ ᠭᠤᠷᠪᠠ ᠠᠴᠠ ᠳᠥᠷᠪᠡ ᠠᠬᠢᠵᠤ ᠢᠨᠰᠤᠶᠢᠯᠢᠩ ᠲᠠᠷᠢᠭᠤᠯᠳᠠᠭ᠃ ᠡᠨᠡ ᠬᠡᠦᠬᠡᠳ ᠨᠠᠰᠤ ᠪᠠᠷ ᠢᠶᠠᠨ ᠯᠠ ᠢᠩᠭᠢᠵᠦ ᠶᠠᠪᠤᠨ᠎ᠠ᠃ ᠥᠭᠡᠷ᠎ᠡ ᠠᠷᠭ᠎ᠠ ᠪᠠᠶᠢᠬᠤ ᠦᠭᠡᠢ᠃ ᠡᠭᠦᠨ ᠢ ᠯᠠ ᠪᠢ ᠬᠣᠶᠢᠴᠢ ᠦᠶ᠎ᠡ ᠶᠢᠨ ᠢᠶᠡᠨ ᠡᠮᠦᠨ᠎ᠡ ᠦᠢᠯᠡᠳᠴᠦ ᠪᠤᠢ ᠨᠢᠭᠦᠯ᠂ ᠲᠣᠮᠣ ᠰᠤᠷᠭᠠᠮᠵᠢ ᠭᠡᠳ ᠪᠠᠶᠢᠭ᠎ᠠ ᠶᠤᠮ᠃ ᠬᠡᠳᠦᠢ ᠴᠢᠨᠡᠭᠡ ᠬᠢᠴᠢᠶᠡᠨ᠎ᠡ᠂ ᠲᠡᠳᠦᠢ ᠴᠢᠨᠡᠭᠡᠨ ᠲᠠ ᠵᠥᠪ ᠯᠠ ᠠᠮᠢᠳᠤᠷᠠᠨ᠎ᠠ᠃ ᠮᠠᠨ ᠤ ᠥᠪᠥᠷ ᠮᠣᠩᠭᠣᠯ ᠳᠤ ᠴᠤ ᠲᠡᠷᠡ᠂ ᠲᠠᠨ ᠤ ᠠᠷᠤ ᠮᠣᠩᠭᠣᠯ ᠳᠤ ᠴᠤ ᠲᠡᠷᠡ ᠨᠢᠭᠡ ᠨᠡᠶᠢᠲᠡᠯᠢᠭ ᠳᠦᠷᠢ ᠵᠢᠷᠤᠭ ᠢ ᠪᠢ ᠣᠯᠠᠨ ᠤᠳᠠᠭ᠎ᠠ ᠬᠠᠷᠠᠯ᠎ᠠ᠃ ᠡᠨᠡ ᠪᠣᠯ ᠭᠤᠳᠤᠮᠵᠢᠨ ᠳᠤ ᠵᠢᠷᠮᠦᠰᠦᠨ ᠪᠦᠰᠡᠭᠦᠢ ᠵᠠᠶᠢᠷᠮᠠᠭ ᠢᠳᠡᠭᠡᠳ ᠶᠠᠪᠤᠵᠤ ᠪᠠᠶᠢᠭ᠎ᠠ ᠲᠡᠶᠢᠮᠦ ᠨᠢᠭᠡ ᠳᠦᠷᠢ ᠵᠢᠷᠤᠭ᠃ ᠵᠠᠶᠢᠷᠮᠠᠭ ᠢ ᠶᠠᠭᠤ ᠪᠠᠷ ᠬᠢᠳᠡᠭ ᠢ ᠮᠡᠳᠡᠬᠦ ᠦᠦ︖ ᠮᠣᠩᠭᠣᠯᠴᠤᠳ ᠭᠤᠷᠪᠠᠨ ᠴᠠᠭᠠᠨ ᠬᠣᠣᠷ ᠭᠡᠵᠦ ᠶᠠᠷᠢᠳᠠᠭ᠃ ᠳᠠᠪᠤᠰᠤ ᠶᠢ ᠵᠠᠶᠢᠷᠮᠠᠭ ᠲᠤ ᠬᠣᠯᠢᠳᠠᠭ᠃ ᠶᠠᠭᠠᠬᠢᠭᠠᠳ ᠬᠣᠯᠢᠳᠠᠭ ᠭᠡᠭᠡᠴᠢ᠃ ᠵᠠᠶᠢᠷᠮᠠᠭ ᠢ ᠬᠦᠮᠦᠨ ᠢᠳᠡᠬᠦ ᠶᠢᠨ ᠠᠷᠭ᠎ᠠ ᠦᠭᠡᠢ ᠪᠣᠯᠲᠠᠯ᠎ᠠ ᠲᠡᠰ ᠬᠥᠯᠳᠡᠭᠡᠴᠢᠭᠡᠬᠦ ᠦᠭᠡᠢ ᠶᠢᠨ ᠲᠤᠯᠠᠳᠠ ᠳᠠᠪᠤᠰᠤ ᠬᠣᠯᠢᠳᠠᠭ᠃ ᠮᠥᠰᠥ ᠰᠢᠭ ᠪᠣᠯᠤᠭᠠᠳ ᠲᠡᠰ ᠬᠥᠯᠳᠡᠴᠢᠬᠡᠭᠰᠡᠨ ᠵᠠᠶᠢᠷᠮᠠᠭ ᠢ ᠬᠡᠨ ᠴᠤ ᠬᠤᠳᠠᠯᠳᠤᠵᠤ ᠠᠪᠬᠤ ᠦᠭᠡᠢ ᠰᠢᠦ ᠳ᠋ᠡ᠃ ᠰᠡᠭᠦᠯ ᠦᠨ ᠦᠶ᠎ᠡ ᠳᠦ ᠪᠣᠯ ᠳᠠᠪᠤᠰᠤ ᠪᠢᠰᠢ᠂ ᠳᠠᠪᠤᠰᠤ ᠶᠢ ᠣᠷᠣᠯᠠᠭᠤᠯᠤᠭᠴᠢ ᠪᠣᠳᠠᠰ ᠬᠣᠯᠢᠳᠠᠭ ᠪᠣᠯᠴᠢᠬᠠᠭᠰᠠᠨ᠃ ᠣᠷᠣᠯᠠᠭᠤᠯᠤᠭᠴᠢ ᠪᠣᠳᠠᠰ ᠴᠢᠨᠢ ᠥᠪᠡᠷ ᠢᠶᠡᠨ ᠪᠠᠶᠢᠭᠠᠯᠢ ᠶᠢᠨ ᠪᠤᠰᠤ ᠭᠠᠷᠤᠯ ᠲᠠᠢ᠂ ᠬᠢᠮᠢ ᠶᠢᠨ ᠠᠷᠭ᠎ᠠ ᠪᠠᠷ ᠭᠠᠷᠭᠠᠵᠤ ᠠᠪᠤᠭᠰᠠᠨ ᠪᠣᠳᠠᠰ᠃ ᠬᠣᠶᠠᠷ ᠳᠠᠬᠢ ᠨᠢ ᠥᠭᠡᠬᠦ ᠲᠣᠰᠣ ᠪᠤᠶᠤ ᠮᠠᠷᠭᠠᠷᠢᠨ᠃ ᠮᠠᠷᠭᠠᠷᠢᠨ ᠬᠣᠯᠢᠵᠤ ᠪᠠᠶᠢᠵᠤ ᠵᠠᠶᠢᠷᠮᠠᠭ ᠴᠢᠨᠢ ᠥᠪᠡᠷ ᠢᠶᠡᠨ ᠠᠮᠲᠠᠲᠠᠢ ᠪᠣᠯᠳᠠᠭ᠃ ᠠᠮᠲᠠ ᠦᠭᠡᠢ ᠪᠣᠯ ᠬᠦᠮᠦᠨ ᠪᠠᠰᠠ ᠯᠠ ᠢᠳᠡᠬᠦ ᠦᠭᠡᠢ᠃ ᠨᠢᠭᠡ ᠶᠣᠰᠣᠨ ᠤ ᠤᠷᠭᠤᠮᠠᠯ ᠤᠨ ᠲᠣᠰᠣ ᠶᠢ ᠦᠢᠯᠡᠳᠪᠦᠷᠢ ᠶᠢᠨ ᠠᠷᠭ᠎ᠠ ᠪᠠᠷ ᠳᠣᠲᠣᠷ᠎ᠠ ᠨᠢ ᠤᠰᠤᠲᠥᠶᠢᠷᠦᠭᠴᠢ ᠬᠢᠵᠦ᠂ ᠬᠦᠴᠥ ᠪᠡᠷ ᠰᠢᠬᠠᠵᠤ ᠣᠷᠣᠭᠤᠯᠳᠠᠭ᠃ ᠡᠶᠢᠮᠦ ᠵᠠᠶᠢᠷᠮᠠᠭ ᠢ ᠮᠡᠷᠭᠡᠵᠢᠯ ᠦᠨ ᠠᠮᠲᠠ ᠰᠢᠯᠭᠠᠭᠴᠢ ᠬᠦᠷᠲᠡᠯ᠎ᠡ ᠠᠮᠲᠠᠯᠠᠵᠤ ᠦᠵᠡᠭᠡᠳ ᠮᠠᠷᠭᠠᠷᠢᠨ ᠢᠶᠠᠷ ᠣᠷᠣᠯᠠᠭᠤᠯᠤᠭᠰᠠᠨ ᠪᠠᠶᠢᠨ᠎ᠠ ᠭᠡᠵᠦ ᠮᠡᠳᠡᠬᠦ ᠪᠣᠯᠤᠮᠵᠢ ᠦᠭᠡᠢ ᠪᠣᠯᠲᠠᠯ᠎ᠠ ᠨᠢ ᠬᠤᠪᠢᠷᠠᠭᠠᠵᠤ᠂ ᠠᠮᠲᠠ ᠣᠷᠣᠭᠤᠯᠵᠤ ᠥᠭᠳᠡᠭ ᠪᠣᠯᠴᠢᠬᠠᠭᠰᠠᠨ ᠰᠢᠦ ᠳ᠋ᠡ᠃ ᠵᠥᠪᠬᠡᠨ ᠵᠣᠷᠢᠭᠤᠯᠤᠯᠲᠠ ᠶᠢᠨ ᠯᠠᠪᠤᠷᠠᠲ᠋ᠣᠷᠢ ᠳᠤ ᠰᠢᠨᠵᠢᠯᠡᠵᠦ ᠪᠠᠶᠢᠵᠤ ᠮᠡᠳᠡᠬᠦ ᠪᠣᠯᠤᠮᠵᠢ ᠲᠠᠢ᠃ ᠭᠤᠷᠪᠠ ᠳᠠᠬᠢ ᠬᠣᠣᠷ ᠨᠢ ᠮᠡᠳᠡᠭᠡᠵᠢ ᠰᠢᠬᠢᠷ ᠪᠤᠶᠤ ᠰᠠᠬᠠᠷ᠃ ᠶᠡᠬᠡ ᠬᠡᠮᠵᠢᠶᠡᠨ ᠦ ᠰᠢᠬᠢᠷ ᠵᠠᠶᠢᠷᠮᠠᠭ ᠬᠢᠬᠦ ᠳᠦ ᠵᠠᠶᠢᠯᠠᠰᠢ ᠦᠭᠡᠢ ᠣᠷᠣᠨ᠎ᠠ᠃ ᠰᠠᠬᠠᠷ ᠬᠦᠮᠦᠨ ᠦ ᠪᠡᠶ᠎ᠡ ᠳᠦ ᠶᠠᠮᠠᠷ ᠬᠣᠣᠷᠲᠠᠢ ᠶᠢ ᠪᠦᠭᠦᠳᠡ ᠮᠡᠳᠡᠵᠦ ᠪᠠᠶᠢᠭ᠎ᠠ᠃ ᠡᠨᠡ ᠭᠤᠷᠪᠠ ᠠᠴᠠ ᠬᠠᠮᠤᠭ ᠤᠨ ᠠᠶᠤᠯᠲᠠᠢ ᠨᠢ ᠮᠢᠨᠦ ᠲᠦᠷᠦᠭᠦᠨ ᠬᠡᠯᠡᠭᠰᠡᠨ ᠮᠠᠷᠭᠠᠷᠢᠨ᠃ ᠡᠨᠡ ᠪᠣᠯ ᠬᠦᠮᠦᠨ ᠦ ᠪᠡᠶ᠎ᠡ ᠳᠦ ᠦᠨᠡᠬᠡᠷ ᠮᠠᠭᠤ᠃ ᠲᠡᠶᠢᠮᠦ ᠡᠴᠡ ᠡᠶᠢᠮᠦᠷᠬᠡᠦ ᠬᠢᠮᠢ ᠶᠢᠨ ᠠᠷᠭ᠎ᠠ ᠪᠠᠷ ᠭᠠᠷᠭᠠᠵᠤ ᠠᠪᠴᠤ ᠪᠠᠶᠢᠭ᠎ᠠ ᠬᠣᠭᠣᠯᠠ ᠬᠦᠨᠡᠰᠦᠨ ᠡᠴᠡ ᠠᠯᠢ ᠪᠣᠯᠬᠤ ᠲᠠᠲᠠᠭᠠᠯᠵᠠᠵᠤ᠂ ᠥᠪᠡᠷ ᠢᠶᠡᠨ ᠭᠡᠷ ᠲᠦ ᠪᠡᠨ ᠬᠣᠭᠣᠯᠠ ᠪᠠᠨ ᠬᠢᠵᠦ ᠢᠳᠡ ᠭᠡᠵᠦ ᠵᠥᠪᠯᠡᠮᠡᠷ ᠪᠠᠶᠢᠨ᠎ᠠ᠃ ᠮᠡᠳᠡᠭᠡᠵᠢ ᠡᠨᠡ ᠪᠦᠬᠦᠨ ᠢ ᠪᠢᠳᠡ ᠲᠡᠷᠡ ᠳᠣᠣᠷ᠎ᠠ ᠨᠢ ᠡᠶᠡᠷᠭᠦ ᠪᠡᠷ ᠰᠤᠷᠲᠠᠯᠴᠢᠯᠠᠭᠠᠳ ᠦᠭᠡᠶᠢᠰᠬᠡᠴᠢᠬᠡᠵᠦ ᠴᠢᠳᠠᠨ᠎ᠠ᠃ ᠲᠡᠷᠡ ᠰᠢᠭ ᠠᠮᠠᠷᠬᠠᠨ ᠶᠠᠭᠤᠮ᠎ᠠ ᠪᠠᠶᠢᠬᠤ ᠦᠭᠡᠢ᠃ ᠭᠡᠪᠡᠴᠦ ᠴᠠᠭᠠᠨ᠎ᠠ ᠨᠢ ᠲᠠᠨ ᠤ ᠡᠷᠡᠭᠦᠯ ᠮᠡᠨᠳᠦ᠃ ᠡᠶᠢᠮᠦ ᠰᠠᠶᠢᠬᠠᠨ ᠥᠨᠳᠥᠷ ᠬᠥᠭᠵᠢᠯᠲᠡᠢ᠂ ᠪᠦᠬᠦ ᠪᠣᠯᠤᠮᠵᠢ ᠨᠢ ᠨᠡᠭᠡᠭᠡᠯᠲᠡ ᠲᠡᠢ ᠨᠡᠶᠢᠭᠡᠮ ᠳᠦ ᠲᠠ ᠶᠠᠭᠠᠬᠢᠭᠠᠳ ᠡᠷᠡᠭᠦᠯ ᠠᠮᠢᠳᠤᠷᠠᠯ ᠤᠨ ᠬᠡᠪ ᠮᠠᠶ᠋ᠢᠭ ᠢ ᠡᠷᠬᠢᠮᠯᠡᠵᠦ ᠴᠢᠳᠠᠬᠤ ᠦᠭᠡᠢ ᠪᠠᠶᠢᠭ᠎ᠠ ᠶᠤᠮ ᠪᠤᠢ ᠭᠡᠵᠦ ᠬᠦᠮᠦᠰ ᠡᠴᠡ ᠠᠰᠠᠭᠤᠮᠠᠷ ᠪᠠᠶᠢᠨ᠎ᠠ᠃ ᠮᠢᠬ᠎ᠠ ᠪᠠᠷ ᠪᠢᠳᠡ ᠵᠥᠪᠬᠡᠨ ᠬᠣᠭᠣᠯᠠ ᠬᠢᠵᠦ ᠢᠳᠡᠬᠦ ᠶᠣᠰᠣᠲᠠᠢ ᠪᠣᠯᠬᠤ ᠠᠴᠠ ᠲᠤᠰ ᠲᠤ ᠨᠢ ᠳᠠᠩ ᠢᠶᠠᠷ ᠨᠢ ᠴᠢᠨᠠᠵᠤ ᠢᠳᠡᠭᠡᠳ ᠪᠠᠶᠢᠵᠤ ᠪᠣᠯᠬᠤ ᠦᠭᠡᠢ ᠡ ᠳᠡᠯᠡᠬᠡᠢ ᠳᠠᠶᠠᠭᠠᠷ 90 ᠭᠠᠷᠤᠢ ᠵᠦᠢᠯ ᠦᠨ ᠬᠢᠮᠢ ᠶᠢᠨ ᠪᠣᠳᠠᠰ ᠪᠠᠶᠢᠳᠠᠭ ᠠᠴᠠ ᠬᠦᠮᠦᠨ ᠦ ᠪᠡᠶ᠎ᠡ ᠳᠦ ᠶᠡᠷᠦᠳᠡᠭᠡᠨ 20 ᠣᠷᠴᠢᠮ ᠨᠢ ᠵᠠᠶᠢᠯᠠᠰᠢ ᠦᠭᠡᠢ ᠱᠠᠭᠠᠷᠳᠠᠯᠭ᠎ᠠ ᠲᠠᠢ ᠪᠠᠶᠢᠳᠠᠭ᠃ ᠡᠨᠡ 20 ᠭᠠᠷᠤᠢ ᠬᠢᠮᠢ ᠶᠢᠨ ᠪᠣᠳᠠᠰ ᠢ ᠪᠢᠳᠡ ᠦᠷ᠎ᠡ ᠲᠠᠷᠢᠶ᠎ᠠ᠂ ᠡᠰᠡᠪᠡᠯ ᠤᠷᠭᠤᠮᠠᠯ ᠠᠴᠠ ᠯᠠ ᠠᠪᠬᠤ ᠶᠣᠰᠣᠲᠠᠢ᠃ ᠮᠡᠳᠡᠭᠡᠵᠢ ᠠᠩ ᠠᠮᠢᠲᠠᠨ ᠲᠡᠷᠡ ᠤᠷᠭᠤᠮᠠᠯ ᠢ ᠢᠳᠡᠭᠡᠳ᠂ ᠲᠡᠷᠡ ᠠᠮᠢᠲᠠᠨ ᠤ ᠮᠢᠬ᠎ᠠ᠂ ᠰᠥ᠋ ᠍ ᠪᠡᠷ ᠳᠠᠮᠵᠢᠭᠤᠯᠵᠤ ᠪᠢᠳᠡ ᠨᠠᠷ ᠠᠪᠴᠤ ᠪᠣᠯᠤᠨ᠎ᠠ ᠯᠠ ᠳ᠋ᠠ᠃ ᠭᠡᠬᠦ ᠳᠦ ᠪᠡᠨ ᠮᠡᠳᠡᠭᠡᠵᠢ ᠵᠣᠬᠢᠰᠲᠠᠢ ᠬᠡᠮᠵᠢᠶ᠎ᠡ ᠪᠡᠷ ᠰᠢᠦ᠃ ᠪᠢᠳᠡᠨ ᠦ ᠪᠡᠶ᠎ᠡ 20 ᠭᠠᠷᠤᠢ ᠲᠥᠷᠥᠯ ᠦᠨ ᠬᠢᠮᠢ ᠶᠢᠨ ᠪᠣᠳᠠᠰ ᠪᠤᠶᠤ ᠤᠭᠤᠷᠠᠭ᠂ ᠥᠭᠡᠬᠦ᠂ ᠰᠢᠬᠢᠷ᠂ ᠸᠢᠲ᠋ᠠᠮᠢᠨ᠂ ᠡᠷᠦᠳᠡᠰᠦ ᠪᠣᠳᠠᠰ᠂ ᠤᠰᠤᠨ ᠠᠴᠠ ᠪᠦᠲᠦᠳᠡᠭ᠃ ᠡᠵᠢ᠂ ᠠᠪᠤ ᠬᠣᠶᠠᠷ ᠪᠣᠯ ᠪᠢᠳᠡᠨ ᠳᠦ ᠨᠢᠭᠡ ᠨᠢᠭᠡ ᠡᠰ ᠯᠠ ᠥᠭᠭᠦᠭᠰᠡᠨ ᠪᠠᠶᠢᠭ᠎ᠠ᠃ ᠦᠯᠡᠳᠡᠭᠰᠡᠨ ᠢ ᠨᠢ ᠪᠤᠶᠤ ᠳᠡᠭᠡᠷᠡᠬᠢ ᠵᠢᠷᠭᠤᠭᠠᠨ ᠵᠦᠢᠯ ᠢ ᠪᠢᠳᠡ ᠤᠷᠭᠤᠮᠠᠯ᠂ ᠦᠷ᠎ᠡ ᠲᠠᠷᠢᠶᠠᠨ ᠠᠴᠠ ᠠᠪᠬᠤ ᠶᠣᠰᠣᠲᠠᠢ᠃ ᠪᠤᠭᠤᠳᠠᠢ᠂ ᠪᠤᠷᠴᠠᠭ᠂ ᠴᠠᠭᠠᠨ᠂ ᠪᠣᠷᠣ ᠪᠤᠳᠠᠭ᠎ᠠ ᠴᠢᠨᠢ ᠪᠥᠭᠥᠳᠡᠭᠡᠷ ᠢᠶᠡᠨ ᠤᠭᠤᠷᠠᠭ᠃ ᠠᠮᠢᠲᠠᠨ ᠤ ᠭᠠᠷᠤᠯᠲᠠᠢ ᠨᠢ ᠪᠣᠯᠬᠣᠷ ᠮᠠᠯ ᠤᠨ ᠮᠢᠬ᠎ᠠ᠂ ᠰᠥ᠋ ᠪᠣᠯᠤᠭᠠᠳ ᠶᠠᠪᠤᠴᠢᠬᠠᠳᠠᠭ᠃ ᠡᠭᠦᠨ ᠢ ᠪᠡᠨ ᠪᠢᠳᠡ ᠨᠠᠷ ᠬᠣᠭᠣᠯᠠ ᠬᠦᠨᠡᠰᠦᠨ ᠡᠴᠡ ᠪᠡᠨ ᠲᠡᠩᠴᠡᠪᠦᠷᠢᠲᠡᠢ ᠠᠪᠴᠤ ᠴᠢᠳᠠᠳᠠᠭ ᠪᠠᠶᠢᠬᠤ ᠶᠣᠰᠣᠲᠠᠢ᠃ ᠲᠡᠭᠡᠵᠦ ᠪᠠᠶᠢᠵᠤ ᠡᠷᠡᠭᠦᠯ ᠪᠠᠶᠢᠨ᠎ᠠ᠃ ᠪᠢ ᠨᠢᠭᠡ ᠵᠦᠢᠯ ᠢ ᠣᠨᠴᠠᠯᠠᠮᠠᠷ ᠪᠠᠶᠢᠨ᠎ᠠ᠃ ᠵᠠᠷᠢᠮ ᠮᠣᠩᠭᠣᠯ ᠡᠮᠴᠢ ᠨᠠᠷ ᠡᠪᠦᠯ ᠦᠨ ᠤᠯᠠᠷᠢᠯ ᠲᠠᠢ ᠤᠴᠢᠷ ᠠᠴᠠ ᠮᠢᠬ᠎ᠠ ᠪᠠᠨ ᠰᠠᠶᠢᠨ ᠢᠳᠡᠬᠦ ᠬᠡᠷᠡᠭᠲᠡᠢ᠃ ᠲᠡᠷᠡ ᠳᠤᠮᠳᠠ ᠪᠠᠨ ᠪᠦᠷ ᠥᠭᠡᠭᠦᠲᠡᠢ ᠮᠢᠬ᠎ᠠ ᠢᠳᠡᠬᠦ ᠬᠡᠷᠡᠭᠲᠡᠢ ᠭᠡᠵᠦ ᠵᠥᠪᠯᠡᠵᠦ ᠪᠠᠶᠢᠨ᠎ᠠ᠃ ᠡᠨᠡ ᠪᠤᠷᠤᠭᠤ᠃ ᠲᠠ ᠡᠪᠦᠯ ᠦᠨ ᠬᠦᠢᠲᠡᠨ ᠳ᠋ᠤ ᠭᠡᠷ ᠲᠦ ᠠᠮᠢᠳᠤᠷᠠᠭᠠᠳ᠂ ᠮᠣᠷᠢ ᠤᠨᠤᠭᠠᠳ ᠮᠠᠯ ᠢᠶᠠᠨ ᠬᠠᠷᠢᠭᠤᠯᠤᠭᠠᠳ ᠶᠠᠪᠤᠵᠤ ᠪᠠᠶᠢᠭ᠎ᠠ ᠪᠣᠯ ᠥᠭᠡᠭᠦᠲᠡᠢ ᠮᠢᠬ᠎ᠠ ᠢᠳᠡᠵᠦ ᠪᠣᠯᠬᠤ ᠦᠭᠡᠢ ᠪᠢᠰᠢ᠂ ᠪᠣᠯᠤᠨ᠎ᠠ᠃ ᠭᠡᠲᠡᠯ᠎ᠡ ᠲᠠ ᠬᠡᠴᠢᠨᠡᠨ ᠡᠪᠦᠯ ᠪᠣᠯᠳᠠᠭ ᠤᠯᠤᠰ ᠣᠷᠣᠨ ᠳᠤ ᠠᠮᠢᠳᠤᠷᠠᠵᠤ ᠪᠠᠶᠢᠭ᠎ᠠ ᠴᠤ ᠭᠡᠰᠡᠨ ᠬᠣᠲᠠ ᠶᠢᠨ ᠳᠤᠯᠠᠭᠠᠨ ᠣᠹᠢᠰ᠂ ᠳᠤᠯᠠᠭᠠᠨ ᠪᠠᠶᠢᠷᠢᠨ ᠳᠤ ᠰᠠᠭᠤᠴᠢᠬᠠᠭᠠᠳ᠂ ᠭᠠᠷᠬᠤ ᠪᠠᠷ ᠢᠶᠠᠨ ᠮᠠᠰᠢᠨ ᠢᠶᠠᠷ ᠶᠠᠪᠤᠴᠢᠬᠠᠭᠠᠳ᠂ ᠮᠠᠯ ᠤᠨ ᠥᠭᠡᠭᠦᠲᠡᠢ ᠮᠢᠬ᠎ᠠ ᠢᠳᠡᠭᠡᠳ ᠪᠠᠶᠢᠪᠠᠯ ᠡᠷᠡᠭᠦᠯ ᠮᠡᠨᠳᠦ ᠴᠢᠨᠢ ᠮᠠᠭᠤᠳᠠᠵᠤ᠂ ᠡᠪᠡᠳᠴᠢᠨ ᠣᠯᠬᠤ ᠶᠢᠨ ᠯᠠ ᠰᠢᠨᠵᠢ᠃ ᠲᠠᠨ ᠤ ᠠᠮᠢᠳᠤᠷᠠᠵᠤ ᠪᠤᠢ ᠣᠷᠴᠢᠨ ᠡᠷᠡᠰ ᠥᠭᠡᠷᠡᠴᠢᠯᠡᠭᠳᠡᠭᠰᠡᠨ᠃ ᠬᠠᠷᠢᠨ ᠲᠠ ᠥᠪᠡᠷ ᠢᠶᠡᠨ ᠠᠮᠢᠳᠤᠷᠠᠯ ᠢᠶᠠᠨ ᠥᠭᠡᠷᠡᠴᠢᠯᠡᠭᠡ ᠦᠭᠡᠢ ᠪᠠᠶᠢᠭ᠎ᠠ ᠪᠠᠨ ᠤᠶᠢᠯᠠᠭᠠᠬᠤ ᠬᠡᠷᠡᠭᠲᠡᠢ᠃ ᠲᠡᠭᠡᠬᠦ ᠦᠭᠡᠢ ᠪᠢᠳᠡ ᠬᠠᠲᠠᠭᠤ ᠰᠢᠷᠦᠭᠦᠨ ᠠᠭᠤᠷ ᠠᠮᠢᠰᠬᠤᠯ ᠲᠠᠢ ᠭᠠᠵᠠᠷ ᠠᠮᠢᠳᠤᠷᠠᠵᠤ ᠪᠠᠶᠢᠨ᠎ᠠ᠂ ᠬᠡᠢ ᠶᠡᠬᠡ ᠲᠡᠢ ᠪᠠᠶᠢᠨ᠎ᠠ᠂ ᠲᠡᠶᠢᠮᠦ ᠡᠴᠡ ᠮᠢᠬ᠎ᠠ ᠰᠠᠶᠢᠨ ᠢᠳᠡᠶ᠎ᠡ ᠭᠡᠳ ᠥᠭᠡᠭᠦᠲᠡᠢ ᠮᠢᠬ᠎ᠠ ᠢᠳᠡᠭᠡᠳ ᠪᠠᠶᠢᠪᠠᠯ ᠡᠪᠡᠳᠴᠢᠨ ᠦ ᠡᠭᠦᠷ ᠠᠭᠤᠷᠬᠠᠢ ᠪᠣᠯᠬᠤ ᠶᠢᠨ ᠯᠠ ᠡᠬᠢᠯᠡᠯ᠃ ᠮᠣᠩᠭᠣᠯ ᠬᠥᠮᠦᠨ ᠢ ᠪᠤᠰᠤᠳ ᠦᠨᠳᠦᠰᠦᠲᠡᠨ ᠡᠴᠡ ᠲᠤᠰ ᠲᠤ ᠪᠠᠨ ᠳᠠᠩᠳᠠ ᠮᠢᠬ᠎ᠠ ᠢᠳᠡᠵᠦ ᠪᠠᠶᠢᠬᠤ ᠵᠣᠷᠢᠭᠤᠯᠤᠯᠲᠠ ᠲᠠᠢ ᠪᠦᠲᠦᠭᠡᠴᠢᠬᠡᠭᠰᠡᠨ ᠭᠡᠵᠦ ᠬᠡᠨ ᠬᠡᠯᠡᠭᠡᠳ ᠪᠠᠶᠢᠭ᠎ᠠ ᠶᠤᠮ᠃ ᠪᠢ ᠮᠢᠬ᠎ᠠ ᠪᠢᠲᠡᠭᠡᠢ ᠢᠳᠡ ᠭᠡᠵᠦ ᠬᠡᠯᠡᠭᠡ ᠦᠭᠡᠢ᠃ ᠪᠢ ᠥᠪᠡᠷ ᠢᠶᠡᠨ ᠴᠤ ᠮᠠᠯ ᠤᠨ ᠮᠢᠬ᠎ᠠ ᠢᠳᠡᠳᠡᠭ᠃ ᠭᠡᠬᠦ ᠳᠦ ᠪᠡᠨ ᠶᠠᠮᠠᠷ ᠬᠡᠮᠵᠢᠶ᠎ᠡ ᠪᠡᠷ᠂ ᠶᠠᠭᠠᠬᠢᠵᠤ ᠢᠳᠡᠬᠦ ᠪᠤᠢ ᠭᠡᠳᠡᠭ ᠴᠢᠨᠢ ᠥᠪᠡᠷ ᠢᠶᠡᠨ ᠴᠢᠬᠤᠯᠠ ᠰᠡᠳᠦᠪ᠃ ᠮᠢᠬ᠎ᠠ ᠶᠢ ᠨᠣᠭᠣᠭ᠎ᠠ ᠲᠠᠢ ᠬᠣᠯᠢᠵᠤ ᠢᠳᠡᠬᠦ ᠶᠣᠰᠣᠲᠠᠢ᠃ ᠪᠦᠷ ᠭᠤᠯᠢᠷ᠂ ᠴᠠᠭᠠᠨ ᠪᠤᠳᠠᠭ᠎ᠠ ᠲᠠᠢ ᠴᠤ ᠬᠤᠯᠢᠬᠤ ᠶᠣᠰᠣ ᠦᠭᠡᠢ ᠶᠤᠮ ᠰᠢᠦ ᠳ᠋ᠡ᠃ ᠨᠣᠭᠣᠭ᠎ᠠ ᠶᠢ ᠭᠤᠷᠪᠠᠨ ᠮᠢᠨᠦ᠋ᠲ ᠠᠴᠠ ᠢᠯᠡᠭᠦᠦ ᠤᠰᠤᠨ ᠳᠤ ᠪᠤᠴᠠᠯᠭᠠᠬᠤ ᠪᠤᠶᠤ ᠬᠠᠶᠢᠷᠴᠣ᠂ ᠬᠠᠭᠤᠷᠠᠬᠤ ᠶᠤᠮ ᠪᠣᠯ ᠨᠣᠭᠣᠭᠠᠨ ᠳᠤ ᠥᠪᠡᠷ ᠲᠦ ᠨᠢ ᠠᠭᠤᠯᠤᠭᠳᠠᠳᠠᠭ ᠸᠢᠲ᠋ᠠᠮᠢᠨ᠂ ᠤᠭᠤᠷᠠᠭ ᠨᠢ ᠣᠷᠣ ᠮᠥᠷ ᠦᠭᠡᠢ ᠤᠰᠠᠳᠤᠭᠠᠳ ᠠᠯᠠᠭ᠎ᠠ ᠪᠣᠯᠤᠨ᠎ᠠ᠃ ᠺᠢᠮᠴᠢ ᠲᠡᠢ ᠬᠤᠯᠢᠬᠤ ᠶᠤᠮ ᠪᠣᠯ ᠪᠦᠷ ᠶᠠᠭᠤ ᠴᠤ ᠦᠭᠡᠢ ᠬᠣᠣᠷ ᠪᠣᠯᠵᠤ ᠬᠤᠪᠢᠷᠠᠨ᠎ᠠ᠃ ︵ᠮᠢᠨᠦ ᠬᠢᠴᠢᠶᠡᠯ ᠡᠴᠡ ᠵᠠᠪᠠᠯ ᠰᠣᠨᠣᠰᠤᠭᠠᠷᠠᠢ ︶ ᠬᠣᠭᠣᠯᠠ ᠬᠢᠬᠦ ᠲᠣᠰᠣ ᠪᠠᠨ ᠪᠢᠲᠡᠭᠡᠢ ᠤᠳᠠᠭᠠᠨ ᠬᠠᠯᠠᠭ᠎ᠠ᠃ ᠡᠰᠡᠷᠭᠦ ᠪᠡᠷ ᠢᠶᠡᠨ ᠤᠰᠤ ᠪᠠᠨ ᠬᠢᠴᠢᠬᠡᠭᠡᠳ ᠬᠣᠶᠢᠨ᠎ᠠ ᠠᠴᠠ ᠨᠢ ᠲᠣᠰᠣ ᠪᠠᠨ ᠬᠢᠬᠦ ᠬᠡᠷᠡᠭᠲᠡᠢ᠃ ᠲᠡᠭᠡᠭᠡᠳ ᠬᠣᠶᠢᠨ᠎ᠠ ᠠᠴᠠ ᠨᠢ ᠨᠣᠭᠣᠭ᠎ᠠ ᠶᠢ ᠪᠠᠨ ᠬᠢᠨ᠎ᠡ ᠭᠡᠬᠦ ᠮᠡᠲᠦ ᠳᠠᠷᠠᠭᠠᠯᠠᠯ ᠢᠶᠠᠷ ᠶᠠᠪᠤᠬᠤ ᠨᠢ ᠵᠥᠪ᠃ ᠬᠣᠭᠣᠯᠠ ᠶᠢ ᠢᠩᠭᠢᠵᠦ ᠬᠢᠭᠡᠳ ᠵᠥᠪ ᠬᠣᠭᠣᠯᠠᠯᠠᠭᠠᠳ ᠰᠤᠷᠴᠢᠬᠠᠬᠤ ᠲᠡᠶᠢᠮᠦ ᠬᠡᠴᠡᠭᠦᠦ ᠪᠢᠰᠢ ᠰᠢᠦ ᠳ᠋ᠡ᠃ ᠴᠠᠭᠠᠰᠢ ᠨᠢ ᠶᠠᠷᠢᠪᠠᠯ ᠬᠥᠳᠡᠯᠭᠡᠭᠡᠨ ᠭᠡᠵᠦ ᠨᠢᠭᠡ ᠴᠢᠬᠤᠯᠠ ᠶᠠᠭᠤᠮ᠎ᠠ ᠪᠠᠶᠢᠨ᠎ᠠ᠃ ᠪᠡᠶ᠎ᠡ ᠶᠢᠨ ᠲᠠᠮᠢᠷ ᠪᠤᠶᠤ ᠳᠠᠰᠬᠠᠯ ᠬᠥᠳᠡᠯᠭᠡᠭᠡᠨ ᠬᠢᠬᠦ ᠴᠢᠨᠢ ᠬᠦᠷᠲᠡᠯ᠎ᠡ ᠤᠴᠢᠷᠲᠠᠢ᠃ ᠬᠦᠮᠦᠨ ᠥᠪᠡᠷ ᠢᠶᠡᠨ ᠰᠠᠨᠠᠭᠠᠴᠢᠯᠭ᠎ᠠ ᠪᠠᠷ ᠢᠶᠠᠨ ᠬᠦᠴᠦ ᠪᠡᠷ ᠬᠢᠵᠦ ᠪᠠᠶᠢᠭ᠎ᠠ ᠬᠥᠳᠡᠯᠭᠡᠭᠡᠨ ᠢ ᠭᠠᠳᠠᠭᠤᠷ ᠬᠥᠳᠡᠯᠭᠡᠭᠡᠨ ᠭᠡᠨ᠎ᠡ᠃ ᠡᠭᠦᠨ ᠡᠴᠡ ᠭᠠᠳᠠᠨ᠎ᠠ ᠳᠣᠲᠣᠭᠤᠷ ᠬᠥᠳᠡᠯᠭᠡᠭᠡᠨ ᠪᠤᠶᠤ ᠡᠳ᠋ ᠡᠷᠬᠡᠲᠡᠨ ᠦ ᠬᠥᠳᠡᠯᠭᠡᠭᠡᠨ ᠭᠡᠵᠦ ᠨᠢᠭᠡ ᠴᠢᠬᠤᠯᠠ ᠶᠠᠭᠤᠮ᠎ᠠ ᠪᠤᠢ᠃ ᠳᠡᠭᠡᠬᠡᠨ᠎ᠡ ᠦᠶ᠎ᠡ ᠳᠦ ᠬᠦᠮᠦᠨ ᠤᠨᠠᠭᠠᠳ ᠭᠡᠮᠲᠦᠵᠦ᠂ ᠪᠡᠷᠲᠡᠴᠢᠬᠡᠭᠰᠡᠨ ᠢ ᠠᠯᠢ ᠪᠣᠯᠬᠤ ᠬᠥᠳᠡᠯᠭᠡᠭᠡᠨ ᠦᠭᠡᠢ ᠬᠡᠪᠲᠡᠭᠦᠯᠦᠭᠡᠳ ᠡᠳᠡᠭᠡᠭᠡᠴᠢᠬᠡᠳᠡᠭ ᠪᠠᠶᠢᠭᠰᠠᠨ᠃ ᠭᠡᠲᠡᠯ᠎ᠡ ᠥᠨᠥᠳᠥᠷ ᠶᠠᠭᠠᠬᠢᠵᠤ ᠪᠠᠶᠢᠨ᠎ᠠ᠃ ᠶᠠᠰᠤ ᠶᠢ ᠨᠢ ᠬᠦᠴᠥ ᠪᠡᠷ ᠬᠠᠳᠤᠭᠠᠳ᠂ ᠬᠣᠶᠢᠨ᠎ᠠ ᠠᠴᠠ ᠨᠢ ᠠᠯᠬᠤᠭᠤᠯᠵᠤ᠂ ᠶᠠᠪᠤᠭᠤᠯᠵᠤ ᠪᠠᠶᠢᠨ᠎ᠠ᠃ ᠡᠨᠡ ᠪᠣᠯ ᠪᠤᠷᠤᠭᠤ᠃ ᠦᠭᠡᠢ ᠡ ᠪᠦᠷ ᠠᠷᠭ᠎ᠠ ᠶᠠᠳᠠᠬᠤ ᠳᠤ ᠬᠡᠪᠲᠡᠭᠡ ᠴᠢᠭ ᠢᠶᠡᠷ ᠨᠢ ᠪᠠᠭ᠎ᠠ ᠪᠠᠭ᠎ᠠ ᠪᠠᠷ ᠬᠥᠳᠡᠯᠭᠡᠵᠦ ᠪᠣᠯᠤᠨ᠎ᠠ ᠰᠢᠦ ᠳ᠋ᠡ᠃ ᠲᠠ ᠨᠢᠭᠡ ᠮᠢᠨᠦ᠋ᠲ ᠭᠠᠷ ᠢᠶᠠᠨ ᠦᠷᠡᠬᠦ ᠳᠦ ᠯᠠ 200- 300 ᠮᠧᠲ᠋ᠷ ᠭᠦᠶᠦᠭᠰᠡᠨ ᠲᠡᠢ ᠲᠡᠩᠴᠡᠨ᠎ᠡ᠃ ᠶᠠᠳᠠᠵᠤ ᠡᠭᠦᠨ ᠢ ᠵᠣᠬᠢᠬᠤ ᠳᠠᠪᠲᠠᠮᠵᠢ ᠲᠠᠢ ᠪᠠᠷ ᠲᠣᠭᠲᠠᠮᠠᠯ ᠬᠢᠭᠡᠳ ᠬᠡᠪᠰᠢᠴᠢᠬᠡᠪᠡᠯ ᠵᠠᠪᠠᠯ ᠽᠠᠯ ᠤᠷᠤᠭᠤ ᠶᠠᠪᠤᠬᠤ ᠦᠭᠡᠢ ᠪᠠᠶᠢᠵᠤ ᠪᠣᠯᠬᠤ ᠶᠤᠮ᠃ ᠥᠷᠥᠴᠡ ᠪᠤᠯᠴᠢᠩ᠂ ᠬᠣᠳᠣᠭᠣᠳᠣᠨ ᠤ ᠠᠮᠠᠰᠠᠷ ᠢᠶᠠᠨ ᠴᠢᠩᠭᠠᠯᠠᠬᠤ ᠳᠠᠰᠬᠠᠯ ᠬᠢᠵᠦ ᠴᠡᠭᠡᠵᠢ ᠬᠣᠷᠣᠰᠤᠯᠲᠠ ᠶᠢ ᠪᠣᠯᠢᠭᠤᠯᠵᠤ ᠪᠣᠯᠤᠨ᠎ᠠ ᠥᠷᠥᠴᠡ ᠪᠤᠯᠴᠢᠩ ᠪᠤᠶᠤ ᠭᠡᠳᠡᠰᠦ ᠪᠡᠨ ᠮᠠᠰᠢ ᠰᠠᠶᠢᠨ ᠴᠢᠩᠭᠠᠯᠠᠵᠤ᠂ ᠳᠠᠰᠬᠠᠯ ᠬᠢᠬᠦ ᠬᠡᠷᠡᠭᠲᠡᠢ᠃ ᠠᠮᠢᠰᠬᠤᠯ ᠢᠶᠠᠨ ᠲᠦᠭᠵᠢᠩᠭᠦᠲᠡ ᠥᠷᠥᠴᠡ ᠪᠤᠯᠴᠢᠩ ᠴᠢᠨᠢ ᠴᠢᠩᠭᠠᠷᠠᠨ᠎ᠠ᠂ ᠭᠠᠷᠭᠠᠬᠤ ᠳᠤ ᠰᠤᠯᠠᠷᠠᠨ᠎ᠠ᠃ ᠺᠢᠰᠠᠯᠢᠲᠠ ᠪᠤᠶᠤ ᠬᠣᠳᠣᠭᠣᠳᠣᠨ ᠤ ᠬᠦᠴᠢᠯ ᠶᠡᠬᠡᠰᠴᠦ ᠪᠠᠶᠢᠭ᠎ᠠ ᠠᠴᠠ ᠴᠡᠭᠡᠵᠢ ᠬᠣᠷᠣᠳᠠᠭ᠃ ᠮᠢᠨᠦ ᠰᠤᠳᠤᠯᠤᠭᠰᠠᠨ ᠢᠶᠠᠷ ᠪᠣᠯ ᠬᠣᠳᠣᠭᠣᠳᠣᠨ ᠤ ᠠᠮᠠᠰᠠᠷ ᠰᠤᠯᠠᠷᠠᠵᠤ᠂ ᠤᠯᠠᠮ ᠢᠶᠠᠷ ᠬᠦᠴᠢᠯ ᠶᠡᠬᠡ ᠪᠣᠯᠤᠭᠰᠠᠨ ᠡᠴᠡ ᠴᠡᠭᠡᠵᠢ ᠬᠣᠷᠣᠰᠳᠠᠭ᠃ ᠲᠡᠶᠢᠮᠦ ᠡᠴᠡ ᠥᠷᠥᠴᠡ ᠪᠤᠯᠴᠢᠩ ᠢ ᠪᠠᠨ ᠴᠢᠩᠭᠠᠯᠠᠬᠤ ᠳᠠᠰᠬᠠᠯ ᠬᠢᠵᠦ᠂ ᠬᠣᠳᠣᠭᠣᠳᠣᠨ ᠤ ᠠᠮᠠᠰᠠᠷ ᠢᠶᠠᠨ ᠴᠢᠩᠭᠠᠯᠠᠬᠤ ᠵᠠᠮ ᠢᠶᠠᠷ ᠴᠡᠭᠡᠵᠢ ᠬᠣᠷᠣᠰᠳᠠᠭ ᠢ ᠪᠣᠯᠢᠭᠤᠯᠵᠤ ᠪᠣᠯᠤᠨ᠎ᠠ᠃ ᠡᠭᠦᠨ ᠢ ᠪᠢᠳᠡ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠰᠤᠳᠤᠯᠤᠭᠠᠳ ᠲᠣᠭᠲᠠᠭᠠᠴᠢᠬᠠᠭᠰᠠᠨ᠃ ᠬᠣᠳᠣᠭᠣᠳᠣᠨ ᠤ ᠬᠦᠴᠢᠯ ᠭᠡᠳᠡᠭ ᠴᠢᠨᠢ ᠥᠪᠡᠷ ᠢᠶᠡᠨ ᠶᠡᠬᠡ ᠬᠦᠴᠦᠲᠡᠢ᠂ ᠠᠷᠠᠰᠤ ᠶᠢ ᠨᠡᠪᠲᠡ ᠲᠦᠯᠡᠵᠦ ᠴᠢᠳᠠᠳᠠᠭ ᠠᠶᠤᠯ ᠲᠠᠢ ᠡᠳ᠋ ᠰᠢᠦ ᠳ᠋ᠡ᠃ ᠴᠢᠰᠤᠨ ᠤ ᠳᠠᠷᠤᠯᠲᠠ ᠶᠡᠬᠡ ᠲᠡᠢ ᠬᠦᠮᠦᠨ ᠢ ᠪᠢᠲᠡᠭᠡᠢ ᠳᠠᠪᠤᠰᠤ ᠲᠠᠢ ᠴᠠᠢ ᠤᠤᠭᠤ᠂ ᠳᠠᠷᠤᠰᠢᠯᠠᠭᠰᠠᠨ ᠨᠣᠭᠣᠭ᠎ᠠ᠂ ᠺᠢᠮᠴᠢ ᠪᠢᠲᠡᠭᠡᠢ ᠢᠳᠡ ᠭᠡᠵᠦ ᠮᠢᠩᠭ᠎ᠠ ᠬᠡᠯᠡᠭᠡᠳ ᠨᠡᠮᠡᠷᠢ ᠪᠣᠯᠳᠠᠭ ᠦᠭᠡᠢ᠃ ᠬᠠᠷᠢᠨ ᠮᠠᠨ ᠤ ᠬᠢᠴᠢᠶᠡᠯ ᠪᠣᠯ ᠣᠯᠠᠨ ᠳᠠᠪᠲᠠᠮᠵᠢ ᠲᠠᠢ ᠵᠢᠭᠠᠭᠰᠠᠨ ᠤ ᠬᠦᠴᠦᠡ ᠳ᠋ᠤ ᠬᠦᠮᠦᠰ ᠢ ᠪᠤᠷᠤᠭᠤ ᠳᠠᠳᠤᠯ ᠵᠤᠷᠰᠢᠯ ᠠᠴᠠ ᠨᠢ ᠰᠠᠯᠭᠠᠵᠤ ᠴᠢᠳᠠᠵᠤ ᠪᠠᠶᠢᠭ᠎ᠠ᠃ ᠨᠢᠭᠤᠴᠠ ᠨᠢ ᠶᠠᠭᠤ ᠪᠤᠢ ᠭᠡᠪᠡᠯ ᠶᠡᠷᠦ ᠡᠴᠡ ᠪᠡᠨ ᠯᠠ ᠳᠠᠪᠲᠠᠮᠵᠢ᠃ ᠬᠦᠮᠦᠨ ᠳᠠᠬᠢᠨ ᠳᠠᠬᠢᠨ ᠳᠠᠪᠲᠠᠵᠤ ᠬᠡᠯᠡᠭᠦᠯᠵᠦ᠂ ᠰᠣᠨᠣᠰᠴᠤ ᠪᠠᠶᠢᠵᠤ ᠯᠠ ᠮᠠᠭᠤ ᠵᠤᠷᠰᠢᠯ ᠠᠴᠠ ᠪᠠᠨ ᠰᠠᠶ᠋ᠢ ᠨᠢᠭᠡ ᠰᠠᠯᠳᠠᠭ᠃ ᠵᠢᠱᠢᠶ᠎ᠡ ᠨᠢ ᠮᠠᠨ ᠤ ᠬᠢᠴᠢᠶᠡᠯ ᠢ ᠠᠬᠢᠨ ᠳᠠᠬᠢᠨ ᠰᠣᠨᠣᠰᠤᠭᠰᠠᠨ ᠮᠢᠩᠭᠠᠨ ᠬᠦᠮᠦᠨ ᠡᠴᠡ ᠺᠢᠮᠴᠢ ᠶᠢ ᠬᠣᠭᠣᠯᠠᠨ ᠳᠤ ᠪᠠᠨ ᠬᠡᠷᠡᠭᠯᠡᠵᠦ ᠪᠠᠶᠢᠭ᠎ᠠ ᠬᠦᠮᠦᠰ ᠥᠨᠥᠳᠥᠷ ᠦᠨ ᠪᠠᠶᠢᠳᠠᠯ ᠢᠶᠠᠷ ᠬᠡᠳᠦ ᠪᠠᠶᠢᠨ᠎ᠠ ᠭᠡᠵᠦ ᠠᠰᠠᠭᠤᠬᠤ ᠳᠤ ᠳᠥᠩᠭᠡᠵᠢ ᠳᠥᠷᠪᠡ᠂ ᠲᠠᠪᠤᠬᠠᠨ ᠪᠠᠶᠢᠬᠤ ᠵᠢᠱᠢᠶ᠎ᠡ ᠲᠡᠢ᠃ ᠢᠩᠭᠢᠵᠦ ᠦᠷ᠎ᠡ  ᠳ᠋ᠦᠢᠩ ᠭᠠᠷᠴᠤ ᠪᠠᠶᠢᠭ᠎ᠠ ᠶᠤᠮ ᠯᠠ ᠳ᠋ᠠ᠃ ᠲᠡᠭᠡᠭᠡᠳ ᠣᠯᠠᠨ ᠬᠣᠨᠣᠭ ᠰᠣᠨᠣᠰᠤᠭᠠᠳ ᠡᠬᠢᠯᠡᠬᠦ ᠪᠡᠷ ᠠᠮᠢᠳᠤᠷᠠᠯ ᠳᠤ ᠪᠠᠨ ᠬᠡᠷᠡᠭᠵᠢᠭᠦᠯᠦᠭᠡᠳ ᠵᠤᠷᠰᠢᠯ ᠪᠣᠯᠭᠠᠭᠠᠳ ᠡᠬᠢᠯᠡᠵᠦ ᠪᠠᠶᠢᠬᠤ ᠵᠢᠱᠢᠶ᠎ᠡ ᠲᠡᠢ᠃ ᠳᠠᠪᠤᠰᠤ ᠪᠠᠶᠢᠨ᠎ᠠ᠃ ᠳᠠᠪᠤᠰᠤ ᠶᠢ ᠶᠠᠭᠠᠬᠢᠭᠠᠳ ᠬᠡᠷᠡᠭᠯᠡᠵᠦ ᠪᠣᠯᠳᠠᠭ ᠦᠭᠡᠢ ᠶᠤᠮ ᠪᠤᠢ᠃ ᠠᠮᠢᠲᠠᠨ ᠤ ᠶᠢᠷᠲᠢᠨᠴᠦ ᠪᠡᠷ ᠵᠢᠱᠢᠶ᠎ᠡ ᠠᠪᠤᠶ᠎ᠠ ᠯᠠ ᠳ᠋ᠠ᠃ ᠵᠢᠷᠤᠭᠲᠤ ᠪᠠᠷ ᠭᠠᠷᠴᠤ ᠪᠠᠶᠢᠭ᠎ᠠ ᠠᠮᠢᠲᠠᠨ ᠤ ᠶᠢᠷᠲᠢᠨᠴᠦ ᠪᠡᠷ ᠵᠠᠷᠢᠮ ᠠᠮᠢᠲᠠᠳ ᠰᠢᠷᠣᠢ ᠦᠨᠦᠷᠯᠡᠭᠡᠳ᠂ ᠳᠣᠯᠢᠶᠠᠭᠠᠳ ᠪᠠᠶᠢᠳᠠᠭ ᠪᠢᠵᠡ ᠳ᠋ᠡ᠃ ᠲᠡᠭᠡᠭᠰᠡᠨ ᠠᠲᠠᠯ᠎ᠠ ᠪᠠᠨ ᠠᠷᠰᠯᠠᠨ᠂ ᠪᠠᠷᠰ ᠵᠡᠷᠭᠡ ᠠᠮᠢᠲᠠᠳ ᠣᠭᠲᠣ ᠰᠢᠷᠣᠢ ᠳᠣᠯᠢᠶᠠᠬᠤ ᠦᠭᠡᠢ ᠪᠠᠶᠢᠭ᠎ᠠ ᠪᠢᠵᠡ᠃ ᠡᠨᠡᠨ ᠦ ᠤᠴᠢᠷ ᠨᠢ ᠰᠢᠷᠣᠢ ᠴᠢᠨᠢ ᠥᠪᠡᠷ ᠢᠶᠡᠨ ᠲᠡᠷᠡ ᠴᠢᠭ ᠢᠶᠡᠷ ᠢᠶᠡᠨ ᠳᠠᠪᠤᠰᠤ᠂ ᠬᠤᠵᠢᠷ᠃ ᠬᠠᠷᠢᠨ ᠠᠷᠰᠯᠠᠨ᠂ ᠪᠠᠷᠰ ᠪᠣᠯ ᠮᠢᠬᠠᠴᠢᠨ ᠠᠮᠢᠲᠠᠳ᠃ ᠮᠢᠬᠠᠴᠢᠨ ᠠᠮᠢᠲᠠᠳ ᠪᠤᠰᠤᠳ ᠠᠮᠢᠲᠠᠳ ᠰᠢᠭ ᠳᠠᠪᠤᠰᠤ ᠦᠨᠦᠷᠯᠡᠵᠦ᠂ ᠳᠣᠯᠢᠶᠠᠬᠤ ᠦᠭᠡᠢ ᠪᠠᠶᠢᠨ᠎ᠠ ᠯᠠ ᠭᠡᠰᠡᠨ ᠦᠭᠡ ᠰᠢᠦ ᠳ᠋ᠡ᠃ ᠥᠪᠡᠷ ᠦᠨ ᠢᠶᠡᠨ ᠪᠡᠶ᠎ᠡ ᠳᠦ ᠵᠣᠬᠢᠬᠤ ᠦᠭᠡᠢ ᠭᠡᠳᠡᠭ ᠢ ᠮᠡᠳᠡᠭᠡᠳ ᠲᠡᠭᠡᠵᠦ ᠪᠠᠶᠢᠭ᠎ᠠ ᠶᠤᠮ᠃ ᠮᠢᠬᠠᠴᠢᠨ ᠠᠮᠢᠲᠠᠨ ᠤ ᠪᠡᠶ᠎ᠡ ᠳᠦ ᠨᠠᠲᠷᠢ ᠭᠡᠳᠡᠭ ᠪᠣᠳᠠᠰ ᠥᠪᠡᠷ ᠢᠶᠡᠨ ᠬᠠᠩᠭᠠᠯᠲᠠ ᠲᠠᠢ ᠶᠡᠬᠡ ᠪᠠᠶᠢᠳᠠᠭ ᠤᠴᠢᠷ ᠠᠴᠠ ᠲᠡᠷᠡ᠃ ᠬᠦᠮᠦᠰ ᠪᠢᠳᠡ ᠪᠠᠰᠠ ᠮᠢᠬᠠᠴᠢᠨ ᠠᠮᠢᠲᠠᠳ ᠭᠡᠳᠡᠭ ᠢᠶᠡᠨ ᠰᠠᠨᠠᠬᠤ ᠬᠡᠷᠡᠭᠲᠡᠢ᠃ ᠬᠦᠮᠦᠨ ᠦ ᠪᠡᠶ᠎ᠡ ᠳᠦ ᠳᠠᠪᠤᠰᠤᠨ ᠤ ᠬᠡᠷᠡᠭᠯᠡᠭᠡ ᠶᠡᠬᠡᠰᠦᠭᠡᠳ ᠡᠬᠢᠯᠡᠬᠦ ᠶᠤᠮ ᠪᠣᠯ ᠠᠳᠠᠭᠯᠠᠭᠠᠳ ᠤᠯᠠᠭᠠᠨ ᠬᠣᠭᠣᠯᠠᠢ᠂ ᠴᠢᠨᠠᠭᠰᠢᠯᠠᠭᠠᠳ ᠬᠣᠳᠣᠭᠣᠳᠣᠨ ᠤ ᠴᠢᠨᠢ ᠪᠦᠷᠬᠦᠪᠴᠢ ᠶᠢ ᠡᠪᠳᠡᠵᠦ ᠡᠬᠢᠯᠡᠨ᠎ᠡ᠃ ᠴᠠᠰᠢᠳᠠ ᠶᠠᠷᠢᠪᠠᠯ ᠴᠢᠰᠤᠨ ᠤ ᠳᠠᠷᠤᠯᠲᠠ ᠴᠢᠨᠢ ᠪᠠᠶᠢᠩᠭᠤ ᠶᠡᠬᠡᠰᠳᠡᠭ ᠪᠣᠯᠤᠨ᠎ᠠ᠃ ᠶᠡᠬᠡ ᠬᠡᠮᠵᠢᠶᠡᠨ ᠦ ᠤᠰᠤ ᠶᠢ ᠲᠠᠨ ᠤ ᠪᠡᠶ᠎ᠡ ᠳᠦ ᠬᠤᠷᠠᠮᠲᠤᠯᠠᠭᠤᠯᠤᠨ᠎ᠠ᠃ ᠬᠦᠮᠦᠨ ᠦ ᠪᠡᠶ᠎ᠡ ᠳᠦ ᠡᠰ ᠭᠡᠵᠦ ᠨᠢᠭᠡ ᠶᠠᠭᠤᠮ᠎ᠠ ᠪᠠᠶᠢᠨ᠎ᠠ᠃ ᠡᠰ ᠢ ᠺᠠᠯᠢ᠂ ᠨᠠᠲᠷᠢ ᠭᠡᠰᠡᠨ ᠬᠣᠶᠠᠷ ᠬᠠᠭᠠᠯᠭᠠᠴᠢ ᠬᠣᠶᠠᠷ ᠬᠠᠭᠠᠯᠭᠠᠨ ᠳᠡᠭᠡᠷ᠎ᠡ ᠬᠠᠭᠠᠭᠠᠳ ᠵᠣᠭᠰᠣᠵᠤ ᠪᠠᠶᠢᠭ᠎ᠠ ᠭᠡᠳ ᠣᠶᠢᠯᠠᠭᠠᠴᠢᠬ᠎ᠠ᠃ ᠨᠠᠲᠷᠢ ᠴᠢᠨᠢ ᠥᠪᠡᠷ ᠢᠶᠡᠨ ᠳᠠᠪᠤᠰᠤ᠃ ᠳᠠᠪᠤᠰᠤ ᠪᠤᠶᠤ ᠨᠠᠲᠷᠢ ᠶᠡᠬᠡᠳᠡᠪᠡᠯ ᠨᠥᠭᠥᠭᠡ ᠬᠠᠭᠠᠯᠭᠠᠴᠢ ᠴᠢᠨᠢ ᠰᠠᠶᠢᠨ ᠪᠠᠷᠢᠵᠤ ᠳᠡᠶᠢᠯᠬᠦ ᠪᠡᠨ ᠪᠣᠯᠢᠨ᠎ᠠ᠃ ᠢᠩᠭᠢᠭᠡᠳ ᠡᠰ ᠦᠨ ᠬᠥᠭᠰᠢᠷᠡᠯ ᠶᠠᠪᠤᠭᠳᠠᠨ᠎ᠠ᠃ ᠥᠭᠡᠷ᠎ᠡ ᠪᠡᠷ ᠬᠡᠯᠡᠪᠡᠯ ᠲᠠ ᠬᠤᠷᠳᠤᠨ ᠬᠥᠭᠰᠢᠷᠡᠵᠦ ᠡᠬᠢᠯᠡᠨ᠎ᠡ ᠭᠡᠰᠡᠨ ᠦᠭᠡ᠃ ᠲᠠ ᠬᠤᠷᠳᠤᠨ ᠬᠥᠭᠰᠢᠷᠡᠵᠦ᠂ ᠬᠤᠷᠳᠤᠨ ᠦᠬᠦᠮᠡᠷ ᠪᠠᠶᠢᠪᠠᠯ ᠳᠠᠪᠤᠰᠤ ᠲᠠᠢ ᠴᠠᠢ ᠪᠠᠨ ᠰᠠᠶᠢᠨ ᠤᠤᠭᠤᠵᠤ᠂ ᠺᠢᠮᠴᠢ ᠪᠠᠨ ᠰᠠᠶᠢᠨ ᠢᠳᠡᠭᠡᠷᠡᠢ᠂ ᠬᠠᠮᠢᠶ᠎ᠠ ᠦᠭᠡᠢ᠃ ᠪᠤᠶᠠᠨ ᠢᠶᠠᠷ ᠢᠶᠠᠨ ᠪᠣᠯᠤᠭ᠃ ᠡᠰᠡ ᠪᠣᠯ ᠳᠠᠪᠤᠰᠤ᠂ ᠳᠠᠷᠤᠰᠢᠯᠠᠭᠰᠠᠨ ᠨᠣᠭᠣᠭᠠᠨ ᠠᠴᠠ ᠪᠠᠨ ᠲᠠᠲᠠᠭᠠᠯᠵᠠᠵᠤ᠂ ᠵᠥᠪ ᠬᠣᠭᠣᠯᠠᠯᠠᠵᠤ ᠰᠤᠷ ᠭᠡᠵᠦ ᠬᠡᠯᠡᠮᠡᠷ ᠪᠠᠶᠢᠨ᠎ᠠ᠃ ᠳᠣᠯᠣᠭ᠎ᠠ ᠬᠣᠨᠣᠭ ᠳᠠᠪᠤᠰᠤ ᠲᠠᠢ ᠴᠠᠢ ᠤᠭᠤᠬᠤ ᠦᠭᠡᠢ ᠪᠠᠶᠢᠬᠤ ᠳᠤ ᠯᠠ ᠦᠷ᠎ᠡ ᠳ᠋ᠦᠢᠩ ᠨᠢ ᠲᠠᠨ ᠤ ᠪᠡᠶ᠎ᠡ ᠳᠦ ᠰᠢᠭᠤᠳ ᠮᠡᠳᠡᠷᠡᠭᠳᠡᠬᠦ ᠪᠣᠯᠤᠨ᠎ᠠ᠃ ᠬᠠᠶᠢᠷ᠎ᠠ ᠶᠡᠬᠡᠳᠡᠪᠡᠯ ᠬᠣᠷᠣᠰᠤᠯ ᠪᠣᠯᠳᠠᠭ᠂ ᠬᠣᠭᠣᠯᠠ ᠶᠡᠬᠡᠳᠡᠪᠡᠯ ᠬᠣᠣᠷ ᠪᠣᠯᠳᠠᠭ᠂ ᠬᠥᠳᠡᠯᠭᠡᠭᠡᠨ ᠶᠡᠬᠡᠳᠡᠪᠡᠯ ᠬᠣᠬᠢᠷᠠᠯ ᠪᠣᠯᠤᠨ᠎ᠠ᠃ ᠲᠠᠨ ᠢ ᠢᠨᠢᠶᠡᠮᠰᠦᠭᠯᠡᠬᠦ ᠦᠶ᠎ᠡ ᠳᠦ ᠡᠭᠦᠰᠦᠭᠰᠡᠨ ᠪᠣᠳᠠᠰ ᠪᠦᠷᠢ ᠨᠢ ᠲᠠᠨ ᠤ ᠳᠠᠷᠬᠠᠯᠠᠭ᠎ᠠ ᠶᠢ ᠰᠠᠶᠢᠵᠢᠷᠠᠭᠤᠯᠵᠤ᠂ ᠡᠷᠡᠭᠦᠯ ᠮᠡᠨᠳᠦ ᠳᠦ ᠴᠢᠨᠢ ᠰᠠᠶᠢᠨ ᠢᠶᠠᠷ ᠨᠥᠯᠦᠭᠡᠯᠡᠳᠡᠭ᠃ ᠡᠰᠡᠷᠭᠦ ᠪᠡᠷ ᠢᠶᠡᠨ ᠠᠭᠤᠷᠯᠠᠬᠤ ᠦᠶ᠎ᠡ ᠳᠦ ᠴᠢᠨᠢ ᠡᠭᠦᠰᠦᠭᠰᠡᠨ ᠪᠣᠳᠠᠰ ᠪᠦᠷᠢ ᠬᠦᠮᠦᠨ ᠦ ᠪᠡᠶ᠎ᠡ ᠳᠦ ᠮᠠᠭᠤ ᠨᠥᠯᠥᠭᠡ ᠶᠢ ᠡᠭᠦᠰᠬᠡᠨ᠎ᠡ᠃ ᠲᠠᠨ ᠢ ᠠᠭᠤᠷᠯᠠᠭᠠᠳ ᠡᠬᠢᠯᠡᠩᠭᠦᠲᠡ ᠡᠷᠡᠭᠦᠯ ᠮᠡᠨᠳᠦ ᠳᠦ ᠲᠠᠨᠢ ᠬᠣᠣᠷᠠᠲᠠᠢ ᠪᠣᠳᠠᠰ ᠢᠯᠭᠠᠷᠠᠵᠤ ᠪᠠᠶᠠᠷᠯᠠᠵᠤ᠂ ᠲᠠᠶᠢᠪᠤᠰᠢᠷᠠᠵᠤ᠂ ᠢᠨᠢᠶᠡᠮᠰᠦᠭᠯᠡᠬᠦ ᠳᠦ ᠡᠷᠡᠭᠦᠯ ᠮᠡᠨᠳᠦ ᠳᠦ ᠲᠠᠨᠢ ᠡᠶᠡᠷᠡᠭᠥ ᠤᠷᠪᠠᠯ ᠶᠠᠪᠤᠭᠳᠠᠳᠠᠭ ᠰᠡᠳᠬᠢᠯ ᠵᠦᠢ ᠭᠡᠳᠡᠭ ᠵᠦᠢᠯ ᠴᠢᠨᠢ ᠲᠠ ᠠᠭᠤᠷᠯᠠᠪᠠᠯ᠂ ᠪᠠᠶᠠᠷᠯᠠᠪᠠᠯ ᠳᠠᠭᠠᠭᠠᠳ ᠪᠦᠬᠦ ᠡᠳ᠋ ᠡᠷᠬᠡᠲᠡᠨ ᠳᠦ ᠪᠡᠨ ᠨᠥᠯᠦᠭᠡᠯᠡᠳᠡᠭ ᠡᠳ᠋ ᠰᠢᠦ ᠳ᠋ᠡ᠃ ᠵᠢᠷᠦᠬᠡ᠂ ᠪᠥᠭᠡᠷ᠎ᠡ᠂ ᠡᠯᠢᠭᠡᠨ ᠦ ᠴᠢᠨᠢ ᠦᠢᠯᠡ ᠠᠵᠢᠯᠯᠠᠭ᠎ᠠ ᠡᠷᠡᠭᠦᠯ ᠪᠠᠶᠢᠬᠤ ᠶᠢᠨ ᠪᠠᠰᠠ ᠨᠢᠭᠡ ᠴᠢᠬᠤᠯᠠ ᠦᠨᠳᠦᠰᠦ ᠨᠢ ᠰᠡᠳᠬᠢᠯ ᠵᠦᠢ ᠪᠡᠨ ᠡᠷᠡᠭᠦᠯ ᠪᠠᠶᠢᠯᠭᠠᠵᠤ᠂ ᠤᠳᠤᠷᠢᠳᠬᠤ ᠶᠠᠪᠤᠳᠠᠯ᠃ ᠰᠡᠳᠬᠢᠯ ᠰᠠᠨᠠᠭ᠎ᠠ ᠶᠢ ᠨᠢᠭᠡ ᠲᠥᠷᠥᠯ ᠦᠨ ᠬᠣᠯᠪᠣᠭᠠᠰᠤ ᠭᠡᠵᠦ ᠬᠡᠯᠡᠵᠦ ᠪᠣᠯᠤᠨ᠎ᠠ᠃ ᠰᠡᠳᠬᠢᠯ ᠰᠠᠨᠠᠭ᠎ᠠ ᠲᠠᠢ ᠬᠣᠯᠪᠣᠭᠳᠠᠬᠤ ᠦᠭᠡᠢ ᠵᠦᠢᠯ᠂ ᠬᠣᠯᠪᠣᠭᠳᠠᠬᠤ ᠦᠭᠡᠢ ᠡᠷᠬᠡᠲᠡᠨ᠂ ᠡᠪᠡᠳᠴᠢᠨ ᠵᠣᠪᠠᠯᠠᠩ ᠭᠡᠵᠦ ᠬᠦᠮᠦᠨ ᠦ ᠪᠡᠶ᠎ᠡ ᠳᠦ ᠦᠭᠡᠢ᠃ ᠵᠢᠱᠢᠶᠡᠯᠡᠪᠡᠯ ᠦᠬᠡᠷ ᠢ ᠨᠤᠭᠤᠰᠤ ᠤᠷᠤᠭᠤ ᠨᠢ ᠬᠠᠳᠬᠤᠭᠠᠳ ᠤᠨᠠᠭᠠᠴᠢᠬᠠᠯ᠎ᠠ ᠭᠡᠵᠦ ᠪᠣᠳᠣᠶ᠎ᠠ᠃ ᠬᠠᠳᠬᠤᠬᠤ ᠲᠠᠢ ᠵᠡᠷᠭᠡ ᠤᠨᠠᠴᠢᠬᠠᠨ᠎ᠠ᠃ ᠶᠠᠭᠠᠬᠢᠭᠠᠳ ᠭᠡᠪᠡᠯ ᠡᠳ᠋ ᠡᠰ᠂ ᠡᠷᠬᠡᠲᠡᠨ ᠪᠣᠯᠭᠠᠨ ᠴᠢᠨᠢ ᠲᠡᠷᠡ ᠳᠡᠭᠡᠷ᠎ᠡ ᠡᠴᠡ ᠴᠠᠭ᠂ ᠮᠢᠨᠦ᠋ᠲ ᠲᠤᠲᠤᠮ ᠳᠤ ᠵᠠᠷᠯᠢᠭ ᠬᠦᠯᠢᠶᠡᠨ ᠠᠪᠴᠤ᠂ ᠲᠡᠭᠦᠨ ᠳᠦ ᠪᠡᠨ ᠬᠠᠷᠢᠭᠤ ᠮᠡᠳᠡᠭᠳᠡᠯ ᠦᠵᠡᠭᠦᠯᠵᠦ ᠪᠠᠶᠢᠳᠠᠭ᠃ ᠡᠭᠦᠨ ᠢ ᠳᠤᠮᠳᠠᠭᠤᠷ ᠨᠢ ᠲᠠᠰᠤᠯᠤᠩᠭᠤᠲᠠ ᠵᠠᠷᠯᠢᠭ ᠬᠦᠯᠢᠶᠡᠵᠦ ᠠᠪᠴᠤ᠂ ᠲᠡᠭᠦᠨ ᠳᠦ ᠪᠡᠨ ᠬᠠᠷᠢᠭᠤ ᠮᠡᠳᠡᠭᠳᠡᠯ ᠦᠵᠡᠭᠦᠯᠵᠦ ᠴᠢᠳᠠᠬᠤ ᠪᠠᠨ ᠪᠠᠶᠢᠴᠢᠬᠠᠵᠤ ᠪᠠᠶᠢᠭ᠎ᠠ ᠶᠤᠮ᠃ ᠲᠠᠨ ᠢ ᠠᠭᠤᠷᠯᠠᠭᠠᠳ ᠡᠬᠢᠯᠡᠩᠭᠦᠲᠡ ᠳᠡᠭᠡᠷ᠎ᠡ ᠡᠴᠡ ᠥᠭᠳᠡᠭ ᠲᠡᠷᠡ ᠵᠠᠷᠯᠢᠭ ᠴᠢᠨᠢ ᠵᠦᠭᠡᠷ ᠨᠢᠭᠡ ᠵᠠᠷᠯᠢᠭ ᠪᠢᠰᠢ᠂ ᠬᠠᠷᠢᠨ ᠠᠭᠤᠷᠲᠠᠢ ᠰᠢᠷᠦᠭᠦᠨ ᠵᠠᠷᠯᠢᠭ ᠪᠣᠯᠵᠤ ᠬᠤᠪᠢᠷᠠᠳᠠᠭ᠃ ᠲᠠᠨ ᠢ ᠠᠭᠤᠷᠯᠠᠬᠤ ᠪᠠᠷ ᠲᠠᠨ ᠤ ᠵᠢᠷᠦᠬᠡᠨ ᠦ ᠴᠣᠬᠢᠯᠲᠠ ᠲᠦᠷᠭᠡᠰᠦᠨ᠎ᠡ᠃ ᠵᠢᠷᠦᠬᠡ᠂ ᠪᠥᠭᠡᠷ᠎ᠡ᠂ ᠡᠯᠢᠭᠡᠨ ᠦ ᠴᠢᠨᠢ ᠦᠢᠯᠡ ᠠᠵᠢᠯᠯᠠᠭ᠎ᠠ ᠬᠡᠪ ᠦᠨ ᠪᠢᠰᠢ ᠪᠣᠯᠤᠨ᠎ᠠ᠃ ᠡᠶᠢᠮᠦ ᠵᠠᠷᠯᠢᠭ ᠲᠠᠨ ᠤ ᠪᠡᠶ᠎ᠡ ᠡᠷᠬᠡᠲᠡᠨ ᠳᠦ ᠬᠡᠷᠬᠢᠪᠡᠴᠦ ᠰᠠᠶᠢᠨ ᠨᠥᠯᠥᠭᠡ ᠦᠵᠡᠭᠦᠯᠬᠦ ᠦᠭᠡᠢ᠃ ᠦᠬᠡᠷ ᠶᠠᠭᠠᠬᠢᠭᠠᠳ ᠬᠠᠳᠬᠠᠬᠤ ᠪᠠᠷ ᠤᠨᠠᠵᠤ ᠪᠠᠶᠢᠨ᠎ᠠ ᠭᠡᠬᠦᠯᠡᠷ ᠳᠡᠭᠡᠷ᠎ᠡ ᠡᠴᠡ ᠢᠷᠡᠳᠡᠭ ᠵᠠᠷᠯᠢᠭ ᠨᠢ ᠬᠠᠳᠬᠤᠩᠭᠤᠲᠠ ᠠᠯᠠᠭ᠎ᠠ ᠪᠣᠯᠴᠢᠬᠠᠵᠤ ᠪᠠᠶᠢᠭ᠎ᠠ ᠶᠤᠮ᠃ ᠲᠡᠭᠡᠭᠡᠳ ᠯᠠ ᠤᠨᠠᠴᠢᠬᠠᠵᠤ ᠪᠠᠶᠢᠭ᠎ᠠ ᠬᠡᠷᠡᠭ᠃ ᠬᠦᠮᠦᠨ ᠳᠡᠭᠡᠷ᠎ᠡ ᠡᠴᠡ ᠢᠷᠡᠵᠦ ᠪᠠᠶᠢᠭ᠎ᠠ ᠵᠠᠷᠯᠢᠭ ᠤᠨ ᠢᠶᠠᠨ ᠪᠣᠭᠣᠯ ᠨᠢ ᠪᠠᠶᠢᠵᠤ ᠪᠣᠯᠬᠤ ᠦᠭᠡᠢ᠃ ᠬᠠᠷᠢᠨ ᠡᠵᠡᠨ ᠨᠢ ᠪᠠᠶᠢᠬᠤ ᠬᠡᠷᠡᠭᠲᠡᠢ᠃ ᠵᠠᠷᠯᠢᠭ ᠢ ᠬᠠᠮᠢᠭ᠎ᠠ ᠠᠴᠠ ᠥᠭᠳᠡᠭ ᠪᠤᠢ ᠭᠡᠪᠡᠯ ᠲᠠᠨ ᠤ ᠰᠡᠳᠬᠢᠯ ᠰᠠᠨᠠᠭᠠᠨ ᠠᠴᠠ ᠯᠠ ᠥᠭᠳᠡᠭ ᠶᠤᠮ ᠰᠢᠦ ᠳ᠋ᠡ᠃ ᠲᠡᠶᠢᠮᠦ ᠡᠴᠡ ᠲᠠ ᠰᠡᠳᠬᠢᠯ ᠰᠠᠨᠠᠭ᠎ᠠ ᠪᠠᠨ ᠵᠥᠪ ᠤᠳᠤᠷᠢᠳᠴᠤ ᠰᠤᠷᠬᠤ ᠬᠡᠷᠡᠭᠲᠡᠢ᠃ ᠵᠢᠱᠢᠶ᠎ᠡ ᠨᠢ ᠲᠠᠨ ᠤ ᠨᠥᠬᠥᠷ ᠶᠡᠬᠡ ᠣᠷᠣᠶᠢᠲᠠᠵᠤ ᠭᠡᠷ ᠲᠦ ᠪᠡᠨ ᠣᠷᠣᠵᠤ ᠢᠷᠡᠯ᠎ᠡ ᠭᠡᠵᠦ ᠪᠣᠳᠣᠶ᠎ᠠ᠃ ᠡᠶᠢᠮᠦ ᠦᠶ᠎ᠡ ᠳᠦ ᠲᠠ ᠳᠡᠭᠡᠷ᠎ᠡ ᠡᠴᠡ ᠢᠷᠡᠬᠦ ᠵᠠᠷᠯᠢᠭ ᠢᠶᠠᠨ ᠵᠥᠪ ᠤᠳᠤᠷᠢᠳᠴᠤ ᠴᠢᠳᠠᠬᠤ ᠶᠤᠮ ᠪᠣᠯ᠃ ᠥᠭᠡᠷ᠎ᠡ ᠪᠡᠷ ᠬᠡᠯᠡᠪᠡᠯ ᠰᠡᠳᠬᠢᠯ ᠰᠠᠨᠠᠭ᠎ᠠ ᠪᠠᠨ ᠵᠥᠪ ᠤᠳᠤᠷᠢᠳᠴᠤ ᠴᠢᠳᠠᠪᠠᠯ 《ᠡ ᠮᠢᠨᠦ ᠬᠠᠶᠢᠷᠠᠲᠤ ᠣᠷᠣᠶᠢᠲᠠᠭ᠎ᠠ ᠤᠤ᠃ ᠠᠵᠢᠯ ᠶᠡᠬᠡ ᠲᠡᠢ ᠪᠠᠶᠢᠪᠠ ᠤᠤ᠃ ᠶᠠᠳᠠᠷᠠᠭᠰᠠᠨ ᠤᠤ᠃ ᠨᠠᠰᠢ ᠪᠠᠨ ᠰᠠᠭᠤᠭᠠᠳ ᠴᠠᠢ ᠪᠠᠨ ᠤᠤᠭᠤ》 ᠭᠡᠳ ᠯᠠ ᠨᠥᠬᠥᠷ ᠢᠶᠡᠨ ᠤᠭᠲᠤᠨ᠎ᠠ ᠰᠢᠦ ᠳ᠋ᠡ᠃ ᠡᠶᠢᠮᠦ ᠦᠶ᠎ᠡ ᠳᠦ ᠲᠠᠨ ᠤ ᠨᠥᠬᠥᠷ ᠴᠢᠨᠢ ᠤᠶᠠᠷᠠᠭᠠᠳ ᠯᠠ᠂ ᠪᠢ ᠡᠶᠢᠮᠦ ᠰᠠᠶᠢᠨ ᠬᠠᠨᠢ ᠲᠠᠢ ᠰᠢᠦ ᠳ᠋ᠡ ᠭᠡᠳ ᠰᠡᠳᠬᠢᠯ ᠰᠠᠨᠠᠭ᠎ᠠ ᠨᠢ ᠰᠠᠶᠢᠬᠠᠨ ᠪᠣᠯᠤᠭᠠᠳ ᠶᠠᠪᠤᠴᠢᠬᠠᠨ᠎ᠠ ᠪᠢᠵᠡ ᠳ᠋ᠡ᠃ ᠬᠠᠷᠢᠨ ᠲᠠ ᠨᠥᠬᠥᠷ ᠢᠶᠡᠨ ᠣᠷᠣᠶᠢᠲᠠᠵᠤ ᠢᠷᠡᠬᠦ ᠳᠦ ᠨᠢ ᠰᠡᠳᠬᠢᠯ ᠰᠠᠨᠠᠭ᠎ᠠ ᠪᠠᠨ ᠪᠤᠷᠤᠭᠤ ᠤᠳᠤᠷᠢᠳᠬᠤ ᠶᠤᠮ ᠪᠣᠯ ᠪᠤᠷᠤᠭᠤ ᠵᠠᠷᠯᠢᠭ ᠢ ᠥᠪᠡᠷᠲᠡᠭᠡᠨ ᠥᠭᠭᠦᠨ᠎ᠡ᠃ 《ᠬᠠᠮᠢᠭᠠᠭᠤᠷ ᠶᠠᠪᠤᠭᠰᠠᠨ᠃ ᠬᠡᠨ ᠲᠡᠢ ᠠᠭᠤᠯᠵᠠᠭᠠᠳ ᠢᠩᠭᠢᠵᠦ ᠣᠷᠣᠶᠢᠲᠠᠪᠠ》 ᠭᠡᠳ ᠯᠠ ᠠᠭᠤᠷᠯᠠᠭᠠᠳ ᠤᠭᠲᠤᠪᠠᠯ ᠪᠤᠷᠤᠭᠤᠳᠠᠭᠠᠳ ᠶᠠᠪᠤᠴᠢᠬᠠᠨ᠎ᠠ᠃ ᠢᠩᠭᠢᠪᠡᠯ ᠲᠠᠨ ᠤ ᠪᠡᠶ᠎ᠡ ᠳᠦ ᠶᠡᠬᠡ ᠬᠡᠮᠵᠢᠶᠡᠨ ᠦ ᠬᠢᠮᠢ ᠶᠢᠨ ᠮᠠᠭᠤ ᠪᠣᠳᠠᠰ ᠤᠳ ᠡᠭᠦᠰᠦᠨ᠎ᠡ᠃ ᠲᠡᠷᠡ ᠬᠢᠷᠢ ᠪᠡᠷ ᠢᠶᠡᠨ ᠲᠠᠨ ᠤ ᠡᠷᠡᠭᠦᠯ ᠮᠡᠨᠳᠦ ᠳᠦ ᠮᠠᠭᠤ ᠰᠢᠦ᠃ ᠤᠭ ᠨᠢ ᠡᠨᠡ ᠠᠭᠤᠷ᠂ ᠰᠡᠳᠬᠢᠯ ᠦᠨ ᠴᠣᠴᠢᠮᠠᠭ ᠬᠥᠳᠡᠯᠭᠡᠭᠡᠨ ᠭᠡᠳᠡᠭ ᠵᠦᠢᠯ ᠢ ᠴᠢᠨᠢ ᠬᠦᠨᠳᠦ ᠭᠡᠨᠡᠳᠲᠡ ᠶᠢᠨ ᠬᠡᠴᠡᠭᠦᠦ ᠵᠦᠢᠯ᠂ ᠠᠶᠤᠯ ᠵᠠᠨᠤᠯ ᠲᠣᠬᠢᠶᠠᠯᠳᠣᠬᠤ ᠦᠶ᠎ᠡ ᠳᠦ ᠥᠪᠡᠷ ᠢ ᠪᠡᠨ ᠬᠠᠮᠠᠭᠠᠯᠠ᠂ ᠠᠮᠢ ᠪᠠᠨ ᠠᠪᠤᠷᠠ ᠭᠡᠵᠦ ᠴᠠᠭᠠᠨ᠎ᠠ ᠠᠴᠠ ᠪᠠᠨ ᠵᠠᠶᠠᠭᠠᠭᠰᠠᠨ ᠪᠣᠯᠬᠤ ᠠᠴᠠ ᠳᠤᠷᠠᠲᠠᠢ ᠦᠶ᠎ᠡ ᠳ᠋ᠡᠭᠡᠨ ᠠᠰᠢᠭᠯᠠᠭᠠᠳ ᠠᠭᠤᠷᠯᠠᠭᠠᠳ ᠪᠠᠢ ᠭᠡᠵᠦ ᠵᠠᠶᠠᠭᠠᠭ᠎ᠠ ᠦᠭᠡᠢ ᠶᠤᠮ ᠰᠢᠦ ᠳ᠋ᠡ᠃ ᠠᠭᠤᠷᠯᠠᠭᠰᠠᠨ ᠢᠶᠠᠷ ᠶᠠᠮᠠᠷ ᠴᠤ ᠠᠵᠢᠯ ᠢ ᠪᠦᠲᠦᠭᠡᠳᠡᠭ ᠦᠭᠡᠢ ᠯᠠ ᠪᠠᠶᠢᠬᠤ ᠦᠭᠡᠢ ᠤᠤ᠃ ᠲᠠ ᠰᠠᠶᠢᠬᠠᠨ ᠵᠠᠩᠨᠠᠵᠤ᠂ ᠬᠦᠮᠦᠨ ᠲᠡᠢ ᠰᠠᠶᠢᠬᠠᠨ ᠬᠠᠷᠢᠴᠠᠭᠰᠠᠨ ᠢᠶᠠᠷ ᠢᠶᠠᠨ ᠠᠵᠢᠯ ᠦᠢᠯᠡᠰ ᠢᠶᠡᠨ ᠪᠦᠲᠦᠭᠡᠳᠡᠭ ᠪᠢᠵᠡ ᠳ᠋ᠡ᠃ Түмт Шинэ хөвүүлэв

1        0       

                             13847524386      211429899@qq.com      13847524386   QQ  211429899 蒙ICP备17002503号-1