          
     新城区
   2021-11-10 19:54
   2024-03-24 22:57
   67022
   153

ᠮ᠂ ᠭᠣᠷᠺᠢ︱ ᠳᠠᠭᠤᠤ ᠵᠣᠬᠢᠶᠠᠭᠰᠠᠨ ᠨᠢ ︵ᠦᠭᠦᠯᠡᠯᠬᠡ︶

ᠵᠣᠨ ᠤ ᠡᠳᠦᠷ ᠰᠦᠮ᠎ᠡ ᠶᠢᠨ ᠬᠤᠩᠬ᠎ᠠ ᠶᠢᠨ ᠭᠤᠨᠢᠭᠲᠠᠢ ᠵᠢᠩᠭᠢᠨᠡᠬᠦ ᠲᠠᠭᠤᠨ ᠳᠥ ᠲᠣᠬᠢᠷᠠᠭᠤᠯᠤᠨ ᠬᠣᠶᠠᠷ ᠡᠮᠡᠭᠲᠡᠢ ᠨᠢᠭᠡᠨ ᠳᠠᠭᠤᠤ ᠵᠣᠬᠢᠶ᠋ᠵᠠᠢ᠃
        834     
2021-12-20 00:15    
发表于:内蒙古
ᠵᠣᠨ ᠤ ᠡᠳᠦᠷ ᠰᠦᠮ᠎ᠡ ᠶᠢᠨ ᠬᠣᠩᠬ᠎ᠠ ᠶᠢᠨ ᠭᠣᠨᠢᠬᠳᠠᠢ ᠵᠢᠩᠬᠢᠨᠡᠬᠦ ᠲᠠᠭᠣᠨ ᠳᠤ ᠲᠣᠬᠢᠷᠠᠭᠣᠯᠣᠨ ᠬᠣᠶᠠᠷ ᠡᠮᠡᠭᠳᠡᠢ ᠨᠢᠬᠡᠨ ᠲᠠᠭᠣᠤ ᠵᠣᠬᠢᠶᠠᠵᠠᠢ ᠃ ᠠᠷᠼᠠᠮᠠᠰ ᠤᠨ ᠨᠢᠬᠡᠨ ᠴᠢᠮᠡᠬᠡ ᠦᠬᠡᠢ ᠭᠣᠳᠣᠮᠵᠢᠨ ᠳᠤ ᠂ ᠣᠷᠤᠢ ᠶᠢᠨ ᠮᠦᠷᠬᠦᠯ ᠦᠨ ᠡᠮᠦᠨ᠎ᠠ ᠂ ᠮᠢᠨᠤ ᠰᠠᠭᠣᠳᠠᠭ ᠪᠠᠢᠰᠢᠩ ᠤᠨ ᠬᠠᠰᠢᠶᠠᠨ ᠤ ᠬᠠᠭᠠᠯᠭᠠᠨ ᠤ ᠪᠠᠨᠳᠠᠩ ᠲᠡᠬᠡᠷ᠎ᠡ ᠪᠣᠯᠣᠭᠰᠠᠨ ᠬᠡᠷᠡᠭ ᠪᠢᠯᠡ ᠃ ᠬᠣᠳᠠ ᠂ ᠵᠢᠷᠭᠣᠳᠣᠭᠠᠷ ᠰᠠᠷ᠎ᠠ ᠶᠢᠨ ᠶᠡᠷᠣ ᠢᠨ ᠡᠳᠦᠷ ᠦᠨ ᠬᠠᠯᠠᠭᠣᠨ ᠨᠠᠮ ᠬᠦᠮ ᠳᠦ ᠵᠡᠭᠦᠷᠮᠡᠭᠯᠡᠵᠣ ᠪᠠᠢᠯ᠎ᠠ ᠃ ᠪᠢ ᠴᠣᠩᠬᠣᠨ ᠤ ᠲᠡᠷᠬᠡᠳᠡ ᠨᠣᠮ ᠣᠩᠰᠢᠬᠤ ᠵᠠᠭᠣᠷ᠎ᠠ ᠮᠠᠨ ᠤ ᠲᠣᠭᠤᠭᠠᠴᠢ ᠪᠦᠳᠦᠬᠦᠨ ᠴᠣᠬᠤᠷ ᠦᠰᠲ᠋ᠢᠨᠢᠶᠠ ᠂ ᠮᠠᠨ ᠤ ᠵᠡᠷᠬᠡᠯᠡᠳᠡᠬᠡ ᠬᠡᠷ ᠦᠨ ᠡᠵᠡᠨ ᠼᠸᠮ ᠦᠨ ᠲᠠᠷᠣᠭ᠎ᠠ ᠶᠢᠨ ᠵᠠᠷᠣᠴᠠ ᠬᠡᠦᠬᠡᠨ ᠲᠡᠶ ᠰᠡᠮ ᠶᠠᠷᠢᠯᠴᠠᠬᠤ ᠶᠢ ᠰᠣᠨᠣᠰᠴᠤ ᠪᠠᠢᠯ᠎ᠠ ᠃ ︱ ᠠ ᠲᠡᠬᠡᠬᠡᠳ ᠦᠬᠡᠷ᠎ᠡ ᠶᠠᠭᠣ ᠪᠢᠴᠢᠵᠤ ᠪᠠᠢᠨ᠎ᠠ ︖ ᠡᠷ᠎ᠡ ᠬᠦᠮᠦᠨ ᠦ ᠲᠠᠭᠣ ᠰᠢᠭ᠋ ᠪᠤᠯᠪᠠᠴᠣ ᠮᠠᠰᠢ ᠡᠪᠯᠡᠭ ᠲᠠᠭᠣ ᠪᠠᠷ ᠠᠰᠠᠭᠣᠪᠠ ᠃ ︱ ᠦᠬᠡᠷ᠎ᠡ ᠴᠣ ᠶᠠᠭᠣᠮ᠎ᠠ ᠦᠬᠡᠢ ᠳ᠋ᠠ ᠬᠡᠵᠤ ᠬᠠᠷ᠎ᠠ ᠨᠢᠭᠤᠷ ᠲᠠᠶ ᠂ ᠠᠶᠣᠨ ᠰᠢᠷᠳᠡᠭᠰᠡᠨ ᠪᠢᠴᠢᠬᠠᠨ ᠨᠢᠳᠣ ᠲᠠᠶ ᠲᠣᠷᠠᠩᠬᠠᠢ ᠵᠠᠷᠣᠴᠠ ᠬᠡᠦᠬᠡᠨ ᠪᠣᠳᠣᠯᠭ᠎ᠠ ᠪᠣᠳᠣᠨ ᠠᠶᠠᠷᠬᠠᠨ ᠬᠠᠷᠢᠭᠣᠯᠪᠠ ᠃ ︱ ᠲᠡᠬᠡᠪᠡᠯ ᠂ ᠠᠮᠣᠷ ᠰᠠᠢᠨ ᠪᠠᠢᠨ᠎ᠠ ᠤᠤ ︖ ᠮᠦᠩᠬᠦ ᠶᠠᠪᠤᠭᠣᠯ ᠬᠡᠰᠡᠨ ᠬᠡᠷᠡᠭ ᠦᠦ ︖ ︱ ᠲᠡᠢᠮᠦ ᠁ ︱ ᠲᠡᠨᠳᠡ ᠶᠠᠭᠠᠬᠢᠵᠣ ᠠᠮᠢᠳᠣᠷᠠᠵᠤ ᠪᠠᠢᠵᠠᠭᠠᠬᠣ ᠶᠢ ᠦᠪᠡᠷ ᠢᠶᠡᠨ ᠲᠠᠭᠠᠵᠣ ᠮᠡᠳᠡ ᠬᠡᠵᠤ ᠳ᠋ᠠ ᠂ ᠠ ᠬᠦᠬᠡᠷᠦᠬᠦᠢ ᠁ ᠮᠠᠨ ᠤ ᠭᠣᠳᠣᠮᠵᠢᠨ ᠤ ᠴᠡᠴᠡᠷᠯᠢᠭ ᠦᠨ ᠴᠠᠭᠠᠨ᠎ᠠ ᠴᠦᠬᠦᠷᠦᠮ ᠦᠨ ᠲᠣᠳᠣᠷ᠎ᠠ ᠮᠡᠯᠡᠬᠡᠢ ᠬᠠᠴᠢᠨ ᠰᠢᠩᠬᠡᠨ ᠲᠠᠭᠣ ᠪᠠᠷ ᠲᠣᠤᠭᠠᠷᠴᠣ ᠪᠠᠢᠪᠠ ᠃ ᠴᠢᠪ ᠴᠢᠮᠡᠬᠡ ᠦᠬᠡᠢ ᠬᠠᠯᠠᠭᠣᠨ ᠤ ᠲᠣᠮᠳᠠ ᠬᠣᠩᠬ᠎ᠠ ᠶᠢᠨ ᠲᠠᠭᠣ ᠵᠠᠯᠬᠠᠭᠣ ᠬᠦᠷᠦᠮ᠎ᠡ ᠵᠢᠩᠬᠢᠨᠡᠨ᠎ᠡ ᠃ ᠪᠠᠰᠠ ᠨᠢᠬᠡᠨ ᠬᠠᠰᠢᠶᠠᠨ ᠳᠤ ᠬᠢᠷᠦᠬᠡ ᠬᠣᠷᠬᠢᠷᠠᠬᠣ ᠮᠡᠳᠣ ᠬᠢᠬᠣᠨᠣᠬᠤ ᠨᠢ ᠬᠠᠵᠠᠭᠣ ᠶᠢᠨ ᠮᠠᠭᠣ ᠪᠠᠢᠰᠢᠩ ᠤᠨᠳᠠᠭᠠᠳ ᠂ ᠬᠠᠯᠠᠭᠤᠨ ᠳᠤ ᠠᠮᠢ ᠲᠡᠮᠡᠴᠡᠨ ᠬᠣᠷᠬᠢᠷᠠᠵᠣ ᠪᠠᠢᠭ᠎ᠠ ᠮᠡᠳᠣ ᠰᠠᠨᠠᠭᠳᠠᠨ᠎ᠠ ᠃ ︱ ᠬᠠᠮᠢᠶᠠᠳᠠᠨ ᠰᠠᠳᠣᠨ ᠴᠣ ᠭᠣᠷᠪᠠᠨ ᠮᠣᠳᠣᠨ ᠤ ᠭᠠᠵᠠᠷ ᠬᠣᠯᠠᠳᠪᠠᠯ ᠪᠠᠢᠬᠣ ᠦᠬᠡᠢ ᠠᠳᠠᠯᠢ ᠰᠠᠨᠠᠵᠣ ᠮᠣᠳᠣᠨ ᠤ ᠬᠡᠰᠢᠬᠦᠣ ᠰᠢᠭ ᠬᠣᠭᠣᠯᠣᠨ ᠬᠠᠶᠠᠳᠠᠭ ᠶᠤᠮ ᠳ᠋ᠠ ︕ ᠪᠢ ᠬᠣᠳᠠ ᠳᠤ ᠠᠩᠬ᠎ᠠ ᠢᠷᠡᠵᠦ ᠰᠠᠭᠣᠭᠰᠠᠨ ᠵᠢᠯ ᠢᠶᠡᠨ ᠲᠣᠩ ᠶᠡᠬᠡ ᠣᠢᠳᠳᠠᠭ ᠰᠠᠨ ᠃ ᠪᠦᠬᠦ ᠪᠡᠶ᠎ᠡ ᠮᠠᠨᠢ ᠡᠨᠳᠡ ᠬᠠᠮᠳᠣ ᠪᠠᠢᠬᠣ ᠦᠬᠡᠢ ᠂ ᠰᠡᠳᠬᠢᠯ ᠦᠨ ᠬᠠᠭᠠᠰ ᠨᠢ ᠲᠣᠰᠬᠤᠨ ᠳᠤ ᠦᠯᠡᠳᠡᠭᠰᠡᠨ ᠶᠤᠮ ᠰᠢᠭ᠋ ᠪᠠᠢᠵᠤ ᠪᠢᠯᠡ ᠃ ᠲᠡᠨᠳᠡ ᠶᠠᠭᠣ ᠪᠣᠯᠵᠤ ᠪᠠᠢᠭ᠎ᠠ ᠪᠣᠯ ᠂ ᠶᠠᠭᠠᠬᠢᠭ᠎ᠠ ᠪᠤᠯ ᠬᠡᠵᠤ ᠡᠳᠦᠷ ᠰᠦᠨᠢ ᠦᠬᠡᠢ ᠪᠣᠳᠣᠭᠳᠠᠳᠠᠭ ᠰᠠᠨ ᠃ ᠲᠡᠭᠦᠨ ᠦ ᠦᠭᠡ ᠨᠢ ᠬᠤᠩᠬ᠎ᠠ ᠶᠢᠨ ᠲᠠᠭᠣ ᠶᠢ ᠲᠠᠪᠳᠠᠵᠣ ᠵᠣᠷᠢᠭᠣᠳᠠ ᠭᠦᠭ ᠨᠡᠢᠯᠡᠬᠦᠯᠦᠨ ᠶᠠᠷᠢᠵᠣ ᠪᠠᠢᠭ᠎ᠠ ᠶᠤᠮ ᠰᠢᠭ᠋ ᠪᠠᠢᠪᠠ ᠃ ᠵᠠᠷᠣᠴᠠ ᠬᠡᠦᠬᠡᠨ ᠂ ᠱᠣᠨᠳᠣᠭᠣᠷ ᠡᠪᠦᠳᠦᠭ ᠢᠶᠡᠨ ᠰᠠᠯᠠᠭᠠᠪᠴᠢᠯᠠᠵᠣ ᠴᠠᠭᠠᠨ ᠠᠯᠴᠢᠭᠣᠷᠳᠣ ᠲᠣᠯᠣᠭᠠᠢ ᠪᠠᠨ ᠭᠠᠩᠬᠣᠭᠤᠯᠣᠨ ᠂ ᠣᠷᠤᠭᠣᠯ ᠢᠶᠠᠨ ᠵᠠᠭᠣᠵᠣ ᠂ ᠶᠠᠮᠠᠷ ᠨᠢᠬᠡᠨ ᠶᠠᠭᠣᠮ᠎ᠠ ᠶᠢ ᠭᠣᠨᠢᠭᠳᠠᠢ ᠪᠠᠷ ᠠᠨᠢᠷᠯᠠᠨ ᠰᠣᠨᠤᠰᠴᠣ ᠪᠠᠢᠪᠠ ᠃ ᠦᠰᠲ᠋ᠢᠨᠢᠶᠠ ᠶᠢᠨ ᠦᠳᠬᠡᠨ ᠲᠠᠭᠣ ᠵᠠᠷᠢᠮ ᠳᠠᠭᠠᠨ ᠡᠯᠡᠭᠯᠡᠭᠰᠡᠨ ᠪᠦᠬᠡᠳ ᠠᠭᠣᠷ ᠲᠠᠶ ᠵᠠᠷᠢᠮ ᠳᠠᠭᠠᠨ ᠵᠦᠬᠡᠯᠡᠨ ᠪᠦᠬᠡᠳ ᠭᠣᠨᠢᠭ ᠲᠠᠶ ᠲᠣᠤᠭᠠᠷᠣᠨ᠎ᠠ ᠃ ︱ ᠨᠣᠳᠣᠭ ᠢᠶᠠᠨ ᠰᠠᠨᠠᠵᠣ ᠵᠣᠪᠠᠭᠰᠠᠭᠠᠷ ᠴᠢᠬᠢ ᠲᠦᠯᠡᠢᠷᠡᠨ ᠨᠢᠳᠦ ᠰᠣᠬᠣᠷᠣᠮᠠᠷ ᠪᠣᠯᠳᠠᠭ ᠶᠤᠮ ᠃ ᠣᠳᠣ ᠴᠣ ᠲᠡᠨᠳᠡ ᠮᠢᠨᠤ ᠬᠡᠭᠦ ᠶᠠᠭᠣᠮ᠎ᠠ ᠪᠠᠢᠬᠤ ᠦᠬᠡᠢ ᠂ ᠡᠴᠢᠭᠡ ᠰᠣᠭᠳᠣᠭᠤ ᠪᠠᠢᠵᠤ ᠪᠠᠢᠭᠠᠳ ᠲᠣᠢᠮᠡᠷ ᠲᠦ ᠰᠢᠳᠠᠵᠣ ᠦᠬᠦᠭᠰᠡᠨ ᠂ ᠠᠪᠠᠭ᠎ᠠ ᠠᠬ᠎ᠠ ᠪᠣᠯᠴᠢᠩ ᠵᠠᠳᠠᠷᠠᠬᠣ ᠲᠠᠬᠣᠯ ᠢᠶᠠᠷ ᠨᠠᠰᠣ ᠪᠠᠷᠠᠪᠠ ᠃ ᠠᠬ᠎ᠠ ᠲᠡᠬᠦᠦ ᠪᠠᠢᠭᠰᠠᠨ ᠴᠣ ᠨᠢᠬᠡ ᠨᠢ ᠴᠡᠷᠢᠭ ᠲᠦ ᠦᠯᠡᠳᠡᠭᠰᠡᠨ ᠂ ᠲᠠᠷᠣᠭ᠎ᠠ ᠪᠤᠯᠭᠠᠭᠰᠠᠨ ᠶᠤᠮ ᠬᠡᠨ᠎ᠡ ᠪᠢᠯᠡ ᠃ ᠨᠦᠬᠦᠬᠡᠳᠡᠬᠢ ᠨᠢ ᠪᠠᠷᠢᠯᠭᠠᠴᠢᠨ ᠪᠣᠯᠵᠣ ᠪᠣᠢᠭᠣᠷᠣᠳ᠋ ᠲᠤ ᠰᠠᠭᠣᠳᠠᠭ ᠃ ᠪᠦᠬᠦᠳᠡᠬᠡᠷ ᠢ ᠮᠠᠨᠢ ᠦᠶᠡᠷ ᠦᠨ ᠣᠰᠤ ᠭᠠᠵᠠᠷ ᠠᠴᠠ ᠠᠷᠴᠢᠨ ᠠᠷᠢᠯᠭᠠᠭᠰᠠᠨ ᠮᠡᠳᠣ ᠪᠣᠯᠭᠠᠪᠠ ᠁ ᠣᠯᠠᠪᠳᠣᠷ ᠨᠠᠷᠠᠨ ᠪᠦᠳᠡᠬᠢ ᠲᠡᠭᠷᠢ ᠶᠢᠨ ᠬᠦᠨ ᠳᠦ ᠪᠠᠷᠠᠭᠣᠨ᠎ᠠ ᠲᠣᠩᠭᠣᠢᠵᠤ ᠂ ᠠᠯᠳᠠᠨ ᠲᠣᠶᠠᠭᠠᠨ ᠳᠠᠭᠠᠨ ᠲᠡᠬᠦᠵᠢᠯᠡᠭᠳᠡᠭᠰᠡᠨ ᠮᠡᠳᠣ ᠦᠵᠡᠭᠳᠡᠵᠣ ᠪᠠᠢᠯ᠎ᠠ ᠃ ᠡᠮᠡᠭᠳᠡᠢᠴᠣᠳ ᠤᠨ ᠨᠠᠮ ᠲᠠᠭᠣ ᠂ ᠬᠣᠩᠬ᠎ᠠ ᠶᠢᠨ ᠵᠡᠰ ᠲᠠᠭᠣ ᠂ ᠮᠡᠯᠡᠬᠡᠢ ᠶᠢᠨ ᠰᠢᠯ ᠲᠠᠭᠣ ︱ ᠪᠦᠬᠦᠳᠡ ︱ᠲᠠᠭᠣ ᠨᠤᠭᠤᠳ ᠂ ᠡᠨᠡ ᠮᠢᠨᠦ᠋ᠲ᠋‍ ᠲᠦ ᠬᠣᠳᠠ ᠮᠠᠨᠢ ᠠᠮᠢᠳᠣ ᠪᠠᠢᠭ᠎ᠠ ᠶᠤᠮ ᠪᠠᠢᠨ᠎ᠠ ᠬᠡᠵᠤ ᠰᠠᠨᠠᠭᠳᠠᠭᠣᠯᠣᠨ᠎ᠠ ᠃ ᠡᠳᠡᠬᠡᠷ ᠲᠠᠭᠣ ᠨᠤᠭᠤᠳ ᠪᠣᠷᠣᠭᠠᠨ ᠤ ᠡᠮᠦᠨᠡᠬᠢ ᠠᠯᠳᠠᠨ ᠬᠠᠷᠢᠶᠠᠴᠠᠢ ᠲᠠᠶ ᠠᠳᠠᠯᠢ ᠭᠠᠵᠠᠷ ᠤᠨ ᠲᠡᠬᠡᠬᠦᠷ ᠨᠠᠮᠬᠠᠨ ᠬᠦᠪᠴᠦ ᠪᠠᠢᠪᠠ ᠃ ᠡᠮᠡᠭᠳᠡᠢᠴᠣᠳ ᠤᠨ ᠲᠡᠬᠡᠷ᠎ᠡ ᠨᠢ ᠂ ᠡᠷᠬᠢᠨ ᠲᠣᠭᠤᠷᠢᠨ ᠳᠦᠨᠢ ᠪᠦᠬᠦᠳᠡ ᠶᠢ ᠦᠬᠦᠯ ᠮᠡᠳᠣ ᠵᠠᠯᠬᠢᠭᠴᠢ ᠴᠢᠪ ᠴᠢᠮᠡᠬᠡ ᠦᠬᠡᠢ ᠪᠠᠢᠪᠠ ᠃ ᠬᠤᠳᠠ ᠂ ᠪᠦᠳᠦᠬᠦᠨ ᠢᠶᠡᠷ ᠵᠣᠢᠷᠯᠡᠨ ᠬᠡᠯᠡᠭᠦ ᠳᠦ ᠬᠦᠨᠳᠡᠯᠡᠨ ᠬᠠᠷᠠᠭᠣᠯᠤᠨ ᠬᠡᠪᠳᠡᠬᠦᠯᠦᠭᠰᠡᠨ ᠲᠣᠮᠣ ᠯᠣᠩᠬᠣᠨ ᠲᠣᠳᠣᠷ᠎ᠠ ᠣᠷᠤᠭᠠᠳ ᠯᠣᠩᠬᠣᠨ ᠤ ᠠᠮᠠ ᠶᠢ ᠭᠠᠯᠳᠣ ᠪᠦᠭᠯᠡᠬᠡ ᠪᠡᠷ ᠪᠦᠭᠯᠡᠵᠦ ᠂ ᠶᠠᠮᠠᠷ ᠨᠢᠬᠡᠨ ᠬᠦᠮᠦᠨ ᠭᠠᠳᠠᠨ᠎ᠠ ᠠᠴᠠ ᠨᠢ ᠬᠠᠯᠠᠭᠰᠠᠨ ᠰᠢᠯ ᠢ ᠨᠢ ᠵᠠᠯᠬᠠᠭᠣ ᠲᠠᠶ ᠪᠦᠬᠡᠳ ᠠᠶᠠᠷᠬᠠᠨ ᠢᠶᠠᠷ ᠴᠣᠬᠢᠵᠣ ᠪᠠᠢᠬᠣ ᠮᠡᠳᠣ ᠪᠠᠢᠪᠠ ᠃ ᠬᠡᠨᠡᠳᠳᠠ ᠦᠰᠲ᠋ᠢᠨᠢᠶᠠ ᠠᠯᠢᠶ᠎ᠠ ᠪᠣᠯᠪᠠᠴᠣ ᠰᠢᠢᠳᠮᠡᠭ ᠬᠡᠯᠡᠭᠰᠡᠨ ᠨᠢ ᠄ ︱ ᠵᠠ ᠮᠠᠱᠦ᠋ᠲ᠋ᠺᠡ ᠮᠢᠨᠢ ᠨᠠᠳᠠ ᠬᠡᠯᠡᠬᠡᠳ ᠪᠠᠢᠭᠠᠷᠠᠢ ᠁ ︱ ᠶᠠᠭᠣ ᠶᠢ ᠲᠡᠷᠡ ᠪᠣᠢ ︖ ︱ ᠲᠠᠭᠣᠤ ᠵᠣᠬᠢᠶᠠᠵᠠᠭᠠᠶ᠎ᠠ ᠁ ᠬᠡᠪᠡ ᠃ ᠲᠡᠬᠡᠬᠡᠳ ᠦᠰᠲ᠋ᠢᠨᠢᠶᠠ ᠬᠦᠨ ᠰᠠᠨᠠᠭ᠎ᠠ ᠠᠯᠳᠠᠵᠣ ᠲᠦᠷᠬᠡᠨ ᠢᠶᠡᠷ ᠲᠠᠭᠣᠯᠠᠭᠰᠠᠨ ᠨᠢ ᠄ ︽ ᠠᠢ ᠬᠡᠬᠡᠨ ᠴᠠᠭᠠᠨ ᠡᠳᠦᠷ ᠬᠡᠷᠡᠯᠳᠦ ᠰᠢᠷ᠎ᠠ ᠨᠠᠷᠠᠨ ᠳᠤ ᠲᠣᠩᠭᠠᠯᠠᠭ ᠰᠦᠨᠢ ᠂ ᠲᠣᠶᠠᠭᠠᠳᠣ ᠰᠠᠷᠠᠨ ᠳᠤ ᠁ ︾ ᠰᠢᠪᠡᠭᠴᠢᠨ ᠬᠡᠦᠬᠡᠨ ᠠᠶ᠎ᠠ ᠶᠢ ᠲᠣᠷ᠎ᠠ ᠲᠠᠶ ᠲᠣᠷ᠎ᠠ ᠦᠬᠡᠢ ᠲᠡᠮᠳᠡᠷᠢᠨ ᠤᠯᠵᠣ ᠁ ᠵᠢᠷᠦᠬᠡ ᠮᠠᠭᠣᠳᠠᠢ ᠠᠶᠠᠷᠬᠠᠨ ᠲᠠᠭᠣᠯᠠᠭᠰᠠᠨ ᠨᠢ ︽ ᠵᠠᠯᠠᠭᠣ ᠬᠡᠦᠬᠡᠨ ᠨᠠᠳᠠ ᠳᠤ ᠲᠠᠩᠴᠦ ᠬᠦᠨᠳᠦ ᠪᠠᠢᠨ᠎ᠠ ᠁ ︾ ᠦᠰᠲ᠋ᠢᠨᠢᠶᠠ ᠡᠷᠡᠰᠢᠬᠦᠳ ᠦᠨᠡᠬᠡᠷ ᠵᠢᠷᠦᠬᠡ ᠭᠦᠳᠡᠯᠦᠮᠡᠷ ᠄ ︽ ᠵᠢᠷᠦᠬᠡ ᠮᠢᠨᠢ ᠵᠣᠢᠷᠯᠡᠰᠢ ᠦᠬᠡᠢ ᠵᠣᠪᠠᠨ ᠰᠢᠨᠠᠯᠵᠤ ᠪᠠᠢᠨ᠎ᠠ ᠁ ︾ ᠬᠡᠵᠤ ᠣᠤᠯ ᠲᠠᠭᠣᠤ ᠶᠢ ᠲᠡᠬᠦᠰᠳᠡᠯ᠎ᠡ ᠲᠠᠭᠣᠯᠠᠪᠠ ᠃ ᠲᠠᠭᠣᠯᠠᠵᠤ ᠲᠠᠭᠣᠰᠣᠭᠠᠳ ᠂ ᠲᠡᠷᠡ ᠲᠣᠤᠷ᠎ᠠ ᠪᠠᠨ ᠬᠦᠭᠵᠢᠯ ᠲᠡᠶ ᠪᠦᠬᠡᠳ ᠪᠠᠬᠠᠨ ᠪᠡᠶ᠎ᠡ ᠪᠡᠨ ᠮᠠᠭᠳᠠᠨ ᠶᠠᠷᠢᠭᠰᠠᠨ ᠨᠢ ᠄ ︱ ᠵᠠ ᠲᠠᠭᠣᠤ ᠶᠢ ᠢᠩᠬᠢᠵᠦ ᠡᠬᠢᠯᠡᠳᠡᠭ ᠶᠤᠮ ᠰᠢᠣ ᠳ᠋ᠠ ᠬᠣᠩᠭᠣᠷ ᠮᠢᠨᠢ ᠂ ᠪᠢ ᠴᠢᠮ᠎ᠠ ᠳᠤ ᠲᠠᠭᠣᠤ ᠶᠠᠭᠠᠬᠢᠵᠣ ᠵᠤᠬᠢᠶᠠᠳᠠᠭ ᠂ ᠣᠳᠠᠰᠣ ᠶᠠᠭᠠᠬᠢᠵᠣ ᠡᠬᠡᠷᠡᠳᠡᠭ ᠢ ᠵᠢᠭᠠᠵᠣ ᠦᠭᠬᠦᠶ᠎ᠡ ᠃ ᠵᠠ ᠲᠡᠬᠡᠬᠦ ᠦᠦ ︖ ᠁ ᠲᠡᠬᠡᠬᠡᠳ ᠁ ᠮᠡᠯᠡᠬᠡᠢ ᠶᠢᠨ ᠣᠢᠳᠬᠠᠷ ᠲᠠᠶ ᠲᠠᠭᠣ ᠂ ᠬᠤᠩᠬ᠎ᠠ ᠶᠢᠨ ᠵᠠᠯᠬᠠᠭᠣ ᠲᠠᠶ ᠵᠢᠩᠬᠢᠨᠡᠬᠦ ᠶᠢ ᠰᠣᠨᠣᠰᠴᠤ ᠪᠠᠢᠭ᠎ᠠ ᠮᠡᠳᠣ ᠨᠢᠬᠡ ᠬᠡᠰᠡᠭ ᠲᠠᠭᠣ ᠦᠬᠡᠢ ᠪᠤᠯᠤᠭᠰᠠᠨ ᠢᠶᠠᠨ ᠲᠠᠬᠢᠨ ᠴᠣᠪᠣᠭᠣ ᠪᠠᠷ ᠠᠶᠠᠯᠣᠨ ᠲᠠᠭᠣᠯᠠᠭᠰᠠᠨ ᠨᠢ ᠄ ︽ ᠡᠪᠦᠯ ᠦᠨ ᠲᠣᠭᠰᠢᠨ ᠰᠢᠭᠣᠷᠭ᠎ᠠ ᠴᠣ ᠬᠡᠰᠡᠨ ᠬᠠᠪᠣᠷ ᠤᠨ ᠬᠦᠭᠵᠢᠬᠦᠨ ᠭᠣᠷᠣᠬ᠎ᠠ ᠴᠣ ᠬᠡᠰᠡᠨ ᠁ ︾ ᠰᠢᠪᠡᠭᠴᠢᠨ ᠬᠡᠦᠬᠡᠨ ︕ ᠲᠡᠭᠦᠨ ᠳᠦ ᠣᠢᠷ᠎ᠠ ᠰᠢᠬᠠᠨ ᠰᠠᠭᠣᠵᠤ ᠂ ᠴᠠᠭᠠᠨ ᠲᠣᠯᠣᠭᠠᠢ ᠪᠠᠨ ᠪᠣᠯᠳᠠᠭᠠᠷ ᠮᠦᠷᠦᠨ ᠳ᠋ᠣᠨᠢ ᠲᠠᠯᠪᠢᠭᠠᠳ᠂ ᠨᠢᠳᠦ ᠪᠡᠨ ᠠᠨᠢᠨ ᠣᠷᠳᠣ ᠠᠴᠠ ᠵᠣᠷᠢᠭᠳᠠᠢ ᠨᠠᠷᠢᠨ ᠴᠡᠴᠡᠷᠬᠢᠯᠡᠭᠰᠡᠨ ᠬᠣᠭᠣᠯᠠᠢ ᠪᠠᠷ ᠵᠠᠯᠭᠠᠨ ᠲᠠᠭᠣᠯᠠᠭᠰᠠᠨ ᠨᠢ ᠄ ︽ ᠬᠣᠯᠠ ᠶᠢᠨ ᠨᠣᠳᠣᠭ ᠠᠴᠠ ᠬᠤᠩᠭᠣᠷ ᠵᠢᠷᠦᠬᠡ ᠶᠢ ᠮᠢᠨᠢ ᠲᠠᠢᠳᠬᠠᠷᠠᠭᠣᠯᠬᠣ ᠮᠡᠳᠡᠬᠡ ᠠᠪᠴᠢᠷᠠᠳᠠᠭ ᠦᠬᠡᠢ ᠁ ︾ ︱ ᠵᠠ ᠂ ᠵᠠ ᠪᠣᠯᠵᠣ ᠪᠠᠢᠨ᠎ᠠ ᠬᠡᠵᠤ ᠦᠰᠲ᠋ᠢᠨᠢᠶᠠ ᠭᠣᠶ᠎ᠠ ᠪᠠᠨ ᠠᠯᠠᠭᠠᠳᠠᠨ ᠄ ᠪᠢ ᠵᠠᠯᠠᠭᠣ ᠪᠠᠢᠬᠣ ᠳᠠᠭᠠᠨ ᠂ ᠰᠠᠢᠬᠠᠨ ᠲᠠᠭᠣᠤ ᠵᠣᠬᠢᠶᠠᠳᠠᠭ ᠰᠠᠨ ᠂ ᠨᠠᠢᠵᠢ ᠨᠠᠷ ᠮᠢᠨᠢ ︽ ᠦᠰᠲ᠋ᠦ᠋ᠱᠡ ᠲᠠᠭᠣᠤ ᠵᠢᠭᠠᠵᠣ ᠦᠭᠬᠦᠬᠡᠴᠢ ︕ ︾ ᠬᠡᠵᠤ ᠠᠮᠠᠷᠠᠭᠠᠳᠠᠭ ᠦᠬᠡᠢ ᠪᠠᠢᠯ᠎ᠠ ᠃ ᠬᠦᠬᠡᠷᠦᠬᠦᠢ ᠴᠢᠨᠢ ᠲᠠᠭᠣᠯᠠᠵᠤ ᠠᠯᠳᠠᠨ᠎ᠠ ᠰᠢᠣ ᠳ᠋ᠠ ᠃ ᠵᠠ ᠲᠠᠷᠠᠭ᠎ᠠ ᠪᠠᠷ ᠨᠢ ᠶᠠᠭᠣ ᠬᠡᠯᠡᠭᠦ ᠪᠣᠢ ︖ ︱ ᠬᠠᠷᠢᠨ ᠬᠡᠵᠤ ᠵᠠᠷᠣᠴᠠ ᠬᠡᠦᠬᠡᠨ ᠨᠢᠳᠦ ᠪᠡᠨ ᠨᠡᠬᠡᠬᠡᠨ ᠢᠨᠢᠶᠡᠮᠰᠦᠭᠯᠡᠪᠡ ᠃ ᠪᠢ᠂ ᠲᠡᠷᠡ ᠬᠣᠶᠠᠷ ᠢ ᠴᠣᠩᠬᠣᠨ ᠳᠣᠣᠷ᠎ᠠ ᠡᠴᠡ ᠴᠡᠴᠡᠭ ᠤᠨ ᠳᠤᠮᠳᠠᠭᠤᠷ ᠬᠠᠷᠠᠵᠤ ᠪᠠᠢᠯ᠎ᠠ᠃ ᠲᠠᠭᠣᠴᠢᠳ ᠨᠠᠮᠠᠶᠢ ᠠᠩᠵᠠᠭᠠᠷᠠᠭᠰᠠᠨ ᠦᠭᠡᠢ᠃ᠦᠰᠲ᠋ᠢᠨᠢᠶᠠ ᠶᠢᠨ ᠴᠠᠭᠠᠨ ᠪᠤᠷᠬᠠᠨ  ᠳ᠋ᠦ ᠭᠦᠨ ᠢᠳᠡᠭᠳᠡᠨ ᠬᠣᠩᠬᠣᠢᠭᠰᠠᠨ᠂ ᠰᠢᠷᠦᠬᠦᠨ ᠬᠠᠴᠠᠷ ᠨᠢ᠂ ᠰᠢᠷ᠎ᠠ ᠠᠯᠴᠢᠭᠣᠷ ᠲᠦ ᠪᠣᠭᠣᠭᠳᠠᠭ᠎ᠠ ᠦᠭᠡᠢ ᠪᠢᠴᠢᠬᠠᠨ ᠴᠢᠬᠢ ᠨᠢ᠂ ᠴᠣᠪᠣᠭᠣ ᠪᠣᠷᠣ ᠨᠢᠳᠦ ᠨᠢ᠂ ᠱᠠᠭᠠᠵᠠᠭᠠᠢ ᠶᠢᠨ ᠬᠢ ᠰᠢᠭ᠋ ᠰᠢᠯᠣᠭᠤᠨ ᠬᠠᠮᠠᠷ ᠨᠢ᠂ ᠡᠷ᠎ᠡ ᠬᠥᠮᠥᠨ ᠤ ᠭᠢ ᠮᠤᠬᠤᠷ ᠡᠷᠡᠦ ᠨᠢ᠂ ᠨᠠᠳᠠ ᠰᠡᠠᠢᠨ ᠭᠡᠭᠴᠢ ᠬᠠᠷᠠᠭᠳᠠᠵᠤ ᠪᠠᠢᠯ᠎ᠠ᠃ ᠡᠨᠡ ᠡᠬᠡᠨᠡᠷ ᠶᠡᠬᠡ ᠵᠠᠯᠢ ᠲᠠᠢ᠂ ᠤᠯᠠᠨ ᠶᠠᠷᠢᠶ᠎ᠠ ᠲᠠᠢ ᠬᠥᠮᠥᠨ ᠶᠤᠮ᠃ ᠠᠷᠢᠬᠢ ᠤᠤᠭᠤᠬᠤ ᠳ᠋ᠦ ᠲᠤᠩ ᠳᠤᠷ᠎ᠠ ᠲᠠᠢ᠂ ᠪᠤᠷᠬᠠᠨ ᠤ ᠨᠣᠮ ᠤᠩᠰᠢᠬᠤ ᠳᠤᠷ᠎ᠠ ᠲᠠᠢ᠃ ᠬᠣᠪ ᠵᠢᠪ ᠬᠥᠭᠡᠭᠡᠴᠡᠯᠳᠦᠬᠦ ᠲᠠᠯ᠎ᠠ ᠪᠡᠷ ᠢᠶᠡᠨ᠂ ᠲᠡᠷᠡ ᠭᠤᠳᠤᠮᠵᠢᠨ ᠳᠠᠭᠠᠨ ᠪᠥᠭᠡᠳ ᠲᠡᠷᠡ ᠴᠦ ᠪᠠᠢᠳᠣᠭᠠᠢ ᠬᠣᠨᠳᠠ ᠶᠢᠨ ᠬᠠᠮᠤᠭ ᠨᠢᠭᠤᠴᠠ ᠲᠡᠭᠦᠨ ᠤ ᠡᠪᠦᠷ ᠲᠤᠨᠢ ᠪᠠᠢᠳᠠᠭ ᠶᠠᠭᠤᠮ᠎ᠠ ᠰᠢᠭ᠋ ᠰᠠᠨᠠᠭᠳᠠᠨ᠎ᠠ᠃ ᠴᠢᠭᠢᠷᠠᠭ ᠪᠥᠭᠡᠳ ᠲᠠᠷᠭᠤᠨ ᠲᠡᠭᠦᠨ ᠤ ᠳᠡᠷᠭᠡᠳᠡ ᠶᠠᠰᠣᠷᠬᠠᠭ ᠡᠪ ᠬᠠᠪᠤ ᠦᠭᠡᠢ ᠪᠡᠶ᠎ᠡ ᠲᠠᠢ ᠵᠠᠷᠤᠴᠠ ᠵᠠᠯᠠᠭᠤ ᠬᠡᠦᠬᠡᠨ ᠵᠠᠷᠬᠡᠴᠡᠨ ᠰᠠᠭᠤᠵᠤ ᠪᠠᠢᠪᠠ᠃ ᠵᠠᠷᠤᠴᠠ ᠬᠡᠦᠬᠡᠨ ᠤ ᠠᠮᠠ ᠨᠢ ᠨᠡᠬᠡᠷᠡᠨ ᠬᠡᠦᠬᠡᠳ ᠤᠨ ᠠᠳᠠᠯᠢ ᠶᠤᠮ᠃ ᠪᠢᠴᠢᠬᠠᠨ ᠮᠢᠬᠠᠯᠢᠭ ᠣᠷᠣᠭᠤᠯ ᠨᠢ ᠱᠣᠤᠯᠠᠭᠣᠯᠣᠭᠠᠳ ᠲᠠᠬᠢᠨ ᠤᠯᠠᠮ ᠬᠠᠲᠠᠭᠤ ᠱᠣᠣᠯᠠᠭᠤᠯᠬᠤ ᠡᠴᠡ ᠠᠶᠤᠵᠤ᠂ ᠬᠠᠷᠢᠭᠤ ᠦᠭᠡᠢ ᠣᠬᠢᠯᠠᠵᠤ ᠪᠠᠢᠭ᠎ᠠ ᠬᠡᠦᠬᠡᠳ ᠤᠨ ᠠᠮᠠ ᠰᠢᠭ᠋ ᠪᠣᠮᠪᠠᠢᠵᠠᠢ᠃ ᠴᠢᠯᠠᠭᠤ ᠲᠡᠪᠢᠰᠦᠮᠡᠯ ᠵᠠᠮ ᠳᠡᠭᠡᠭᠦᠷ ᠠᠯᠳᠠᠨ ᠬᠠᠷᠢᠶᠠᠴᠠᠢ ᠮᠠᠬᠢᠷ ᠵᠢᠭᠦᠷ ᠢᠶᠡᠷ ᠢᠶᠡᠨ ᠬᠥᠰᠡᠷ ᠬᠦᠷᠦᠨ ᠬᠦᠷᠦᠨ ᠠᠯᠳᠠᠵᠤ ᠰᠦᠯᠵᠢᠨ ᠨᠢᠰᠴᠦ ᠪᠠᠢᠪᠠ᠃ ᠢᠯᠠᠭ᠎ᠠ ᠰᠢᠮᠠᠭᠣᠯ ᠲᠣᠭᠣᠭᠰᠢᠯᠠᠭᠰᠠ ᠪᠠᠢᠬᠤ ᠨᠢ ᠰᠥᠨᠢ ᠳᠡᠭᠡᠨ ᠪᠣᠷᠣᠭᠠᠨ ᠣᠷᠣᠬᠤ ᠶᠢᠨ ᠲᠡᠮᠳᠡᠭ ᠪᠠᠢᠯ᠎ᠠ᠃ ᠮᠢᠨᠤ ᠴᠣᠩᠬᠤᠨ ᠤ ᠡᠰᠡᠷᠭᠦ ᠪᠠᠢᠭ᠎ᠠ ᠬᠠᠰᠢᠶᠠᠨ ᠳᠡᠭᠡᠷ᠎ᠡ ᠬᠡᠷᠢᠶ᠎ᠡ ᠶᠢ ᠮᠣᠳᠣ ᠪᠡᠷ ᠰᠡᠢᠯᠦᠭᠰᠡᠨ ᠶᠤᠮ ᠭᠡᠮᠡᠷ ᠬᠥᠳᠡᠯᠬᠦ ᠦᠭᠡᠢ ᠰᠠᠭᠤᠵᠤ᠂ ᠬᠠᠷ᠎ᠠ ᠨᠢᠳᠦ ᠪᠡᠷ ᠢᠶᠡᠨ ᠠᠯᠳᠠᠨ ᠬᠠᠷᠢᠶᠠᠴᠠᠢ ᠶᠢᠨ ᠵᠢᠷᠢᠯᠵᠡᠬᠦ ᠶᠢ ᠬᠠᠷᠠᠵᠤ ᠪᠠᠢᠯ᠎ᠠ᠃ ᠬᠤᠩᠬ᠎ᠠ ᠳᠤᠤᠭᠠᠷᠬᠤ ᠨᠢ ᠵᠣᠭᠰᠤᠵᠣ ᠮᠡᠯᠡᠬᠡᠢ ᠶᠣᠣᠯᠠᠬᠤ ᠮᠡᠲᠦ ᠳᠤᠤᠭᠠᠷᠬᠤ ᠨᠢ ᠤᠯᠠᠮ ᠶᠡᠬᠡ ᠪᠣᠯᠵᠤ ᠴᠢᠮᠡᠭᠡ ᠦᠭᠡᠢ ᠨᠠᠮ ᠬᠥᠮ ᠤᠯᠠᠮ ᠥᠳᠬᠡᠨ ᠬᠠᠯᠠᠭᠤᠨ ᠪᠣᠯᠵᠠᠢ᠃ ︽ ᠪᠤᠯᠵᠣᠮᠣᠷ ᠲᠠᠯ᠎ᠠ ᠳᠡᠭᠡᠭᠦᠷ ᠳᠠᠭᠤᠯᠠᠨ᠎ᠠ᠃ ᠬᠥᠬᠡ ᠴᠡᠴᠡᠭ ᠲᠡᠯᠪᠡᠷᠡᠨ ᠴᠡᠴᠡᠭᠯᠡᠨ᠎ᠡ︾ ᠭᠡᠵᠦ ᠦᠰᠲ᠋ᠢᠨᠢᠶᠠ  ᠭᠠᠷ ᠢᠶᠡᠨ ᠴᠡᠭᠡᠵᠢᠨ ᠳᠡᠭᠡᠨ ᠰᠠᠯᠠᠭᠠᠪᠴᠢᠯᠠᠨ᠂ ᠲᠡᠭᠷᠢ ᠶᠢ ᠰᠢᠷᠲᠡᠵᠦ ᠭᠶᠦᠷᠡᠨ ᠳᠠᠭᠤᠯᠠᠬᠤ  ᠳ᠋ᠦ᠂ ᠵᠠᠷᠤᠴᠠ ᠬᠡᠦᠬᠡᠨ ᠡᠪᠲᠡᠢ ᠪᠥᠭᠡᠳ ᠵᠣᠷᠢᠭ ᠲᠠᠢ ᠪᠡᠷ ︽ ᠲᠥᠷᠥᠭᠰᠡᠨ ᠨᠤᠲᠤᠭ ᠤᠰᠤ ᠪᠡᠨ ᠦᠵᠡᠬᠦ ᠰᠠᠨ︾ ᠭᠡᠵᠦ ᠲᠥᠷᠥᠵᠦ ᠳᠠᠭᠤᠯᠠᠪᠠ᠃ ᠲᠡᠭᠡᠬᠦ  ᠳ᠋ᠦ᠋ᠨᠢ ᠦᠰᠲ᠋ᠢᠨᠢᠶᠠ ᠂ ᠣᠷᠳᠣ ᠴᠡᠴᠡᠷᠬᠢᠯᠡᠭᠰᠡᠨ ᠲᠠᠭᠤ ᠶᠢ ᠨᠢ ︽ ᠦᠨᠡᠨᠴᠢ ᠠᠮᠠᠷᠠᠭ ᠲᠡᠭᠦᠨ ᠲᠠᠢ ᠪᠡᠨ᠂ ᠤᠢ ᠮᠣᠳᠣ ᠪᠡᠷ ᠵᠤᠭᠠᠴᠠᠬᠤ ᠰᠠᠨ︾ ᠬᠡᠵᠦ ᠰᠡᠳᠬᠢᠯ ᠵᠢᠷᠦᠬᠡᠨ ᠤ ᠬᠢᠨᠢ ᠦᠭᠡᠨ ᠳ᠋ᠦ᠋ᠨᠢ ᠬᠠᠩᠪᠤᠬᠢᠯᠢᠩ ᠲᠡᠪᠢᠰᠴᠦ ᠥᠭᠬᠦ ᠮᠡᠲᠦ ᠴᠢᠳᠠᠪᠤᠷᠢ ᠲᠠᠢ ᠪᠡᠷ ᠳᠠᠮᠵᠢᠨ ᠳᠠᠭᠤᠯᠠᠪᠠ᠃ ᠳᠠᠭᠤᠯᠠᠵᠤ ᠭᠦᠢᠴᠡᠭᠡᠳ᠂ ᠲᠡᠷᠡ ᠬᠣᠶᠠᠷ᠂ ᠪᠡᠶ᠎ᠡ ᠪᠡᠶ᠎ᠡ ᠳᠡᠭᠡᠨ ᠶᠠᠭ ᠨᠠᠭᠠᠯᠳᠣᠣ ᠤᠳᠠᠲᠠᠯ᠎ᠠ ᠲᠠᠭᠤ ᠦᠭᠡᠢ ᠪᠠᠢᠭᠠᠳ᠂ ᠦᠰᠲ᠋ᠢᠨᠢᠶᠠ ᠪᠣᠳᠣᠯ ᠪᠣᠳᠣᠭᠰᠠᠨ ᠪᠠᠢᠳᠠᠯ ᠲᠠᠢ ᠠᠶᠠᠷᠬᠠᠨ ᠢᠶᠡᠷ ︱ ᠮᠠᠭᠤ ᠳᠠᠭᠤᠤ ᠵᠣᠬᠢᠶᠠᠪᠠ ᠬᠡᠵᠦ ︖ ᠰᠠᠢᠨ ᠪᠣᠯᠣᠭᠰᠠᠨ ᠪᠠᠢᠬᠤ ᠡ︕᠁ ᠭᠡᠲᠡᠯ᠎ᠡ ︱ ᠴᠠᠭᠠᠳᠣᠬᠢ ᠪᠡᠨ ᠬᠠᠷᠠ ᠬᠡᠵᠦ ᠵᠠᠷᠤᠴᠠ ᠬᠡᠦᠬᠡᠨ ᠲᠡᠭᠦᠨ ᠤ ᠦᠭᠡ ᠶᠢ ᠠᠶᠠᠷᠬᠠᠨ ᠵᠣᠭᠰᠣᠭᠠᠪᠠ᠃ ᠬᠣᠶᠠᠭᠣᠯᠠ ᠪᠡᠨᠴᠢᠩᠬ᠎ᠠ ᠪᠠᠷᠠᠭᠤᠨ ᠲᠡᠰᠢ ᠬᠠᠷᠠᠬᠤ ᠳ᠋ᠤᠨᠢ ᠤᠯᠠᠭᠠᠨ ᠳᠡᠪᠡᠯ ᠲᠠᠢ᠂ ᠲᠣᠮᠣ ᠯᠠᠮᠠᠲᠠᠨ ᠨᠠᠷᠠᠨ ᠬᠡᠢᠬᠦᠯᠦᠭᠳᠡᠨ ᠣᠷᠳᠣ ᠲᠠᠶᠠᠭ ᠢᠶᠡᠨ ᠨᠢᠭᠡᠨ ᠬᠡᠮᠵᠢᠶ᠎ᠡ  ᠲᠠᠢ ᠪᠡᠷ ᠵᠦᠬᠡᠬᠡᠵᠦ ᠲᠠᠯᠪᠢᠨ ᠶᠡᠬᠡᠮᠰᠦᠭ ᠢᠶᠡᠷ ᠠᠯᠬᠤᠯᠠᠵᠤ ᠶᠠᠪᠣᠪᠠ᠃ ᠲᠠᠶᠠᠭ ᠤᠨ ᠮᠥᠩᠭᠥᠨ ᠪᠠᠷᠢᠭᠤᠯ ᠬᠢᠯᠳᠦᠬᠡᠨᠡᠨ ᠥᠷᠭᠡᠨ ᠴᠡᠭᠡᠵᠢᠨ ᠳᠡᠬᠢ ᠠᠯᠳᠠᠨ ᠵᠠᠭᠠᠯᠮᠠᠢ ᠨᠢ ᠬᠢᠯᠡᠯᠵᠦ ᠪᠠᠢᠪᠠ᠃ ᠬᠡᠷᠢᠶ᠎ᠡ ᠲᠡᠭᠦᠨ ᠢ ᠬᠠᠷᠠᠨ᠂ ᠬᠠᠷ᠎ᠠ ᠰᠤᠪᠤᠭᠰᠠᠨ ᠰᠢᠭ᠋ ᠨᠢᠳᠦ ᠪᠡᠷ ᠢᠶᠡᠨ ᠭᠢᠯᠦᠢᠨ ᠨᠦᠰᠡᠷ ᠲᠡᠯᠡᠪᠴᠢ ᠪᠡᠨ ᠵᠠᠯᠬᠠᠭᠤ ᠨᠢ ᠬᠦᠷᠦᠭᠰᠡᠨ ᠶᠤᠮ ᠳᠡᠪᠢᠵᠦ᠂ ᠲᠠᠰ ᠮᠣᠳᠣᠨ ᠤ ᠮᠥᠴᠢᠷ ᠳᠡᠭᠡᠷ᠎ᠡ ᠨᠢᠰᠴᠣ ᠰᠠᠭᠤᠭᠠᠳ᠂ ᠲᠡᠨᠳᠡ ᠡᠴᠡ ᠪᠡᠨ ᠴᠡᠴᠡᠷᠯᠢᠭ ᠤᠨ ᠳᠣᠲᠣᠷ᠎ᠠ ᠪᠠᠭᠤᠭᠰᠠᠨ ᠨᠢ ᠨᠢᠭᠡᠨ ᠪᠣᠷᠣ ᠶᠠᠭᠤᠮ᠎ᠠ ᠣᠢᠴᠢᠬᠤ ᠰᠢᠭ᠋ ᠠᠵᠢ᠃ ᠬᠣᠶᠠᠷ ᠡᠮᠡᠭᠲᠡᠢ ᠪᠣᠰᠴᠤ ᠯᠠᠮᠠ ᠳ᠋ᠦ ᠲᠠᠭᠤ ᠦᠭᠡᠢ ᠭᠦᠨ ᠮᠡᠭᠦᠢᠨ ᠶᠣᠰᠣᠯᠠᠪᠠ᠃ ᠴᠢᠨᠠᠳᠣᠬᠢ ᠨᠢ ᠲᠡᠷᠡ ᠬᠣᠶᠠᠷ ᠢ ᠠᠵᠢᠭᠰᠠᠨ ᠴᠤ ᠦᠭᠡᠢ᠂ ᠲᠡᠷᠡ ᠬᠣᠶᠠᠷ ᠨᠠᠷᠢᠨ ᠭᠤᠳᠤᠮᠵᠢ ᠶᠢ  ᠲᠣᠭᠣᠷᠢᠨ ᠠᠯᠠᠭ᠎ᠠ ᠪᠣᠯᠲᠠᠯ᠎ᠠ ᠨᠢ ᠰᠠᠭᠤᠯ ᠦᠭᠡᠢ ᠨᠢᠳᠦ ᠪᠡᠷ ᠢᠶᠡᠨ ᠦᠳᠡᠭᠰᠡᠭᠡᠷ ᠪᠠᠢᠪᠠ᠃ ︱ ᠶᠸ᠋ ᠥᠬᠢᠨ ᠮᠢᠨᠢ ᠬᠡᠵᠦ ᠦᠰᠲ᠋ᠢᠨᠢᠶᠠ ᠲᠣᠯᠣᠭᠠᠢ ᠳᠡᠬᠢ ᠠᠯᠴᠢᠭᠣᠷ ᠢᠶᠡᠨ ᠵᠠᠰᠠᠵᠣ ︽ ᠤᠲᠤ ᠡᠴᠡ ᠨᠠᠰᠤ ᠵᠠᠯᠠᠭᠤ᠂ ᠥᠭᠡᠷ᠎ᠡ ᠴᠢᠷᠠᠢ ᠵᠢᠰᠦ ᠲᠠᠢ ᠰᠠᠨ ᠪᠣᠯ ᠳ᠋ᠠ᠁ ᠭᠡᠲᠡᠯ᠎ᠡ ᠨᠢᠭᠡ ᠬᠥᠮᠥᠨ᠂ ᠨᠣᠢᠷᠮᠣᠭ ᠠᠭᠤᠷ ᠲᠠᠢ ᠲᠠᠭᠤ ᠪᠡᠷ︔ ︱ ᠮᠠᠷᠢᠶᠠ︕᠁ ᠮᠠᠱᠺ︕︖᠁ ᠭᠡᠵᠦ ᠬᠠᠰᠬᠢᠷᠪᠠ᠃ ︱ᠬᠦᠶ᠋ᠢ ᠳᠠᠭᠤᠳᠠᠵᠤ ᠪᠠᠢᠨ᠎ᠠ᠁ ᠭᠡᠵᠦ ᠵᠠᠷᠤᠴᠠ ᠬᠡᠦᠬᠡᠨ ᠰᠠᠩᠳᠠᠨ ᠮᠡᠩᠳᠡᠨ ᠭᠦᠶᠦᠪᠡ᠃ ᠸᠠᠳᠠᠩ ᠳᠡᠭᠡᠷ᠎ᠡ ᠲᠠᠬᠢᠠ ᠰᠠᠭᠤᠭᠠᠳ᠂ ᠡᠷᠢᠶᠡᠨ ᠲᠠᠪᠤᠣ ᠦᠰᠲ᠋ᠢᠨᠢᠶᠠ ᠠᠯᠴᠢᠭᠣᠷ ᠢᠶᠡᠨ ᠡᠪᠦᠳᠦᠭ ᠳᠡᠭᠡᠷ᠎ᠡ ᠪᠡᠨ ᠲᠠᠯᠪᠢᠵᠣ ᠢᠯᠪᠢᠨ᠂ ᠪᠣᠳᠣᠯᠭᠠᠰᠢᠷᠠᠨ ᠰᠠᠭᠤᠪᠠ᠃ ᠮᠡᠯᠡᠬᠡᠢ ᠶᠣᠢᠯᠠᠬᠣ ᠮᠡᠲᠦ ᠲᠣᠤᠭᠠᠶ᠋ᠴᠣ᠂ ᠪᠦᠭᠴᠢᠮ ᠠᠭᠠᠷ ᠤᠢ ᠲᠣᠳᠣᠷᠠᠬᠢ ᠨᠠᠭᠤᠷ ᠤᠨ ᠤᠰᠤ ᠰᠢᠭ᠋ ᠬᠥᠳᠡᠯᠬᠦ ᠦᠭᠡᠢ ᠪᠠᠢᠪᠠ᠃ ᠡᠳᠦᠷ ᠴᠦ ᠬᠠᠴᠢᠨ ᠭᠣᠶᠣ ᠲᠠᠭᠣᠰᠴᠣ ᠪᠠᠢᠪᠠ᠃ ᠲᠠᠯ᠎ᠠ ᠶᠢᠨ ᠳᠡᠭᠡᠭᠦᠷ᠂ ᠬᠣᠷᠣᠳᠠᠭᠰᠠᠨ ᠤᠰᠤᠲᠤ ᠲᠸ᠋ᠱᠸᠢ ᠭᠣᠣᠯ ᠤᠨ ᠴᠠᠭᠠᠨ᠎ᠠ ᠰᠦᠷ ᠲᠠᠢ ᠬᠦᠩᠭᠢᠨᠡᠨ ᠳᠤᠤᠭᠠᠷᠬᠤ ᠨᠢ ᠠᠯᠤᠰ ᠲᠦ ᠲᠡᠭᠷᠢ ᠶᠢᠨ ᠲᠠᠭᠤ ᠪᠠᠭᠠᠪᠠᠭᠠᠢ ᠮᠡᠲᠦ ᠬᠦᠷᠬᠢᠷᠡᠵᠦ ᠪᠠᠢᠭ᠎ᠠ ᠶᠢᠨ ᠴᠢᠮᠡᠭᠡ ᠠᠵᠢ᠃ ᠣᠷᠴᠢᠭᠣᠯᠣᠭᠰᠠᠨ᠄ ᠱ᠂ ᠨᠠᠴᠤᠭᠳᠣᠷᠵᠢ ᠪ᠂ ᠷᠢᠨᠴᠢᠨ ᠴᠠᠬᠢᠯᠭᠠᠨ ᠬᠡᠪ ᠲᠦ ᠪᠢᠴᠢᠭᠯᠡᠪᠡ᠃  ᠬᠥᠬᠡᠬᠣᠲᠠ 2020᠂12᠂12

37        0       

                             13847524386      211429899@qq.com      13847524386   QQ  211429899 蒙ICP备17002503号-1