ᠲᠤᠰ ᠲᠤᠷᠠᠨ ᠬᠠᠷᠠᠭ᠎ᠠ ᠲᠠᠪᠴᠠᠩ ᠦᠨ ᠺᠤᠲ  ᠢ ᠤᠳᠠᠭᠠᠨ ᠰᠢᠷᠪᠢᠵᠦ ᠬᠠᠳᠠᠭᠠᠯᠠᠵᠤ ᠠᠪᠤᠭᠠᠷᠠᠢ︕ ᠤᠯᠠᠨ ᠠᠷᠪᠢᠨ ᠬᠤᠭᠤᠷ ᠤᠨ ᠦᠯᠢᠭᠡᠷ ᠂ ᠲᠠᠭᠤᠤ ᠬᠦᠭᠵᠢᠮ ᠪᠠᠢᠨ᠎ᠠ︕

ᠮᠤᠩᠭ᠋ᠤᠯ ᠤᠨ ᠨᠢᠭᠤᠴᠠ ᠳᠤᠪᠴᠢᠶᠠᠨ  ᠨᠢ᠋ᠮᠠᠳᠤᠭᠠᠷ ᠪᠦᠯᠦᠭ ᠂ ᠬᠦᠴᠦᠯᠦᠭ ᠤᠨ ᠲᠤᠲᠠᠭᠠᠭᠰᠠᠨ ᠪᠠ ᠵᠠᠮᠤᠬ᠎ᠠ ᠶᠢᠨ ᠳᠠᠷᠤᠭᠳᠠᠭᠰᠠᠨ ᠨᠢ

ᠨᠢ᠋ᠮᠠᠳᠤᠭᠠᠷ ᠪᠦᠯᠦᠭ ᠂ ᠬᠦᠴᠦᠯᠦᠭ ᠤᠨ ᠲᠤᠲᠠᠭᠠᠭᠰᠠᠨ ᠪᠠ ᠵᠠᠮᠤᠬ᠎ᠠ ᠶᠢᠨ ᠳᠠᠷᠤᠭᠳᠠᠭᠰᠠᠨ ᠨᠢ
        7965     
2017-06-08 20:36᠄      
发表于:内蒙古
198᠂ ᠮᠠᠷᠭᠢᠳ ᠢᠷᠬᠡᠨ ᠢ ᠡᠵᠠᠯᠠᠵᠣ ᠲᠣᠭᠳᠣᠬ᠎ᠠ ᠪᠠᠬᠢ ᠶᠢᠨ ᠶᠡᠬᠡ ᠬᠦᠪᠡᠬᠥᠨ ᠬᠣᠳᠣ ᠶᠢᠨ ᠬᠠᠳᠣᠨ ᠲᠦᠬᠡᠢ ᠲᠥᠷᠠᠬᠡᠨ᠎ᠡ ᠬᠣᠶᠠᠷ ᠡᠴᠡ ᠲᠥᠷᠬᠡᠨ᠎ᠡ ᠶᠢ ᠲᠠᠠᠳᠠ ᠦᠬᠡᠳᠡᠢ ᠬᠠᠨ ᠳᠤ ᠦᠭ᠍ᠪᠡ᠃ ᠮᠠᠷᠭᠢᠳ ᠤᠨ ᠵᠠᠷᠢᠮ ᠣᠯᠣᠰ ᠲᠠᠢ᠌ᠵᠢᠵᠣ ᠲᠠᠢ᠌ᠬᠠᠯ ᠰᠢᠪᠡᠬᠡ ᠳᠤ ᠣᠴᠢᠭᠠᠳ ᠬᠣᠷᠣᠭᠠᠯᠠᠨ ᠪᠠᠬᠢᠯᠠᠵᠠᠢ᠃ ᠲᠠᠠᠳᠠ ᠴᠢᠩᠬᠢᠰ ᠬᠠᠭᠠᠨ ᠵᠠᠷᠯᠢᠭ ᠪᠣᠯᠣᠷᠣᠨ᠄ 《ᠰᠣᠷᠬᠠᠨ ᠰᠢᠷ᠎ᠠ ᠶᠢᠨ ᠬᠦᠪᠡᠬᠥᠨ ᠴᠢᠮᠪᠠᠢ᠂ ᠵᠡᠭᠦᠨ ᠭᠠᠷ ᠤᠨ ᠴᠡᠷᠢᠭ᠌ ᠢ ᠠᠪᠣᠭᠠᠳ ᠬᠣᠷᠣᠭᠠᠯᠠᠨ ᠪᠡᠬᠢᠯᠡᠭ᠍ᠰᠡᠨ ᠮᠠᠷᠭᠢᠳ ᠢ ᠪᠦᠰᠡᠯᠨ》 ᠬᠡᠵᠦ ᠢᠯᠡᠬᠡᠪᠡ᠃ ᠲᠣᠭᠳᠠᠬ᠎ᠠ ᠶᠢᠨ ᠬᠦᠪᠡᠬᠥᠨ ᠬᠣᠳᠣ᠂ ᠴᠢᠯᠠᠭᠣᠨ ᠨᠡᠷ ᠤᠨ ᠬᠠᠮᠳᠣ ᠴᠦᠬᠡᠨ ᠬᠦᠮᠥᠨ ᠲᠣᠳᠠᠭᠠᠵᠣ ᠭᠠᠷᠣᠭᠰᠠᠨ ᠢ ᠴᠢᠩᠬᠢᠰ ᠬᠠᠭᠠᠨ ᠨᠡᠬᠡᠵᠦ ᠠᠯᠳᠠᠢ ᠶᠢᠨ ᠦᠪᠥᠷ ᠲ᠋ᠤ ᠡᠪᠣᠯᠵᠢᠵᠣ᠂ ᠦᠭᠡᠷ ᠵᠢᠯ ᠤᠨ (1205 ᠤᠨ) ᠬᠠᠪᠤᠷ ᠠᠷᠠᠢ ᠶᠢᠨ ᠳᠠᠪᠠᠭ᠎ᠠ ᠪᠠᠷ ᠳᠠᠪᠠᠵᠤ ᠤᠳᠤᠪᠠᠯ᠂ ᠨᠢ᠋ᠮᠠᠨ ᠤ ᠬᠦᠴᠦᠯᠦᠭ ᠬᠠᠨ ᠣᠯᠣᠰ ᠶᠢᠠᠨ ᠠᠯᠳᠠᠵᠣ᠂ ᠴᠦᠬᠡᠨ ᠬᠦᠮᠥᠨ ᠲᠡᠶ ᠲᠣᠳᠠᠭᠠᠵᠣ ᠶᠠᠪᠣᠭ᠎ᠠ ᠮᠠᠷᠭᠢᠳ ᠤᠨ ᠲᠣᠭᠳᠣᠬ᠎ᠠ ᠲᠡᠶ ᠠᠭᠣᠯᠵᠠᠵᠣ᠂ ᠡᠷᠴᠢᠰ ᠮᠥᠷᠡᠨ ᠤ ᠪᠣᠭᠳᠣᠷᠮ᠎ᠠ ᠬᠡᠳᠡᠭ ᠭᠠᠵᠠᠷ ᠬᠠᠮᠳᠣᠷᠠᠨ ᠴᠡᠷᠢᠭ᠌ ᠶᠢᠠᠨ ᠵᠠᠰᠠᠵᠣ ᠪᠠᠢ᠌ᠵᠠᠢ᠃ ᠴᠢᠩᠬᠢᠰ ᠬᠠᠭᠠᠨ ᠬᠦᠷᠴᠦ ᠪᠠᠢ᠌ᠯᠳᠣᠪᠠᠯ᠂ ᠲᠣᠭᠳᠣᠬ᠎ᠠ ᠲᠠᠠᠳᠠ ᠵᠡᠷᠯᠢᠭ᠌ ᠰᠣᠮᠣᠨ ᠳᠤ ᠣᠨᠣᠭᠳᠠᠵᠣ ᠦᠬᠥᠪᠡ᠃ ᠬᠦᠪᠡᠭᠦᠳ ᠨᠢ ᠲᠡᠬᠥᠨ ᠤ ᠬᠡᠬᠥᠷ ᠢ ᠠᠪᠴᠣ ᠶᠠᠪᠣᠵᠣ᠂ ᠣᠷᠣᠰᠢᠭᠣᠯᠵᠣ ᠵᠠᠪᠳᠣᠬᠣ ᠦᠬᠡᠢ ᠪᠣᠯᠣᠭᠠᠳ᠂ ᠲᠣᠯᠣᠭᠠᠢ ᠶᠢ ᠨᠢ ᠣᠭᠳᠣᠯᠣᠨ ᠠᠪᠴᠣ ᠤᠳᠪᠠ᠃ ᠲᠠᠠᠳᠠ ᠡᠴᠡ ᠨᠢ᠋ᠮᠠᠨ ᠮᠠᠷᠭᠢᠳ ᠨᠠᠷ ᠬᠠᠮᠳᠣᠷᠠᠨ ᠪᠠᠢ᠌ᠯᠳᠣᠵᠣ ᠪᠠᠷᠠᠬᠣ ᠦᠭᠡᠶ ᠪᠣᠯᠣᠭᠠᠳ ᠪᠤᠷᠤᠭᠤᠯᠠᠨ ᠲᠣᠳᠠᠭᠠᠵᠣ᠂ ᠡᠷᠴᠢᠰ ᠮᠥᠷᠡᠨ ᠢ ᠭᠠᠳᠣᠯᠬᠣ ᠳᠤ ᠣᠯᠠᠩᠬᠢ ᠬᠦᠮᠥᠨ ᠨᠢ ᠣᠰᠣᠨ ᠳᠤ ᠵᠢᠪᠪᠣᠵᠣ ᠦᠬᠥᠪᠡ᠃ ᠨᠢ᠋ᠮᠠᠨ᠂ ᠮᠠᠷᠭᠢᠳ ᠤᠨ ᠴᠦᠬᠡᠨ ᠬᠦᠮᠥᠨ ᠡᠷᠴᠢᠰ ᠢ ᠬᠡᠳᠥᠯᠣᠬᠡᠥᠨ ᠬᠠᠭᠠᠴᠠᠨ ᠰᠠᠯᠪᠠ᠃ ᠨᠢ᠋ᠮᠠᠨ ᠤ ᠬᠦᠴᠥᠯᠥᠭ ᠬᠠᠨ ᠣᠢ᠌ᠭᠣᠷ ᠤᠨ ᠬᠠᠷᠯᠣᠭ ᠢ ᠲᠠᠭᠠᠷᠢᠨ᠂ ᠰᠠᠷᠳᠠᠭᠣᠯ ᠤᠨ ᠭᠠᠵᠠᠷ ᠲᠤ ᠴᠦᠢ ᠮᠥᠷᠡᠨ ᠳᠤ ᠪᠠᠢ᠌ᠭ᠎ᠠ ᠬᠠᠷ᠎ᠠ ᠬᠢᠳᠠᠳ ᠤᠨ ᠬᠦᠷ ᠬᠠᠨ ᠳᠤ ᠨᠠᠢ᠌ᠯᠠᠨ ᠣᠴᠢᠪᠠ᠃ ᠮᠠᠷᠭᠢᠳ ᠤᠨ ᠲᠣᠭᠳᠣᠬ᠎ᠠ ᠶᠢᠨ ᠬᠦᠪᠡᠭᠦᠳ ᠬᠣᠳᠣ᠂ ᠭᠠᠯ᠂ ᠴᠢᠯᠠᠭᠣᠨ ᠲᠡᠷᠢᠬᠥᠳᠡᠨ ᠮᠠᠷᠭᠢᠳ᠂ ᠬᠠᠩᠯᠢᠨ  ᠤ ᠬᠢᠪᠴᠠᠭ ᠤᠳ ᠢ ᠲᠠᠭᠠᠷᠢᠨ ᠤᠳᠪᠠ᠃ ᠲᠠᠠᠳᠠ ᠡᠴᠡ ᠴᠢᠩᠬᠢᠰ ᠬᠠᠭᠠᠨ ᠬᠠᠷᠢᠵᠣ᠂ ᠠᠷᠠᠢ ᠶᠢᠨ ᠲᠠᠪᠠᠭ᠎ᠠ ᠪᠠᠷ ᠲᠠᠪᠠᠵᠣ ᠣᠣᠯ ᠣᠷᠳᠣᠨ ᠳᠠᠭᠠᠨ ᠪᠠᠭᠣᠪᠠ᠃ ᠴᠢᠮᠪᠠᠢ ᠲᠠᠢ᠌ᠬᠠᠯ ᠤᠳ ᠪᠦᠬᠥᠭ᠍ᠰᠡᠨ ᠮᠠᠷᠭᠢᠳ ᠢ ᠡᠵᠠᠯᠠᠪᠠ᠃ ᠴᠢᠩᠬᠢᠰ ᠬᠠᠭᠠᠨ ᠵᠠᠷᠯᠢᠭ ᠪᠣᠯᠵᠣ᠂ ᠮᠠᠷᠭᠢᠳ ᠡᠴᠡ ᠬᠢᠳᠣᠬᠣ ᠶᠢ ᠨᠢ ᠬᠢᠳᠣᠭᠣᠯᠵᠣ ᠦᠯᠡᠭ᠍ᠰᠠᠥᠨ ᠢ ᠴᠡᠷᠢᠭ᠌ ᠤᠳ ᠶᠢᠠᠷ ᠲᠠᠯᠠᠭᠣᠯᠵᠣ ᠲᠡᠬᠡᠷᠡᠮᠳᠡᠬᠥᠯᠪᠡ᠃ ᠪᠠᠰᠠ ᠣᠷᠢᠳᠣ ᠲᠠᠭᠠᠵᠣ ᠣᠷᠣᠭᠰᠠᠨ ᠮᠠᠷᠬᠢᠳ ᠠᠭᠤᠷᠤᠭ (ᠠᠷᠤ ᠶᠢᠨ ᠪᠤᠶᠤ ᠤᠤᠯ) ᠤᠷᠳᠤᠨ ᠡᠴᠡ ᠤᠷᠪᠠᠨ ᠪᠣᠰᠣᠭᠰᠠᠨ ᠳᠤ ᠣᠷᠳᠣᠨ ᠤ ᠭᠠᠵᠠᠷ ᠲᠤ ᠪᠠᠢ᠌ᠭᠰᠠᠨ ᠬᠦᠲᠦᠴᠢ ᠨᠡᠷ ᠲᠠᠳᠠᠨ ᠢ ᠲᠠᠷᠣᠵᠠᠢ᠃ ᠲᠠᠠᠳᠠ ᠴᠢᠩᠬᠢᠰ ᠬᠠᠭᠠᠨ ᠵᠠᠷᠯᠢᠭ ᠪᠣᠯᠣᠷᠣᠨ᠄ 《ᠲᠠᠳᠠᠨ ᠢ ᠬᠠᠮᠳᠣ ᠪᠠᠢ᠌ᠯᠭᠠᠶ᠎ᠠ ᠬᠡᠰᠡᠨ ᠪᠢᠯᠠ᠂ ᠬᠡᠳᠡᠯ᠎ᠡ ᠲᠠᠳᠠ ᠣᠷᠪᠠᠭᠰᠠᠨ ᠠᠵᠠᠢ》 ᠬᠡᠥᠨ ᠮᠠᠷᠭᠢᠳ ᠢ ᠵᠦᠭ᠌ ᠵᠦᠭ᠌ ᠲᠠᠭᠣᠰᠳᠠᠯ᠎ᠠ ᠬᠣᠪᠢᠶᠠᠷᠢᠯᠠᠪᠠ᠃ 199᠂ ᠮᠦᠨ ᠦᠬᠡᠷ ᠵᠢᠯ᠂ ᠴᠢᠩᠬᠢᠰ ᠬᠠᠭᠠᠨ ᠵᠠᠷᠯᠢᠭ ᠪᠣᠯᠵᠣ᠂ ᠰᠦᠪᠡᠬᠡᠳᠡᠢ ᠳᠤ ᠲᠠᠮᠣᠷ ᠲᠡᠷᠬᠡ ᠬᠢᠯᠬᠡᠵᠦ ᠦᠭ‍ᠬᠦᠬᠡᠥᠨ ᠲᠣᠭᠳᠣᠬ᠎ᠠ ᠶᠢᠨ ᠬᠦᠪᠡᠭᠦᠳ ᠬᠣᠳᠣ᠂ ᠭᠠᠯ᠂ ᠴᠢᠯᠠᠭᠣᠨ ᠲᠡᠷᠢᠬᠥᠳᠡᠨ ᠢ ᠨᠡᠬᠡᠬᠥᠯᠬᠥ ᠪᠠᠷ ᠢᠯᠡᠬᠡᠬᠥ ᠳᠤ ᠪᠠᠨ ᠰᠦᠪᠡᠬᠡᠳᠡᠢ ᠳᠤ ᠵᠠᠷᠯᠢᠭ ᠪᠣᠯᠣᠭᠰᠠᠨ ᠨᠢ᠄ 《ᠣᠷᠰᠢᠭᠳᠣ ᠲᠣᠭᠳᠣᠬ᠎ᠠ ᠶᠢᠨ ᠣᠷᠪᠠᠭᠰᠠᠨ ᠬᠦᠪᠡᠭᠦᠳ ᠣᠷᠭᠠᠳᠣ ᠬᠣᠯᠠᠨ ᠰᠢᠭ ᠣᠬᠠᠭᠠᠨ ᠠᠯᠳᠠᠵᠣ ᠰᠢᠷᠬᠠᠳᠣ ᠪᠣᠭᠣ ᠰᠢᠭ ᠰᠢᠨᠳᠠᠷᠠᠨ ᠮᠣᠬᠣᠵᠣ ᠪᠣᠴᠠᠵᠣ ᠠᠷᠪᠠᠯᠵᠠᠭᠰᠠᠭᠠᠷ ᠪᠣᠷᠣᠭᠣᠯᠣᠨ ᠲᠣᠳᠠᠭᠠᠪᠠ᠂ ᠬᠦᠬᠡᠬᠡᠭ᠍ᠳᠡᠭ᠍ᠰᠡᠨ ᠬᠣᠳᠣ ᠴᠢᠯᠠᠭᠣᠨ ᠨᠡᠷ ᠬᠦᠬᠡᠷᠬᠥ ᠵᠢᠬᠥᠷ ᠲᠡᠶ ᠪᠣᠯᠵᠣ ᠬᠦᠬᠡ ᠲᠡᠭ᠍ᠷᠢ ᠳᠤ ᠨᠢᠰᠪᠠᠯ ᠬᠦᠯᠥᠭ ᠪᠠᠭᠠᠳᠣᠷ ᠴᠢ ᠬᠦᠨᠦᠬᠡᠬᠥ ᠱᠣᠩᠬᠣᠷ ᠪᠣᠯᠵᠣ ᠬᠦᠬᠡᠬᠡᠵᠦ ᠲᠠᠳᠠᠨ ᠢ ᠪᠠᠷᠢᠭᠠᠷᠠᠢ︕ ᠮᠠᠭᠣ ᠲᠣᠭᠳᠣᠬ᠎ᠠ ᠶᠢᠨ ᠬᠦᠪᠡᠭᠦᠳ ᠮᠣᠩᠬᠠᠭ ᠲᠠᠷᠪᠠᠭ᠎ᠠ ᠪᠣᠯᠵᠣ ᠮᠤᠬᠤᠷ ᠨᠦᠬᠡᠨ ᠳᠤ ᠰᠢᠷᠭᠣᠪᠠᠯ᠂ ᠲᠡᠬᠥᠰ ᠪᠠᠭᠠᠳᠣᠷ ᠰᠦᠪᠡᠬᠡᠳᠡᠢ ᠲᠠᠮᠣᠷ ᠴᠠᠷᠢᠯ ᠪᠣᠯᠵᠣ ᠲᠦᠩᠬᠡᠵᠦ ᠮᠠᠯᠳᠠᠵᠣ ᠬᠦᠢᠴᠡᠬᠡᠷᠡᠢ︕ ᠦᠰᠢᠶᠡᠲᠦ ᠮᠠᠷᠭᠢᠳ ᠤᠨ ᠦᠷᠡᠰ ᠦᠷᠬᠡᠰᠦᠲᠦ ᠵᠢᠭᠠᠰᠣ ᠪᠣᠯᠵᠣ ᠦᠷᠬᠡᠨ ᠲᠠᠯᠠᠢ ᠳᠤ ᠣᠷᠣᠪᠠᠯ ᠦᠷᠯᠥᠭ ᠰᠦᠪᠡᠬᠡᠳᠡᠢ ᠴᠢ ᠦᠬᠡᠰᠢ ᠭᠣᠪᠴᠢᠭᠣᠷ ᠪᠣᠯᠵᠣ ᠦᠯᠬᠡᠵᠦ ᠭᠣᠬᠠᠳᠠᠵᠣ ᠪᠠᠷᠢᠭᠠᠷᠠᠢ︕ ᠦᠷᠯᠥᠭ ᠪᠠᠭᠠᠳᠣᠷ ᠴᠢᠮ᠎ᠠ ᠶᠢ ᠦᠨᠳᠥᠷ ᠲᠠᠪᠠᠭ᠎ᠠ ᠶᠢ ᠲᠠᠪᠠᠭᠣᠯᠵᠣ ᠦᠷᠬᠡᠨ ᠮᠥᠷᠡᠨ ᠢ ᠬᠡᠳᠥᠯᠠᠬᠥᠯᠵᠦ᠂ ᠦᠰᠢᠶᠡᠲᠦ ᠮᠠᠷᠭᠢᠳ ᠢ ᠲᠠᠷᠣᠭᠣᠯᠬᠣ ᠪᠠᠷ ᠡᠳᠣᠷ ᠪᠣᠯᠵᠣᠵᠣ ᠢᠯᠡᠬᠡᠪᠡ᠃ ᠣᠰᠣᠨ ᠤ ᠣᠷᠳᠣ ᠶᠢ ᠲᠣᠭᠣᠯᠵᠣ ᠭᠠᠵᠠᠷ ᠤᠨ ᠬᠣᠯᠠ ᠳᠤ ᠬᠦᠷᠬᠥ ᠳᠤ ᠪᠠᠨ ᠣᠨᠣᠬᠣ ᠮᠣᠷᠢᠳ ᠶᠢᠠᠨ ᠭᠠᠮᠨᠠᠵᠣ᠂ ᠣᠣᠭᠣᠯᠭ᠎ᠠ ᠬᠦᠨᠡᠰᠤ ᠪᠠᠨ ᠬᠡᠮᠨᠡᠵᠦ᠂ ᠣᠷᠢᠳ ᠡᠴᠡ ᠪᠣᠯᠭᠣᠮᠵᠢᠳᠠᠢ ᠶᠠᠪᠣ︕ ᠠᠭᠳᠠ ᠮᠣᠷᠢᠳ ᠶᠢᠠᠨ ᠮᠠᠭᠣᠳᠠᠭᠣᠯᠪᠠᠯ ᠠᠮᠨ ᠪᠠᠨ ᠪᠠᠷᠢᠪᠠᠴᠣ ᠬᠣᠵᠢᠮᠳᠠᠨ᠎ᠠ ᠃ ᠠᠯᠢᠪᠠ ᠬᠦᠨᠡᠰᠤ ᠪᠠᠨ ᠪᠠᠷᠠᠪᠠᠯ ᠠᠷᠪᠢᠯᠠᠨ ᠭᠠᠮᠨᠡᠪᠡᠴᠦ ᠣᠷᠣᠢ᠌ᠳᠠᠨ᠎ᠠ᠃ ᠠᠯᠣᠰ ᠤᠨ ᠲᠠᠷᠠ ᠵᠠᠮ ᠳᠤ ᠠᠪᠠᠯᠠᠬᠣ ᠬᠦᠷᠥᠬᠡᠰᠦ ᠣᠯᠠᠨ ᠪᠣᠢ᠂ ᠡᠠᠩ ᠠᠪᠠ ᠬᠢᠭ᠍ᠰᠠᠬᠡᠷ ᠠᠯᠣᠰ ᠤᠨ ᠵᠠᠮ ᠢ ᠪᠣᠤ ᠮᠠᠷᠳᠠ᠂ ᠬᠦᠨᠡᠰᠥᠨ ᠤ ᠨᠠᠮᠠᠷᠢ ᠪᠣᠯᠭᠠᠵᠣ ᠬᠦᠷᠥᠯᠴᠡᠬᠥ ᠬᠡᠮᠵᠢᠶ᠎ᠡ ᠪᠠᠷ ᠠᠪᠠᠯᠠ᠃ ᠡᠷᠬᠢᠯᠡᠭ᠍ᠰᠡᠨ ᠠᠪᠠ ᠡᠴᠡ ᠠᠩᠬᠢᠳᠠ ᠡᠩ ᠤᠨ ᠶᠠᠪᠣᠬᠣ ᠵᠠᠮ ᠳᠤ ᠡᠷ᠎ᠠ ᠴᠡᠷᠢᠭ᠌ ᠤᠨ ᠮᠣᠷᠢᠳ ᠤᠨ ᠡᠮᠠᠬᠡᠯ ᠤᠨ ᠬᠣᠳᠣᠷᠭ᠎ᠠ ᠶᠢ ᠮᠣᠯᠳᠣᠯᠵᠣ᠂ ᠠᠭᠳᠠ ᠶᠢᠨ ᠬᠠᠵᠠᠭᠠᠷ ᠢ ᠠᠮᠠᠭᠠᠢ᠌ᠴᠢᠯᠠᠵᠣ ᠠᠶ᠎ᠠ ᠪᠠᠷ ᠵᠦᠬᠡᠯᠡᠨ ᠶᠠᠪᠣ᠂ ᠴᠢᠩᠳᠠ ᠡᠢ᠌ᠮᠣ ᠵᠢᠷᠣᠮ ᠢ ᠴᠢᠷᠮᠠᠢ᠌ᠨ ᠰᠠᠬᠢᠵᠣ ᠶᠠᠪᠣᠪᠠᠯ ᠠᠶᠠᠨ ᠤ ᠬᠦᠮᠥᠨ ᠲᠤᠷ᠎ᠠ ᠪᠠᠷ ᠠᠪᠠᠯᠠᠨ ᠲᠠᠪᠬᠢᠬᠣ ᠪᠠᠨ ᠪᠣᠯᠢᠨ᠎ᠠ᠂ ᠴᠡᠬᠡᠷᠯᠡᠬᠥ ᠵᠢᠷᠣᠮ ᠢ ᠵᠦᠷᠢᠴᠡᠭ᠍ᠰᠡᠨ ᠴᠡᠷᠢᠭ᠌ ᠤᠨ ᠬᠦᠮᠥᠰ ᠢ ᠵᠠᠠᠴᠢ᠂ ᠳᠠᠨᠢᠬᠤ ᠬᠦᠮᠥᠨ᠂ ᠮᠢᠨᠣ ᠲᠠᠭᠠᠯᠠᠯ ᠵᠠᠷᠯᠢᠭ ᠢ ᠵᠦᠷᠢᠴᠡᠪᠡᠯ ᠲᠠ ᠨᠡᠷ ᠨᠠᠳᠠ ᠳᠤ ᠶᠠᠪᠣᠭᠣᠯ᠂ ᠳᠠᠨᠢᠬᠤ ᠦᠭᠡᠶ ᠬᠦᠮᠥᠨ᠂ ᠮᠢᠨᠣ ᠲᠠᠭᠠᠯᠠᠯ ᠵᠠᠷᠯᠢᠭ ᠢ ᠵᠦᠷᠢᠴᠡᠪᠡᠯ ᠲᠠ ᠨᠡᠷ ᠮᠠᠳᠠᠵᠣ ᠰᠢᠳᠬᠡ᠃ ᠠᠭᠣᠯᠠ ᠨᠢᠷᠣᠭᠣ ᠶᠢ ᠠᠯᠣᠰᠯᠠᠪᠠᠴᠣ ᠣᠭ ᠰᠠᠨᠠᠭ᠎ᠠ ᠪᠠᠨ ᠨᠢᠬᠡᠣᠠᠬᠡᠵᠦ᠂ ᠮᠥᠷᠡᠨ ᠭᠣᠣᠯ ᠢ ᠬᠡᠳᠥᠯᠪᠡᠴᠦ ᠮᠦᠨ ᠰᠠᠨᠠᠭ᠎ᠠ ᠪᠠᠨ ᠨᠢᠬᠡᠣᠠᠬᠡᠵᠦ᠂ ᠮᠦᠩᠬᠡ ᠲᠡᠭ᠍ᠷᠢ ᠶᠢᠨ ᠬᠦᠴᠥᠨ ᠳᠤ ᠮᠥᠷᠤ ᠶᠢᠨ ᠬᠦᠴᠦ ᠨᠡᠮᠡᠭ᠍ᠳᠡᠵᠦ᠂ ᠭᠠᠢ᠌ᠳᠣ ᠲᠣᠭᠳᠠᠭ᠎ᠠ ᠶᠢᠨ ᠬᠦᠪᠡᠭᠦᠳ ᠢ ᠭᠠᠷ ᠲᠠᠭᠠᠨ ᠣᠷᠣᠭᠣᠯᠵᠣ ᠪᠠᠷᠢᠪᠠᠯ ᠲᠠᠳᠠᠨ ᠢ ᠠᠪᠴᠢᠷᠠᠬᠣ ᠬᠡᠷᠡᠭ ᠦᠭᠡᠶ᠂ ᠲᠠᠠᠳᠠ ᠨᠢ ᠴᠢᠭ᠌ ᠢ ᠨᠢ ᠣᠯᠣᠭᠳᠣᠨ︕》 ᠬᠡᠵᠦ ᠵᠠᠷᠯᠢᠭ ᠪᠣᠯᠪᠠ᠃ ᠴᠢᠩ ᠵᠤᠷᠢᠭᠳᠣ ᠰᠦᠪᠡᠬᠡᠳᠡᠢ ᠳᠤ ᠴᠢᠩᠬᠢᠰ ᠪᠠᠰᠠ ᠬᠡᠯᠡᠪᠡ᠄ 《ᠴᠢ ᠣᠳᠣ ᠶᠠᠪᠣᠭᠠᠳ ᠴᠢᠪᠢᠯᠳᠣ ᠮᠠᠷᠭᠢᠳ ᠢ ᠰᠦᠨᠦᠬᠡ᠃ ᠪᠠᠯᠴᠢᠷ ᠴᠠᠭ ᠲᠤ ᠮᠢᠨᠢ ᠲᠠᠳᠠ   ᠲᠣᠪᠳᠣᠯᠵᠣ᠂ ᠪᠣᠷᠬᠠᠨ ᠬᠠᠯᠳᠣᠨ ᠳᠤ ᠪᠢᠳᠠᠨ ᠢ ᠪᠣᠯᠳᠠᠭᠣᠯᠣᠨ ᠰᠠᠠᠳᠣᠷᠭᠠᠵᠣ ᠪᠠᠢ᠌ᠭᠰᠠᠨ᠂ ᠦᠰᠢᠶᠡᠲᠦ ᠲᠠᠷᠠ ᠮᠠᠷᠭᠢᠳ ᠤᠳ ᠦᠨᠦ ᠪᠠᠰᠠ ᠲᠠᠩᠭ᠋ᠠᠷᠢᠭᠯᠠᠭᠠᠳ ᠦᠬᠡᠷ᠎ᠡ ᠵᠦᠭ᠌ ᠲᠣᠳᠠᠭᠠᠪᠠ᠃ ᠣᠷᠳᠣ ᠶᠢᠨ ᠦᠵᠦᠬᠥᠷ ᠲᠤ ᠬᠦᠷᠴᠦ ᠬᠦᠨ ᠤ ᠢᠷᠣᠭᠠᠯ ᠳᠤ ᠣᠷᠣᠵᠣ ᠲᠥᠯᠣᠬᠡᠰᠦ ᠦᠰᠢᠶ᠎ᠡ ᠶᠢ ᠡᠠᠪ︕》 ᠬᠡᠵᠦ ᠲᠠᠮᠣᠷ ᠲᠡᠷᠬᠡ ᠶᠢ ᠬᠡᠷᠩᠯᠠᠬᠥᠯᠥᠨ ᠦᠨᠡᠨ ᠢᠳᠡᠬᠡᠯ ᠲᠡᠶ ᠰᠦᠪᠡᠬᠡᠳᠡᠢ ᠶᠢ ᠦᠬᠡᠷ ᠵᠢᠯ ᠢᠯᠡᠬᠡᠪᠡ᠃ 《ᠲᠠᠯᠳᠠ ᠣᠷᠣᠪᠠᠴᠣ ᠢᠯᠨ ᠮᠠᠳᠣ ᠰᠠᠨᠠᠵᠣ᠂ ᠬᠣᠯᠠ ᠡᠴᠢᠪᠠᠴᠣ ᠣᠢ᠌ᠷ᠎ᠠ ᠮᠠᠳᠣ ᠪᠣᠳᠣᠵᠣ᠂ ᠪᠢᠳᠠᠨ ᠳᠤ ᠢᠳᠡᠬᠡᠯ ᠲᠡᠶ ᠶᠠᠪᠣᠪᠠᠯ᠂ ᠲᠡᠬᠡᠲᠦ ᠲᠡᠭ᠍ᠷᠢ ᠢᠪᠡᠬᠡᠵᠦ ᠲᠡᠮᠵᠢᠬᠥ ᠪᠣᠯᠣᠨ᠎ᠠ》 ᠬᠡᠵᠦ ᠪᠠᠭᠠᠳᠣᠷ ᠰᠦᠪᠡᠬᠡᠳᠢ ᠮᠣᠷᠳᠠᠬᠣ ᠳᠤ ᠪᠠᠰᠠ ᠵᠠᠷᠯᠢᠭ ᠪᠣᠯᠪᠠ᠃ 200᠂ ᠨᠢ᠋ᠮᠠᠨ ᠮᠠᠷᠭᠢᠳ ᠢ ᠡᠵᠠᠯᠠᠵᠣ ᠲᠠᠭᠣᠰᠪᠠᠯ ᠨᠢ᠋ᠮᠠᠨ ᠲᠡᠶ ᠬᠠᠮᠳᠣ ᠪᠠᠢ᠌ᠭᠰᠠᠨ ᠵᠠᠮᠣᠬ᠎ᠠ᠂ ᠣᠯᠣᠰ ᠶᠢᠠᠨ ᠠᠯᠳᠠᠵᠣ ᠲᠠᠪᠣᠨ ᠨᠦᠬᠥᠷ ᠲᠡᠶ ᠲᠡᠨᠦᠬᠥᠴᠢᠯᠡᠵᠦ ᠶᠠᠪᠤᠭᠠᠳ ᠳᠠᠩᠨᠤ (ᠲᠠᠩᠨᠠ) ᠠᠭᠤᠯᠠᠨ ᠳᠤ ᠭᠠᠷᠴᠤ ᠨᠢᠭᠡᠨ ᠤᠭᠠᠯᠵᠠ ᠠᠯᠠᠭᠠᠳ ᠰᠢᠷᠠᠵᠤ ᠢᠳᠠᠵᠣ ᠪᠠᠢ᠌ᠭᠠᠳ᠂ ᠵᠠᠮᠣᠬ᠎ᠠ ᠨᠦᠭᠦᠳ ᠲᠡᠭᠡᠨ ᠬᠡᠯᠡᠭ᠍ᠰᠡᠨ ᠨᠢ᠂ 《ᠬᠡᠨ ᠤ ᠬᠦᠪᠡᠭᠦᠳ ᠡᠨᠠ ᠡᠳᠣᠷ ᠣᠭᠠᠯᠵᠠ ᠠᠯᠠᠵᠣ᠂ ᠢᠩᠬᠢᠵᠣ ᠢᠳᠠᠵᠣ ᠪᠠᠢ᠌ᠨ᠎ᠠ︖》 ᠬᠡᠥᠨ ᠲᠠᠷᠠ ᠣᠭᠠᠯᠵᠠ ᠶᠢᠨ ᠮᠢᠬ᠎ᠠ ᠶᠢ ᠢᠳᠠᠵᠣ ᠪᠠᠢ᠌ᠬᠣ ᠵᠠᠪᠰᠠᠷ ᠲᠠᠪᠣᠨ ᠨᠦᠬᠥᠷ ᠨᠢ ᠵᠠᠮᠣᠬ᠎ᠠ ᠶᠢ ᠭᠠᠷᠳᠠᠨ ᠪᠠᠷᠢᠵᠣ ᠴᠢᠩᠬᠢᠰ ᠬᠠᠭᠠᠨ ᠳᠤ ᠠᠪᠴᠢᠷᠠᠵᠠᠢ᠃ ᠵᠠᠮᠣᠬ᠎ᠠ᠂ ᠨᠦᠭᠦᠳ ᠲᠡᠭᠡᠨ ᠪᠠᠷᠢᠭᠳᠠᠵᠣ ᠢᠷᠡᠬᠡᠥᠨ ᠴᠢᠩᠬᠢᠰ ᠬᠠᠭᠠᠨ ᠳᠤ ᠬᠡᠯᠡᠬᠥᠯᠥᠭᠰᠡᠨ ᠨᠢ᠄ 《ᠬᠠᠷ᠎ᠠ ᠬᠡᠷᠢᠶ᠎ᠡ ᠬᠠᠯᠳᠠᠷ ᠨᠣᠭᠣᠰᠣ ᠶᠢ ᠪᠠᠷᠢᠬᠤ ᠪᠣᠯᠪᠠ᠂ ᠬᠠᠷᠠᠴᠣ ᠪᠣᠭᠣᠯ ᠬᠠᠨ ᠡᠵᠠᠨ ᠳᠡᠭᠡᠨ ᠬᠠᠯᠳᠠᠬᠣ ᠪᠣᠯᠪᠠ᠂ ᠬᠠᠭᠠᠨ ᠠᠨᠳᠠ ᠮᠢᠨᠢ ᠬᠠᠢ᠌ᠷᠠᠯᠠᠵᠣ ᠦᠷᠥᠰᠢᠶᠡ᠂ ᠪᠣᠷᠣ ᠡᠯᠢᠶ᠎ᠠ ᠪᠣᠷᠣᠯᠠᠭ ᠨᠣᠭᠣᠰᠣ ᠶᠢ ᠪᠠᠷᠢᠬᠤ ᠪᠣᠯᠪᠠ᠂ ᠪᠣᠭᠣᠯ ᠵᠠᠷᠣᠴᠠ ᠪᠣᠳᠠᠳᠣ ᠡᠵᠠᠨ ᠳᠡᠭᠡᠨ ᠪᠣᠴᠠᠵᠣ ᠬᠠᠯᠳᠠᠪᠠ᠂ ᠪᠣᠭᠳᠠ ᠠᠨᠳᠠ ᠮᠢᠨᠢ ᠪᠣᠳᠣᠵᠣ ᠦᠵᠡ》 ᠬᠡᠵᠡᠢ᠃ ᠵᠠᠮᠣᠬ᠎ᠠ ᠶᠢᠨ ᠲᠠᠷᠠ ᠦᠬᠡᠨ ᠳᠤ ᠴᠢᠩᠬᠢᠰ ᠬᠠᠭᠠᠨ ᠵᠠᠷᠯᠢᠭ ᠪᠣᠯᠣᠷᠣᠨ᠄ 《ᠬᠠᠭᠠᠨ ᠡᠵᠠᠨ ᠳᠡᠭᠡᠨ ᠬᠠᠯᠳᠠᠭᠰᠠᠨ ᠬᠦᠮᠥᠨ ᠢ ᠶᠠᠭᠠᠬᠢᠵᠣ ᠣᠷᠬᠢᠬᠣ ᠪᠣᠢ︖ ᠲᠠᠢ᠌ᠮᠣ ᠬᠦᠮᠥᠨ ᠬᠡᠨ ᠲᠡᠶ ᠨᠦᠬᠥᠷᠯᠡᠬᠥ ᠪᠣᠢ︖ ᠬᠠᠨ ᠡᠵᠠᠨ ᠲᠡᠶ ᠬᠠᠯᠳᠠᠭᠰᠠᠨ ᠬᠠᠷᠠᠴᠣ ᠠᠷᠠᠳ ᠢ ᠣᠷᠣᠭ ᠲᠥᠷᠥᠯ ᠢ ᠨᠢ ᠬᠦᠷᠳᠡᠯ᠎ᠡ ᠣᠰᠠᠳᠬ᠎ᠠ》 ᠬᠡᠵᠦ ᠵᠠᠷᠯᠢᠭ ᠪᠣᠯᠪᠠ᠃ ᠲᠡᠬᠡᠬᠡᠥᠨ ᠵᠠᠮᠣᠬ᠎ᠠ ᠶᠢᠨ ᠨᠢᠳᠣᠨ ᠤ ᠡᠮᠣᠨ᠎ᠠ ᠲᠡᠬᠥᠨ ᠳᠤ ᠬᠠᠯᠳᠠᠭᠰᠠᠨ ᠠᠷᠠᠳ ᠢ ᠠᠯᠠᠪᠠ᠃ ᠴᠢᠩᠬᠢᠰ ᠬᠠᠭᠠᠨ᠂ ᠵᠠᠮᠣᠬ᠎ᠠ ᠳᠤ ᠬᠡᠯᠡ ᠬᠡᠵᠦ ᠵᠠᠷᠯᠢᠭ ᠪᠣᠯᠣᠭᠰᠠᠨ ᠨᠢ᠄ 《ᠣᠳᠣ ᠪᠢᠳᠠ ᠬᠣᠶᠠᠭᠣᠯᠠ ᠣᠢ᠌ᠷᠠᠳᠣᠵᠣ ᠪᠠᠰᠠ ᠨᠦᠬᠥᠷᠯᠡᠶ᠎ᠡ᠂ ᠦᠨᠦ ᠪᠣᠯᠬᠣ ᠳᠤ ᠴᠢ ᠦᠷᠣᠬᠡᠰᠥᠨ ᠠᠷᠠᠯ ᠪᠣᠯᠣᠭᠠᠳ᠂ ᠦᠬᠡᠷ᠎ᠡ ᠰᠠᠨᠠᠭ᠎ᠠ ᠠᠬᠣᠭᠣᠯᠬᠣ ᠦᠭᠡᠶ ᠪᠢᠵᠠ᠂ ᠬᠠᠮᠳᠣ ᠬᠣᠶᠠᠭᠣᠯᠠ ᠨᠠᠢ᠌ᠯᠠᠵᠣ ᠬᠠᠷᠢᠯᠴᠠᠨ ᠨᠠᠢ᠌ᠷᠠᠮᠳᠠᠵᠣ᠂ ᠣᠮᠠᠷᠳᠠᠭᠰᠠᠨ ᠶᠢᠠᠨ ᠰᠠᠨᠠᠭᠣᠯᠵᠣ᠂ ᠣᠠᠳᠠᠭᠰᠠᠨ ᠶᠢᠠᠨ ᠰᠡᠷᠢᠬᠥᠯᠵᠦ ᠶᠠᠪᠣᠶ᠎ᠠ᠂ ᠦᠬᠡᠷ᠎ᠡ ᠵᠠᠮ ᠶᠢᠠᠷ ᠶᠠᠪᠣᠭᠰᠠᠨ ᠪᠣᠯᠪᠠᠴᠣ ᠦᠯᠵᠡᠢ᠌ᠲᠦ ᠰᠠᠢ᠌ᠨ ᠨᠦᠬᠥᠷ ᠮᠢᠨᠢ ᠮᠦᠨ ᠪᠢᠯᠠ ᠴᠢ᠂ ᠦᠰᠢᠶᠡᠯᠳᠥᠨ ᠪᠠᠢ᠌ᠯᠳᠣᠬᠣ ᠡᠳᠣᠷ ᠪᠣᠯᠬᠣ ᠳᠤ ᠦᠷᠤ ᠵᠢᠷᠥᠬᠡ ᠪᠠᠨ ᠡᠪᠡᠣᠠᠬᠡᠳᠡᠭ ᠪᠢᠯᠠ ᠴᠢ᠂ ᠠᠩᠬᠢᠳᠠ ᠵᠠᠮ ᠶᠢᠠᠷ ᠶᠠᠪᠣᠭᠰᠠᠨ ᠪᠣᠯᠪᠠᠴᠣ ᠠᠨᠳᠠ ᠰᠠᠢ᠌ᠨ ᠨᠦᠬᠥᠷ ᠮᠢᠨᠢ ᠮᠦᠨ ᠪᠢᠯᠠ ᠴᠢ᠂ ᠣᠯᠠᠢ᠌ᠰᠢᠷᠠᠨ ᠪᠠᠢ᠌ᠯᠳᠣᠬᠣ ᠡᠳᠣᠷ ᠪᠣᠯᠬᠣ ᠳᠤ ᠠᠭᠣᠰᠬᠢ ᠵᠢᠷᠥᠬᠡ ᠪᠠᠨ ᠡᠪᠡᠳᠭᠡᠳᠡᠭ ᠪᠢᠯᠠ ᠴᠢ᠃ ᠬᠡᠳᠥᠨ ᠵᠢᠱᠢᠶ᠎ᠠ ᠬᠡᠯᠡᠪᠡᠯ᠂ ᠬᠡᠷᠡᠢ᠌ᠳ ᠣᠯᠣᠰ ᠲᠡᠶ ᠪᠢᠳᠠ ᠬᠠᠷ᠎ᠠ ᠬᠠᠯᠵᠠᠨ ᠡᠯᠠᠳ ᠲᠤ ᠬᠠᠳᠬᠣᠯᠳᠣᠬᠣ ᠴᠠᠭ ᠪᠣᠯᠬᠣ ᠳᠤ᠂ ᠲᠤᠭᠤᠷᠢᠯ ᠬᠠᠨ ᠤ ᠰᠠᠨᠠᠭ᠎ᠠ ᠶᠢ ᠲᠣᠳᠣᠷᠠᠭᠣᠯᠵᠣ ᠪᠢᠳᠠᠨ ᠳᠤ ᠬᠡᠯᠡᠬᠡᠥᠨ ᠲᠣᠩ ᠶᠡᠬᠡ ᠲᠣᠰᠠᠯᠠᠪᠠ᠃ ᠪᠠᠰᠠ ᠨᠢ᠋ᠮᠠᠨ ᠣᠯᠣᠰ ᠢ ᠦᠬᠡ ᠪᠠᠷ ᠦᠬᠥᠳᠡᠯ᠎ᠡ ᠰᠥᠷᠳᠡᠬᠥᠯᠵᠦ᠂ ᠠᠮᠨ ᠪᠠᠷ ᠠᠶᠣᠳᠠᠯ᠎ᠠ ᠰᠠᠠᠳᠣᠷᠭᠠᠵᠣ᠂ ᠠᠯᠢᠪᠠ ᠪᠠᠢ᠌ᠳᠠᠯ ᠢ ᠮᠡᠳᠡᠭ᠍ᠳᠡᠵᠦ ᠠᠴᠢ ᠲᠣᠰᠠ ᠬᠦᠷᠬᠡᠭ᠍ᠰᠡᠨ ᠪᠢᠯᠠ》 ᠬᠡᠵᠦ ᠬᠡᠯᠡᠬᠥᠯᠵᠡᠢ᠃ ᠵᠠᠮᠣᠬ᠎ᠠ ᠦᠬᠥᠯᠡᠷᠥᠨ᠄ 《ᠡᠷᠳᠠ ᠥᠩᠬᠡᠷᠡᠭ᠍ᠰᠡᠨ ᠴᠠᠭ ᠲᠤ ᠡᠩᠬᠥᠷᠡᠢ ᠪᠠᠭ᠎ᠠ ᠨᠠᠰᠣᠨ ᠳᠤ ᠬᠣᠷᠬᠣᠨᠠᠭ ᠵᠤᠪᠣᠷ᠎ᠠ ᠶᠢᠨ ᠬᠦᠠᠳᠡᠢ ᠳᠤ ᠬᠣᠶᠠᠭᠣᠯᠠ ᠶᠡᠬᠡ ᠨᠠᠢ᠌ᠷᠠᠮᠳᠠᠵᠣ ᠬᠠᠭᠠᠨ ᠠᠨᠳᠠ ᠴᠢᠮ᠎ᠠ ᠲᠡᠶ ᠬᠠᠢ᠌ᠷᠠᠳᠣ ᠨᠠᠢ᠌ᠵᠠ ᠪᠣᠯᠵᠣ᠂ ᠦᠯᠤ ᠰᠢᠩᠬᠡᠬᠥ ᠢᠳᠡᠬᠡ ᠢᠳᠠᠯᠴᠠᠵᠣ ᠦᠯᠤ ᠮᠠᠷᠳᠠᠬᠣ ᠦᠬᠡ ᠬᠡᠯᠡᠯᠴᠡᠵᠦ᠂ ᠨᠢᠬᠡ ᠬᠦᠠᠵᠢᠯᠡ ᠨᠥᠮᠥᠷᠴᠦ ᠨᠢᠬᠡ ᠰᠠᠨᠠᠯ ᠳᠤ ᠰᠠᠨᠠᠵᠣ ᠶᠠᠪᠣᠯ᠎ᠠ᠃ ᠬᠦᠠᠳᠡᠯᠡᠨ ᠤ ᠬᠦᠮᠥᠨ ᠳᠤ ᠬᠦᠳᠡᠭ᠍ᠳᠡᠵᠦ ᠬᠦᠨᠦᠬᠡᠬᠥ ᠦᠬᠡᠨ ᠳᠤ ᠠᠪᠳᠠᠭᠳᠠᠵᠣ᠂ ᠬᠠᠵᠠᠭᠣ ᠶᠢᠨ ᠬᠦᠮᠥᠨ ᠳᠤ ᠬᠠᠳᠬᠣᠭᠳᠠᠵᠣ᠂ ᠬᠠᠳᠬᠣᠬᠣ ᠦᠬᠡᠨ ᠳᠤ ᠠᠪᠳᠠᠭᠳᠠᠵᠣ᠂ ᠬᠠᠭᠠᠨ ᠠᠨᠳᠠ ᠴᠢᠮ᠎ᠠ ᠡᠴᠡ ᠬᠠᠭᠠᠴᠠᠨ ᠰᠠᠯᠣᠭᠠᠳ ᠪᠢ᠂ ᠬᠠᠷ᠎ᠠ ᠨᠢᠭᠣᠷ ᠤᠨ ᠶᠢᠠᠨ ᠠᠷᠠᠰᠣ ᠶᠢ ᠬᠠᠯᠴᠠᠷᠠᠵᠣ ᠬᠠᠭᠣᠷᠣᠭᠰᠠᠨ ᠤ ᠠᠳᠠᠯᠢ ᠬᠠᠭᠠᠨ ᠠᠨᠳᠠ ᠴᠢᠨᠣ ᠬᠠᠯᠠᠭᠣᠨ ᠴᠢᠷᠠᠢ ᠶᠢ ᠬᠠᠷᠠᠬᠣ ᠡᠴᠡ ᠬᠠᠯᠠᠰᠢᠷᠠᠨ ᠵᠤᠪᠠᠵᠣ ᠶᠠᠪᠣᠪᠠ᠂ ᠣᠮᠠᠷᠳᠠᠰᠢ ᠦᠭᠡᠶ ᠬᠡᠯᠡᠯᠴᠡᠭ᠍ᠰᠡᠨ ᠣᠷᠢᠳᠣ ᠶᠢᠨ ᠦᠬᠡ ᠶᠢ ᠰᠠᠨᠠᠵᠣ᠂ ᠣᠯᠠᠭᠠᠨ ᠨᠢᠭᠣᠷ ᠤᠨ ᠶᠢᠠᠨ ᠠᠷᠠᠰᠣ ᠶᠢ ᠣᠷᠠᠭᠣᠯᠵᠣ ᠦᠪᠴᠢᠬᠥᠯᠥᠭᠰᠡᠨ ᠠᠳᠠᠯᠢ᠂ ᠠᠭᠣᠵᠢᠭᠣ ᠰᠠᠳᠬᠢᠯᠳᠣ ᠠᠨᠳᠠ ᠶᠢᠨ ᠶᠢᠠᠨ ᠣᠬᠠᠭᠠᠠᠳᠣ ᠴᠢᠷᠠᠢ ᠶᠢ ᠬᠠᠷᠠᠬᠣ ᠡᠴᠡ ᠣᠬᠣᠷᠢᠨ ᠵᠤᠪᠠᠵᠣ ᠶᠠᠪᠣᠪᠠ᠃ ᠬᠠᠭᠠᠨ ᠠᠨᠳᠠ ᠨᠠᠮᠢ᠋ᠢ ᠬᠠᠢ᠌ᠷᠠᠯᠠᠨ ᠰᠣᠶᠣᠷᠬᠠᠵᠣ ᠬᠠᠮᠳᠣᠷᠠᠨ ᠨᠦᠬᠥᠴᠡᠶ᠎ᠡ ᠬᠡᠵᠡᠢ᠂ ᠨᠦᠬᠥᠴᠡᠬᠥ ᠴᠠᠭ ᠲᠤ ᠨᠦᠬᠥᠴᠡᠭ᠍ᠰᠡᠨ ᠦᠭᠡᠶ ᠪᠢ ᠲᠠᠮᠣᠵᠢᠨ ᠴᠢ ᠲᠥᠮᠡᠨ ᠣᠯᠣᠰ ᠢ ᠲᠥᠪᠰᠢᠨ ᠪᠣᠯᠭᠠᠵᠣ᠂ ᠬᠠᠷᠢ ᠣᠯᠣᠰ ᠢ ᠬᠠᠮᠳᠣᠳᠬᠠᠨ ᠵᠠᠬᠢᠷᠴᠣ᠂ ᠬᠠᠮᠣᠭ ᠢ ᠡᠵᠡᠯᠡᠭ᠍ᠰᠡᠨ ᠬᠠᠭᠠᠨ ᠪᠣᠯᠣᠭᠠᠳ ᠲᠡᠯᠠᠬᠡᠢ ᠳ᠋ᠠᠬᠢᠨ ᠪᠠᠯᠠᠨ ᠪᠠᠢ᠌ᠬᠣ ᠳᠤ ᠲᠠᠮᠠᠢ ᠨᠠᠳᠠ ᠪᠠᠷ ᠶᠠᠭᠣ ᠬᠢᠬᠥ ᠪᠣᠢ︖ ᠬᠠᠷᠠᠩᠭ᠋ᠣᠢ ᠰᠦᠨᠢ ᠶᠢᠨ ᠵᠠᠬᠥᠲᠦ ᠪᠣᠯᠵᠣ᠂ ᠬᠡᠬᠡᠨ ᠡᠳᠣᠷ ᠤᠨ ᠬᠡᠮᠳᠡᠨ ᠪᠣᠯᠵᠣ᠂ ᠬᠠᠭᠠᠨ ᠠᠨᠳᠠ ᠶᠢ ᠵᠤᠪᠠᠭᠠᠬᠣ ᠪᠣᠯᠣᠨ᠎ᠠ ᠪᠢ᠂ ᠡᠩᠬᠡᠷ ᠤᠨ ᠴᠢᠨᠢ ᠪᠦᠬᠡᠰᠦ ᠡᠬᠡᠮ ᠤᠨ ᠴᠢᠨᠢ ᠦᠷᠬᠡᠰᠦ ᠪᠣᠯᠬᠣ ᠪᠢᠵᠠ ᠪᠢ᠂ ᠠᠳᠠᠭᠠᠳᠣ ᠡᠮ᠎ᠠ ᠶᠢᠨ ᠦᠬᠡ ᠪᠠᠷ ᠠᠨᠳᠠ ᠡᠴᠡ ᠰᠠᠯᠣᠭᠠᠳ ᠠᠯᠵᠢᠶᠠᠨ ᠵᠤᠪᠠᠪᠠ ᠪᠢ᠂ ᠡᠨᠠ ᠨᠠᠰᠣᠨ ᠤ ᠲᠣᠳᠣᠷ᠎ᠠ ᠡᠷᠬᠢᠮ ᠠᠨᠳᠠ ᠪᠢᠳᠠᠨ ᠤ ᠡᠩᠬᠥᠷᠡᠢ ᠨᠡᠷ᠎ᠡ ᠠᠯᠳᠠᠷᠰᠢᠵᠣ᠂ ᠣᠷᠭᠣᠬᠣ ᠨᠠᠷᠠᠨ ᠡᠴᠡ ᠠᠪᠣᠭᠠᠳ ᠰᠢᠩᠬᠡᠬᠥ ᠨᠠᠷᠠᠨ ᠬᠦᠷᠳᠡᠯ᠎ᠡ ᠣᠯᠣᠰ ᠲᠠᠶᠠᠭᠠᠷ ᠲᠤ ᠲᠠᠭᠣᠷᠢᠰᠪᠠ᠃ ᠰᠡᠷᠬᠥᠯᠠᠩ ᠪᠠᠭᠠᠳᠣᠷ ᠴᠢᠮ᠎ᠠ ᠳᠤ ᠰᠠᠴᠠᠨ ᠶᠡᠬᠡ ᠵᠠᠶᠠᠭᠠᠵᠠᠢ᠂ ᠡᠷᠡᠯᠬᠡᠭ᠌ ᠪᠠᠭᠠᠳᠣᠷ ᠠᠨᠳᠠ ᠳᠤ ᠡᠷᠳᠠᠮᠳᠠᠨ ᠲᠡᠬᠥᠤ ᠨᠡᠷ ᠲᠥᠷᠣᠵᠡᠢ᠂ ᠲᠠᠯᠠᠨ ᠭᠣᠷᠪᠠᠨ ᠬᠦᠯᠥᠭ ᠲᠡᠶ ᠲᠠᠷᠬᠠᠨ ᠦᠷᠯᠥᠭ ᠨᠦᠭᠦᠳ ᠲᠡᠶ ᠲᠠᠯᠠᠢ ᠴᠢᠩᠬᠢᠰ ᠴᠢᠮ᠎ᠠ ᠳᠤ ᠲᠠᠷᠣᠭᠳᠠᠵᠣ ᠮᠦᠬᠥᠪᠡ᠂ ᠪᠢ ᠴᠢᠨᠢ᠂ ᠦᠪᠡᠷ ᠤᠨ ᠡᠴᠢᠬᠡ ᠡᠬᠡ ᠡᠴᠡ ᠦᠨᠦᠴᠢᠨ ᠪᠠᠶ᠎ᠠ ᠬᠣᠴᠣᠷᠣᠭᠠᠳ᠂ ᠢᠳᠡᠬᠡᠬᠥ ᠰᠠᠢ᠌ᠨ ᠨᠦᠬᠥᠷ ᠦᠭᠡᠶ᠂ ᠢᠳᠠ ᠲᠡᠶ ᠰᠠᠢ᠌ᠨ ᠲᠡᠬᠥᠤ ᠦᠭᠡᠶ᠂ ᠢᠯᠡᠬᠥᠤ ᠲᠣᠳᠠᠭᠣ ᠦᠬᠡ ᠲᠡᠶ᠂ ᠶᠡᠬᠡ ᠲᠣᠮᠣᠭᠴᠢ ᠡᠬᠡᠨᠡᠷ ᠲᠡᠶ᠂  ᠪᠠᠢ᠌ᠭᠰᠠᠨ ᠣᠴᠢᠷ ᠡᠴᠡ᠂ ᠲᠡᠭ᠍ᠷᠢ ᠡᠴᠢᠬᠡ ᠡᠴᠡ ᠵᠠᠶᠠᠭᠠᠳᠠᠢ ᠲᠠᠮᠣᠵᠢᠨ ᠴᠢᠮ᠎ᠠ ᠳᠤ ᠲᠡᠢ᠌ᠯᠥᠭᠳᠡᠪᠡ ᠪᠢ᠂ ᠠᠨᠳᠠ ᠨᠦᠬᠥᠷ ᠮᠢᠨᠢ ᠰᠣᠶᠣᠷᠬᠠᠵᠣ ᠠᠮᠢ ᠶᠢ ᠮᠢᠨᠢ ᠦᠳᠳᠥᠷ ᠲᠣᠨᠢᠯᠭᠠᠪᠠᠯ᠂ ᠠᠷᠢᠭᠣᠨ ᠵᠢᠷᠥᠬᠡ ᠴᠢᠨᠢ ᠠᠮᠠᠷᠠᠵᠣ ᠠᠮᠣᠭᠣᠯᠠᠩ ᠵᠢᠷᠭᠠᠬᠣ ᠪᠣᠯᠣᠨ᠎ᠠ᠃ ᠠᠨᠳᠠ ᠴᠢ ᠰᠣᠶᠣᠷᠬᠠᠵᠣ ᠠᠰᠬᠠᠷᠠᠬᠣ ᠴᠢᠰᠤ ᠶᠢ ᠭᠠᠷᠭᠠᠯ ᠦᠭᠡᠶ ᠠᠯᠠᠭᠣᠯᠵᠣ ᠦᠷᠥᠰᠢᠶᠡ ᠨᠠᠮᠢ᠋ᠢ᠂ ᠦᠬᠥᠵᠦ ᠬᠡᠪᠳᠡᠬᠥ ᠶᠠᠰᠣ ᠮᠢᠨᠢ ᠦᠷᠠᠵᠢᠯᠲᠦ ᠶᠡᠬᠡ ᠲᠡᠯᠠᠬᠡᠢ ᠳᠤ ᠡᠬᠥᠷᠢᠳᠡ ᠣᠷᠣᠰᠢᠵᠣ ᠪᠠᠢ᠌ᠭᠠᠳ ᠢᠳᠡᠬᠡᠯᠲᠦ ᠠᠨᠳᠠ ᠶᠢᠨ ᠣᠷᠣᠭ ᠢ ᠢᠪᠡᠬᠡᠵᠦ ᠲᠡᠳᠬᠥᠬᠥ ᠪᠣᠯᠳᠣᠭᠠᠢ ᠬᠡᠵᠦ ᠡᠢ᠌ᠮᠣ ᠢᠷᠥᠬᠡᠯ ᠢ ᠲᠠᠯᠪᠢᠶ᠎ᠠ᠂ ᠦᠬᠡᠷ᠎ᠡ ᠲᠥᠷᠥᠯ ᠤᠨ ᠪᠢ ᠦᠨᠳᠥᠷ ᠲᠥᠷᠥᠯᠲᠦ ᠠᠨᠳᠠ ᠶᠢᠨ ᠦᠮᠥᠭ ᠰᠥᠯᠳᠡᠨ ᠳᠤ ᠲᠠᠷᠣᠭᠳᠠᠪᠠ᠂ ᠬᠡᠯᠡᠭ᠍ᠰᠡᠨ ᠦᠬᠡ ᠶᠢ ᠮᠢᠨᠢ ᠮᠠᠷᠳᠠᠬᠣ ᠦᠭᠡᠶ ᠬᠡᠵᠢᠶ᠎ᠡ ᠢᠮᠠᠭᠳᠠ ᠲᠣᠷᠠᠳᠴᠣ ᠶᠠᠪᠣᠭᠠᠷᠠᠢ︕ ᠣᠳᠣ ᠨᠠᠮ᠎ᠠ ᠶᠢ ᠲᠣᠨᠢᠯᠭᠠᠳᠣᠭᠠᠢ︕》 ᠬᠡᠵᠦ ᠦᠬᠥᠯᠡᠪᠡᠯ᠂ ᠡᠳᠡᠬᠡᠷ ᠦᠬᠡ ᠶᠢ ᠰᠣᠨᠣᠰᠣᠭᠠᠳ ᠴᠢᠩᠬᠢᠰ ᠬᠠᠭᠠᠨ ᠦᠬᠥᠯᠡᠷᠥᠨ᠄ 《ᠠᠨᠳᠠ ᠨᠦᠬᠥᠷ ᠵᠠᠮᠣᠬ᠎ᠠ ᠠᠩᠬᠢ ᠲᠠᠰᠣᠷᠬᠠᠢ ᠶᠠᠪᠣᠪᠠᠴᠣ ᠠᠳᠠᠭ᠎ᠠ ᠬᠣᠷᠣ ᠰᠠᠨᠠᠵᠣ ᠠᠮᠢ ᠶᠢ ᠬᠣᠣᠷᠯᠠᠬᠣ ᠣᠢ᠌ᠯᠠ ᠶᠢ ᠠᠷᠠᠢ ᠬᠢᠭ᠍ᠰᠡᠨ ᠦᠭᠡᠶ ᠪᠢᠯᠠ᠂ ᠵᠠᠰᠠᠷᠠᠵᠣ ᠴᠢᠳᠠᠬᠣ ᠪᠣᠯᠪᠠᠴᠣ ᠵᠠᠰᠠᠷᠠᠬᠣ ᠶᠢ ᠬᠢᠴᠢᠶᠡᠬᠥ ᠦᠭᠡᠶ ᠪᠠᠢ᠌ᠨ᠎ᠠ᠂ ᠦᠵᠡᠬᠥ ᠲᠥᠯᠬᠡ ᠪᠠᠷ ᠮᠡᠷᠬᠡᠯᠡᠪᠡᠯ ᠦᠬᠥᠬᠥ ᠴᠠᠭ ᠨᠢ ᠪᠣᠯᠣᠭ᠎ᠠ ᠦᠭᠡᠶ ᠮᠠᠳᠣ᠂ ᠲᠡᠬᠡᠲᠦ ᠢᠵᠠᠭᠣᠷ ᠤᠨ ᠬᠦᠮᠥᠨ ᠢ ᠲᠠᠮᠠᠢ ᠬᠣᠣᠷᠯᠠᠵᠣ ᠪᠣᠯᠬᠣ ᠦᠭᠡᠶ᠂ ᠬᠦᠮᠥᠨ ᠤ ᠠᠮᠢ ᠶᠢ ᠬᠣᠣᠷᠯᠠᠬᠣ ᠳᠤ ᠬᠦᠠᠲᠦᠲᠦ ᠰᠢᠯᠳᠠᠭᠠᠨ ᠬᠡᠷᠡᠭ᠍ᠳᠡᠢ᠂ ᠡᠨᠠ ᠲᠣᠬᠠᠢ ᠰᠢᠯᠳᠠᠭᠠᠨ ᠢ ᠬᠡᠯᠡᠪᠡᠯ᠂ ᠣᠷᠢᠳ ᠵᠦᠴᠢ ᠲᠠᠷᠮᠠᠯᠠ᠂ ᠲᠠᠢ᠌ᠴᠠᠷ ᠬᠣᠶᠠᠷ ᠠᠳᠣᠭᠣ ᠪᠠᠨ ᠬᠠᠷᠢᠯᠴᠠᠨ ᠲᠡᠬᠡᠷᠡᠮᠳᠡᠯᠴᠡᠬᠥ ᠦᠶ᠎ᠡ ᠳᠤ ᠵᠠᠮᠣᠬ᠎ᠠ ᠠᠨᠳᠠ ᠴᠢ᠂ ᠪᠣᠷᠣᠭᠣ ᠵᠠᠩ᠂ ᠪᠣᠯᠢᠬᠠᠢ ᠶᠠᠪᠣᠳᠠᠯ ᠭᠠᠷᠭᠠᠵᠣ᠂ ᠲᠠᠯᠠᠨ ᠪᠠᠯᠵᠣᠳ ᠬᠡᠳᠡᠭ ᠭᠠᠵᠠᠷ ᠪᠠᠢ᠌ᠯᠳᠣᠵᠣ᠂ ᠨᠠᠮ᠎ᠠ ᠶᠢ ᠵᠠᠷᠠᠨ᠎ᠠ ᠶᠢᠨ ᠬᠠᠪᠴᠢᠯ ᠳᠤ ᠪᠠᠴᠢᠮᠳᠠᠭᠣᠯᠣᠨ ᠠᠶᠣᠯᠭᠠᠭᠰᠠᠨ ᠶᠢᠠᠨ ᠰᠠᠨᠠᠵᠣ ᠪᠠᠢ᠌ᠨ᠎ᠠ ᠦᠦ︖ ᠣᠳᠣ ᠪᠠᠰᠠ ᠨᠦᠬᠥᠷᠯᠡᠶ᠎ᠡ ᠬᠡᠪᠡᠯ ᠵᠦᠪᠰᠢᠶᠡᠷᠠᠬᠥ ᠦᠭᠡᠶ ᠪᠠᠢ᠌ᠨ᠎ᠠ᠃ ᠠᠮᠢ ᠶᠢ ᠴᠢᠨᠢ ᠬᠠᠢ᠌ᠷᠠᠯᠠᠬᠣ ᠪᠣᠯᠪᠠᠴᠣ ᠠᠷᠭ᠎ᠠ ᠦᠭᠡᠶ ᠳᠤ ᠬᠦᠷᠪᠡ ᠬᠡᠵᠦ ᠬᠡᠯᠡᠬᠥᠯᠥᠭᠳᠥᠨ᠃ ᠣᠳᠣ ᠴᠢᠨᠣ ᠦᠬᠡ ᠪᠠᠷ ᠴᠢᠰᠤ ᠭᠠᠷᠭᠠᠯ ᠦᠭᠡᠶ ᠨᠦᠬᠥᠴᠡᠬᠥᠯᠵᠦ ᠬᠡᠬᠥᠷ ᠢ ᠴᠢᠨᠢ ᠢᠯᠨ ᠬᠠᠶᠠᠬᠣ ᠦᠭᠡᠶ᠂ ᠬᠦᠠᠲᠦᠲᠦ ᠶᠣᠰᠣ ᠪᠠᠷ ᠣᠷᠣᠰᠢᠭᠣᠯᠣᠶ᠎ᠠ》 ᠬᠡᠵᠦ ᠵᠠᠷᠯᠢᠭ ᠪᠣᠯᠪᠠ᠃ ᠲᠠᠠᠳᠠ ᠵᠠᠮᠣᠬ᠎ᠠ ᠶᠢ ᠦᠬᠥᠬᠥᠯᠵᠦ ᠬᠡᠬᠥᠷ ᠢ ᠨᠢ ᠣᠷᠣᠰᠢᠭᠣᠯᠪᠠ᠃ 201᠂ ᠲᠡᠬᠡᠬᠡᠥᠨ ᠢᠰᠠᠬᠡᠢ ᠲᠣᠭᠣᠷᠭᠠᠳᠠᠨ ᠣᠯᠣᠰ ᠡᠢ᠌ᠠᠬᠥ ᠰᠢᠳᠣᠷᠭᠣ ᠪᠣᠯᠵᠣ᠂ ᠪᠠᠷᠰ ᠵᠢᠯ (1206 ᠤᠨ) ᠤᠨᠤᠨ ᠮᠦᠷᠡᠨ  ᠤ ᠡᠬᠢᠨ ᠳᠤ ᠬᠣᠷᠠᠯᠳᠣᠵᠣ᠂ ᠶᠢᠰᠣᠨ ᠬᠦᠯᠲᠦ ᠴᠠᠭᠠᠨ ᠲᠣᠭ ᠶᠢᠠᠨ ᠮᠠᠠᠳᠣᠭᠣᠯᠣᠭᠠᠳ ᠳᠡᠮᠦᠵᠢᠨ ᠳᠤ ᠴᠢᠩᠬᠢᠰ ᠬᠠᠭᠠᠨ (ᠳᠠᠯᠠᠢ ᠬᠠᠭᠠᠨ) ᠴᠤᠯᠠ ᠵᠢ ᠦᠭ᠍ᠪᠡ᠃ ᠮᠤᠬᠤᠯᠠᠢ ᠳᠤ ᠬᠦᠸᠸ ᠸᠠᠩ (ᠤᠯᠤᠰ ᠤᠨ ᠸᠠᠩ) ᠴᠤᠯᠠ ᠵᠢ ᠥᠭ᠍ᠪᠡ᠃ ᠨᠢ᠋ᠮᠠᠨ ᠤ ᠬᠦᠴᠥᠯᠥᠭ ᠬᠠᠭᠠᠨ ᠢ ᠨᠡᠬᠡᠬᠥᠯᠬᠥ ᠪᠠᠷ ᠵᠠᠪᠠ ᠶᠢ ᠮᠣᠷᠳᠠᠭᠣᠯᠪᠠ᠃ ᠮᠣᠩᠭ᠋ᠣᠯ ᠣᠭᠰᠠᠭᠠᠳᠠᠨ ᠣᠯᠣᠰ ᠢ ᠨᠢᠬᠡᠣᠠᠬᠡᠨ ᠪᠠᠷᠠᠵᠣ ᠴᠢᠩᠬᠢᠰ ᠬᠠᠭᠠᠨ ᠵᠠᠷᠯᠢᠭ ᠪᠣᠯᠣᠷᠣᠨ᠄ 202᠂ 《ᠣᠯᠣᠰ ᠲᠥᠷᠤ ᠶᠢ ᠪᠠᠢ᠌ᠭᠣᠯᠣᠯᠳᠣᠭᠰᠠᠨ ᠣᠷᠢᠳᠣ ᠶᠢᠨ ᠭᠠᠪᠢᠶᠠᠳᠣ ᠨᠦᠭᠦᠳ ᠶᠢᠠᠨ ᠣᠭᠰᠠᠭᠠᠳᠠᠨ ᠨᠣᠶᠠᠳ ᠪᠣᠯᠭᠠᠵᠣ᠂ ᠮᠢᠳᠠᠷᠠᠯ ᠦᠭᠡᠶ ᠵᠢᠣᠠᠬᠥᠭ᠍ᠰᠡᠨ ᠮᠢᠨᠣ ᠬᠠᠢ᠌ᠷᠠᠳᠣ ᠨᠦᠭᠦᠳ ᠢ ᠮᠢᠩᠭ᠋ᠠᠨ ᠤ ᠨᠣᠶᠠᠳ ᠡᠷᠬᠥᠮᠵᠢᠯᠡᠵᠦ᠂ ᠰᠣᠶᠣᠷᠬᠠᠯ ᠤᠨ ᠦᠬᠡ ᠵᠢ ᠬᠡᠯᠡᠶ᠎ᠡ》 ᠬᠡᠵᠦ ᠵᠠᠷᠯᠢᠭ ᠪᠣᠯᠪᠠ᠃ ᠮᠢᠩᠭ᠋ᠠᠨ ᠤ ᠨᠣᠶᠠᠳ ᠢ ᠲᠣᠮᠢᠯᠠᠵᠣ ᠲᠣᠰᠢᠶᠠᠭᠰᠠᠨ ᠨᠢ᠄ 1᠂ ᠮᠠᠩᠬᠡᠯᠢᠭ᠌ ᠡᠴᠢᠬᠡ︔ 2᠂ ᠪᠣᠭᠣᠷᠴᠣ︔ 3᠂ ᠮᠣᠬᠣᠯᠠᠢ ᠬᠦᠸᠧ ᠸᠠᠩ︔ 4᠂ ᠬᠣᠷᠴᠢ︔ 5᠂ ᠢᠯᠦᠬᠡᠢ︔ 6᠂ ᠵᠦᠷᠴᠢᠳᠡᠢ︔ 7᠂ ᠬᠣᠨᠠᠨ︔ 8᠂ ᠬᠣᠪᠢᠯᠠᠢ︔ 9᠂ ᠵᠠᠯᠮ᠎ᠠ︔ 10᠂ ᠲᠦᠬᠡ 11᠂ ᠲᠡᠬᠡᠢ︔ 12᠂ ᠲᠣᠯᠣᠨ︔ 13᠂ ᠥᠩᠬᠥᠷ︔ 14᠂ ᠴᠥᠯᠬᠡᠳᠡᠢ︔ 15᠂ ᠪᠤᠷᠤᠬᠤᠯ︔ 16᠂ ᠰᠢᠬᠢᠬᠣᠳᠣᠭ︔ 17᠂ ᠬᠦᠴᠦ︔ 18᠂ ᠬᠦᠬᠡᠴᠦ︔ 19᠂ ᠬᠣᠷᠭᠣᠰᠣᠨ︔ 20᠂ ᠦᠰᠥᠨ︔ 21᠂ ᠬᠣᠢ᠌ᠯᠳᠠᠷ︔ 22᠂ ᠰᠢᠯᠦᠬᠡᠢ︔ 23᠂ ᠵᠠᠳᠠᠢ︔ 24᠂ ᠲᠠᠬᠠᠢ︔ 25᠂ ᠴᠠᠭᠠᠨ ᠭᠣᠸ᠎ᠠ︔ 26᠂ ᠠᠯᠠᠭ︔ 27᠂ ᠰᠣᠷᠬᠠᠨ ᠰᠢᠷ᠎ᠠ︔ 28᠂ ᠪᠣᠯᠣᠭᠠᠨ︔ 29᠂ ᠬᠠᠷᠠᠴᠠᠷ︔ 30᠂ ᠬᠦᠬᠡᠴᠥᠰ 31᠂ ᠰᠦᠬᠡᠲᠦ︔ 32᠂ ᠨᠠᠶᠠᠭ᠎ᠠ︔ 33᠂ ᠵᠤᠩᠰᠣᠢ︔ 34᠂ ᠬᠦᠴᠥᠬᠥᠷ︔ 35᠂ ᠪᠠᠯᠠ︔ 36᠂ ᠣᠷᠣᠨᠠᠷᠳᠠᠢ︔ 37᠂ ᠲᠠᠢ᠌ᠷ︔ 38᠂ ᠮᠦᠬᠡ︔ 39᠂ ᠪᠣᠵᠢᠷ︔ 40᠂ ᠮᠦᠩᠬᠥᠬᠥᠷ︔ 41᠂ ᠲᠣᠯᠣᠭᠠᠳᠠᠢ︔ 42᠂ ᠪᠦᠬᠡᠨ︔ 43᠂ ᠬᠣᠳᠣᠰ︔ 44᠂ ᠮᠠᠷᠠᠯ︔ 45᠂ ᠵᠢᠪᠬᠡ︔ 46᠂ ᠶᠣᠷᠣᠬᠠᠨ︔ 47᠂ ᠬᠦᠬᠡ︔ 48᠂ ᠵᠠᠪᠠ︔ 49᠂ ᠣᠳᠣᠳᠠᠢ︔ 50᠂ ᠪᠠᠯᠠ ᠴᠠᠷᠪᠢ︔ 51᠂ ᠬᠡᠳᠡ︔ 52᠂ ᠰᠦᠪᠡᠬᠡᠳᠡᠢ︔ 53᠂ ᠮᠦᠩᠬᠡ︔ 54᠂ ᠬᠠᠯᠵᠠ︔ 55᠂ ᠬᠤᠷᠴᠠᠬᠤᠰ︔ 56᠂ ᠬᠦᠬᠢ︔ 57᠂ ᠪᠠᠳᠠᠢ︔ 58᠂ ᠬᠢᠰᠢᠯᠢᠭ︔ 59᠂ ᠬᠡᠳᠡᠢ︔ 60᠂ ᠴᠠᠭᠣᠷᠬᠠᠢ︔ 61᠂ ᠬᠣᠩᠬᠢᠷᠠᠨ︔ 62᠂ ᠲᠣᠭᠣᠠᠳᠠᠮᠣᠷ︔ 63᠂ ᠮᠡᠬᠡᠲᠦ︔ 64᠂ ᠬᠠᠳᠠᠭᠠᠨ︔ 65᠂ ᠮᠣᠷᠣᠬ᠎ᠠ︔ 66᠂ ᠲᠣᠷᠢ ᠪᠣᠬ᠎ᠠ︔ 67᠂ ᠢᠳᠣᠬᠠᠳᠠᠢ︔ 68᠂ ᠰᠢᠷᠠᠬᠤᠯ︔ 69᠂ ᠲᠠᠣᠭᠣᠨ︔ 70᠂ ᠲᠠᠮᠠᠴᠢ︔ 71᠂ ᠬᠠᠭᠣᠷᠠᠨ︔ 72᠂ ᠠᠯᠴᠢ︔ 73᠂ ᠲᠣᠪᠰᠠᠬ᠎ᠠ︔ 74᠂ ᠲᠣᠩᠬᠣᠢ᠌ᠳᠠᠢ︔ 75᠂ ᠲᠣᠪᠣᠬ᠎ᠠ︔ 76᠂ ᠠᠵᠢᠨᠠᠢ︔ 77᠂ ᠲᠦᠳᠡᠬᠡᠷ︔ 78᠂ ᠰᠡᠴᠡᠬᠥᠷ︔ 79᠂ ᠵᠠᠳᠠᠷ︔ 80᠂ ᠣᠯᠠᠷ ᠬᠦᠷᠬᠡᠨ︔ 81᠂ ᠬᠢᠩᠬᠢᠶᠠᠳᠠᠢ︔ 82᠂ ᠪᠣᠬ᠎ᠠ ᠬᠦᠷᠬᠡᠨ︔ 83᠂ ᠬᠣᠷᠢᠯ︔ 84᠂ ᠠᠰᠢᠭ ᠬᠦᠷᠬᠡᠨ︔ 85᠂ ᠬᠠᠳᠠᠢ ᠬᠦᠷᠬᠡᠨ︔ 86᠂ ᠴᠢᠬᠥ ᠬᠦᠷᠬᠡᠨ︔ 87᠂ 88᠂ ᠠᠯᠴᠢ ᠬᠦᠷᠬᠡᠨ᠂ ᠭᠣᠷᠪᠠᠨ ᠮᠢᠩᠭ᠋ᠠᠨ ᠬᠣᠩᠬᠢᠷᠠᠳ︔ 89᠂ 90᠂ ᠪᠣᠳᠣ ᠬᠦᠷᠬᠡᠨ᠂ ᠬᠣᠶᠠᠷ ᠮᠢᠩᠭ᠋ᠠᠨ ᠢᠬᠢᠷᠡᠰ︔ 91᠂ 92᠂ 93᠂ 94᠂ 95᠂ ᠣᠩᠭ᠋ᠣᠳ ᠤᠨ ᠠᠯᠠᠬᠣᠰᠢ ᠲᠢᠭᠢᠳ ᠬᠣᠷᠢ ᠬᠦᠷᠬᠡᠨ᠂ ᠲᠠᠪᠣᠨ ᠮᠢᠩᠭ᠋ᠠᠳ ᠣᠩᠭ᠋ᠣᠳ᠂ ᠣᠢ ᠶᠢᠨ ᠢᠷᠬᠡᠨ ᠡᠴᠡ ᠭᠠᠳᠠᠨ᠎ᠠ᠂ ᠮᠣᠩᠭ᠋ᠣᠯ ᠣᠯᠣᠰ ᠤᠨ ᠮᠢᠩᠭ᠋ᠠᠳ ᠤᠨ ᠨᠣᠶᠠᠳ ᠢ ᠴᠢᠩᠬᠢᠰ ᠬᠠᠭᠠᠨ ᠤ ᠲᠣᠮᠢᠯᠠᠭᠰᠠᠨ ᠶᠢᠠᠷ ᠮᠢᠩᠭ᠋ᠠᠳᠣ ᠶᠢᠨ ᠨᠣᠶᠠᠳ ᠶᠠᠷᠠᠨ ᠲᠠᠪᠣᠨ ᠬᠦᠮᠥᠨ ᠪᠣᠯᠪᠠ᠃ 203᠂ ᠪᠠᠰᠠ ᠴᠢᠩᠬᠢᠰ ᠬᠠᠭᠠᠨ ᠬᠦᠷᠬᠡᠥᠨ ᠤᠨ ᠬᠠᠮᠳᠣ ᠡᠳᠡᠬᠡᠷ ᠶᠠᠷᠠᠨ ᠲᠠᠪᠣᠨ ᠮᠢᠩᠭ᠋ᠠᠨ ᠤ ᠨᠣᠶᠠᠳ ᠢ ᠲᠣᠮᠢᠯᠠᠭᠠᠳ ᠲᠠᠷᠠ ᠲᠣᠳᠣᠷ᠎ᠠ ᠵᠠᠷᠯᠢᠭ ᠪᠣᠯᠣᠷᠣᠨ᠄ 《ᠦᠮᠥᠭ ᠲᠣᠰᠠᠳᠣ ᠨᠦᠭᠦᠳ ᠲᠡᠭᠡᠨ ᠦᠬᠡᠷ᠎ᠡ ᠰᠣᠶᠣᠷᠬᠠᠯ ᠢ ᠦᠭ‍ᠬᠦᠢ᠎ᠡ᠂ ᠪᠣᠭᠣᠷᠴᠣ ᠮᠣᠬᠣᠯᠠᠢ ᠲᠡᠷᠢᠬᠥᠳᠡᠢ ᠪᠣᠰᠣᠳ ᠨᠣᠶᠠᠳ ᠢ ᠢᠷᠡᠬᠥᠯᠲᠦᠬᠡᠢ》 ᠬᠡᠵᠦ ᠬᠡᠷ ᠲᠣᠳᠣᠷ᠎ᠠ ᠪᠠᠢ᠌ᠭᠰᠠᠨ ᠰᠢᠬᠢᠬᠣᠳᠣᠭ ᠢ 《ᠲᠠᠳᠠᠨ ᠢ ᠣᠷᠢᠵᠣ ᠠᠪᠴᠢᠷᠨ》 ᠬᠡᠰᠡᠨ ᠳᠤ ᠰᠢᠬᠢᠬᠣᠳᠣᠭ ᠦᠬᠥᠯᠡᠷᠥᠨ᠄ 《ᠪᠣᠭᠣᠷᠴᠣ ᠮᠣᠬᠣᠯᠠᠢ ᠨᠡᠷ ᠪᠣᠯᠳᠣ ᠪᠢᠳᠠᠨ ᠡᠴᠡ ᠶᠡᠬᠡ ᠲᠣᠰᠠᠯᠠᠵᠣ ᠢᠯᠡᠬᠥᠤ ᠵᠢᠣᠠᠬᠥᠭ᠍ᠰᠡᠨ ᠦᠦ︖ ᠲᠡᠮᠳᠡᠭᠯᠡᠨ ᠰᠣᠶᠣᠷᠬᠠᠬᠣ ᠳᠤ ᠲᠠᠳᠠᠨ ᠡᠴᠡ ᠪᠢ ᠲᠣᠳᠠᠭᠣ ᠲᠣᠰᠠᠯᠠᠵᠣ ᠶᠠᠳᠠᠭᠣ ᠲᠡᠳᠬᠥᠭ᠍ᠰᠡᠨ ᠦᠦ︖ ᠦᠯᠣᠬᠡᠢ ᠲᠡᠶ ᠴᠠᠭ ᠡᠴᠡ ᠪᠠᠨ ᠪᠢ ᠦᠨᠳᠥᠷ ᠪᠣᠱᠣᠭ᠎ᠠ ᠶᠢ ᠴᠢᠨᠢ ᠲᠥᠰᠢᠵᠦ᠂ ᠡᠳᠣᠢ ᠶᠡᠬᠡ ᠰᠠᠬᠠᠯᠳᠠᠢ ᠡᠪᠥᠬᠡᠨ ᠪᠣᠭᠣᠷᠣᠯ ᠪᠣᠯᠳᠠᠯ᠎ᠠ ᠪᠠᠨ ᠦᠬᠡᠷ᠎ᠡ ᠰᠠᠨᠠᠭ᠎ᠠ ᠰᠠᠨᠠᠭᠰᠠᠨ ᠦᠭᠡᠶ᠂ ᠦᠷᠥᠰᠢᠶᠡᠯ ᠳᠤ ᠴᠢᠨᠢ ᠪᠠᠭᠳᠠᠭᠰᠠᠭᠠᠷ ᠢᠷᠠᠪᠠ᠂ ᠠᠯᠮᠠᠢ ᠪᠠᠭ᠎ᠠ ᠨᠠᠰᠣᠨ ᠡᠴᠡ ᠪᠠᠨ ᠪᠢ ᠠᠯᠳᠠᠨ ᠪᠣᠱᠣᠭ᠎ᠠ ᠶᠢ ᠴᠢᠨᠢ ᠲᠥᠰᠢᠵᠦ ᠠᠮᠠᠨ ᠳᠠᠭᠠᠨ ᠡᠳᠣᠢ ᠰᠠᠬᠠᠯᠳᠠᠢ ᠠᠬᠠᠮᠠᠳ ᠨᠠᠰᠣᠳᠠᠢ ᠪᠣᠯᠳᠠᠯ᠎ᠠ ᠪᠠᠨ ᠠᠯᠵᠢᠶᠠᠵᠣ ᠪᠡᠷᠬᠡᠰᠢᠶᠡᠭ᠍ᠰᠡᠨ ᠵᠦᠢᠯ ᠦᠭᠡᠶ ᠠᠯᠢ ᠴᠢᠳᠠᠬᠣ ᠪᠠᠷ ᠵᠢᠣᠠᠬᠥᠪᠡ᠃ ᠬᠦᠯ ᠳᠤ ᠪᠠᠨ ᠬᠡᠪᠳᠡᠬᠥᠯᠵᠦ ᠬᠦᠠᠵᠢᠯᠡ ᠳᠤ ᠪᠠᠨ ᠬᠣᠴᠢᠵᠣ ᠬᠦᠪᠡᠬᠥᠨ ᠠᠳᠠᠯᠢ ᠪᠠᠷ ᠬᠦᠮᠦᠵᠢᠬᠥᠯᠪᠡ ᠨᠠᠮ᠎ᠠ ᠶᠢ᠂ ᠲᠡᠷᠬᠡᠳᠡ ᠪᠠᠨ ᠬᠡᠪᠳᠡᠬᠥᠯᠵᠦ ᠲᠠᠪᠠᠯ ᠳᠤ ᠪᠠᠨ ᠬᠣᠴᠢᠵᠣ ᠲᠡᠬᠥᠤ ᠮᠠᠳᠣ ᠪᠠᠷ ᠲᠥᠰᠢᠵᠦ ᠦᠰᠬᠡᠪᠡ᠃ ᠣᠳᠣ ᠨᠠᠳᠠ ᠳᠤ ᠶᠠᠮᠠᠷ ᠰᠣᠶᠣᠷᠬᠠᠯ ᠢ ᠬᠠᠢ᠌ᠷᠠᠯᠠᠬᠣ ᠪᠣᠢ︖》 ᠬᠡᠵᠦ ᠬᠡᠯᠡᠭ᠍ᠰᠡᠨ ᠳᠤ ᠴᠢᠩᠬᠢᠰ ᠬᠠᠭᠠᠨ᠂ ᠰᠢᠬᠢᠬᠣᠳᠣᠭ ᠲᠤ ᠦᠬᠥᠯᠡᠷᠥᠨ᠄ 《ᠴᠢ ᠮᠢᠨᠣ ᠵᠢᠷᠭᠣᠳᠣᠭᠠᠷ ᠲᠡᠬᠥᠤ ᠪᠢᠰᠢᠤ︖ ᠡᠷᠬᠥᠮᠡᠯ ᠲᠡᠬᠥᠤ ᠴᠢᠮ᠎ᠠ ᠳᠤ ᠦᠪᠡᠷ ᠤᠨ ᠲᠡᠬᠥᠤ ᠨᠡᠷ ᠤᠨ ᠠᠳᠠᠯᠢ ᠦᠮᠴᠢ ᠬᠣᠪᠢ ᠶᠢ ᠣᠯᠭᠣᠶ᠎ᠠ᠂ ᠪᠠᠰᠠ ᠴᠢᠨᠣ ᠬᠦᠷᠬᠡᠭ᠍ᠰᠡᠨ ᠠᠴᠢ ᠲᠣᠰᠠ ᠶᠢ ᠪᠣᠳᠣᠵᠣ᠂ ᠶᠢᠰᠣᠨ ᠣᠰᠣᠯ ᠢ ᠬᠡᠯᠳᠥᠷᠢᠬᠥᠯᠬᠥ ᠪᠣᠯᠭᠠᠶ᠎ᠠ》 ᠬᠡᠵᠦ ᠵᠠᠷᠯᠢᠭ ᠪᠣᠯᠪᠠ᠃ 《ᠮᠦᠩᠬᠡ ᠲᠡᠭ᠍ᠷᠢ ᠶᠢᠨ ᠢᠪᠡᠬᠡᠯ ᠶᠢᠠᠷ ᠣᠯᠣᠰ ᠬᠦᠷᠥᠨ ᠢ ᠲᠣᠬᠣᠨᠢᠭᠣᠯᠵᠣ ᠪᠠᠢ᠌ᠬᠣ ᠳᠤ ᠴᠢ᠂ ᠦᠵᠡᠬᠥ ᠨᠢᠳᠣ ᠰᠣᠨᠣᠰᠬᠣ ᠴᠢᠬᠢ ᠪᠣᠯᠵᠣ ᠶᠠᠪᠣ᠂ ᠪᠢᠳᠠᠨ ᠤ ᠡᠬᠡ ᠪᠠ ᠲᠡᠬᠥᠤ ᠨᠡᠷ᠂ ᠬᠦᠪᠡᠭᠦᠳ ᠲᠤ ᠢᠰᠠᠬᠡᠢ ᠲᠣᠭᠣᠷᠭᠠᠳᠠᠨ ᠤ ᠲᠣᠳᠣᠷ᠎ᠠ ᠡᠴᠡ ᠡᠵᠡᠯᠠᠬᠥ ᠬᠣᠪᠢ ᠶᠢ ᠣᠯᠭᠣᠵᠣ᠂ ᠬᠠᠪᠢᠳᠠᠭᠰᠠᠨ ᠡᠬᠥᠳᠡᠳᠡᠨ ᠤ ᠲᠣᠳᠣᠷ᠎ᠠ ᠡᠴᠡ ᠬᠠᠷᠢᠶᠠᠯᠠᠬᠣ ᠠᠷᠠᠳ ᠢ ᠬᠣᠪᠢᠶᠠᠵᠣ ᠦᠭ᠌᠃ ᠴᠢᠨᠣ ᠲᠣᠰᠢᠶᠠᠭᠰᠠᠨ ᠦᠬᠡ ᠵᠢ ᠬᠡᠨ ᠴᠤ ᠦᠬᠡᠷᠡᠴᠢᠯᠡᠵᠦ ᠦᠯᠤ ᠪᠣᠯᠣᠨ᠎ᠠ》 ᠬᠡᠵᠦ ᠵᠠᠷᠯᠢᠭ ᠪᠣᠯᠪᠠ᠃ ᠪᠠᠰᠠ ᠰᠢᠬᠢᠬᠣᠳᠣᠭ ᠢ 《ᠪᠦᠬᠥ ᠣᠯᠣᠰ ᠤᠨ ᠲᠣᠳᠣᠷᠠᠬᠢ ᠬᠣᠯᠠᠭᠠᠢ ᠶᠢ ᠴᠡᠬᠡᠷᠯᠡᠬᠥᠯᠵᠦ᠂ ᠬᠣᠳᠠᠯ ᠢ ᠮᠣᠬᠣᠭᠠᠵᠣ᠂ ᠦᠬᠥᠬᠥᠯᠬᠥ ᠶᠣᠰᠣᠳᠠᠢ ᠶᠢ ᠦᠬᠥᠬᠥᠯᠵᠦ᠂ ᠶᠠᠯᠠᠯᠠᠬᠣ ᠶᠣᠰᠣᠳᠠᠢ ᠶᠢ ᠨᠢ ᠶᠠᠯᠠᠯᠠᠵᠣ ᠪᠠᠢ》 ᠬᠡᠵᠦ ᠪᠦᠬᠦ ᠤᠯᠤᠰ ᠤᠨ ᠳᠡᠭᠡᠳᠤ ᠵᠠᠷᠭᠤᠴᠢ (ᠰᠢᠬᠦᠭ᠍ᠴᠢ) ᠪᠤᠯᠭᠠᠪᠠ᠃ ᠪᠠᠰᠠ 《ᠨᠠᠢ᠌ᠳᠠ ᠣᠯᠣᠰ ᠤᠨ ᠦᠮᠴᠢ ᠶᠢ ᠬᠣᠪᠢᠶᠠᠵᠣ ᠵᠠᠷᠭᠣ ᠶᠢ ᠰᠢᠳᠬᠡᠵᠦ᠂ ᠲᠡᠬᠥᠨ ᠢ ᠪᠠᠨ ᠬᠦᠬᠡ ᠲᠠᠪᠳᠠᠷ ᠲᠤ ᠪᠢᠴᠢᠵᠣ ᠲᠡᠪᠳᠡᠷᠯᠡᠭ᠍ᠳᠥᠨ᠃ ᠨᠠᠳᠠ ᠲᠡᠶ ᠵᠦᠪᠯᠠᠵᠦ ᠰᠢᠬᠢᠬᠣᠳᠣᠭ ᠤᠨ ᠰᠢᠳᠬᠡᠬᠡᠥᠨ ᠴᠠᠭᠠᠨ ᠴᠠᠭᠠᠰᠣᠨ ᠲᠡᠬᠡᠷ᠎ᠡ ᠬᠦᠬᠡ ᠪᠢᠴᠢᠭ᠌ ᠪᠢᠴᠢᠵᠣ ᠲᠡᠪᠳᠡᠷᠯᠡᠭ᠍ᠰᠡᠨ ᠢ ᠣᠷᠣᠭ ᠤᠨ ᠣᠷᠣᠭ ᠲᠤ ᠬᠦᠷᠳᠡᠯ᠎ᠡ ᠡᠬᠥᠷᠢᠳᠡ ᠬᠡᠨ ᠴᠤ ᠪᠣᠤ ᠦᠬᠡᠷᠡᠴᠢᠯᠡᠲᠦᠬᠡᠢ》 ᠬᠡᠵᠦ ᠵᠠᠷᠯᠢᠭ ᠪᠣᠯᠪᠠ᠃ ᠰᠢᠬᠢᠬᠣᠳᠣᠭ ᠦᠬᠥᠯᠡᠷᠥᠨ᠄ 《ᠮᠢᠨᠤ ᠮᠡᠳᠦ ᠶᠢᠨ ᠡᠷᠬᠦᠳᠡᠯ (ᠡᠷᠬᠦᠮᠠᠯ) ᠳᠡᠭᠦᠦ᠂ ᠬᠠᠭᠠᠨ ᠤ ᠲᠡᠬᠥᠤ ᠲᠡᠶ ᠠᠳᠠᠯᠢ ᠪᠠᠷ ᠬᠣᠪᠢ ᠦᠮᠴᠢ ᠠᠪᠴᠣ ᠶᠠᠭᠠᠬᠢᠵᠣ ᠪᠣᠯᠬᠣ ᠪᠣᠢ︖ ᠬᠠᠭᠠᠨ ᠰᠣᠶᠣᠷᠬᠠᠪᠠᠯ᠂ ᠪᠠᠢ᠌ᠰᠢᠩ ᠬᠡᠷ ᠲᠡᠶ᠂ ᠪᠠᠯᠭᠠᠰᠣ ᠬᠣᠳᠠ ᠶᠢᠨ ᠢᠷᠬᠡᠥᠨ ᠡᠴᠡ ᠠᠪᠣᠶ᠎ᠠ》 ᠬᠡᠵᠦ ᠦᠴᠢᠪᠡᠯ 《ᠴᠢ ᠦᠪᠡᠷ ᠶᠢᠠᠨ ᠡᠨᠠ ᠬᠡᠷᠡᠭ ᠢ ᠪᠦᠷᠢᠳᠬᠡᠵᠦ ᠰᠢᠳᠬᠡᠬᠥ ᠲᠣᠯᠠ ᠦᠪᠡᠷ ᠶᠢᠠᠨ ᠮᠠᠳᠠᠵᠣ ᠬᠦᠢᠴᠡᠳᠬᠡ》 ᠬᠡᠪᠡ᠃ ᠰᠢᠬᠢᠬᠣᠳᠣᠭ ᠦᠪᠡᠷ ᠶᠢᠠᠨ ᠬᠠᠭᠠᠨ ᠡᠴᠡ ᠰᠣᠶᠣᠷᠬᠠᠯ ᠢ ᠣᠯᠵᠣ ᠲᠡᠬᠥᠰᠦᠬᠡᠥᠨ ᠭᠠᠷᠴᠣ᠂ ᠪᠣᠭᠣᠷᠴᠣ᠂ ᠮᠣᠬᠣᠯᠠᠢ ᠲᠡᠷᠢᠬᠥᠳᠡᠨ ᠨᠣᠶᠠᠳ ᠢ ᠣᠷᠢᠵᠣ ᠣᠷᠣᠭᠣᠯᠪᠠ᠃ 204᠂ ᠲᠠᠠᠳᠠ ᠡᠴᠡ ᠴᠢᠩᠬᠢᠰ ᠬᠠᠭᠠᠨ ᠮᠠᠩᠬᠡᠯᠢᠭ᠌ ᠡᠴᠢᠬᠡ ᠳᠤ ᠵᠠᠷᠯᠢᠭ ᠪᠣᠯᠣᠷᠣᠨ᠄ 《ᠲᠦᠷᠦᠬᠦ ᠶᠢᠨ ᠬᠠᠮᠳᠣ ᠲᠥᠷᠥᠯᠴᠡᠭ᠍ᠰᠡᠨ᠂ ᠦᠰᠬᠥ ᠶᠢᠨ ᠬᠠᠮᠳᠣ ᠦᠰᠥᠯᠴᠡᠭ᠍ᠰᠡᠨ ᠦᠯᠵᠡᠢ᠌ᠲᠦ ᠪᠣᠶᠠᠠᠳᠣ ᠴᠢᠨᠣ᠂ ᠦᠷᠥᠰᠢᠶᠡᠯ ᠲᠣᠰᠠ ᠬᠦᠷᠬᠡᠭ᠍ᠰᠡᠨ ᠨᠢ ᠡᠳᠣᠢ ᠲᠠᠳᠣᠢ ᠪᠣᠯᠵᠠᠢ᠃ ᠲᠠᠷᠠ ᠲᠣᠳᠣᠷ᠎ᠠ ᠡᠴᠡ ᠲᠡᠮᠳᠡᠭᠯᠡᠵᠤ ᠬᠡᠯᠡᠪᠡᠯ᠂ ᠸᠠᠩ ᠬᠠᠨ ᠡᠴᠢᠬᠡ ᠰᠠᠩᠬᠥᠮ ᠠᠨᠳᠠ ᠬᠣᠶᠠᠷ ᠨᠠᠮ᠎ᠠ ᠶᠢ ᠮᠡᠬᠡᠯᠡᠵᠦ ᠣᠷᠢᠭᠰᠠᠨ ᠳᠤ᠂ ᠤᠴᠢᠬᠤ ᠵᠠᠮ ᠳᠠᠭᠠᠨ ᠮᠠᠩᠬᠡᠯᠢᠭ᠌ ᠡᠴᠢᠬᠡ ᠶᠢᠨ ᠬᠡᠷ ᠲᠤ ᠬᠣᠨᠣᠪᠠᠯ᠂ ᠴᠢ ᠨᠠᠮ᠎ᠠ ᠶᠢ ᠢᠳᠬᠠᠭᠰᠠᠨ ᠦᠭᠡᠶ ᠪᠣᠯ ᠬᠠᠷ᠎ᠠ ᠣᠰᠣᠨ ᠳᠤ ᠵᠢᠪᠪᠣᠵᠣ᠂ ᠬᠠᠯᠠᠭᠣᠨ ᠭᠠᠯ ᠳᠤ ᠲᠥᠯᠡᠭ᠍ᠳᠡᠵᠦ ᠦᠬᠥᠬᠥ ᠪᠢᠯᠠ᠂ ᠪᠢ᠃ ᠲᠠᠷᠠ ᠲᠣᠰᠠ ᠶᠢ ᠴᠢᠨᠢ ᠰᠠᠳᠬᠢᠵᠣ᠂ ᠣᠷᠣᠭ ᠤᠨ ᠣᠷᠣᠭ ᠲ᠋ᠤ ᠬᠦᠷᠳᠡᠯ᠎ᠡ ᠡᠬᠥᠷᠢᠳᠡ ᠮᠠᠷᠳᠠᠬᠣ ᠦᠭᠡᠶ᠃ ᠲᠠᠷᠠ ᠲᠣᠰᠠ ᠶᠢ ᠴᠢᠨᠢ ᠰᠠᠨᠠᠵᠣ᠂ ᠡᠨᠠ ᠡᠷᠬᠢᠮ ᠰᠠᠭᠣᠳᠠᠯ ᠳᠤ ᠰᠠᠭᠣᠯᠭᠠᠵᠣ ᠣᠨ ᠪᠦᠷᠢ ᠣᠰᠣᠯᠳᠣᠬᠣ ᠦᠭᠡᠶ᠂ ᠰᠠᠷ᠎ᠠ ᠪᠦᠷᠢ ᠰᠠᠭᠠᠳᠣᠬᠣ ᠦᠭᠡᠶ ᠰᠠᠢ᠌ᠰᠢᠶᠠᠯ ᠱᠠᠩᠨᠠᠯ ᠢ ᠦᠭᠴᠦ᠂ ᠦᠷ᠎ᠡ ᠶᠢᠨ ᠦᠷ᠎ᠡ ᠳᠤ ᠬᠦᠷᠳᠡᠯ᠎ᠡ ᠡᠬᠥᠷᠢᠳᠡ ᠮᠢᠯᠢᠶᠠᠵᠣ ᠪᠠᠢ᠌ᠶ᠎ᠠ》 ᠬᠡᠵᠦ ᠵᠠᠷᠯᠢᠭ ᠪᠣᠯᠪᠠ᠃ 205᠂ ᠪᠠᠰᠠ ᠴᠢᠩᠬᠢᠰ ᠬᠠᠭᠠᠨ ᠪᠣᠭᠣᠷᠴᠣ ᠳᠤ ᠦᠬᠥᠯᠡᠷᠥᠨ᠄ 《ᠨᠠᠰᠣᠨ ᠪᠠᠭ᠎ᠠ ᠴᠠᠭ ᠲᠤ ᠨᠢ᠋ᠮᠠᠨ ᠰᠢᠷᠭ᠎ᠠ ᠮᠣᠷᠢ ᠪᠠᠨ ᠠᠯᠳᠠᠭᠠᠳ ᠭᠣᠷᠪᠠ ᠬᠣᠨᠣᠭ ᠨᠡᠬᠡᠵᠦ ᠶᠠᠪᠣᠬᠣ ᠵᠠᠮ ᠳᠤ ᠴᠢᠮ᠎ᠠ ᠲᠡᠶ ᠠᠭᠣᠯᠵᠠᠭᠰᠠᠨ ᠪᠢᠯᠠ᠃ ᠮᠣᠩᠬᠢᠨᠠᠵᠣ ᠶᠠᠪᠣᠭ᠎ᠠ ᠨᠠᠳᠠ ᠳᠤ ᠲᠣᠰᠠᠯᠠᠶ᠎ᠠ ᠬᠡᠵᠦ ᠴᠢ ᠬᠡᠷ ᠲᠡᠭᠡᠨ ᠬᠠᠷᠢᠵᠣ᠂ ᠡᠴᠢᠬᠡ ᠳᠡᠭᠡᠨ ᠬᠡᠯᠡᠯ ᠦᠭᠡᠶ ᠪᠠᠷ ᠬᠡᠬᠥᠤ ᠶᠢᠨ ᠠᠢ᠌ᠷᠠᠭ ᠲᠡᠶ ᠰᠠᠭᠣᠯᠠᠭ᠎ᠠ ᠪᠠᠨ ᠬᠡᠬᠡᠷ᠎ᠡ ᠣᠷᠬᠢᠵᠣ᠂ ᠮᠢᠨᠣ ᠣᠭᠳᠣᠷ ᠬᠣᠩᠭ᠋ᠣᠷ ᠮᠣᠷᠢ ᠶᠢ ᠶᠡᠬᠥᠯᠡᠵᠦ᠂ ᠣᠷᠣᠭ ᠰᠢᠩᠬᠣᠯᠠ ᠮᠣᠷᠢ ᠶᠢ ᠨᠠᠳᠠ ᠳᠤ ᠣᠨᠣᠭᠣᠯᠣᠭᠠᠳ ᠦᠪᠡᠷ ᠶᠢᠠᠨ ᠬᠤᠷᠳᠤᠨ ᠤᠬᠠᠭ᠎ᠠ (ᠬᠤᠸᠠ) ᠮᠤᠷᠢ ᠪᠠᠨ ᠤᠨᠤᠵᠤ᠂ ᠠᠳᠤᠭᠤ ᠪᠠᠨ ᠡᠵᠡᠨ ᠦᠭᠡᠢ ᠤᠷᠬᠢᠭᠠᠳ ᠶᠠᠭᠠᠷᠠᠪᠴᠢᠯᠠᠨ ᠨᠠᠳᠠ ᠲᠠᠢ ᠪᠠᠰᠠ ᠭᠤᠷᠪᠠ ᠬᠤᠨᠤᠭ ᠳᠡᠭᠡᠷᠡᠮᠴᠢᠳ ᠢ ᠨᠡᠭᠡᠭᠡᠭ᠍ᠰᠡᠨ ᠪᠢᠯᠠ᠃ ᠪᠢᠳᠠ ᠬᠣᠶᠠᠷ ᠰᠢᠷᠭ᠎ᠠ ᠮᠣᠷᠢᠳ ᠢ ᠮᠢᠨᠢ ᠲᠡᠬᠡᠷᠡᠮᠳᠡᠭ᠍ᠰᠡᠨ ᠬᠦᠷᠢᠶᠡᠨ ᠳᠤ ᠬᠦᠷᠥᠬᠡᠥᠨ᠂ ᠬᠦᠷᠢᠶᠡᠯᠡᠭ᠍ᠰᠡᠨ ᠬᠡᠷ ᠤᠳ ᠤᠨ ᠵᠠᠬ᠎ᠠ ᠳᠤ ᠪᠠᠢ᠌ᠭᠰᠠᠨ ᠰᠢᠷᠭ᠎ᠠ ᠮᠣᠷᠢᠳ ᠢ ᠭᠠᠳᠠᠭᠰᠢ ᠬᠦᠬᠡᠬᠡᠵᠦ ᠲᠣᠳᠠᠭᠠᠵᠣ ᠠᠪᠴᠢᠷᠠᠪᠠ᠃ ᠴᠢ ᠨᠠᠬᠣ ᠪᠠᠶᠠᠨ ᠤ ᠭᠠᠭᠴᠠ ᠬᠦᠤ ᠨᠢ ᠪᠦᠬᠡᠥᠨ ᠶᠠᠭᠣ ᠮᠠᠳᠠᠵᠣ ᠨᠠᠳᠠ ᠲᠡᠶ ᠨᠦᠬᠥᠷᠯᠡᠭ᠍ᠰᠡᠨ ᠪᠢᠯᠠ︖ ᠴᠢ ᠦᠨᠡᠨ ᠰᠠᠢ᠌ᠬᠠᠨ ᠰᠠᠳᠬᠢᠯ ᠶᠢᠠᠷ ᠨᠦᠬᠥᠷᠯᠡᠪᠡ᠃ ᠲᠡᠬᠥᠨ ᠤ ᠬᠤᠢ᠌ᠨ᠎ᠠ ᠴᠢᠮᠢ᠋ᠢ ᠰᠠᠨᠠᠭᠰᠠᠭᠠᠷ ᠶᠠᠪᠣᠵᠣ᠂ ᠪᠢ ᠪᠡᠯᠬᠥᠳᠡᠢ ᠶᠢ ᠢᠯᠡᠬᠡᠵᠦ ᠨᠦᠬᠥᠷᠯᠡᠶ᠎ᠡ ᠬᠡᠪᠡᠯ᠂ ᠴᠢ ᠪᠥᠭ᠍ᠲᠦᠬᠡᠷ ᠬᠣᠩᠭ᠋ᠣᠷ ᠶᠢᠠᠨ ᠣᠨᠣᠵᠣ ᠪᠣᠷᠣ ᠦᠷᠮᠦᠭ ᠭᠡᠮᠨᠢᠭ᠌ ᠶᠢᠠᠨ ᠨᠥᠮᠥᠷᠴᠦ ᠦᠪᠡᠷ ᠶᠢᠠᠨ ᠬᠦᠷᠴᠦ ᠢᠷᠠᠪᠠ᠃ ᠭᠣᠷᠪᠠᠨ ᠮᠠᠷᠭᠢᠳ ᠪᠢᠳᠠᠨ ᠳᠤ ᠬᠠᠯᠳᠠᠵᠣ᠂ ᠪᠣᠷᠬᠠᠨ ᠬᠠᠯᠳᠣᠨ ᠢ ᠭᠣᠷᠪᠠᠨ ᠣᠳᠠᠭ᠎ᠠ ᠪᠦᠰᠡᠯᠠᠬᠥ ᠳᠤ ᠴᠢ ᠪᠢᠳᠠᠨ ᠤ ᠬᠠᠮᠳᠣ ᠪᠦᠰᠡᠯᠡᠭ᠍ᠳᠡᠪᠡ᠃ ᠪᠠᠰᠠ ᠲᠡᠬᠥᠨ ᠤ ᠬᠤᠢ᠌ᠨ᠎ᠠ ᠲᠠᠯᠠᠨ ᠨᠡᠮᠥᠷᠬᠡᠰ ᠲ᠋ᠤ ᠲᠠᠲ᠋ᠠᠷ ᠲᠡᠶ ᠲᠣᠯᠣᠯᠳᠣᠵᠣ ᠬᠣᠨᠣᠬᠣ ᠳᠤ ᠡᠳᠣᠷ ᠰᠦᠨᠢ ᠦᠷᠬᠥᠯᠵᠢ ᠬᠣᠷ᠎ᠠ ᠵᠦᠰᠡᠷᠡᠨ ᠣᠷᠣᠪᠠ᠃ ᠲᠠᠷᠠ ᠰᠦᠨᠢ ᠨᠠᠮ᠎ᠠ ᠶᠢ ᠣᠨᠳᠠᠭᠣᠯᠬᠣ ᠬᠡᠵᠦ ᠨᠥᠮᠥᠷᠬᠡ ᠪᠠᠨ ᠨᠠᠳᠠ ᠳᠤ ᠨᠥᠮᠥᠷᠬᠡᠬᠡᠥᠨ᠂ ᠮᠢᠨᠣ ᠲᠡᠬᠡᠷ᠎ᠡ ᠪᠣᠷᠣᠭᠠᠨ ᠤ ᠣᠰᠣ ᠶᠢ ᠲᠣᠰᠣᠯᠠᠭᠣᠯᠬᠣ ᠦᠭᠡᠶ ᠪᠠᠷ ᠰᠦᠨᠢ ᠲᠣᠷᠰᠢ ᠵᠤᠭᠰᠣᠬᠣ ᠳᠠᠭᠠᠨ ᠴᠢ ᠦᠷᠣᠬᠡᠰᠥᠨ ᠬᠦᠯ ᠶᠢᠠᠨ ᠭᠠᠭᠴᠠ ᠣᠳᠠᠭ᠎ᠠ ᠰᠣᠯᠢᠵᠣ ᠬᠢᠰᠬᠢᠭ᠍ᠰᠡᠨ ᠪᠢᠯᠠ᠃ ᠬᠦᠯᠥᠭ ᠪᠠᠭᠠᠳᠣᠷ ᠤᠨ ᠰᠢᠨᠵᠢ ᠡᠨᠠ ᠮᠦᠨ᠃ ᠲᠡᠬᠥᠨ ᠡᠴᠡ ᠪᠣᠰᠣᠳ ᠴᠢᠨᠣ ᠵᠢᠣᠠᠬᠥᠯ ᠢ ᠠᠯᠢ ᠶᠢ ᠨᠢ ᠬᠡᠯᠡᠵᠦ ᠪᠠᠷᠠᠬᠣ ᠪᠣᠢ︖ ᠪᠣᠭᠣᠷᠴᠣ ᠮᠣᠬᠣᠯᠠᠢ ᠬᠣᠶᠠᠷ᠂ ᠵᠦᠪ ᠶᠠᠪᠣᠳᠠᠯ ᠢ ᠮᠢᠨᠢ ᠵᠦᠪᠰᠢᠶᠡᠷᠡᠨ ᠲᠡᠳᠬᠥᠵᠦ᠂ ᠪᠣᠷᠣᠭᠣ ᠶᠠᠪᠣᠳᠠᠯ ᠢ ᠮᠢᠨᠢ ᠪᠣᠴᠠᠭᠠᠨ ᠵᠤᠭᠰᠣᠭᠠᠵᠣ᠂ ᠡᠨᠠ ᠶᠡᠬᠡ ᠰᠠᠭᠣᠷᠢᠨ  ᠳᠤ ᠬᠦᠷᠬᠡᠪᠡ᠃ ᠣᠳᠣ ᠪᠦᠬᠥᠳᠡ ᠶᠢᠨ ᠲᠡᠬᠡᠷ᠎ᠡ ᠰᠠᠭᠣᠯᠭᠠᠵᠣ᠂ ᠶᠢᠰᠣᠨ ᠣᠳᠠᠭ᠎ᠠ ᠣᠰᠣᠯ ᠭᠠᠷᠭᠠᠪᠠᠴᠣ ᠶᠠᠯ᠎ᠠ ᠬᠡᠯᠡᠯᠴᠡᠬᠥ ᠦᠭᠡᠶ ᠪᠣᠯᠭᠠᠶ᠎ᠠ᠃ ᠪᠣᠭᠣᠷᠴᠣ᠂ ᠪᠠᠷᠠᠭᠣᠨ ᠭᠠᠷ ᠤᠨ ᠠᠯᠳᠠᠢ ᠣᠷᠴᠢᠮ ᠤᠨ ᠲᠥᠮᠡᠨ ᠢ ᠮᠠᠳᠠᠵᠣ ᠵᠠᠬᠢᠷᠳᠣᠭᠠᠢ》 ᠬᠡᠵᠦ ᠵᠠᠷᠯᠢᠭ ᠪᠣᠯᠪᠠ᠃ 206᠂ ᠪᠠᠰᠠ ᠮᠣᠬᠣᠯᠠᠢ ᠳᠤ ᠴᠢᠩᠬᠢᠰ ᠬᠠᠭᠠᠨ ᠵᠠᠷᠯᠢᠭ ᠪᠣᠯᠣᠷᠣᠨ᠄ 《ᠬᠣᠳᠠᠯᠠ ᠬᠠᠭᠠᠨ ᠤ ᠪᠦᠵᠢᠭ᠍ᠯᠠᠬᠥ ᠬᠣᠷᠬᠣᠨᠠᠭ ᠵᠤᠪᠣᠷ᠎ᠠ ᠶᠢᠨ ᠬᠦᠠᠳᠡᠢ ᠳᠤ ᠰᠠᠭᠯᠠᠭᠠᠷ ᠮᠣᠳᠣᠨ ᠤ ᠢᠷᠣᠭᠠᠯ ᠳᠤ ᠰᠠᠭᠠᠳᠠᠨ ᠪᠠᠭᠣᠬᠣ ᠴᠠᠭ ᠲᠤ ᠮᠣᠬᠣᠯᠠᠢ᠂ ᠲᠡᠭᠷᠢ ᠶᠢᠨ ᠵᠠᠢ᠌ᠷᠠᠨ ᠤ (ᠰᠦᠯᠳᠡ) ᠵᠢᠭᠠᠭᠰᠠᠨ ᠦᠭᠡ ᠵᠢ ᠳᠡᠮᠳᠡᠭᠯᠡᠨ ᠬᠡᠯᠡᠭᠰᠡᠨ ᠤ ᠳᠤᠯᠠ ᠳᠠᠨᠳᠠ ᠪᠢ (ᠮᠤᠬᠤᠯᠠᠢ ᠶᠢᠨ ᠡᠴᠢᠭᠡ) ᠭᠦᠨ ᠭᠤᠸ᠎ᠠ ᠵᠢ ᠳᠤᠷᠠᠰᠴᠤ᠂ ᠮᠤᠬᠤᠯᠠᠢ ᠲᠠᠢ ᠦᠭᠡ ᠪᠠᠷᠢᠯᠳᠤᠭᠰᠠᠨ ᠪᠢᠯᠠ᠃ ᠣᠳᠣ ᠲᠡᠬᠥᠨ ᠤ ᠶᠣᠰᠣᠭᠠᠷ ᠪᠢ ᠶᠡᠬᠡ ᠰᠠᠭᠣᠷᠢᠨ ᠳᠤ ᠰᠠᠭᠣᠭᠰᠠᠨ ᠤ ᠲᠣᠯᠠ ᠮᠣᠬᠣᠯᠠᠢ ᠵᠢ ᠣᠷᠣᠭ ᠤᠨ ᠣᠷᠣᠭ ᠲᠤ ᠬᠦᠷᠳᠡᠯ᠎ᠡ ᠣᠯᠣᠰ ᠬᠦᠷᠥᠨ ᠤ ᠬᠦᠸᠧ ᠸᠠᠩ ᠪᠣᠯᠭᠠᠶ᠎ᠠ》 ᠬᠡᠵᠦ ᠬᠦᠸᠧ ᠸᠠᠩ ᠨᠡᠷ᠎ᠡ ᠦᠭ᠍ᠪᠡ᠃ 《ᠮᠣᠬᠣᠯᠠᠢ ᠬᠦᠸᠧ ᠸᠠᠩ ᠵᠠᠬᠥᠨ ᠭᠠᠷ ᠤᠨ ᠬᠠᠷᠠᠭᠣᠨ ᠵᠢᠳᠣᠨ ᠤ ᠬᠠᠪᠢ ᠶᠢᠨ ᠲᠥᠮᠡᠨ ᠢ ᠮᠡᠳᠡᠲᠦᠬᠡᠢ》 ᠬᠡᠵᠦ ᠵᠠᠷᠯᠢᠭ ᠪᠣᠯᠪᠠ᠃ 207᠂ ᠴᠢᠩᠬᠢᠰ ᠬᠠᠭᠠᠨ ᠬᠣᠷᠴᠢ ᠳᠤ ᠦᠬᠥᠯᠡᠷᠥᠨ᠄ 《ᠦᠴᠥᠬᠡᠨ ᠪᠠᠯᠴᠢᠷ ᠴᠠᠭ ᠡᠴᠡ ᠡᠳᠣᠢ ᠪᠣᠯᠳᠠᠯ᠎ᠠ ᠮᠢᠨᠢ ᠦᠯᠵᠡᠢ᠌ᠲᠦ ᠨᠦᠬᠥᠷ ᠮᠢᠨᠢ ᠪᠣᠯᠵᠣ᠂ ᠨᠣᠢ᠌ᠳᠠᠨ ᠳᠤ ᠬᠠᠮᠳᠣ ᠨᠣᠷᠴᠣ ᠬᠦᠢᠳᠡᠨ ᠳᠤ ᠬᠠᠮᠳᠣ ᠬᠦᠷᠥᠵᠦ᠂ ᠬᠦᠴᠦ ᠪᠠᠨ ᠡᠷᠬᠥᠪᠡ ᠴᠢ᠃ ᠬᠣᠯᠠ ᠣᠷᠢᠳᠣ ᠶᠢᠨ ᠴᠠᠭ ᠲᠤ ᠬᠣᠷᠴᠢ ᠴᠢ ᠮᠡᠷᠬᠡᠯᠡᠬᠡᠥᠨ ᠵᠦᠩᠨᠠᠵᠦ ᠬᠡᠯᠡᠭ᠍ᠰᠡᠨ ᠦᠬᠡ ᠪᠠᠨ ᠵᠦᠪ ᠪᠣᠯᠭᠠᠨ ᠲᠣᠬᠢᠷᠠᠵᠣ᠂ ᠲᠡᠭ᠍ᠷᠢ ᠶᠢᠨ ᠦᠷᠥᠰᠢᠶᠡᠯ ᠬᠦᠴᠦ ᠪᠠᠷ ᠲᠠᠷᠠ ᠶᠣᠰᠣ ᠪᠠᠷ ᠪᠦᠲᠦᠪᠡᠯ ᠭᠣᠴᠢᠨ ᠡᠬᠡᠨᠡᠷ ᠠᠪᠣᠶ᠎ᠠ ᠬᠡᠵᠦ ᠭᠣᠶᠣᠭᠰᠠᠨ ᠪᠢᠯᠠ ᠴᠢ᠃ ᠣᠳᠣ ᠴᠢ ᠬᠡᠯᠡᠭ᠍ᠰᠡᠨ ᠦᠬᠡ ᠪᠦᠳᠥᠭᠰᠡᠨ ᠤ ᠲᠣᠯᠠ ᠡᠵᠠᠯᠠᠵᠣ ᠣᠷᠣᠭᠣᠯᠣᠭᠰᠠᠨ ᠣᠯᠣᠰ ᠤᠨ ᠲᠣᠳᠣᠷ᠎ᠠ ᠡᠴᠡ ᠴᠢ ᠰᠠᠢ᠌ᠨ ᠡᠬᠡᠨᠡᠷ᠂ ᠰᠠᠢ᠌ᠬᠠᠨ ᠬᠡᠣᠬᠡᠨ ᠨᠤᠬᠦᠳ ᠢ ᠰᠣᠩᠭ᠋ᠣᠵᠣ ᠡᠠᠪ》 ᠬᠡᠵᠦ ᠵᠠᠷᠯᠢᠭ ᠪᠣᠯᠪᠠ᠃ ᠪᠠᠰᠠ 《ᠭᠣᠷᠪᠠᠨ ᠮᠢᠩᠭ᠋ᠠᠨ ᠪᠠᠭᠠᠷᠢᠨ ᠤ ᠲᠡᠬᠡᠷ᠎ᠡ ᠲᠠᠬᠠᠢ ᠠᠰᠢᠭ ᠬᠣᠶᠠᠷ ᠤᠨ ᠬᠠᠮᠳᠣ ᠠᠳᠠᠷᠬᠢᠨ ᠤ ᠴᠢᠨᠣᠰ᠂ ᠲᠦᠬᠥᠯᠥᠰ᠂ ᠲᠡᠯᠠᠩᠭᠦᠳ ᠠᠢ᠌ᠮᠠᠭ ᠢ ᠨᠡᠢ᠌ᠯᠡᠬᠥᠯᠵᠦ ᠲᠥᠮᠡᠨ ᠢᠷᠬᠡᠨ ᠪᠣᠯᠭᠠᠭᠠᠳ ᠬᠣᠷᠴᠢ ᠵᠠᠬᠢᠷᠴᠣ᠂ ᠡᠷᠴᠢᠰ ᠮᠥᠷᠡᠨ ᠤ ᠲᠠᠭᠠᠤ ᠣᠢ ᠶᠢᠨ ᠢᠷᠬᠡᠨ ᠬᠦᠷᠳᠡᠯᠠᠬᠢ ᠨᠣᠳᠣᠭ ᠢ ᠡᠵᠠᠮᠰᠢᠨ ᠨᠣᠳᠣᠭᠯᠠᠵᠣ᠂ ᠪᠠᠰᠠ ᠣᠢ ᠶᠢᠨ ᠲᠥᠮᠡᠨ ᠢᠷᠬᠡᠨ ᠢ ᠲᠠᠷᠣᠭᠠᠯᠠᠵᠣ ᠮᠡᠳᠡᠲᠦᠬᠡᠢ》 ᠬᠡᠵᠦ ᠵᠠᠷᠯᠢᠭ ᠪᠣᠯᠪᠠ᠃ 《ᠬᠣᠷᠴᠢ ᠶᠢᠨ ᠵᠦᠪᠰᠢᠶᠡᠷᠡᠯ ᠦᠭᠡᠶ ᠪᠠᠷ ᠣᠢ ᠶᠢᠨ ᠢᠷᠬᠡᠨ ᠡᠢ᠌ᠰᠢ ᠲᠠᠢ᠌ᠰᠢ ᠨᠡᠬᠥᠵᠦ ᠦᠯᠤ ᠪᠣᠯᠣᠨ᠎ᠠ᠂ ᠬᠣᠷᠴᠢ ᠶᠢᠨ ᠦᠬᠡ ᠶᠢ ᠵᠦᠷᠢᠴᠡᠭ᠍ᠰᠠᠥᠨ ᠢ ᠰᠢᠳᠬᠡᠲᠦᠬᠡᠢ》 ᠬᠡᠵᠦ ᠵᠠᠷᠯᠢᠭ ᠪᠣᠯᠪᠠ᠃ 208᠂ ᠪᠠᠰᠠ ᠴᠢᠩᠬᠢᠰ ᠬᠠᠭᠠᠨ ᠵᠦᠷᠴᠢᠳᠡᠢ ᠳᠤ ᠦᠬᠥᠯᠡᠷᠥᠨ᠄ 《ᠴᠢᠨᠣ ᠪᠦᠲᠦᠬᠡᠭ᠍ᠰᠡᠨ ᠡᠷᠬᠢᠮ ᠲᠣᠰᠠ ᠶᠢ ᠲᠣᠷᠠᠳᠪᠠᠯ᠂ ᠬᠡᠷᠡᠢ᠌ᠳ ᠲ᠋ᠠᠢ ᠬᠠᠷ᠎ᠠ ᠬᠠᠯᠵᠣᠨ ᠡᠯᠠᠳ ᠲᠤ ᠬᠠᠳᠬᠣᠯᠳᠣᠨ ᠪᠠᠢ᠌ᠯᠳᠣᠬᠣ ᠴᠠᠭ ᠲᠤ ᠬᠣᠢ᠌ᠯᠳᠠᠷ ᠠᠨᠳᠠ ᠲᠡᠷᠢᠬᠥᠯᠡᠨ ᠪᠠᠢ᠌ᠯᠳᠣᠨ᠎ᠠ ᠬᠡᠰᠡᠨ ᠪᠣᠯᠪᠠᠴᠣ᠂ ᠴᠤᠬᠤᠮ ᠬᠡᠷᠡᠭ ᠢ ᠪᠦᠲᠦᠬᠡᠭ᠍ᠰᠡᠨ ᠨᠢ ᠴᠢ ᠮᠦᠨ᠃ ᠵᠦᠷᠴᠢᠳᠡᠢ ᠴᠢ ᠲᠣᠪᠳᠣᠯᠵᠣ ᠣᠷᠣᠭᠠᠳ ᠵᠢᠷᠬᠢᠨ᠂ ᠲᠦᠪᠡᠬᠡᠨ᠂ ᠲᠣᠩᠭ᠋ᠠᠢ᠌ᠳ᠂ ᠬᠣᠷᠢ ᠰᠢᠯᠠᠮᠣᠨ ᠢ᠂ ᠮᠢᠩᠭ᠋ᠠᠨ ᠲᠣᠷᠬᠠᠭ ᠤᠳ᠂ ᠰᠢᠯᠢᠳᠡᠭ ᠴᠡᠷᠢᠭ᠌ ᠪᠦᠬᠥᠳᠡ ᠶᠢ ᠲᠠᠷᠣᠭᠰᠠᠭᠠᠷ ᠶᠡᠬᠡ ᠭᠣᠣᠯ ᠬᠦᠴᠥᠨ ᠳᠤ ᠬᠦᠷᠴᠦ᠂ ᠰᠠᠩᠬᠥᠮ ᠤᠨ ᠡᠩᠬᠡᠰᠬᠡ ᠬᠠᠴᠠᠷ ᠢ ᠬᠠᠷᠪᠣᠨ ᠰᠢᠷᠬᠠᠳᠣᠭᠣᠯᠵᠣ᠂ ᠮᠦᠩᠬᠡ ᠲᠡᠭ᠍ᠷᠢ ᠳᠤ ᠢᠯᠠᠬᠣ ᠶᠢᠨ ᠡᠬᠥᠳᠡ ᠶᠢ ᠨᠡᠬᠡᠬᠡᠪᠡ᠃ ᠰᠠᠩᠬᠥᠮ ᠢ ᠰᠢᠷᠬᠠᠳᠣᠭᠣᠯᠣᠭᠰᠠᠨ ᠦᠬᠡᠢ ᠪᠣᠯ ᠪᠢᠳᠠ ᠶᠠᠮᠠᠷ ᠪᠣᠯᠬᠣ ᠶᠢ ᠮᠡᠳᠡᠬᠥ ᠦᠭᠡᠶ᠃ ᠵᠦᠷᠴᠢᠳᠡᠢ ᠴᠢᠨᠣ ᠬᠦᠷᠬᠡᠭ᠍ᠰᠡᠨ ᠡᠷᠬᠢᠮ ᠶᠡᠬᠡ ᠲᠣᠰᠠ ᠲᠠᠷᠠ ᠪᠠᠢ᠌ᠨ᠎ᠠ᠃ ᠲᠠᠠᠳᠠ ᠡᠴᠠ ᠵᠠᠢ᠌ᠯᠠᠵᠣ᠂ ᠬᠠᠯᠬ᠎ᠠ ᠭᠣᠣᠯ ᠣᠷᠣᠭᠣ ᠨᠡᠬᠥᠬᠥ ᠳᠤ ᠵᠦᠷᠴᠢᠳᠡᠢ ᠴᠢᠮ᠎ᠠ ᠶᠢ ᠪᠢ ᠦᠨᠳᠥᠷ ᠠᠭᠣᠯᠠ ᠶᠢᠨ ᠨᠥᠮᠥᠷᠢ ᠮᠠᠳᠣ ᠦᠮᠥᠭ ᠪᠣᠯᠭᠠᠨ ᠰᠠᠨᠠᠵᠣ ᠶᠠᠪᠣᠯ᠎ᠠ᠃ ᠲᠠᠠᠳᠠ ᠡᠴᠡ ᠪᠢᠳᠠ ᠪᠠᠯᠵᠣᠨ ᠨᠠᠭᠣᠷ ᠲᠤ ᠣᠮᠳᠠᠯᠠᠬᠣ ᠪᠠᠷ ᠪᠠᠭᠣᠪᠠ᠃ ᠵᠢᠴᠢ ᠪᠠᠯᠵᠣᠨ ᠨᠠᠭᠣᠷ ᠡᠴᠠ ᠵᠦᠷᠴᠢᠳᠡᠢ ᠵᠢ ᠳᠤᠷᠰᠢᠭᠤᠯ (ᠠᠯᠬᠢᠨᠴᠢ) ᠪᠤᠯᠭᠠᠵᠤ ᠬᠡᠷᠡᠢ᠌ᠳ ᠲᠤ ᠶᠠᠪᠤᠭᠤᠯᠤᠭᠰᠠᠨ ᠪᠢᠯᠠ᠃ ᠲᠡᠭᠷᠢ ᠭᠠᠵᠠᠷ ᠤᠨ ᠢᠪᠡᠭᠡᠯ ᠶᠢᠠᠷ ᠪᠢᠳᠠ ᠬᠡᠷᠡᠢ᠌ᠳ ᠢᠷᠬᠡᠨ ᠢ ᠨᠣᠮᠣᠳᠬᠠᠨ ᠲᠠᠭᠠᠭᠣᠯᠪᠠ᠃ ᠭᠣᠣᠯᠯᠠᠬᠣ ᠬᠡᠷᠡᠢ᠌ᠳ ᠣᠯᠣᠰ ᠢ ᠰᠠᠯᠭᠠᠵᠣ ᠲᠠᠷᠣᠭᠰᠠᠨ ᠣᠴᠢᠷ ᠡᠴᠡ ᠲᠠᠭᠠᠯᠳᠣᠬᠣ ᠨᠢ᠋ᠮᠠᠨ᠂ ᠮᠠᠷᠭᠢᠳ ᠤᠨ ᠵᠤᠷᠢᠭ ᠰᠢᠨᠳᠠᠷᠠᠵᠣ ᠪᠠᠢ᠌ᠯᠳᠣᠵᠣ ᠴᠢᠳᠠᠬᠣ ᠦᠭᠡᠶ ᠪᠣᠰᠨᠢᠪᠠ᠃ ᠮᠠᠷᠭᠢᠳ᠂ ᠨᠢ᠋ᠮᠠᠨ ᠨᠡᠷ ᠢ ᠪᠣᠳᠠᠷᠠᠨ ᠰᠠᠷᠨᠢᠬᠤ ᠵᠠᠪᠰᠠᠷ᠂ ᠬᠡᠷᠡᠢ᠌ᠳ ᠤᠨ ᠵᠠᠬ᠎ᠠ ᠭᠣᠮᠪᠣ ᠬᠣᠶᠠᠷ ᠦᠬᠢᠨ ᠶᠢᠠᠨ ᠲᠠᠭᠠᠬᠣ ᠰᠢᠯᠳᠠᠭᠠᠨ ᠶᠢᠠᠷ ᠬᠠᠷᠢᠶᠠᠳᠣ ᠨᠠᠷ ᠶᠢᠠᠨ ᠬᠠᠮᠳᠣ ᠠᠪᠴᠣ ᠦᠯᠠᠳᠡᠪᠡ᠃ ᠬᠡᠳᠡᠯ᠎ᠡ ᠲᠠᠷᠠ ᠲᠠᠢ᠌ᠰᠣᠩᠨᠠᠵᠣ ᠣᠳᠣᠭᠰᠠᠨ ᠲᠣᠯᠠ ᠵᠦᠷᠴᠢᠳᠡᠢ ᠨᠡᠬᠡᠵᠦ᠂ ᠨᠢᠬᠡᠠᠳᠡ ᠵᠠᠢ᠌ᠯᠠᠨ ᠣᠳᠣᠭᠰᠠᠨ ᠵᠠᠬ᠎ᠠ ᠭᠣᠮᠪᠣ ᠶᠢ ᠵᠠᠯᠢ ᠠᠷᠭ᠎ᠠ ᠪᠠᠷ ᠪᠠᠷᠢᠵᠣ ᠲᠣᠨᠢᠯᠭᠠᠪᠠ᠃ ᠲᠠᠷᠠ ᠵᠠᠬ᠎ᠠ ᠭᠣᠮᠪᠣ ᠶᠢᠨ ᠣᠯᠣᠰ ᠢ ᠲᠠᠯᠠᠵᠣ ᠡᠵᠠᠯᠠᠪᠠ᠃ ᠵᠦᠷᠴᠢᠳᠡᠢ ᠶᠢᠨ ᠪᠠᠰᠠ ᠨᠢᠬᠡ ᠲᠣᠰᠠ ᠨᠢ ᠡᠨᠠ ᠮᠦᠨ᠃》 ᠠᠯᠠᠯᠳᠣᠬᠣ ᠡᠳᠣᠷ ᠠᠮᠢ ᠪᠠᠨ ᠬᠠᠢ᠌ᠷᠠᠯᠠᠬᠣ ᠦᠭᠡᠶ ᠠᠴᠢ ᠶᠢ ᠬᠦᠷᠬᠡᠵᠦ᠂ ᠪᠠᠢ᠌ᠯᠳᠣᠬᠣ ᠡᠳᠣᠷ ᠪᠠᠢ᠌ᠷᠢ ᠪᠠᠨ ᠠᠯᠳᠠᠬᠣ ᠦᠭᠡᠶ ᠪᠠᠭᠠᠳᠣᠷᠯᠠᠨ ᠵᠢᠣᠠᠬᠥᠭ᠍ᠰᠡᠨ ᠤ ᠲᠣᠯᠠ ᠴᠢᠩᠬᠢᠰ ᠬᠠᠭᠠᠨ᠂ ᠢᠪᠠᠭ᠎ᠠ ᠪᠠᠬᠢ ᠬᠠᠳᠣᠨ ᠶᠢᠠᠨ ᠵᠦᠷᠴᠢᠳᠡᠢ ᠳᠤ ᠰᠣᠶᠣᠷᠬᠠᠵᠣ ᠦᠭ‍ᠬᠦᠬᠡᠥᠨ᠂ ᠢᠪᠠᠭ᠎ᠠ ᠳᠤ ᠦᠬᠥᠯᠡᠷᠥᠨ᠄ 《ᠠᠪᠣᠷᠢ ᠵᠠᠩ ᠢ ᠴᠢᠨᠢ ᠭᠣᠯᠣᠭᠰᠠᠨ ᠪᠢᠰᠢ ᠠᠷᠢᠭᠣᠨ ᠦᠵᠡᠰᠬᠥᠯᠠᠩ ᠢ ᠴᠢᠨᠢ ᠴᠢᠮᠠᠯᠠᠭᠰᠠᠨ ᠪᠢᠰᠢ᠂ [ᠬᠦᠯ ᠢ ᠴᠢᠨᠢ ᠰᠢᠪᠠᠷᠢ ᠲᠡᠶ ᠬᠡᠰᠡᠨ ᠪᠢᠰᠢ ᠬᠦᠯᠥᠰᠤ ᠶᠢ ᠴᠢᠨᠢ ᠦᠨᠥᠷ ᠲᠡᠶ ᠬᠡᠰᠡᠨ ᠪᠢᠰᠢ] ᠡᠪᠤᠷ ᠲᠣᠯᠠᠭᠠᠴᠠᠭᠣᠯᠵᠣ ᠬᠦᠯ ᠶᠢᠠᠨ ᠬᠣᠴᠢᠭᠣᠯᠣᠭᠰᠠᠨ ᠦᠪᠡᠷ ᠤᠨ ᠬᠠᠳᠣᠨ ᠴᠢᠮ᠎ᠠ ᠶᠢ ᠶᠡᠬᠡ ᠲᠥᠷᠤ ᠶᠢᠨ ᠣᠢ᠌ᠯᠠᠰ ᠲᠤ ᠶᠡᠬᠡᠳᠡ ᠵᠢᠣᠠᠬᠥᠭ᠍ᠰᠡᠨ ᠵᠦᠷᠴᠢᠳᠡᠢ ᠳᠤ ᠡᠢ᠌ᠠᠬᠥ ᠰᠣᠶᠣᠷᠬᠠᠬᠣ ᠪᠣᠯᠪᠠ᠃ ᠬᠠᠳᠬᠣᠯᠳᠣᠬᠣ ᠴᠠᠭ ᠲᠤ ᠬᠠᠯᠬ᠎ᠠ ᠪᠣᠯᠵᠣ ᠬᠠᠭᠠᠴᠠᠭᠰᠠᠨ ᠣᠯᠣᠰ ᠢ ᠬᠠᠮᠳᠣᠳᠬᠠᠨ ᠦᠭᠴᠦ᠂ ᠬᠠᠳᠬᠣᠯᠳᠣᠨ ᠪᠠᠢ᠌ᠯᠳᠣᠬᠣ ᠳᠤ ᠬᠣᠶᠠᠭ ᠪᠣᠯᠵᠣ ᠬᠣᠪᠢᠶᠠᠭᠰᠠᠨ ᠣᠯᠣᠰ ᠢ ᠬᠣᠷᠢᠶᠠᠵᠣ ᠦᠭ‍ᠬᠦᠭ᠍ᠰᠡᠨ ᠵᠦᠷᠴᠢᠳᠡᠢ ᠶᠢᠨ ᠠᠴᠢ ᠶᠢ ᠬᠠᠷᠢᠭᠣᠯᠵᠣ᠂ ᠭᠠᠪᠢᠶ᠎ᠠ ᠶᠢ ᠳᠡᠮᠳᠡᠭᠯᠡᠬᠥ ᠶᠢᠨ ᠲᠣᠯᠠ ᠴᠢᠮ᠎ᠠ ᠶᠢ ᠦᠭ᠍ᠪᠡ᠃ ᠡᠬᠥᠨ ᠡᠴᠡ ᠬᠤᠢ᠌ᠰᠢ ᠮᠢᠨᠣ ᠣᠷᠣᠭ ᠡᠴᠡ ᠬᠠᠭᠠᠨ ᠰᠢᠷᠡᠬᠡᠨ ᠳᠤ ᠵᠠᠯᠭᠠᠮᠵᠢᠯᠠᠨ ᠰᠠᠭᠣᠭᠴᠢᠳ᠂ ᠡᠨᠠ ᠮᠠᠳᠣ ᠲᠣᠰᠠ ᠬᠢᠭ᠍ᠰᠡᠨ ᠢ ᠬᠠᠷᠢᠭᠣᠯᠣᠭᠰᠠᠨ ᠶᠣᠰᠣ ᠵᠢ ᠰᠠᠳᠬᠢᠵᠣ᠂ ᠮᠢᠨᠤ ᠦᠭᠡ ᠶᠢ ᠦᠭᠡᠷᠡᠴᠢᠯᠡᠯ ᠦᠭᠡᠢ ᠪᠠᠷ ᠤᠷᠤᠭ ᠤᠨ ᠤᠷᠤᠭ ᠲᠤ ᠬᠦᠷᠳᠡᠯ᠎ᠠ ᠢᠪᠠᠭ᠎ᠠ ᠢᠢᠨ ᠤᠷᠤ ᠰᠠᠭᠤᠷᠢ (ᠨᠡᠷ᠎ᠠ ᠬᠦᠨᠳᠤ) ᠵᠢ ᠪᠤᠤ ᠳᠠᠰᠤᠯᠳᠤᠭᠠᠢ 》 ᠬᠡᠵᠦ ᠵᠠᠷᠯᠢᠭ ᠪᠣᠯᠪᠠ᠃ ᠪᠠᠰᠠ ᠴᠢᠩᠬᠢᠰ ᠬᠠᠭᠠᠨ ᠢᠪᠠᠭ᠎ᠠ ᠳᠤ ᠦᠬᠥᠯᠡᠷᠥᠨ᠄ 《ᠴᠢᠨᠣ ᠡᠴᠢᠬᠡ ᠵᠠᠬ᠎ᠠ ᠭᠣᠮᠪᠣ᠂ ᠴᠢᠮ᠎ᠠ ᠳᠤ ᠢᠨᠵᠢ ᠪᠣᠯᠭᠠᠵᠣ ᠠᠰᠢᠭ ᠲᠠᠮᠣᠷ᠂ ᠠᠯᠴᠢᠭ ᠬᠣᠶᠠᠷ ᠲᠣᠭᠣᠭᠠᠴᠢ ᠶᠢᠨ ᠬᠠᠮᠳᠣ ᠬᠣᠶᠠᠷ ᠵᠠᠭᠣᠨ ᠬᠦᠮᠥᠨ ᠢ ᠦᠭ‍ᠬᠦᠭ᠍ᠰᠡᠨ ᠪᠢᠯᠠ᠃ ᠣᠳᠣ ᠴᠢ ᠣᠷᠣᠭᠣᠳ ᠢᠷᠬᠡᠨ ᠳᠤ ᠤᠴᠢᠬᠤ ᠳᠠᠭᠠᠨ ᠲᠣᠷᠠᠰᠬᠠᠯ ᠪᠣᠯᠭᠠᠵᠣ ᠂ ᠨᠠᠳᠠ ᠳᠤ ᠢᠨᠵᠢ ᠶᠢᠨ ᠬᠦᠮᠥᠰ ᠡᠴᠡ ᠠᠰᠢᠭ ᠲᠠᠮᠣᠷ ᠲᠣᠭᠣᠭᠠᠴᠢ ᠪᠠᠨ ᠨᠢᠬᠡᠨ ᠵᠠᠭᠣᠨ ᠬᠦᠮᠥᠨ ᠤ ᠬᠠᠮᠳᠣ ᠦᠭᠴᠦ ᠣᠣᠨ》 ᠬᠡᠵᠦ ᠠᠪᠣᠪᠠ᠃ ᠪᠠᠰᠠ ᠴᠢᠩᠬᠢᠰ ᠬᠠᠭᠠᠨ ᠵᠦᠷᠴᠢᠳᠡᠢ ᠳᠤ ᠦᠬᠥᠯᠡᠷᠥᠨ᠄ 《ᠢᠪᠠᠭ᠎ᠠ ᠬᠠᠳᠣᠨ ᠶᠢᠠᠨ ᠴᠢᠮ᠎ᠠ ᠳᠤ ᠦᠭ᠍ᠪᠡ᠂ ᠴᠢ ᠲᠥᠷᠪᠡᠨ ᠮᠢᠩᠭ᠋ᠠᠨ ᠣᠷᠣᠭᠣᠳ ᠶᠢᠠᠨ ᠮᠠᠳᠠᠵᠣ ᠵᠠᠬᠢᠷᠣᠳᠣᠭᠠᠢ》 ᠬᠡᠵᠦ ᠰᠣᠶᠣᠷᠬᠠᠵᠣ ᠵᠠᠷᠯᠢᠭ ᠪᠣᠯᠪᠠ᠃

2        0       

                             13847524386      211429899@qq.com      13847524386   QQ  211429899 蒙ICP备17002503号-1