  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787624
   1251

ᠨᠣᠬᠠᠢ ᠶᠢᠨ ᠨᠢᠯᠪᠤᠰᠤ

ᠬᠠᠶᠢᠷᠬᠠᠨ ᠠᠭᠤᠯᠠ ᠳᠤ ᠰᠠᠭᠤᠭᠰᠠᠨ ᠮᠠᠨᠠᠨ ᠬᠥᠭᠡᠷᠴᠦ᠂ ᠬᠠᠳᠠ ᠠᠰᠬ᠎ᠠ ᠲᠠᠢ ᠡᠩᠭᠡᠷ ᠢᠶᠡᠷ ᠵᠡᠭᠡᠭᠯᠡᠨ ᠤᠷᠭᠤᠭᠰᠠᠨ ᠨᠢᠯᠬ᠎ᠠ ᠬᠤᠰᠤ ᠮᠣᠳᠣᠳ ᠮᠥᠩᠭᠦᠷᠡᠨ᠎ᠡ᠃ ᠬᠤᠰᠤᠨ ᠤ ᠨᠠᠪᠴᠢᠰ ᠭᠠᠯ ᠤᠯᠠᠭᠠᠨ᠂ ᠭᠦᠨ ᠴᠡᠩᠬᠡᠷ᠂ ᠨᠣᠮᠢᠨ ᠨᠣᠭᠣᠭᠠᠨ ᠥᠩᠭᠡ ᠪᠡᠷ ᠠᠯᠠᠭᠯᠠᠨ ᠰᠣᠯᠣᠩᠭᠠᠨ ᠥᠩᠭᠡ ᠠᠶ᠎ᠠ ᠲᠠᠢ ᠭᠡᠷᠡᠯᠲᠦᠬᠦ ᠨᠢ ᠣᠩᠭᠣᠳ ᠲᠠᠢ ᠤᠷᠠᠨ ᠵᠢᠷᠤᠭᠠᠴᠢ ᠶᠢᠨ ᠬᠠᠯᠠᠮᠴᠠᠭᠤ ᠲᠠᠲᠠᠭᠰᠠᠨ ᠪᠢᠷ ᠦᠨ ᠲᠠᠲᠠᠯᠠᠪᠤᠷᠢ ᠠᠶᠠᠲᠠᠢ ᠠᠭᠤᠰᠤᠨ ᠠᠯᠳᠠᠷᠠᠨ᠎ᠠ᠃ ᠁
        1386     
2021-10-28 16:18    
发表于:内蒙古
ᠭ•ᠳᠠᠸᠠᠰᠦ᠋ᠷᠦᠩ ︵ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠱᠠᠩᠨᠠᠯᠲᠤ ︶ … ᠬᠠᠶᠢᠷᠬᠠᠨ ᠠᠭᠤᠯᠠ ᠳᠤ ᠰᠠᠭᠤᠭᠰᠠᠨ ᠮᠠᠨᠠᠨ ᠬᠥᠭᠡᠷᠴᠦ᠂ ᠬᠠᠳᠠ ᠠᠰᠬ᠎ᠠ ᠲᠠᠢ ᠡᠩᠭᠡᠷ ᠢᠶᠡᠷ ᠵᠡᠭᠡᠭᠯᠡᠨ ᠤᠷᠭᠤᠭᠰᠠᠨ ᠨᠢᠯᠬ᠎ᠠ ᠬᠤᠰᠤ ᠮᠣᠳᠣᠳ ᠮᠥᠩᠭᠦᠷᠡᠨ᠎ᠡ᠃ ᠬᠤᠰᠤᠨ ᠤ ᠨᠠᠪᠴᠢᠰ ᠭᠠᠯ ᠤᠯᠠᠭᠠᠨ᠂ ᠭᠦᠨ ᠴᠡᠩᠬᠡᠷ᠂ ᠨᠣᠮᠢᠨ ᠨᠣᠭᠣᠭᠠᠨ ᠥᠩᠭᠡ ᠪᠡᠷ ᠠᠯᠠᠭᠯᠠᠨ ᠰᠣᠯᠣᠩᠭᠠᠨ ᠥᠩᠭᠡ ᠠᠶ᠎ᠠ ᠲᠠᠢ ᠭᠡᠷᠡᠯᠲᠦᠬᠦ ᠨᠢ ᠣᠩᠭᠣᠳ ᠲᠠᠢ ᠤᠷᠠᠨ ᠵᠢᠷᠤᠭᠠᠴᠢ ᠶᠢᠨ ᠬᠠᠯᠠᠮᠴᠠᠭᠤ ᠲᠠᠲᠠᠭᠰᠠᠨ ᠪᠢᠷ ᠦᠨ ᠲᠠᠲᠠᠯᠠᠪᠤᠷᠢ ᠠᠶᠠᠲᠠᠢ ᠠᠭᠤᠰᠤᠨ ᠠᠯᠳᠠᠷᠠᠨ᠎ᠠ᠃ ᠲᠤᠩᠭᠠᠯᠠᠭᠰᠢᠨ ᠭᠡᠭᠡᠷᠡᠭᠡᠳ ᠣᠳᠬᠤ ᠠᠵᠡᠢ᠃ ᠬᠠᠶᠢᠷᠬᠠᠨ ᠤ ᠪᠡᠯ ᠳᠦ ᠴᠣᠬᠣᠷ ᠮᠣᠷᠢ ᠪᠠᠨ ᠲᠤᠱᠠᠴᠢᠬᠠᠭᠠᠳ ᠵᠢᠮ ᠢᠶᠡᠷ ᠥᠭᠰᠥᠵᠦ ᠶᠠᠪᠤᠭ᠎ᠠ ᠡᠪᠦᠭᠡᠨ ᠪᠣᠯ ᠪᠠᠶᠢᠭᠠᠯᠢ ᠬᠠᠮᠠᠭᠠᠯᠠᠭᠴᠢ ᠰᠦᠬᠡ ᠪᠢᠯᠡ᠃ ᠡᠪᠦᠭᠡᠨ ᠠᠩ ᠤᠨ ᠵᠣᠷᠢᠭᠤᠯᠤᠯᠲᠠ ᠲᠠᠢ ᠳᠤᠷᠠᠨ ᠲᠠᠢ ᠴᠧᠺ ᠫᠤᠤ ᠡᠭᠦᠷᠴᠦ᠂ ᠭᠡᠷ ᠲᠡᠢ ᠬᠣᠶᠠᠷ ᠨᠢᠳᠦᠨ ᠦ ᠳᠤᠷᠠᠨ ᠪᠦᠰᠡᠯᠡᠭᠰᠡᠨ ᠠᠭᠠᠳ ᠶᠠᠭᠠᠷᠠᠩᠭᠤᠢ ᠠᠯᠬᠤᠵᠤ ᠪᠠᠶᠢᠭ᠎ᠠ ᠨᠢ ᠨᠢᠭᠡᠨ ᠵᠦᠢᠯ ᠳᠦ ᠵᠣᠷᠢᠨ ᠰᠢᠮᠳᠠᠭᠰᠠᠨ ᠨᠢ ᠢᠯᠡᠳᠲᠡ ᠡ᠃ ᠨᠠᠰᠤ ᠥᠨᠳᠥᠷ ᠪᠣᠯᠪᠠᠴᠤ ᠱᠠᠯᠠᠮᠠᠭ ᠬᠥᠩᠭᠡᠨ ᠪᠠᠶᠢᠭ᠎ᠠ ᠨᠢ ᠡᠳᠦᠷ ᠪᠦᠷᠢ ᠯᠠ ᠪᠠᠶᠢᠭᠠᠯᠢ ᠲᠠᠢ ᠪᠠᠨ ᠬᠠᠷᠢᠴᠠᠨ ᠠᠭᠤᠯᠠ ᠬᠠᠳᠠ ᠪᠠᠷ ᠪᠡᠳᠡᠷᠢᠵᠤ ᠶᠠᠪᠤᠳᠠᠭ ᠤᠨ ᠠᠴᠢ ᠲᠤᠰᠠ᠃ ᠡᠪᠦᠭᠡᠨ ᠠᠮᠢᠰᠬᠤᠭᠠᠳᠠᠭᠰᠠᠨ ᠴᠤ ᠦᠭᠡᠢ ᠵᠣᠷᠢᠭᠰᠠᠨ ᠭᠠᠵᠠᠷ ᠢᠶᠠᠨ ᠬᠦᠷᠦᠭᠡᠳ᠂ ᠬᠦᠷᠢᠶᠡᠯᠡᠭᠰᠡᠨ ᠬᠠᠳᠠ ᠠᠰᠬᠠᠨ ᠳᠤᠮᠳᠠ ᠰᠠᠭᠤᠵᠤ ᠠᠪᠤᠭᠠᠳ ᠠᠩ ᠦᠨ ᠫᠤᠤ ᠪᠠᠠ ᠤᠷᠢᠳᠤ ᠪᠠᠨ ᠲᠠᠯᠪᠢᠨ ᠬᠦᠬᠡᠭᠡᠭ ᠲᠦ ᠨᠢ ᠲᠠᠪᠤᠨ ᠰᠤᠮᠤ ᠳᠠᠷᠤᠭᠠᠳ ᠴᠡᠨᠡᠭᠯᠡᠪᠡ᠃ ᠬᠣᠶᠠᠷ ᠨᠢᠳᠦᠨ ᠦ ᠳᠤᠷᠠᠨ ᠢᠶᠡᠨ ᠨᠢᠳᠦᠨ ᠦ ᠪᠡᠨ ᠡᠮᠦᠨ᠎ᠡ ᠪᠠᠷᠢᠨ ᠡᠷᠡᠪᠡᠭᠡᠷ ᠰᠡᠷᠡᠪᠡᠭᠡᠷ ᠲᠣᠷᠯᠣᠭ ᠪᠤᠲᠠ ᠲᠠᠢ ᠬᠠᠳᠠ ᠠᠰᠬᠠᠨ ᠳᠤᠮᠳᠠᠭᠤᠷ ᠨᠢᠭᠡᠨ ᠵᠢᠮ ᠬᠠᠷᠠᠭᠠᠳᠠᠨ ᠰᠠᠭᠤᠯ᠎ᠠ᠃ ᠮᠠᠭᠤ ᠰᠣᠭᠣᠲᠣᠩ ᠤᠯᠢᠶᠠᠨ ᠨᠤᠭᠤᠳ ᠡᠭᠦᠪᠡᠷ ᠯᠠ ᠭᠦᠶᠦᠵᠦ ᠬᠠᠷᠠᠭᠳᠠᠳᠠᠭ ᠶᠤᠮ … ᠭᠡᠵᠦ ᠰᠢᠳᠦ ᠵᠠᠭᠤᠨ ᠰᠢᠪᠡᠨᠡᠪᠡ … ᠪᠠᠶᠢᠭᠠᠯᠢ ᠬᠠᠮᠠᠭᠠᠯᠠᠭᠴᠢ ᠬᠦᠮᠦᠨ ᠠᠮᠢᠲᠠᠨ ᠤ ᠬᠠᠮᠠᠷ ᠠᠴᠠ ᠴᠢᠰᠤ ᠭᠠᠷᠭᠠᠵᠤ ᠲᠠᠭᠠᠷᠠᠬᠤ ᠦᠭᠡᠢ ᠡ᠃ ᠳᠠᠷᠬᠠᠨ ᠴᠠᠭᠠᠵᠠᠲᠤ ᠬᠣᠪᠣᠷ ᠠᠮᠢᠲᠠᠨ ᠪᠠᠶᠢᠨ᠎ᠠ ᠤᠤ᠃ ᠴᠢᠨᠣ᠎ᠠ ᠨᠣᠬᠠᠢ ᠪᠠᠶᠢᠨ᠎ᠠ ᠤᠤ᠃ ᠪᠣᠯᠬᠤ ᠦᠭᠡᠢ ᠳ᠋ᠡ᠃ ᠡᠪᠦᠭᠡᠨ ᠡᠭᠦᠨ ᠢ ᠲᠣᠭ ᠮᠡᠳᠡᠬᠦ ᠭᠠᠵᠠᠷ ᠳ᠋ᠠ᠃ ᠭᠡᠬᠦ ᠳᠦ ᠪᠡᠨ ᠯᠠ ᠰᠢᠳᠦ ᠪᠡᠨ ᠬᠦᠷᠲᠡᠯ᠎ᠡ ᠵᠡᠪᠰᠡᠭᠯᠡᠨ ᠢᠷᠡᠭᠡᠳ ᠡᠭᠡᠭᠡ ᠯᠠ ᠳᠠᠶᠢᠨ ᠪᠠᠶᠢᠯᠳᠤᠭᠠᠨ ᠳᠤ ᠤᠷᠤᠬᠤ ᠨᠢ ᠬᠣᠯᠠ ᠦᠭᠡᠢ ᠪᠠᠶᠢᠭ᠎ᠠ ᠨᠢ ᠤᠤ ᠪᠢᠯᠡ᠃ ᠫᠤᠤ ᠶᠢᠨ ᠬᠢ ᠪᠡᠨ ᠳᠤᠷᠠᠨ ᠢ ᠪᠣᠯᠭᠣᠮᠵᠢᠲᠠᠢ ᠵᠥᠭᠡᠯᠡᠨ ᠠᠷᠴᠢᠭᠠᠳ ᠬᠠᠷᠠᠭ᠎ᠠ ᠪᠠᠷ᠎ᠠ ᠶᠢ ᠲᠣᠬᠢᠷᠠᠭᠤᠯᠤᠨ ᠬᠡᠰᠡᠭ ᠰᠠᠭᠤᠪᠠ᠃ ᠰᠡᠳᠬᠢᠯ ᠰᠠᠨᠠᠭ᠎ᠠ ᠨᠢ ᠲᠠᠪᠠᠭᠦᠶᠢᠲᠦᠭᠡᠳ ᠤᠶᠢᠮᠤᠷᠠᠭᠠᠳ ᠢᠷᠡᠪᠡ᠃ ᠤᠬᠢᠯᠠᠮᠠᠷ ᠪᠣᠯᠵᠤ ᠢᠷᠡᠪᠡ᠃ ᠵᠢᠷᠦᠬᠡ ᠰᠡᠳᠬᠢᠯ ᠨᠢ ᠨᠤᠷᠠᠬᠤ ᠰᠢᠭ ᠯᠠ ᠪᠣᠯᠪᠠ᠃ ᠭᠣᠪᠢ ᠨᠤᠲᠤᠭ ᠤᠨ ᠲᠣᠯᠣᠭᠠᠳ ᠠᠰᠬ᠎ᠠ ᠳᠠᠮᠵᠢᠨ ᠨᠢᠭᠡᠨ ᠰᠦᠷᠦᠭ ᠤᠭᠠᠯᠵᠠᠨ ᠡᠪᠡᠷᠲᠦ ᠠᠷᠭᠠᠯᠢ ᠭᠦᠶᠦᠵᠦ ᠢᠷᠡᠭᠡᠳ ᠬᠡᠷᠡᠯᠦᠨ ᠭᠣᠣᠯ ᠳᠠᠭᠠᠤ ᠬᠢ ᠡᠨᠡ ᠬᠠᠶᠢᠷᠬᠠᠨ ᠠᠭᠤᠯᠠᠨ ᠳᠤ ᠨᠤᠲᠤᠭᠰᠢᠭᠠᠳ ᠠᠪᠴᠠᠢ᠃ ᠪᠠᠶᠢᠭᠠᠯᠢ ᠬᠠᠮᠠᠭᠠᠯᠠᠭᠴᠢ ᠡᠪᠦᠭᠡᠨ ᠲᠩᠷᠢ ᠶᠢᠨ ᠤᠮᠠᠳᠠᠭ ᠠᠳᠬᠤᠭᠰᠠᠨ ᠠᠶᠠᠲᠠᠢ ᠲᠤᠶᠢᠯ ᠤᠨ ᠶᠡᠬᠡ ᠪᠠᠶᠠᠷᠯᠠᠨ ᠬᠥᠷᠴᠦ᠂ ᠬᠣᠪᠣᠷ ᠠᠩ ᠠᠮᠢᠲᠠᠨ ᠤ ᠪᠦᠷᠢᠳᠬᠡᠯ ᠳᠦ ᠪᠡᠨ ᠣᠷᠣᠭᠤᠯᠤᠨ᠂ ᠲᠣᠭ᠎ᠠ ᠲᠣᠯᠣᠭᠠᠢ ᠶᠢ ᠨᠢᠭᠡ ᠪᠥᠷᠢᠴᠢᠯᠡᠨ ᠲᠣᠭᠠᠯᠠᠵᠤ᠂ ᠬᠠᠷᠢᠭᠤᠯᠬᠤ ᠨᠢ ᠬᠣᠯᠠ ᠦᠭᠡᠢ ᠬᠠᠶᠢᠷᠠᠯᠠᠨ ᠬᠡᠳᠦᠨ ᠵᠢᠯ ᠦᠨ ᠨᠢᠭᠤᠷ ᠦᠵᠡᠵᠡᠢ᠃ ᠲᠩᠷᠢ ᠬᠠᠩᠭᠠᠢ ᠢᠪᠡᠭᠡᠵᠦ ᠨᠤᠲᠤᠭᠰᠢᠭᠰᠠᠨ ᠠᠷᠭᠠᠯᠢ ᠰᠦᠷᠦᠭ ᠦᠨ ᠪᠦᠯᠢ ᠲᠣᠭ᠎ᠠ ᠥᠰᠬᠦ ᠶᠠᠩᠵᠤ ᠲᠠᠢ᠃ ᠬᠡᠭᠡᠷ᠎ᠡ ᠶᠢᠨ ᠴᠢᠨᠣ᠎ᠠ ᠨᠣᠬᠠᠢ ᠴᠤ ᠬᠦᠷᠦᠭᠰᠡᠨ ᠦᠭᠡᠢ᠃ ᠳᠣᠭᠰᠢᠨ ᠬᠠᠶᠢᠷᠬᠠᠨ ᠪᠣᠯᠬᠣᠷ ᠢᠯᠡᠭᠦᠦ ᠳᠤᠲᠠᠭᠤ ᠬᠠᠷᠠᠭᠰᠠᠨ ᠬᠤᠯᠠᠭᠠᠢ ᠶᠢᠨ ᠠᠩᠴᠢᠳ ᠴᠤ ᠣᠶᠢᠷᠠᠳᠤᠭᠰᠠᠨ ᠦᠭᠡᠢ᠃ ᠬᠡᠳᠦᠨ ᠲᠠᠷᠪᠠᠭ᠎ᠠ ᠪᠠᠨ ᠴᠤ ᠲᠣᠭᠠᠯᠠᠵᠤ ᠪᠠᠶᠢᠳᠠᠭ ᠬᠡᠩᠬᠡᠭ ᠡᠪᠦᠭᠡᠨ ᠡᠴᠡ ᠪᠦᠭᠦᠳᠡ ᠵᠢᠭᠢᠷᠭᠡᠭᠡᠳ ᠫᠤᠤ ᠳᠤᠤᠭᠠᠷᠳᠠᠭ ᠦᠭᠡᠢ ᠪᠠᠶᠢᠨ᠎ᠠ᠃ ᠳᠠᠷᠬᠠᠨ ᠴᠠᠭᠠᠵᠠᠲᠤ ᠤᠭᠠᠯᠵᠠᠨ ᠡᠪᠡᠷᠲᠦ ᠠᠷᠭᠠᠯᠢ ᠶᠠᠮᠠᠷ ᠰᠦᠷᠯᠢᠭ ᠰᠠᠶᠢᠬᠠᠨ ᠠᠮᠢᠲᠠᠨ ᠪᠢᠯᠡ᠃ ᠮᠣᠩᠭᠣᠯ ᠤᠨ ᠠᠩ ᠠᠮᠢᠲᠠᠳ ᠤᠨ ᠰᠣᠷ ᠰᠢᠦ᠃ ᠮᠢᠷᠠᠯᠵᠠᠨ ᠤᠷᠤᠰᠬᠤ ᠬᠡᠷᠡᠯᠦᠨ ᠭᠣᠣᠯ ᠤᠷᠤᠭᠤ ᠴᠤᠪᠤᠷᠠᠭᠠᠳ ᠤᠰᠤᠨ ᠳᠤ ᠪᠠᠨ ᠣᠴᠢᠵᠤ ᠪᠠᠶᠢᠭ᠎ᠠ ᠨᠢ ᠬᠡᠶᠢᠮᠣᠷᠢᠯᠢᠭ᠃ ᠰᠣᠨᠣᠷ ᠰᠡᠷᠡᠮᠵᠢᠲᠡᠢ ᠨᠢ ᠠᠷᠭ᠎ᠠ ᠦᠭᠡᠢ ᠤᠰᠤᠨ ᠳᠤ ᠪᠠᠨ ᠢᠷᠡᠴᠢᠬᠡᠭᠡᠳ ᠪᠤᠴᠠᠭᠠᠳ ᠥᠭᠰᠥᠨ᠎ᠡ᠃ ᠴᠣᠬᠣᠷ ᠮᠣᠷᠢ ᠡᠪᠦᠭᠡᠨ ᠬᠣᠶᠠᠷ ᠢ ᠪᠠᠨ ᠪᠠᠷᠤᠭ ᠲᠠᠨᠢᠭᠠᠳ ᠮᠡᠨᠳᠦᠯᠡᠬᠦ ᠨᠢ ᠬᠣᠯᠠ ᠦᠭᠡᠢ ᠪᠠᠶᠢᠳᠠᠭ ᠰᠠᠨ᠃ ᠦᠷᠭᠦᠵᠦ ᠴᠣᠴᠢᠭᠠᠬᠤ ᠦᠭᠡᠢ ᠪᠣᠯᠬᠣᠷ ᠪᠦᠷ ᠳᠠᠰᠤᠨ ᠨᠤᠲᠤᠭᠰᠢᠭᠠᠳ ᠣᠮᠤᠭ ᠪᠠᠷᠳᠠᠮ ᠴᠤ ᠭᠡᠮᠡᠷ ᠲᠠᠶᠢᠪᠤᠩ ᠪᠣᠯᠴᠢᠬᠠᠭᠠᠳ ᠪᠠᠶᠢᠭᠰᠠᠨ ᠶᠤᠮ᠃ … ᠠᠷᠭᠠᠯᠢ ᠤᠭᠠᠯᠵᠠᠨ ᠡᠪᠡᠷ ᠮᠤᠰᠬᠢᠷᠠᠨ ᠵᠡᠭᠦᠳᠦ ᠨᠣᠶᠢᠷ ᠲᠤ ᠴᠣᠶᠢᠯᠠᠨ ᠢᠷᠡᠭᠡᠳ ᠬᠣᠨᠢᠨ ᠪᠣᠷᠣ ᠨᠢᠳᠦ ᠪᠡᠷ ᠢᠶᠡᠨ ᠲᠠᠶᠢᠪᠤᠩ ᠬᠠᠷᠠᠵᠤ ᠵᠣᠭᠰᠣᠨ᠎ᠠ᠃ ᠭᠡᠨᠡᠳᠲᠡ ᠠᠷᠭᠠᠯᠢ ᠴᠣᠴᠢᠨ ᠦᠷᠭᠦᠨ ᠬᠠᠷᠠᠶᠢᠭᠠᠳ ᠨᠢᠭᠡ ᠶᠡᠬᠡ ᠬᠠᠷ᠎ᠠ ᠤᠰᠤ ᠤᠷᠤᠭᠤ ᠴᠦᠯ ᠬᠢᠨ ᠣᠷᠣᠬᠤ ᠳᠤ ᠡᠪᠦᠭᠡᠨ ᠳᠠᠪ ᠬᠢᠨ ᠰᠡᠷᠡᠵᠡᠢ᠃ ᠠᠷᠭᠠᠯᠢ ᠬᠠᠷ᠎ᠠ ᠤᠰᠤ ᠤᠷᠤᠭᠤ ᠦᠰᠦᠷᠦᠨ ᠣᠷᠣᠳᠠᠭ ᠠᠮᠢᠲᠠᠨ ᠪᠢᠰᠢ ᠳ᠋ᠡ᠃ ᠮᠠᠭᠤ ᠰᠣᠪᠢᠨ ᠲᠠᠲᠠᠭᠰᠠᠨ ᠡᠪᠦᠭᠡᠨ ᠴᠣᠬᠣᠷ ᠮᠣᠷᠢᠨ ᠳᠤ ᠪᠠᠨ ᠮᠣᠷᠳᠠᠨ ᠶᠠᠭᠠᠷᠠᠨ ᠱᠣᠭᠰᠢᠭᠤᠯᠤᠯ᠎ᠠ᠃ ᠬᠠᠶᠢᠷᠬᠠᠨ ᠤ ᠰᠤᠭᠤᠨ ᠳᠤ ᠬᠡᠷᠢᠶ᠎ᠡ᠂ ᠲᠠᠰ ᠡᠷᠭᠢᠯᠳᠦᠨ ᠰᠦᠢᠳ ᠪᠣᠯᠵᠤ ᠪᠠᠶᠢᠨ᠎ᠠ᠃ ᠡᠪᠦᠭᠡᠨ ᠶᠠᠭᠠᠷᠠᠨ ᠢᠷᠡᠭᠡᠳ ᠳᠤᠷᠠᠨᠳᠠᠲᠠᠯ᠎ᠠ ᠭᠤᠷᠪᠠᠨ ᠰᠣᠭᠣᠲᠣᠩ ᠤᠯᠢᠶᠠᠨ ᠠᠷᠭᠠᠯ ᠤᠨ ᠪᠦᠯᠢ ᠰᠦᠷᠦᠭ ᠢ ᠨᠢᠭᠡᠮᠥᠰᠦᠨ ᠲᠠᠷᠬᠠᠭᠠᠵᠤ ᠬᠣᠶᠠᠷ ᠢ ᠴᠤ ᠤᠨᠠᠭᠠᠨ ᠬᠣᠪᠳᠣᠭᠯᠠᠨ ᠵᠣᠭᠣᠭᠯᠠᠵᠤ ᠪᠠᠶᠢᠪᠠ᠃ ᠵᠡᠷᠯᠢᠭ ᠨᠣᠬᠠᠢ ᠶᠢᠨ ᠰᠡᠭᠦᠯ ᠬᠣᠩᠬᠣᠷᠴᠠᠭ ᠳᠡᠭᠡᠷ᠎ᠡ ᠪᠡᠨ ᠡᠷᠭᠢᠨ ᠣᠯᠵᠠ ᠪᠠᠨ ᠵᠤᠯᠭᠠᠭᠠᠬᠤ ᠠᠵᠡᠢ᠃ ᠡᠪᠦᠭᠡᠨ ᠳᠡᠭᠡᠭᠰᠢ ᠫᠤᠤᠳᠠᠪᠠ᠃ ᠶᠠᠭᠠᠷᠠᠨ ᠳᠠᠪᠬᠢᠨ ᠬᠦᠷᠦᠯ᠎ᠡ᠃ ᠠᠷᠭᠠᠯᠢ ᠰᠦᠷᠦᠭ ᠦᠨ ᠬᠣᠶᠠᠷ ᠴᠤ ᠰᠢᠳᠦᠯᠡᠩ ᠢ ᠦᠭᠡᠢ ᠬᠢᠵᠡᠢ᠃ ᠫᠤᠤ ᠶᠢᠨ ᠳᠠᠭᠤᠨ ᠢᠶᠠᠷ ᠰᠣᠭᠣᠲᠣᠩ ᠤᠯᠢᠶᠠᠨ ᠨᠤᠭᠤᠳ ᠭᠠᠵᠠᠷ ᠤᠨ ᠭᠠᠪᠠ ᠪᠠᠷ ᠣᠷᠣᠭᠰᠠᠨ ᠠᠶᠠᠲᠠᠢ ᠠᠯᠠᠭ᠎ᠠ ᠪᠣᠯᠪᠠ᠃ ᠡᠪᠦᠭᠡᠨ ᠪᠠᠯᠠᠮᠠᠭᠳᠠᠨ ᠰᠠᠨᠳᠤᠷᠴᠤ ᠬᠡᠢ ᠯᠠ ᠱᠣᠭᠰᠢᠷᠠᠨ ᠭᠠᠵᠠᠷ ᠤᠨ ᠪᠠᠶᠢᠳᠠᠯ ᠢ ᠬᠠᠷᠠᠨ ᠬᠡᠰᠡᠭ ᠬᠠᠷᠠᠮᠰᠠᠨ ᠪᠡᠳᠡᠷᠢᠯ᠎ᠡ᠃ ᠬᠡᠭᠡᠷ᠎ᠡ ᠶᠢᠨ ᠪᠣᠣᠬᠠᠢ ᠴᠤ ᠠᠮᠤᠷ ᠪᠠᠷᠢᠬᠤ ᠦᠭᠡᠢ ᠡᠨᠡ ᠠᠮᠢᠲᠠᠳ ᠢ ᠵᠡᠷᠯᠢᠭᠰᠢᠭᠰᠡᠨ ᠨᠣᠬᠠᠢ ᠡᠬᠡ ᠵᠢᠩᠭᠡᠷ ᠬᠦᠮᠦᠨ ᠡᠴᠡ ᠴᠤ ᠭᠠᠷᠤᠮᠠᠷ ᠦᠭᠡᠢ ᠮᠠᠭᠤ ᠰᠠᠨᠠᠭ᠎ᠠ ᠪᠠᠷ ᠤᠰᠤᠨ ᠳᠡᠭᠡᠷ᠎ᠡ ᠣᠲᠣᠨ ᠥᠪᠡᠷ ᠦᠨ ᠵᠤᠯᠵᠠᠭ᠎ᠠ ᠴᠢᠨᠤᠨ ᠡᠷᠯᠢᠵᠡ ᠬᠣᠶᠠᠷ ᠰᠣᠭᠣᠲᠣᠩ ᠤᠯᠢᠶᠠᠨ ᠢᠶᠠᠷ ᠢᠶᠠᠨ ᠪᠥᠰᠡᠯᠡᠨ ᠰᠦᠢᠳ ᠬᠢᠵᠡᠢ᠃ ᠨᠢᠳᠦ ᠬᠠᠯᠲᠤᠷᠢᠮᠠᠷ᠃ ᠬᠡᠳᠦᠨ ᠵᠢᠯ ᠬᠡᠨ ᠴᠤ ᠦᠷᠭᠦᠭᠡᠭᠡ ᠦᠭᠡᠢ ᠪᠦᠷ ᠨᠣᠮᠣᠬᠠᠷᠠᠨ ᠲᠠᠶᠢᠪᠤᠰᠢᠷᠠᠭᠠᠳ ᠳᠠᠰᠴᠤ ᠪᠠᠶᠢᠭᠰᠠᠨ ᠠᠷᠭᠠᠯᠢ ᠰᠦᠷᠦᠭ ᠢ ᠭᠡᠨᠡᠳᠡᠭᠦᠯᠦᠨ ᠳᠠᠭᠠᠷᠢᠵᠤ ᠳᠤᠷ᠎ᠠ ᠵᠣᠷᠢᠭ ᠢᠶᠠᠷ ᠢᠶᠠᠨ ᠳᠠᠭᠠᠷᠢᠵᠠᠢ᠃ ᠰᠡᠭᠯᠡᠬᠦ ᠶᠢ ᠰᠡᠭᠯᠡᠵᠦ᠂ ᠠᠭᠤᠯᠠ ᠳᠠᠪᠠᠭᠤᠯᠤᠨ ᠲᠠᠯ᠎ᠠ ᠤᠷᠤᠭᠤ ᠪᠠᠭᠤᠯᠭᠠᠨ ᠬᠥᠭᠡᠭᠡᠵᠦ᠂ ᠰᠠᠭᠤᠷᠢᠨ ᠤ ᠬᠠᠰᠢᠶᠠᠨ ᠤ ᠲᠡᠮᠦᠷ ᠤᠲᠠᠰᠤᠨ ᠳᠤ ᠣᠷᠢᠶᠠᠴᠠᠯᠳᠤᠭᠤᠯᠤᠨ᠂ ᠦᠷᠭᠦᠭᠰᠡᠨ ᠠᠶᠤᠭᠰᠠᠨ ᠠᠮᠢᠲᠠᠳ ᠥᠷᠭᠡᠰᠦᠲᠦ ᠲᠡᠮᠦᠷ ᠲᠣᠤᠷ ᠲᠤ ᠣᠷᠢᠶᠠᠭᠳᠠᠨ ᠨᠢᠳᠦ ᠠᠮᠠ ᠪᠠᠨ ᠰᠣᠬᠣᠯᠵᠤ᠂ ᠴᠡᠭᠡᠵᠢᠨ ᠤ ᠮᠢᠬ᠎ᠠ ᠶᠢ ᠭᠠᠷᠲᠠᠯ᠎ᠠ ᠤᠷᠠᠵᠠᠢ᠃ ᠨᠤᠲᠤᠭ ᠤᠨ ᠰᠠᠶᠢᠨ ᠰᠠᠨᠠᠭᠠᠲᠤ ᠪᠠᠶᠢᠭᠠᠯᠢ ᠠᠮᠢᠲᠠᠨ ᠳᠤ ᠬᠠᠶᠢᠷᠠᠲᠠᠢ ᠬᠦᠮᠦᠰ ᠲᠠᠭᠠᠷᠠᠵᠤ ᠠᠪᠤᠷᠠᠭᠰᠠᠨ ᠪᠠᠶᠢᠬᠤ ᠶᠤᠮ᠃ ᠰᠣᠭᠣᠲᠣᠩ ᠤᠯᠢᠶᠠᠨ ᠨᠤᠭᠤᠳ ᠪᠤᠴᠠᠨ ᠢᠷᠡᠭᠡᠳ ᠤᠨᠠᠭᠠᠭᠰᠠᠨ ᠵᠣᠭᠣᠭ ᠢᠶᠠᠨ ᠪᠠᠷᠢᠵᠤ ᠪᠠᠶᠢᠭᠠᠳ ᠡᠪᠦᠭᠡᠨ ᠦ ᠫᠤᠤ ᠶᠢᠨ ᠳᠠᠭᠤᠨ ᠢᠶᠠᠷ ᠰᠡᠭᠦᠯ ᠢᠶᠡᠨ ᠬᠠᠪᠴᠢᠨ ᠵᠤᠯᠪᠠᠭᠰᠠᠨ ᠨᠢ ᠡᠨᠡ᠃ ᠬᠠᠮᠤᠭ ᠤᠨ ᠬᠠᠷᠠᠮᠰᠠᠯ ᠲᠠᠢ ᠨᠢ ᠦᠯᠡᠳᠡᠭᠰᠡᠨ ᠤᠭᠠᠯᠵᠠᠨ ᠡᠪᠡᠷᠲᠦ ᠠᠷᠭᠠᠯᠢ ᠰᠦᠷᠦᠭ ᠪᠤᠲᠠᠷᠠᠨ ᠭᠣᠪᠢ ᠲᠣᠯᠣᠭᠠᠳ ᠤᠷᠤᠭᠤ ᠪᠠᠨ ᠬᠡᠵᠢᠶ᠎ᠡ ᠴᠤ ᠡᠷᠭᠢᠨ ᠢᠷᠡᠬᠦ ᠦᠭᠡᠢ ᠪᠡᠷ ᠴᠣᠶᠢᠯᠠᠨ ᠣᠳᠤᠭᠰᠠᠨ ᠪᠠᠶᠢᠯ᠎ᠠ᠃ ᠬᠠᠶᠢᠷᠬᠠᠨ ᠡᠵᠡᠭᠦᠶᠢᠷᠡᠵᠦ᠂ ᠰᠦᠨᠡᠰᠦ ᠰᠦᠯᠳᠡ ᠦᠭᠡᠢ ᠪᠣᠯᠤᠭᠰᠠᠨ ᠮᠡᠲᠦ᠃ ᠰᠦᠷᠯᠢᠭ ᠰᠠᠶᠢᠬᠠᠨ ᠠᠮᠢᠲᠠᠳ ᠢᠶᠠᠨ ᠰᠠᠨᠠᠭᠠᠯᠵᠠᠬᠤ ᠮᠡᠲᠦ ᠳᠦᠩᠰᠦᠶᠢᠨ᠎ᠡ᠃ … ᠡᠪᠦᠭᠡᠨ ᠳᠤᠷᠠᠨᠳᠠᠩᠭᠠᠨ ᠰᠡᠳᠬᠢᠯ ᠳᠠᠬᠢᠨ ᠡᠵᠡᠭᠦᠶᠢᠷᠡᠵᠦ ᠭᠠᠩᠰᠠᠷᠠᠨ ᠪᠣᠳᠣᠵᠤ ᠪᠠᠶᠢᠭᠰᠠᠨ ᠢᠶᠠᠨ ᠫᠤᠤ ᠪᠠᠨ ᠡᠷᠭᠦᠨ ᠳᠣᠭᠣᠭᠰᠢ ᠪᠣᠯᠪᠠ᠃ ᠵᠡᠷᠯᠢᠭᠰᠢᠭᠰᠡᠨ ᠵᠢᠩᠭᠡᠷ᠂ ᠬᠡᠭᠡᠷ᠎ᠡ ᠶᠢᠨ ᠴᠢᠨᠣ᠎ᠠ ᠬᠣᠶᠠᠷ ᠤᠨ ᠳᠤᠮᠳᠠ ᠠᠴᠠ ᠲᠦᠷᠦᠭᠰᠡᠨ ᠠᠬ᠎ᠠ ᠳᠡᠭᠦᠦ ᠬᠣᠶᠠᠷ ᠪᠠᠶᠢᠴᠠ ᠬᠠᠳᠠᠨ ᠳᠤᠮᠳᠠ ᠠᠴᠠ ᠱᠣᠭᠰᠢᠨ ᠭᠠᠷᠤᠭᠠᠳ ᠢᠷᠡᠪᠡ᠃ ᠲᠡᠳᠡᠨ ᠦ ᠪᠡᠶ᠎ᠡ ᠥᠨᠳᠥᠷ᠂ ᠬᠦᠴᠦ ᠴᠢᠳᠠᠯ ᠶᠡᠬᠡ᠂ ᠵᠢᠰᠦ ᠤᠯᠠᠭᠠᠨ ᠰᠢᠷᠭᠠᠯ ᠰᠡᠷᠪᠡᠭᠡᠨ ᠳᠡᠭᠡᠷ᠎ᠡ ᠪᠡᠨ ᠳᠡᠯ ᠲᠡᠢ᠂ ᠰᠡᠭᠦᠯ ᠨᠢ ᠬᠣᠩᠬᠣᠷᠴᠠᠭ ᠳᠡᠭᠡᠷ᠎ᠡ ᠪᠡᠨ ᠭᠡᠷ ᠦᠨ ᠨᠣᠬᠠᠢ ᠰᠢᠭ ᠡᠷᠭᠢᠭᠰᠡᠨ ᠪᠠᠶᠢᠬᠤ ᠪᠥᠯᠦᠭᠡ᠃ ᠡᠪᠦᠭᠡᠨ ᠫᠤᠤ ᠶᠢᠨ ᠬᠢ ᠪᠡᠨ ᠳᠤᠷᠠᠨ ᠬᠠᠷᠠᠭᠠᠨ ᠳᠤ ᠪᠠᠨ ᠲᠣᠭᠲᠠᠭᠠᠭᠠᠳ ᠠᠪᠤᠪᠠ᠃ ᠡᠬᠡ ᠵᠢᠩᠭᠡᠷ ᠪᠠᠶᠢᠳᠠᠭ ᠦᠭᠡᠢ ᠡ᠃ ᠠᠷᠤ ᠠᠴᠠ ᠨᠢ ᠭᠠᠷᠤᠭᠠᠳ ᠢᠷᠡᠭᠦ ᠶᠢ ᠵᠢᠭᠠᠬᠠᠨ ᠬᠦᠯᠢᠶᠡᠪᠡ᠃ ᠮᠠᠭᠤ ᠡᠬᠡ ᠵᠢᠩᠭᠡᠷ ᠤᠷᠳᠤ ᠨᠢ ᠱᠣᠭᠰᠢᠵᠤ ᠶᠠᠪᠤᠮᠠᠷ ᠶᠤᠮ᠃ ᠠᠯᠠᠭ᠎ᠠ ᠡ᠃ ᠡᠬᠢᠨ ᠦ ᠰᠣᠭᠣᠲᠣᠩ ᠳᠡᠭᠡᠷ᠎ᠡ ᠳᠤᠷᠠᠨ ᠤ ᠬᠡᠷᠡᠭᠡᠰᠦ ᠣᠴᠢᠯ᠎ᠠ… …ᠪᠠᠶᠢᠭᠠᠯᠢ ᠬᠠᠮᠠᠭᠠᠯᠠᠭᠴᠢ ᠰᠦᠬᠡ ᠡᠪᠦᠭᠡᠨ ᠦ ᠰᠠᠭᠠᠬᠠᠯᠲᠠ ᠠᠶᠢᠯ ᠪᠣᠯᠬᠤ ᠵᠠᠯᠠᠭᠤ ᠮᠠᠯᠴᠢᠨ ᠠᠶᠢᠯ ᠳᠤ ᠨᠢᠭᠡᠨ ᠡᠳᠦᠷ ᠬᠠᠮᠢᠭ᠎ᠠ ᠠᠴᠠ ᠴᠤ ᠶᠤᠮ ᠪᠡᠶ᠎ᠡ ᠲᠣᠮᠣ ᠲᠠᠢ ᠤᠯᠠᠭᠠᠨ ᠰᠢᠷᠭᠠᠯ ᠵᠢᠰᠦ ᠲᠡᠢ ᠵᠢᠩᠭᠡᠷ ᠭᠦᠶᠦᠭᠡᠳ ᠢᠷᠡᠵᠡᠢ᠃ ᠨᠣᠬᠠᠢ ᠤᠷᠪᠠᠬᠤ ᠰᠠᠶᠢᠨ ᠭᠡᠳ ᠡᠬᠡᠨᠡᠷ ᠨᠢ ᠡᠬᠢᠯᠡᠭᠡᠳ ᠬᠣᠭᠣᠯᠠᠨ ᠤ ᠰᠢᠪᠬᠠᠷᠤᠤ ᠥᠭᠭᠦᠭᠰᠡᠨ ᠶᠤᠮ ᠪᠠᠶᠢᠨ᠎ᠠ᠃ ᠳᠠᠩᠴᠤ ᠲᠡᠳᠡᠨ ᠦ ᠬᠣᠲᠠᠨ ᠤ ᠬᠣᠶᠠᠷ ᠪᠠᠩᠬᠤᠷ ᠡᠳᠦᠷ ᠰᠥᠨᠢ ᠦᠭᠡᠢ ᠵᠢᠩᠭᠡᠷ ᠢ ᠪᠤᠯᠢᠶᠠᠯᠳᠤᠨ ᠬᠣᠭᠣᠷᠣᠨᠳᠣ ᠪᠠᠨ ᠬᠡᠮᠡᠯᠢᠯᠳᠦᠨ ᠵᠣᠳᠣᠯᠳᠤᠭᠠᠳ ᠪᠥᠭᠡᠮ ᠱᠤᠤᠭᠢᠶᠠᠨ ᠪᠣᠯᠤᠭᠠᠳ ᠪᠠᠶᠢᠵᠠᠢ᠃ ᠭᠡᠷ ᠦᠨ ᠡᠵᠡᠨ ᠠᠭᠤᠷᠰᠠᠨ ᠣᠳᠣ ᠡᠨᠡ ᠵᠢᠩᠭᠡᠷ ᠡᠨᠳᠡ ᠭᠥᠯᠥᠭᠡᠯᠡᠵᠦ ᠪᠥᠭᠡᠮ ᠭᠠᠢ ᠪᠣᠯᠤᠨ᠎ᠠ … ᠭᠡᠳ ᠵᠢᠩᠭᠡᠷ ᠢ ᠵᠣᠳᠣᠵᠤ ᠰᠢᠪᠬᠠᠭᠤᠷᠳᠠᠨ ᠬᠥᠭᠡᠭᠡᠯ᠎ᠡ᠃ ᠮᠣᠷᠢ ᠲᠠᠢ ᠣᠷᠢᠶᠠᠯᠭᠠᠨ ᠡᠯᠳᠡᠭᠡᠳ ᠠᠭᠤᠯᠠ ᠳᠠᠪᠠᠭᠤᠯᠤᠭᠠᠳ ᠴᠤ ᠨᠡᠮᠡᠷᠢ ᠦᠭᠡᠢ ᠰᠥᠨᠢ ᠳᠦ ᠪᠡᠨ ᠢᠷᠡᠭᠡᠳ ᠪᠥᠭᠡᠮ ᠱᠤᠤᠭᠢᠶᠠᠨ ᠲᠠᠷᠢᠨ᠎ᠠ᠃ ᠰᠥᠨᠢ ᠪᠠᠰᠠ ᠮᠠᠭᠤᠬᠠᠢ ᠤᠯᠢᠨ᠎ᠠ᠃ ᠠᠷᠭ᠎ᠠ ᠪᠠᠨ ᠪᠠᠷᠠᠭᠰᠠᠨ ᠭᠡᠷ ᠦᠨ ᠡᠵᠡᠨ ᠨᠢᠭᠡ ᠥᠷᠯᠥᠭᠡ ᠠᠭᠤᠷ ᠲᠤ ᠪᠠᠨ ᠺᠠᠯᠢᠪᠷ ᠫᠤᠤ ᠪᠠᠨ ᠠᠪᠴᠤ ᠭᠠᠷᠤᠨ ᠬᠥᠭᠡᠭᠡᠵᠦ ᠭᠡᠷ ᠡᠴᠡ ᠪᠡᠨ ᠬᠣᠯᠠᠳᠠᠭᠤᠯᠵᠤ ᠪᠠᠶᠢᠭᠠᠳ ᠳᠡᠭᠡᠭᠦᠷ ᠨᠢᠭᠡ ᠫᠤᠤᠳᠠᠭᠰᠠᠨ ᠴᠤ ᠨᠡᠮᠡᠷᠢ ᠠᠯᠠᠭ᠎ᠠ ᠬᠡᠪᠲᠡᠭᠡᠳ ᠥᠭᠴᠡᠢ᠃ ᠲᠡᠭᠡᠬᠦ ᠪᠡᠷ ᠨᠢ ᠨᠢᠭᠡ ᠫᠤᠤᠳᠠᠴᠢᠬᠠᠵᠤ᠂ ᠵᠢᠩᠭᠡᠷ ᠳᠤᠩᠭᠤᠢ ᠬᠠᠳᠠᠨ ᠤᠨᠠᠭᠠᠳ ᠭᠠᠰᠠᠯᠵᠤ ᠭᠠᠩᠭᠢᠨᠠᠨ ᠪᠥᠭᠡᠮ ᠶᠠᠭᠤᠮ᠎ᠠ ᠪᠣᠯᠵᠠᠢ᠃ ᠵᠢᠩᠭᠡᠷ ᠦᠨ ᠬᠣᠶᠢᠳᠤ ᠬᠥᠯ ᠪᠣᠷᠪᠢᠨ ᠳᠤ ᠰᠤᠮᠤ ᠲᠤᠰᠴᠠᠢ᠃ ᠰᠢᠷᠬᠠᠲᠤᠭᠤᠯᠵᠤ ᠬᠠᠶᠠᠭᠠᠳ ᠶᠠᠭᠠᠬᠢᠬᠤ ᠪᠤᠢ ᠭᠦᠢᠴᠡᠭᠡᠴᠢᠬᠡᠶ᠎ᠡ ᠭᠡᠳ ᠵᠠᠯᠠᠭᠤ ᠫᠤᠤ ᠪᠠᠨ ᠳᠠᠬᠢᠨ ᠰᠤᠮᠤᠯᠠᠭᠠᠳ ᠳᠥᠬᠥᠨ ᠢᠷᠡᠲᠡᠯ᠎ᠡ ᠵᠢᠩᠭᠡᠷ ᠦᠨ ᠨᠢᠳᠦᠨ ᠡᠴᠡ ᠨᠢᠭᠡ ᠲᠣᠮᠣ ᠨᠢᠯᠪᠤᠰᠤ ᠪᠥᠮᠪᠥᠷᠢᠨ ᠤᠷᠤᠰᠴᠤ᠂ ᠬᠠᠴᠢᠨ ᠴᠡᠩᠬᠡᠷ ᠲᠤᠶᠠᠭ᠎ᠠ ᠲᠠᠲᠠᠭᠠᠳ ᠶᠠᠪᠤᠴᠢᠬᠠᠪᠠ᠃ ᠵᠠᠯᠠᠭᠤ ᠥᠷᠦ ᠡᠪᠡᠳᠬᠦ ᠰᠡᠳᠬᠢᠯ ᠲᠥᠷᠦᠭᠡᠳ ᠫᠤᠤ ᠪᠠᠨ ᠦᠷᠦᠭᠡᠳ ᠪᠤᠴᠠᠭᠠᠳ ᠠᠯᠬᠤᠵᠠᠢ᠃ ᠵᠢᠩᠭᠡᠷ ᠳᠣᠭᠣᠯᠠᠩ ᠭᠣᠮᠣᠳᠠᠯ ᠲᠠᠢ ᠭᠠᠰᠠᠯᠤᠭᠠᠳ ᠡᠷᠭᠢᠨ ᠬᠡᠪᠲᠡᠭᠡᠳ ᠰᠢᠷᠬ᠎ᠠ ᠪᠠᠨ ᠳᠣᠯᠢᠶᠠᠵᠤ ᠪᠠᠶᠢᠪᠠ᠃ ᠰᠥᠨᠢ ᠳᠦ ᠪᠡᠨ ᠠᠯᠠᠭ᠎ᠠ ᠪᠣᠯᠤᠭᠰᠠᠨ ᠪᠠᠶᠢᠯ᠎ᠠ᠃ ᠵᠢᠩᠭᠡᠷ ᠬᠡᠭᠡᠷ᠎ᠡ ᠪᠡᠷ ᠬᠠᠳᠠ ᠠᠰᠬ᠎ᠠ ᠪᠠᠷ ᠬᠣᠷᠭᠣᠳᠠᠨ ᠰᠢᠷᠬ᠎ᠠ ᠪᠠᠨ ᠳᠣᠯᠢᠶᠠᠭᠰᠠᠭᠠᠷ ᠡᠳᠡᠭᠡᠭᠡᠭᠡᠳ᠂ ᠣᠭᠤᠲᠤᠨ᠎ᠠ ᠵᠤᠷᠠᠮ᠎ᠠ ᠪᠠᠷ ᠬᠣᠭᠣᠯᠠ ᠬᠢᠵᠦ ᠶᠠᠪᠤᠭᠰᠠᠭᠠᠷ ᠡᠪᠦᠯ ᠦᠨ ᠡᠬᠢ ᠪᠡᠷ ᠨᠢᠭᠡᠨ ᠴᠢᠨᠣ᠎ᠠ ᠲᠠᠢ ᠲᠠᠭᠠᠷᠠᠨ ᠨᠥᠬᠥᠴᠡᠵᠦ᠂ ᠬᠣᠶᠠᠷ ᠭᠥᠯᠥᠭᠡ ᠲᠥᠷᠦᠭᠦᠯᠵᠡᠢ᠃ ᠴᠢᠨᠣ᠎ᠠ ᠨᠣᠬᠠᠢ ᠶᠢᠨ ᠡᠷᠯᠢᠵᠡ ᠨᠦᠭᠦᠳ ᠬᠤᠷᠳᠤᠨ ᠥᠰᠴᠦ ᠲᠣᠷᠨᠢᠭᠠᠳ ᠪᠡᠶ᠎ᠡ ᠲᠣᠮᠣ᠂ ᠬᠤᠷᠳᠤ ᠬᠦᠴᠦ᠂ ᠠᠷᠭ᠎ᠠ ᠴᠢᠷᠭ᠎ᠠ᠂ ᠵᠣᠷᠢᠭ ᠰᠥᠰᠥ ᠲᠡᠢ᠂ ᠭᠠᠯ ᠤᠯᠠᠭᠠᠨ ᠵᠢᠰᠦ ᠲᠡᠢ᠂ ᠴᠢᠬᠢ ᠰᠣᠭᠣᠲᠣᠩ ᠪᠣᠯᠬᠤ ᠠᠴᠠ ᠰᠡᠭᠦᠯ ᠭᠡᠷ ᠦᠨ ᠨᠣᠬᠠᠢ ᠰᠢᠭ ᠬᠣᠩᠬᠣᠷᠴᠠᠭ ᠳᠡᠭᠡᠷ᠎ᠡ ᠪᠡᠨ ᠡᠷᠭᠢᠭᠰᠡᠨ᠂ ᠰᠡᠭᠦᠯ ᠢᠶᠡᠨ ᠰᠢᠷᠪᠠᠭᠠᠳ ᠬᠡᠪᠲᠡᠭᠡᠳ ᠪᠠᠶᠢᠪᠠᠯ ᠭᠡᠷ ᠦᠨ ᠨᠣᠬᠠᠢ ᠯᠠ ᠭᠡᠵᠦ ᠠᠨᠳᠠᠭᠤᠷᠠᠬᠤ ᠪᠠᠷ ᠠᠮᠢᠲᠠᠳ ᠪᠠᠶᠢᠪᠠ᠃ ᠡᠬᠡ ᠵᠢᠩᠭᠡᠷ ᠲᠡᠳᠡᠨ ᠢ ᠪᠡᠨ ᠠᠩ ᠳᠤ ᠰᠤᠷᠭᠠᠨ᠂ ᠠᠶᠢᠯ ᠤᠨ ᠬᠤᠷᠠᠭ᠎ᠠ ᠢᠰᠢᠭᠡ᠂ ᠰᠢᠳᠦᠯᠡᠩ ᠪᠣᠷᠯᠣᠩ ᠳᠡᠰᠬᠡᠭᠡᠳᠡᠭ ᠦᠭᠡᠢ ᠪᠣᠯᠵᠠᠢ᠃ ᠲᠣᠮᠣ ᠪᠣᠯᠤᠭᠠᠳ ᠳᠠᠭ᠎ᠠ ᠰᠠᠷᠪᠠ ᠴᠤ ᠤᠨᠠᠭᠠᠳᠠᠭ ᠬᠣᠣᠷ ᠲᠠᠢ ᠠᠮᠢᠲᠠᠳ ᠪᠣᠯᠪᠠ᠃ ᠬᠣᠨᠢ ᠮᠠᠯ ᠶᠠᠭᠠᠬᠢᠬᠤ ᠪᠤᠢ ᠭᠡᠷ ᠦᠨ ᠨᠣᠬᠠᠢ ᠪᠠᠶᠢᠨ᠎ᠠ ᠭᠡᠳ ᠬᠠᠷᠠᠳᠠᠬᠤ ᠰᠡᠷᠡᠳᠡᠬᠦ ᠦᠭᠡᠢ ᠢᠳᠡᠭᠡᠰᠢᠯᠡᠨ ᠪᠠᠶᠢᠬᠤ ᠳᠤ ᠰᠡᠭᠦᠯ ᠢᠶᠡᠨ ᠰᠢᠷᠪᠠᠨ ᠳᠥᠬᠥᠨ ᠣᠴᠢᠭᠠᠳ ᠰᠦᠢᠳ ᠬᠢᠨ᠎ᠡ᠃ ᠠᠶᠢᠯ ᠬᠣᠲᠠ ᠪᠠᠷ ᠢᠶᠠᠨ ᠫᠤᠤᠳᠠᠵᠤ ᠬᠣᠷᠣᠭᠠᠶ᠎ᠠ ᠭᠡᠳ ᠭᠠᠷᠬᠤ ᠪᠠᠷ ᠠᠭᠤᠯᠠ ᠬᠠᠳᠠ ᠪᠡᠷ ᠢᠶᠠᠨ ᠳᠠᠮᠵᠢᠭᠠᠳ ᠠᠯᠠᠭ᠎ᠠ ᠪᠣᠯᠤᠭᠠᠳ ᠥᠭᠭᠦᠨ᠎ᠡ᠃ ᠪᠦᠷ ᠬᠦᠮᠦᠨ ᠰᠢᠭ ᠪᠣᠯᠤᠭᠰᠠᠨ ᠮᠡᠲᠦ ᠨᠢᠭᠡᠨ ᠭᠡᠭᠡᠨ ᠴᠠᠭᠠᠨ ᠡᠳᠦᠷ ᠡᠬᠡ ᠵᠢᠩᠭᠡᠷ ᠬᠥᠲᠥᠯ ᠳᠡᠭᠡᠷ᠎ᠡ ᠡᠴᠡ ᠥᠩᠭᠡᠶᠢᠨ ᠬᠠᠷᠠᠵᠤ᠂ ᠥᠪᠡᠷ ᠢ ᠨᠢ ᠫᠤᠤᠳᠠᠭᠰᠠᠨ ᠨᠥᠭᠥᠭᠡᠬᠢ ᠮᠠᠯᠴᠢᠨ ᠵᠠᠯᠠᠭᠤ ᠶᠢ ᠠᠳᠤᠭᠤᠨ ᠳᠤ ᠪᠠᠨ ᠮᠣᠷᠳᠠᠬᠤ ᠶᠢ ᠠᠨᠠᠨ ᠪᠠᠶᠢᠭᠠᠳ ᠬᠣᠶᠠᠷ ᠰᠣᠭᠣᠲᠣᠩ ᠢ ᠪᠠᠨ ᠳᠠᠭᠠᠭᠤᠯᠤᠨ ᠲᠡᠳᠡᠨ ᠦ ᠬᠣᠲᠠᠨ ᠳᠤ ᠰᠡᠭᠦᠯ ᠢᠶᠡᠨ ᠰᠢᠷᠪᠠᠭᠠᠳ ᠬᠦᠷᠦᠭᠡᠳ ᠣᠴᠢᠵᠠᠢ᠃ ᠤᠭᠲᠤᠭᠠᠳ ᠢᠷᠡᠭᠰᠡᠨ ᠬᠣᠶᠠᠷ ᠪᠠᠩᠬᠤᠷ ᠢ ᠨᠢ ᠬᠣᠶᠠᠷ ᠰᠣᠭᠣᠲᠣᠩ ᠡᠯᠪᠡᠨ ᠪᠠᠭᠠᠯᠵᠤᠷᠳᠠᠭᠠᠳ ᠳᠠᠭᠤ ᠦᠭᠡᠢ ᠪᠣᠯᠭᠠᠵᠠᠢ᠃ ᠬᠣᠲᠠ ᠲᠠᠢ ᠬᠣᠨᠢᠨ ᠳᠤ ᠦᠰᠦᠷᠦᠨ ᠣᠷᠣᠭᠠᠳ ᠶᠣᠰᠣᠲᠠᠢ ᠨᠢᠭᠡ ᠴᠢᠰᠤᠨ ᠵᠠᠮ ᠲᠠᠲᠠᠭᠤᠯᠤᠨ ᠰᠦᠢᠳ ᠬᠢᠵᠡᠢ᠃ ᠪᠥᠭᠡᠮ ᠱᠤᠤᠭᠢᠶᠠᠨ ᠢᠶᠠᠷ ᠭᠡᠷ ᠦᠨ ᠡᠵᠡᠭᠲᠡᠢ ᠶᠠᠭᠠᠷᠠᠨ ᠭᠠᠷᠲᠠᠯ᠎ᠠ ᠭᠡᠷ ᠦᠨ ᠡᠭᠦᠳᠡᠨ ᠳᠦ ᠡᠬᠡ ᠵᠢᠩᠭᠡᠷ ᠮᠠᠭᠤᠬᠠᠢ ᠠᠬᠢᠷᠠᠭᠠᠳ ᠣᠴᠣᠶᠢᠭᠠᠳ ᠰᠠᠭᠤᠵᠤ ᠪᠠᠶᠢᠪᠠ᠃ ᠲᠡᠭᠦᠨ ᠦ ᠨᠢᠳᠦᠨ ᠡᠴᠡ ᠨᠢᠭᠡ ᠶᠡᠬᠡ ᠨᠢᠯᠪᠤᠰᠤ ᠤᠨᠠᠨ ᠬᠠᠴᠢᠨ ᠴᠡᠩᠬᠡᠷ ᠲᠤᠶᠠᠭ᠎ᠠ ᠲᠠᠲᠠᠭᠠᠳ ᠥᠩᠭᠡᠷᠡᠵᠠᠢ᠃ ᠬᠥᠭᠡᠷᠦᠬᠦᠢ ᠪᠦᠰᠡᠭᠦᠢ ᠭᠡᠷ ᠲᠦ ᠪᠡᠨ ᠣᠷᠣᠨ ᠡᠭᠦᠳᠡ ᠪᠡᠨ ᠴᠣᠣᠵᠢᠯᠠᠭᠠᠳ ᠬᠡᠦᠬᠡᠳ ᠢᠶᠡᠨ ᠲᠡᠪᠡᠷᠢᠨ ᠬᠥᠳᠡᠯᠭᠡᠭᠡᠨ ᠦᠭᠡᠢ ᠰᠠᠭᠤᠵᠠᠢ … …ᠡᠪᠦᠭᠡᠨ ᠰᠦᠬᠡ ᠰᠢᠳᠦ ᠵᠠᠭᠤᠨ ᠫᠤᠤ ᠶᠢᠨ ᠳᠤᠷᠠᠨ ᠢᠶᠠᠷ ᠢᠶᠠᠨ ᠬᠠᠷᠠᠭᠠᠯᠠᠭᠰᠠᠭᠠᠷ ᠪᠠᠶᠢᠪᠠ᠃ ᠠᠩ ᠤᠨ ᠫᠤᠤ ᠶᠢᠨ ᠳᠤᠷᠠᠨ ᠤ ᠬᠡᠷᠡᠭᠡᠰᠦ ᠴᠢᠨᠣ᠎ᠠ ᠨᠣᠬᠠᠢ ᠶᠢᠨ ᠡᠷᠯᠢᠵᠡ ᠶᠢᠨ ᠬᠡᠩᠬᠦᠳᠡᠭ ᠴᠡᠭᠡᠵᠢᠨ ᠳᠦ ᠣᠴᠢᠪᠠ᠃ ᠴᠡᠭᠡᠵᠢᠨ ᠦ ᠦᠰᠦ ᠴᠠᠭᠠᠨ ᠠᠵᠡᠢ᠃ ᠵᠠᠯᠠᠭᠤ ᠳᠤ ᠪᠠᠨ ᠬᠥᠪᠴᠢ ᠶᠢᠨ ᠠᠩᠴᠢᠨ ᠶᠠᠪᠤᠭᠰᠠᠨ ᠡᠪᠦᠭᠡᠨ ᠲᠣᠭᠠᠴᠠᠭ᠎ᠠ ᠪᠣᠳᠣᠨ ᠪᠠᠶᠢᠪᠠ᠃ ᠡᠬᠢᠨ ᠦ ᠬᠢ ᠤᠨᠠᠬᠤ ᠳᠤ ᠠᠷᠤ ᠶᠢᠨ ᠬᠢ ᠡᠷᠭᠢᠨ ᠬᠠᠮᠢᠭᠠᠰᠢ ᠵᠢᠭᠤᠳᠠᠬᠤ ᠪᠣᠯ ᠠᠯᠳᠠᠵᠤ ᠬᠡᠷᠬᠢᠪᠡᠴᠦ ᠪᠣᠯᠬᠤ ᠦᠭᠡᠢ ᠭᠡᠵᠦ ᠪᠣᠳᠣᠭᠠᠳ ᠭᠠᠵᠠᠷ ᠤᠨ ᠪᠠᠷᠢᠮᠵᠢᠶ᠎ᠠ ᠬᠠᠷᠠᠯ᠎ᠠ᠃ ᠡᠬᠢᠨ ᠦ ᠰᠣᠭᠣᠲᠣᠩ ᠭᠣᠬ᠎ᠠ ᠳᠠᠷᠤᠲᠠᠯ᠎ᠠ ᠬᠢᠷᠭᠠᠭᠤᠯᠤᠭᠰᠠᠨ ᠮᠡᠲᠦ ᠨᠠᠮ ᠤᠨᠠᠵᠠᠢ᠃ ᠰᠡᠭᠦᠯ ᠦᠨ ᠵᠢᠯ ᠦᠳ ᠲᠦ ᠬᠠᠶᠢᠷᠬᠠᠨ ᠳᠤ ᠫᠤᠤ ᠳᠤᠤᠭᠠᠷᠴᠤ ᠪᠠᠶᠢᠭ᠎ᠠ ᠦᠭᠡᠢ᠃ ᠫᠤᠤ ᠶᠢᠨ ᠳᠠᠭᠤ ᠨᠦᠷᠭᠢᠯᠡᠵᠦ ᠠᠮᠢ ᠲᠠᠢ ᠪᠦᠬᠦᠨ ᠰᠤᠴᠢᠪᠠ᠃ ᠵᠢᠭᠦᠷ ᠲᠡᠢ ᠪᠦᠬᠦᠨ ᠨᠢᠰᠪᠡ᠃ ᠬᠣᠷᠣᠮᠬᠠᠨ ᠵᠠᠭᠤᠷ᠎ᠠ ᠪᠦᠬᠦ ᠶᠠᠭᠤᠮ᠎ᠠ ᠥᠩᠭᠡᠷᠡᠵᠤ ᠠᠷᠤ ᠶᠢᠨ ᠰᠣᠭᠣᠲᠣᠩ ᠭᠠᠶᠢᠬᠠᠨ ᠵᠣᠭ ᠲᠤᠰᠤᠭᠰᠠᠨ ᠢᠶᠠᠨ ᠡᠷᠭᠢᠨ ᠬᠠᠷᠠᠶᠢᠲᠠᠯ᠎ᠠ ᠬᠣᠶᠠᠷ ᠳᠠᠬᠢ ᠫᠤᠤ ᠶᠢᠨ ᠳᠠᠭᠤ ᠲᠠᠰᠬᠢᠯ᠎ᠡ᠃ ᠡᠷᠯᠢᠵᠡ ᠰᠣᠭᠣᠲᠣᠩ ᠳᠤᠩᠭᠤᠢ ᠬᠠᠳᠠᠭᠠᠳ ᠶᠠᠪᠤᠴᠢᠬᠠᠪᠠ᠃ ᠡᠪᠦᠭᠡᠨ ᠪᠣᠰᠴᠤ ᠠᠮᠵᠢᠭ᠎ᠠ ᠦᠭᠡᠢ ᠪᠠᠶᠢᠲᠠᠯ᠎ᠠ ᠠᠷᠤ ᠳᠤ ᠨᠢ ᠠᠷᠬᠢᠷᠠᠨ ᠭᠠᠰᠠᠯᠬᠤ ᠴᠢᠮᠡᠭᠡ ᠭᠠᠷᠪᠠ᠃ ᠡᠨᠡ ᠴᠢᠮᠡᠭᠡ ᠲᠡᠢ ᠬᠠᠮᠲᠤ ᠡᠬᠡ ᠵᠢᠩᠭᠡᠷ ᠦᠰᠦᠷᠦᠭᠡᠳ ᠢᠷᠡᠵᠡᠢ᠃ ᠡᠪᠦᠭᠡᠨ ᠦ ᠫᠤᠤ ᠲᠠᠢ ᠭᠠᠷ ᠠᠴᠠ ᠬᠠᠵᠠᠨ ᠫᠤᠤ ᠤᠨᠠᠭᠠᠳ ᠥᠭᠪᠡ᠃ ᠰᠠᠨᠳᠤᠷᠤᠭᠰᠠᠨ ᠡᠪᠦᠭᠡᠨ ᠭᠡᠳᠡᠷᠭᠦ ᠤᠨᠠᠵᠤ ᠡᠬᠡ ᠵᠢᠩᠭᠡᠷ ᠳᠡᠭᠡᠷ᠎ᠡ ᠨᠢ ᠠᠷᠬᠢᠷᠠᠵᠤ ᠪᠠᠶᠢᠯ᠎ᠠ᠃ ᠡᠪᠦᠭᠡᠨ ᠦ ᠬᠦᠵᠦᠭᠦᠦ ᠤᠷᠤᠭᠤ ᠳᠠᠮᠵᠢᠨ ᠠᠰᠠᠬᠤ ᠳᠤ ᠰᠣᠶᠣᠭ᠎ᠠ ᠰᠢᠳᠦ ᠨᠢ ᠢᠷᠵᠠᠶᠢᠭᠰᠠᠨ ᠵᠠᠪᠠᠵᠢᠨ ᠠᠴᠠ ᠡᠪᠦᠭᠡᠨ ᠭᠠᠷ ᠢᠶᠠᠨ ᠯᠠᠪ ᠰᠢᠷᠭᠤᠭᠤᠯᠵᠤ ᠭᠡᠳᠡᠷᠭᠦ ᠳᠠᠷᠤᠨ᠎ᠠ᠃ ᠭᠠᠷ ᠠᠴᠠ ᠴᠢᠰᠤ ᠤᠷᠤᠰᠤᠨ᠎ᠠ᠃ ᠤᠯᠠᠩᠭᠠᠰᠤᠭᠰᠠᠨ ᠡᠬᠡ ᠵᠢᠩᠭᠡᠷ ᠬᠦᠴᠦᠲᠡᠢ ᠪᠠᠶᠢᠯ᠎ᠠ᠃ ᠬᠣᠷᠤᠮ ᠵᠤᠭᠤᠤᠬᠠᠨ ᠡᠪᠦᠭᠡᠨ ᠦ ᠬᠣᠭᠣᠯᠠᠢ ᠭᠦᠷᠡᠭᠡᠨ ᠦ ᠰᠤᠳᠠᠰᠤᠨ ᠳᠤ ᠰᠣᠶᠣᠭ᠎ᠠ ᠰᠢᠳᠦ ᠣᠶᠢᠷᠠᠳᠤᠭᠰᠠᠭᠠᠷ… ᠡᠪᠦᠭᠡᠨ ᠡᠴᠦᠰ ᠦᠨ ᠬᠦᠴᠦ ᠪᠡᠨ ᠰᠢᠪᠬᠠᠨ ᠲᠦᠷᠡᠶᠢᠨ ᠡᠴᠡ ᠪᠡᠨ ᠬᠤᠷᠴᠠ ᠬᠢᠲᠤᠭ᠎ᠠ ᠪᠠᠨ ᠰᠤᠭᠤᠯᠤᠨ ᠡᠬᠡ ᠵᠢᠩᠭᠡᠷ ᠦᠨ ᠰᠤᠭᠤᠨ ᠳᠤ ᠭᠦᠨ ᠵᠣᠭᠣᠵᠤ ᠠᠮᠵᠢᠯ᠎ᠠ᠃ ᠬᠦᠮᠦᠨ᠂ ᠨᠣᠬᠠᠢ ᠶᠢᠨ ᠴᠢᠰᠤ ᠬᠣᠯᠢᠯᠳᠤᠨ ᠤᠷᠤᠰᠤᠨ᠎ᠠ᠃ ᠡᠪᠦᠭᠡᠨ ᠠᠮᠢ ᠲᠠᠯᠪᠢᠵᠤ ᠪᠤᠢ ᠡᠬᠡ ᠵᠢᠩᠭᠡᠷ ᠦᠨ ᠳᠣᠣᠷ᠎ᠠ ᠠᠴᠠ ᠠᠷᠠᠢᠬᠢᠨ ᠰᠤᠭᠤᠷᠠᠨ ᠪᠣᠰᠪᠠ᠃ ᠡᠬᠡ ᠵᠢᠩᠭᠡᠷ ᠦᠨ ᠨᠢᠳᠦᠨ ᠡᠴᠡ ᠭᠣᠮᠣᠳᠠᠯ ᠲᠠᠢ ᠨᠢᠯᠪᠤᠰᠤ ᠤᠷᠤᠰᠤᠨ᠂ ᠬᠠᠴᠢᠨ ᠴᠡᠩᠬᠡᠷ ᠲᠤᠶᠠᠭ᠎ᠠ ᠲᠠᠲᠠᠭᠠᠳ ᠥᠩᠭᠡᠷᠡᠳᠡᠭ ᠪᠠᠶᠢᠨ᠎ᠠ… 2021.08.21 ᠪᠠᠭᠠᠨᠠᠭᠤᠷ

2        0       

                             13847524386      211429899@qq.com      13847524386   QQ  211429899 蒙ICP备17002503号-1